  ᠰᠦᠷᠯᠢᠭ ᠮᠤᠩᠭᠤᠯ       
     
   2019-06-20 16:47
   2020-04-14 15:25
   130933
   37

ᠵᠦ᠋ᠶᠢᠷ ᠰᠡᠴᠡᠨ ᠦᠭᠡ

ᠵᠦ᠋ᠶᠢᠷ ᠰᠡᠴᠡᠨ ᠦᠭᠡ
        12523     
2019-06-21 13:23    
发表于:内蒙古
ᠵᠦ᠋ᠶᠢᠷ ᠰᠡᠴᠡᠨ ᠦᠭᠡ ᠠᠪᠤ᠋ ᠶ᠋ᠢᠨ ᠬᠦᠦ ᠠᠳᠠᠯᠢ ᠦᠭᠡᠢ ᠂ ᠠᠷᠪᠠᠨ ᠬᠤᠷᠤᠭᠤ ᠳᠡᠭᠰᠢ ᠦᠭᠡᠢ  ᠠᠪᠤᠨ᠎ᠠ ᠬᠡᠪᠡᠯ ᠠᠯᠠᠭ᠎ᠠ ᠪᠠᠨ ᠲᠤᠰᠬᠤ ᠂ ᠦᠭᠬᠦ ᠭᠡᠪᠡᠯ ᠦᠷᠦᠴᠡ ᠪᠠᠨ ᠳᠠᠳᠠᠬᠤ ᠂ ᠠᠪᠬᠤ ᠳ᠋ᠥ ᠠᠷᠪᠠᠨ ᠳᠠᠪᠤᠨ ᠂ ᠦᠭᠬᠦ ᠳ᠋ᠥ ᠬᠤᠷᠢ ᠶᠢᠰᠦᠨ ᠠᠭᠠᠰᠢ ᠲᠠᠢ ᠬᠦᠮᠦᠨ ᠬᠦᠨᠳᠦ ᠪᠠᠨ ᠪᠠᠷᠠᠨ᠎ᠠ ᠂ ᠠᠵᠢᠯᠴᠢ ᠬᠦᠮᠦᠨ ᠠᠯᠳᠠᠷ ᠨᠢ ᠳᠠᠭᠤᠷᠢᠰᠤᠨ᠎ᠠ ᠂ ᠠᠭᠤᠯᠠ ᠠᠪᠠᠷᠢᠬᠤ ᠳ᠋ᠥ ᠪᠡᠶ᠎ᠡ ᠴᠢᠷᠮᠠᠶᠢᠨ᠎ᠠ ᠂ ᠡᠷᠳᠡᠮ ᠰᠤᠷᠬᠤ ᠳ᠋ᠥ ᠤᠬᠠᠭᠠᠨ ᠴᠢᠷᠮᠠᠶᠢᠨ᠎ᠠ ᠃ ᠠᠭᠤᠯᠠ ᠦᠭᠡᠢ ᠪᠤᠯ ᠴᠢᠯᠠᠭᠤ ᠪᠠᠶᠢᠳᠠᠭ ᠦᠭᠡᠢ ᠂ ᠠᠭᠤᠳᠠᠮᠴᠢ ᠦᠭᠡᠢ ᠪᠤᠯ ᠨᠦᠬᠦᠷᠯᠡᠯ ᠪᠠᠶᠢᠳᠠᠭ ᠦᠭᠡᠢ ᠂ ᠠᠭᠤᠯᠠᠨ ᠤ ᠮᠤᠳᠤ ᠤᠷᠳᠤ ᠪᠤᠭᠤᠨᠢ ᠲᠠᠢ ᠂ ᠬᠮᠦᠨ ᠤ ᠦᠷ᠎ᠡ ᠰᠠᠶᠢᠨ ᠮᠠᠭᠤ ᠲᠠᠢ ᠂ ᠠᠭᠤᠯᠠ ᠠᠪᠠᠷᠢᠬᠤ ᠳ᠋ᠥ ᠪᠡᠶ᠎ᠡ ᠴᠢᠷᠮᠠᠶᠢᠨ᠎ᠠ ᠂ ᠡᠷᠳᠡᠮ ᠰᠤᠷᠬᠤ ᠳ᠋ᠥ ᠤᠬᠠᠭᠠᠨ ᠴᠢᠷᠮᠠᠶᠢᠨ᠎ᠠ ᠂ ᠠᠭᠤᠯᠠ ᠮᠤᠷᠢ ᠶ᠋ᠢ ᠵᠤᠪᠠᠭᠠᠨ᠎ᠠ ᠂ ᠠᠭᠤᠷ ᠪᠡᠶ᠎ᠡ ᠶ᠋ᠢ ᠵᠤᠪᠠᠭᠠᠨ᠎ᠠ  ᠠᠭᠳᠠ ᠶ᠋ᠢᠨ ᠰᠠᠶᠢᠨ ‍ᠢ ᠤᠨᠤᠨ ᠪᠠᠶᠢᠵᠤ ᠮᠡᠳᠡᠨ᠎ᠡ ᠂ ᠠᠨᠳᠠ ᠶ᠋ᠢᠨ ᠰᠠᠶᠢᠨ ‍ᠢ ᠬᠠᠨᠢᠯᠠᠨ ᠪᠠᠶᠢᠵᠤ ᠮᠡᠳᠡᠨ᠎ᠡ ᠃ ᠠᠭᠳᠠ ᠶ᠋ᠢ ᠠᠯᠳᠠᠪᠠᠯ ᠪᠠᠷᠢᠵᠤ ᠪᠤᠯᠤᠨ᠎ᠠ ᠂ ᠠᠮᠠ ᠶ᠋ᠢ ᠠᠯᠳᠠᠪᠠᠯ ᠪᠠᠷᠢᠵᠤ ᠪᠤᠯᠬᠤ ᠦᠭᠡᠢ ᠂ ᠠᠭᠳᠠ ᠮᠤᠷᠢ ᠰᠠᠶᠢᠨ ᠪᠤᠯ ᠠᠯᠤᠰ ᠤᠨ ᠵᠠᠮ ᠳ᠋ᠥ ᠲᠦᠰᠢᠭ ᠂ ᠠᠬ᠎ᠠ ᠳᠡᠬᠦᠦ ᠰᠠᠶᠢᠨ ᠪᠤᠯ ᠠᠯᠢ ᠠᠯᠢᠨ ᠳ᠋ᠥ ᠪᠠᠨ ᠲᠦᠰᠢᠭ ᠂ ᠠᠭᠰᠤᠮ ᠮᠤᠷᠢᠨ ᠳ᠋ᠥ ᠤᠷᠭ᠎ᠠ ᠪᠤᠤ ᠠᠯᠳᠠ ᠂ ᠠᠯᠢᠪᠠ ᠬᠦᠮᠦᠨ ᠳ᠋ᠥ ᠦᠭᠡ ᠪᠤᠤ ᠠᠯᠳᠠ ᠂ ᠠᠮᠠᠨ ᠳ᠋ᠥ ᠤᠷᠤᠳᠠᠯ᠎ᠠ ᠠᠷᠪᠠᠨ ᠳᠠᠪᠠᠭ᠎ᠠ ᠂ ᠠᠮᠠᠰᠠᠷ ᠮᠠᠭᠤᠳᠠᠢ ᠰᠠᠪᠠᠨ ᠳ᠋ᠥ ᠶᠠᠭᠤᠮ᠎ᠠ ᠪᠤᠤ ᠬᠢ ᠂ ᠠᠮᠠ ᠰᠤᠯᠠᠳᠠᠢ ᠬᠦᠮᠦᠨ ᠳ᠋ᠥ ᠦᠭᠡ ᠪᠤᠤ ᠬᠡᠯᠡ ᠂ ᠠᠮᠢ ᠠᠬᠤᠢ ᠶ᠋ᠢ ᠬᠠᠮᠠᠭᠠᠯᠠᠬᠤ ᠭᠡᠪᠡᠯ ᠠᠮᠢᠳᠠᠨ ᠭᠤᠤᠯᠳᠠᠨ ‍ᠢ ᠬᠠᠶᠢᠷᠠᠯᠠ ᠂ ᠠᠯᠬᠤᠪᠠᠯ ᠠᠯᠳᠠ ᠂ ᠮᠦᠯᠬᠦᠪᠡᠯ ᠮᠦᠩᠬᠦ  ᠬᠦᠳᠡᠯᠬᠦ ᠪᠦᠷᠢ ᠬᠦᠯᠦᠰᠦ ᠪᠤᠳᠤᠬᠤ ᠂ ᠠᠳᠠᠷ ᠤᠨ ᠬᠦᠷᠦᠰᠦᠨ ᠡᠴᠠ ᠴᠡᠴᠡᠭ ᠨᠠᠪᠴᠢ ᠤᠷᠭᠤᠨ᠎ᠠ ᠂ ᠠᠯᠮᠠᠰ ᠵᠤᠷᠢᠭ ᠡᠴᠠ ᠠᠪᠢᠶᠠᠰ ᠪᠢᠯᠢᠭ ᠤᠨᠳᠤᠷᠤᠨ᠎ᠠ ᠂ ᠠᠳᠬᠤ ᠨᠤᠤᠰᠤ ᠬᠤᠯᠠᠭᠠᠶᠢᠯᠠᠭᠰᠠᠭᠠᠷ ᠪᠠᠶᠢᠵᠤ ᠠᠳᠤᠭᠤᠨ ᠬᠤᠯᠠᠭᠠᠶᠢᠴᠢ ᠪᠤᠯᠳᠠᠭ ᠂ ᠲᠡᠪᠡᠨᠡ ᠵᠡᠬᠦᠦ ᠬᠤᠯᠠᠭᠠᠶᠢᠯᠠᠭᠰᠠᠭᠠᠷ ᠪᠠᠶᠢᠵᠤ ᠳᠡᠮᠡᠭᠡᠨ ᠬᠤᠯᠠᠭᠠᠶᠢᠴᠢ ᠪᠤᠯᠳᠠᠭ ᠂ ᠠᠳᠤᠭᠤᠨ ᠤ ᠪᠠᠨ ᠬᠢᠷᠢ ᠪᠠᠷ ᠢᠰᠭᠡᠷ ᠂ ᠬᠦᠨᠵᠢᠯᠡ ᠶ᠋ᠢᠨ ᠢᠶᠡᠨ ᠬᠢᠷᠢ ᠪᠠᠷ ᠬᠦᠯ ᠢᠶᠡᠨ ᠵᠢᠬᠢ ᠂ ᠠᠵᠢᠯ ᠡᠴᠠ ᠳᠤᠷᠰᠢᠯᠭ᠎ᠠ ᠤᠯ ᠂ ᠠᠯᠳᠠᠭ᠎ᠠ ᠡᠴᠠ ᠰᠤᠷᠭᠠᠮᠵᠢ ᠠᠪ ᠂ ᠠᠵᠢᠯ ᠬᠢᠪᠡᠯ ᠳᠠᠭᠤᠰᠳᠠᠯ᠎ᠠ ᠂ ᠳᠠᠪᠤᠰᠤ ᠬᠢᠪᠡᠯ ᠠᠭᠤᠰᠳᠠᠯ᠎ᠠ  ᠡᠩᠭᠡᠷ ᠤᠨ ᠴᠢᠨᠢ ᠪᠦᠭᠡᠰᠦ ᠂ ᠡᠭᠡᠮ ᠤᠨ ᠴᠢᠨᠢ ᠦᠷᠭᠡᠰᠦ ᠂ ᠡᠪᠦᠭᠡᠨ ᠪᠤᠷᠬᠠᠨ ᠳ᠋ᠥ ᠭᠡᠭᠡᠷ᠎ᠡ ᠶ᠋ᠢᠨ ᠭᠠᠬᠠᠢ ᠵᠢᠭᠠᠵᠤ ᠂ ᠦᠬᠦᠭᠰᠡᠨ ᠬᠦᠮᠦᠨ ᠳ᠋ᠥ ᠠᠯᠳᠠᠭᠰᠠᠨ ᠮᠠᠯ ᠵᠢᠭᠠᠬᠤ ᠂ ᠡᠭᠡ ᠶ᠋ᠢ ᠨᠢ ᠡᠴᠡᠭᠡᠬᠦ ᠦᠭᠡᠢ ᠂ ᠳᠤᠭᠤᠯ ‍ᠢ ᠨᠢ ᠳᠤᠷᠠᠭᠠᠬᠤ ᠦᠭᠡᠢ  ᠬᠡᠨ ᠠᠯᠢᠨ ‍ᠢ ᠨᠢ ᠭᠤᠮᠤᠳᠠᠭᠠᠬᠤ ᠦᠭᠡᠢ ᠡᠮᠦᠨ᠎ᠡ ᠭᠠᠷᠤᠭᠰᠠᠨ ᠴᠢᠬᠢ ᠡᠴᠠ ᠬᠤᠶᠢᠨ᠎ᠠ ᠭᠠᠷᠤᠭᠰᠠᠨ ᠡᠪᠡᠷ ᠬᠠᠳᠠᠭᠤ ᠡᠯᠵᠢᠭᠡ ᠨᠢ ᠰᠢᠪᠠᠷᠳᠠᠪᠠᠯ ᠡᠵᠡᠨ ᠨᠢ ᠴᠢᠩᠭᠠᠭᠠᠬᠤ ᠂ ᠡᠯᠵᠢᠭᠡᠨ ᠳ᠋ᠥ ᠡᠪᠡᠷ ᠤᠷᠭᠤᠵᠤ ᠂ ᠡᠮᠡᠰ ᠲᠣ ᠰᠠᠬᠠᠯ ᠤᠷᠭᠤᠬᠤ  ᠪᠠᠶᠢᠵᠤ ᠪᠤᠯᠤᠰᠢ ᠦᠭᠡᠢ ᠵᠦᠢᠯ ᠂ ᠡᠳᠦᠷ ᠤᠨ ᠪᠤᠳᠤᠯ ᠰᠦᠨᠢ ᠶ᠋ᠢᠨ ᠵᠡᠬᠦᠳᠦ ᠂ ᠡᠳ᠋ ᠢᠶᠠᠷ ᠪᠡᠶ᠎ᠡ ᠪᠠᠨ ᠴᠢᠮᠡᠬᠦ ᠪᠠᠷ ᠡᠷᠳᠡᠮ ᠢᠶᠠᠷ ᠪᠡᠶ᠎ᠡ ᠪᠠᠨ ᠴᠢᠮᠡ ᠃ ᠡᠷᠡᠭᠦᠯ ᠰᠠᠷᠠᠭᠤᠯ ᠶᠠᠪᠤᠬᠤ ᠬᠡᠪᠡᠯ ᠡᠷᠳᠡᠨᠢᠳᠦ ᠪᠠᠶᠢᠭᠠᠯᠢ ᠪᠠᠨ ᠬᠢᠮᠠᠭᠠᠳᠠ ᠂ ᠡᠷ᠎ᠡ ᠬᠦᠮᠦᠨ ᠤ ᠴᠡᠭᠡᠵᠢᠨ ᠳ᠋ᠥ ᠡᠮᠡᠭᠡᠯ ᠬᠠᠵᠠᠭᠠᠷ ᠲᠠᠢ ᠮᠤᠷᠢ ᠪᠠᠭᠳᠠᠬᠤ  ᠡᠷᠡᠭᠳᠡᠢ ᠬᠦᠮᠦᠨ ᠠᠭᠤᠳᠠᠮ ᠪᠠᠭᠳᠠᠭᠠᠮᠵᠢ ᠲᠠᠢ ᠪᠠᠶᠢᠬᠤ ᠂ ᠡᠷ᠎ᠡ ᠬᠦᠮᠦᠨ ᠬᠡᠯᠡᠭᠰᠡᠨ ᠳ᠋ᠥ ᠪᠠᠨ ᠂ ᠡᠮᠡᠭᠡᠯᠳᠦ ᠮᠤᠷᠢ ᠬᠠᠷᠠᠶᠢᠭᠰᠠᠨ ᠳ᠋ᠥ ᠪᠠᠨ  ᠬᠡᠯᠡᠭᠰᠡᠨ ᠦᠭᠡᠨ ᠳ᠋ᠥ ᠪᠠᠨ ᠰᠠᠭᠤᠬᠤ ᠂ ᠡᠷ᠎ᠡ ᠬᠦᠮᠦᠨ ᠪᠠᠶᠠᠷᠯᠠᠪᠠᠴᠤ ᠮᠠᠩᠨᠠᠢ ᠦᠯᠦ ᠬᠠᠭᠠᠷᠠᠨᠠᠮ ᠂ ᠠᠭᠳᠠ ᠮᠤᠷᠢ ᠳᠠᠷᠭᠤᠯᠠᠪᠠᠴᠤ ᠰᠠᠭᠠᠷᠢ ᠦᠯᠦ ᠬᠠᠭᠠᠷᠠᠨᠠᠮ ᠂ ᠡᠷ᠎ᠡ ᠡᠮ᠎ᠡ ᠶ᠋ᠢᠨ ᠳᠤᠮᠳᠠ ᠡᠯᠵᠢᠭᠡ ᠵᠢᠷᠤᠭᠠᠯᠠᠬᠤ ᠂ ᠡᠷᠢᠯ ‍ᠢ ᠰᠤᠷᠠᠭ ᠢᠶᠠᠷ ᠂ ᠡᠷᠳᠡᠮ ‍ᠢ ᠬᠢᠴᠢᠶᠡᠯ ᠢᠶᠠᠷ ᠂ ᠡᠷᠬᠢ ᠰᠢᠭ ᠡᠮᠳᠡᠷᠡᠬᠦ ᠪᠠᠷ ᠬᠠᠳᠠ ᠰᠢᠭ᠋ ᠬᠠᠭᠠᠷᠠ ᠂ ᠡᠷᠬᠢᠬᠦᠦ ᠰᠢᠳᠠᠨ ᠡᠵᠡᠨ ᠳ᠋ᠥ ᠪᠠᠨ  ᠪᠤᠰᠤᠳ ‍ᠢ ᠬᠤᠤᠷᠯᠠᠬᠤ ᠭᠡᠵᠦ ᠤᠷᠤᠯᠳᠤᠭᠠᠳ ᠦᠪᠡᠰᠦᠪᠡᠨ ᠬᠤᠤᠷ ᠠᠮᠰᠠᠬᠤ ᠂ ᠡᠷᠭᠡ ᠶ᠋ᠢ ᠰᠤᠷᠬᠤ ᠪᠠᠷ ᠪᠡᠷᠭᠡ ᠶ᠋ᠢ ᠰᠤᠷ ᠂ ᠢᠰᠡᠭᠡᠢ ᠬᠢᠬᠦ ᠭᠠᠵᠠᠷ ᠨᠤᠬᠠᠢ ᠬᠡᠷᠡᠭ ᠦᠭᠡᠢ  ᠳᠤᠰᠠ ᠪᠤᠯᠬᠤ ᠦᠭᠡᠢ ᠮᠦᠷᠳᠡᠭᠡᠨ ᠳᠤᠱᠠᠭ᠎ᠠ ᠪᠤᠯᠬᠤ ᠂ ᠢᠰᠢᠭᠡ ᠡᠪᠡᠷ ᠤᠷᠭᠤᠭᠠᠳ ᠡᠭᠡ ᠪᠠᠨ ᠮᠦᠷᠬᠦᠬᠦ  ᠠᠴᠢ ᠶ᠋ᠢ ᠦᠰ ᠢᠶᠠᠷ ᠬᠠᠷᠢᠭᠤᠯᠠᠬᠤ ᠂ ᠢᠳᠡᠭᠡᠮᠵᠢ ᠦᠭᠡᠢ ᠨᠦᠬᠦᠷ ᠢᠯᠡᠷᠬᠡᠢ ᠳᠠᠶᠢᠰᠤᠨ ᠡᠴᠠ ᠬᠡᠴᠡᠬᠦᠦ ᠂ ᠢᠳᠡᠬᠦ ᠳ᠋ᠥ ᠪᠠᠨ ᠡᠷ᠎ᠡ ᠪᠠᠷᠰ ᠂ ᠬᠢᠬᠦ ᠳ᠋ᠥ ᠪᠠᠨ ᠬᠠᠱᠠᠩ ᠪᠤᠬ᠎ᠠ ᠂ ᠤ ᠲᠠᠢ ᠤᠶᠢᠷᠠᠳᠪᠠᠯ ᠴᠠᠭᠠᠨ ᠪᠤᠯᠤᠨ᠎ᠠ ᠂ ᠬᠦ᠋ ᠲᠠᠢ ᠤᠶᠢᠷᠠᠳᠪᠠᠯ ᠬᠠᠷ᠎ᠠ ᠪᠤᠯᠤᠨ᠎ᠠ ᠂ ᠤᠶᠢᠷ᠎ᠠ ᠳ᠋ᠥ ᠪᠠᠨ ᠮᠦᠷᠬᠦᠯᠳᠦᠵᠦ ᠬᠤᠯᠠ ᠳ᠋ᠥ ᠪᠠᠨ ᠮᠦᠭᠡᠷᠡᠯᠴᠡᠨ᠎ᠡ  ᠬᠦᠮᠦᠨ ᠬᠠᠮᠳᠤ ᠪᠠᠶᠢᠬᠤ ᠳ᠋ᠥ ᠪᠠᠨ ᠵᠦᠷᠢᠴᠡᠯ ᠮᠦᠷᠬᠦᠯᠳᠦᠭᠡᠨ ᠳᠠᠰᠤᠷᠠᠬᠤ ᠦᠭᠡᠢ ᠴᠦ ᠰᠠᠯᠵᠤ ᠶᠠᠪᠤᠪᠠᠯ ᠰᠠᠨᠠᠵᠤ ᠪᠤᠳᠤᠬᠤ ᠨᠢ ᠢᠯᠡᠬᠦᠦ ᠂ ᠤᠪᠤᠯᠵᠠᠭᠤᠷ ᠠᠭᠠᠰᠢ ᠲᠠᠢ ᠨᠢ ᠢᠷᠤᠭᠠᠯ ᠳ᠋ᠥ ᠨᠢ ᠬᠤᠴᠤᠷᠳᠠᠭ ᠂ ᠤᠷᠤᠯᠳᠤᠯᠭ᠎ᠠ ᠰᠠᠶᠢᠳᠠᠢ ᠨᠢ ᠤᠷᠬᠢᠯ ᠳ᠋ᠥ ᠨᠢ ᠭᠠᠷᠳᠠᠭ ᠂ ᠤᠭᠳᠠᠷᠭᠤᠢ ᠶ᠋ᠢᠨ ᠴᠡᠭᠡᠯ ᠳ᠋ᠥ ᠠᠯᠳᠠᠨ ᠨᠠᠷᠠᠨ ᠴᠢᠮᠡᠭ ᠂ ᠤᠷᠴᠢᠯᠠᠩ ᠤᠨ ᠵᠠᠢ ᠳ᠋ᠥ ᠮᠤᠩᠭᠤᠯ ᠰᠤᠶᠤᠯ ᠴᠢᠮᠡᠭ ᠂ ᠤᠯᠪᠤᠭ ᠢᠶᠡᠨ ᠴᠣᠭᠤᠷᠠᠳᠠᠯ᠎ᠠ ᠰᠠᠭᠤᠭᠰᠠᠨ ᠮᠡᠷᠭᠡᠨ ᠡᠴᠠ ᠤᠯ᠎ᠠ ᠨᠢᠲᠤᠭᠤᠷᠢᠭᠰᠠᠨ ᠮᠤᠩᠬᠠᠭ ᠳᠡᠭᠡᠷ᠎ᠡ  ᠦᠢᠯᠡᠳᠦᠯᠭᠡ ᠳᠤᠷᠰᠢᠯᠭ᠎ᠠ ᠡᠷᠬᠢᠮ ᠂ ᠤᠯᠠᠨ ᠬᠦᠮᠦᠨ ᠡᠪ ᠦᠭᠡᠢ ᠪᠤᠯ ᠤᠭᠤᠷᠴᠤᠭ ᠬᠦᠮᠦᠨ ᠤ ᠢᠳᠡᠰᠢ ᠂ ᠦᠨᠢᠷ ᠬᠦᠮᠦᠨ ᠡᠪ ᠦᠭᠡᠢ ᠪᠤᠯ ᠦᠨᠦᠴᠢᠨ ᠬᠦᠮᠦᠨ ᠤ ᠬᠤᠭᠤᠯᠠ ᠂ ᠤᠶᠤᠭᠰᠠᠭᠠᠷ ᠤᠶᠤᠭᠰᠠᠭᠠᠷ ᠤᠷᠠᠨ ᠪᠤᠯᠳᠠᠭ ᠂ ᠤᠷᠤᠯᠳᠤᠭᠰᠠᠭᠠᠷ ᠤᠷᠤᠯᠳᠤᠭᠰᠭᠠᠷ ᠲᠠᠷᠬᠠᠨ ᠪᠤᠯᠳᠠᠭ ᠂ ᠤᠷᠤᠭ᠎ᠠ ᠮᠤᠷᠢ ᠶ᠋ᠢ ᠤᠷᠭ᠎ᠠ ᠪᠠᠷ ᠂ ᠠᠭᠤᠷᠳᠠᠢ ᠬᠦᠮᠦᠨ ‍ᠢ ᠠᠷᠭ᠎ᠠ ᠪᠠᠷ ᠂ ᠤᠷᠤ ᠤᠷᠤ ᠭᠡᠬᠦ ᠳ᠋ᠥ ᠱᠭᠠᠶᠢᠬᠤ ᠂ ᠤᠭᠤᠴᠢ ᠤᠭᠤᠴᠢ ᠭᠡᠬᠦ ᠳ᠋ᠥ ᠳᠤᠯᠢᠶᠠᠬᠤ ᠂ ᠤᠷᠤ ᠦᠭᠡᠢ ᠭᠠᠵᠠᠷ ᠤᠪᠤᠭ᠎ᠠ ᠪᠤᠰᠬᠠᠵᠤ ᠂ ᠤᠰᠤ ᠦᠭᠡᠢ ᠭᠠᠵᠠᠷ ᠬᠦᠭᠦᠷᠭᠡ ᠳᠠᠯᠪᠢᠬᠤ  ᠦᠭᠡᠢ ᠶ᠋ᠢ ᠪᠠᠶᠢᠨ᠎ᠠ ᠭᠡᠵᠦ ᠵᠤᠬᠢᠶᠠᠨ ᠬᠡᠯᠡᠬᠦ ᠂ ᠤᠤᠭᠤᠭᠰᠠᠨ ᠤᠰᠤ ᠷᠠᠰᠢᠶᠠᠨ ᠂ ᠤᠨᠠᠭᠰᠠᠨ ᠰᠢᠷᠤᠢ ᠠᠯᠳᠠ ᠂ ᠤᠯᠠᠭᠠᠨ ‍ᠢ ᠦᠵᠡᠪᠡᠯ ᠤᠷᠪᠠᠵᠤ ᠬᠦᠭᠡ ᠶ᠋ᠢ ᠦᠵᠡᠪᠡᠯ ᠬᠦᠷᠪᠡᠬᠦ ᠂ ᠤᠴᠠᠷᠠᠭᠰᠠᠨ ᠬᠦᠮᠦᠨ ᠲᠠᠢ ᠬᠡᠯᠡᠯᠴᠡᠬᠦ ᠵᠠᠪ ᠦᠭᠡᠢ ᠂ ᠤᠨᠠᠭᠰᠠᠨ ᠮᠠᠯᠠᠭᠠᠢ ᠶ᠋ᠢ ᠠᠪᠬᠤ ᠵᠠᠪ ᠦᠭᠡᠢ ᠂ ᠤᠷᠠᠨ ᠦᠭᠡ ᠪᠠᠷ ᠤᠯᠤᠰ ‍ᠢ ᠬᠠᠭᠤᠷᠴᠤ ᠂ ᠤᠰᠤᠨ ᠪᠠᠯᠢᠩ ᠢᠶᠠᠷ ᠯᠤᠤᠰ ‍ᠢ ᠬᠠᠭᠤᠷᠬᠤ ᠂ ᠤᠷᠤᠭᠤᠯ ᠰᠡᠳᠡᠷᠡᠪᠡᠯ ᠰᠢᠳᠦ ᠵᠢᠩᠬᠢᠨᠠᠨ᠎ᠠ  ᠤᠶᠢᠷ᠎ᠠ ᠳᠤᠳᠤᠨᠤ ᠪᠤᠶᠤ ᠠᠰᠢᠭ ᠨᠢᠭᠡᠳᠡᠢ ᠬᠦᠮᠦᠰ ᠤᠨ ᠨᠢᠭᠡ ᠨᠢ ᠬᠤᠬᠢᠷᠠᠪᠠᠯ ᠨᠦᠬᠦᠭᠡ ᠳ᠋ᠥ ᠨᠢ ᠴᠦ ᠬᠤᠬᠢᠷᠠᠯ ᠪᠤᠯᠳᠠᠭ ᠃ ᠦᠩᠭᠡᠷᠡᠬᠦ ᠴᠠᠭ ᠳᠦᠷᠭᠡᠨ ᠂ ᠦᠰᠬᠦ ᠨᠠᠰᠤ ᠬᠤᠷᠳᠤᠨ ᠂ ᠦᠨᠡᠨ ᠶᠤᠰᠤ ᠦᠢᠯᠡᠳᠦᠯᠭᠡ ᠡᠴᠠ ᠢᠷᠡᠨ᠎ᠡ ᠂ ᠦᠷᠭᠡᠨ ᠮᠡᠳᠡᠯᠭᠡ ᠤᠷᠤᠯᠳᠤᠯᠭ᠎ᠠ ᠡᠴᠠ ᠢᠷᠡᠨ᠎ᠡ ᠂ ᠦᠨᠡᠨ ᠰᠡᠳᠬᠢᠯ ᠤᠨ ᠠᠨᠳᠠ ᠦᠬᠦᠵᠦ ᠲᠦᠷᠦᠬᠦ ᠶ᠋ᠢ ᠴᠢᠨᠢ ᠪᠤᠳᠤᠨ᠎ᠠ ᠂ ᠦᠨᠳᠦᠷ ᠠᠰᠠᠷ ᠰᠡᠬᠦᠶᠢᠬᠦ ᠳ᠋ᠥ ᠦᠷᠭᠡᠨ ᠰᠠᠭᠤᠷᠢ ᠬᠡᠷᠡᠭᠳᠡᠢ ᠂ ᠦᠭᠡᠬᠦ ᠴᠦ ᠪᠢᠰᠢ ᠪᠤᠯᠴᠢᠷᠬᠠᠢ ᠴᠦ ᠪᠢᠰᠢ  ᠤᠯᠢᠭ ᠦᠭᠡᠢ ᠂ ᠦᠯᠦᠰᠦᠭᠰᠡᠨ ᠬᠦᠮᠦᠨ ᠳ᠋ᠥ ᠦᠭᠡᠬᠦ ᠬᠦᠷᠭᠡ ᠂ ᠳᠠᠭᠠᠷᠠᠭᠰᠠᠨ ᠬᠦᠮᠦᠨ ᠳ᠋ᠥ ᠳᠠᠬᠤ ᠬᠦᠷᠭᠡ ᠂ ᠦᠰᠢᠶ᠎ᠡ ᠲᠠᠢ ᠬᠦᠮᠦᠨ ᠳᠠᠪᠠᠭᠠᠨ ᠳᠡᠭᠡᠷ᠎ᠡ ᠂ ᠦᠷᠢ ᠲᠠᠢ ᠬᠦᠮᠦᠨ ᠵᠡᠭᠡᠯᠢ ᠳᠡᠭᠡᠷ᠎ᠡ  ᠵᠠᠩᠬᠢᠯᠠᠭ᠎ᠠ ᠶ᠋ᠢᠨ ᠡᠷᠢᠨ ᠳ᠋ᠥ ᠠᠭᠤᠯᠵᠠᠬᠤ ᠳᠤᠷ ᠦᠭᠡᠢ ᠬᠦᠮᠦᠨ ᠲᠠᠢ ᠤᠴᠠᠷᠠᠬᠤ ᠂ ᠦᠰᠬᠦ ᠨᠠᠰᠤᠨ ᠳ᠋ᠥ ᠪᠠᠨ ᠰᠤᠷᠬᠤ ᠦᠭᠡᠢ ᠪᠤᠯ ᠦᠳᠡᠯᠦᠭᠰᠡᠨ ᠬᠤᠶᠢᠨ᠎ᠠ ᠬᠡᠮᠰᠢᠨ᠎ᠡ ᠂ ᠦᠵᠦᠬᠦᠷᠯᠡᠬᠦ ᠡᠷᠳᠡᠮᠳᠡᠨ ᠪᠤᠯᠬᠤ ᠳ᠋ᠥ ᠦᠨᠳᠦᠰᠦᠨ ᠮᠡᠳᠡᠯᠭᠡ ᠴᠢᠬᠤᠯᠠ ᠲᠠᠢ ᠂ ᠦᠶᠦᠭ ᠴᠠᠳᠬᠤᠯᠠᠩ ᠶᠠᠪᠤᠪᠠᠯ ᠦᠯᠦᠰᠴᠤ ᠪᠠᠶᠢᠭᠰᠠᠨ ᠢᠶᠡᠨ ᠰᠠᠨᠠ ᠂ ᠰᠢᠷ᠎ᠠ ᠲᠤᠰᠤ ᠤᠤᠭᠤᠪᠠᠯ ᠰᠢᠷᠠᠰᠤ ᠤᠤᠭᠤᠭᠰᠠᠨ ᠢᠶᠡᠨ ᠰᠠᠨᠠ ᠂ ᠦᠷᠯᠦᠭᠡ ᠬᠠᠵᠠᠭᠠᠷ ᠦᠳᠡᠰᠢ ᠂ ᠦᠳᠡᠰᠢ ᠲᠠᠰᠢᠭᠤᠷ  ᠳᠤᠷ᠎ᠠ ᠲᠠᠢ ᠰᠢᠷ᠎ᠠ ᠲᠠᠢ ᠂ ᠦᠩᠭᠡᠮᠴᠢ ᠬᠠᠭᠤᠷᠮᠠᠭ ᠨᠠᠶᠢᠵᠠ ᠦᠭᠡᠨ ᠤ ᠤᠷᠠᠨ ‍ᠢ ᠯᠡ ᠪᠤᠳᠤᠨ᠎ᠠ ᠂ ᠦᠭᠡᠷ ᠪᠠᠶᠢᠪᠠᠯ ᠬᠦᠨᠳᠦ ᠡᠴᠠ ᠠᠶᠤᠬᠤ ᠦᠭᠡᠢ ᠂ ᠨᠦᠬᠦᠷ ᠪᠠᠶᠢᠪᠠᠯ ᠬᠦᠴᠢᠷ ᠡᠴᠠ ᠠᠶᠤᠬᠤ ᠦᠭᠡᠢ ᠂ ᠦᠬᠦᠬᠦ ᠬᠦᠮᠦᠨ ᠤ ᠨᠢᠳᠦ ᠬᠤᠷᠴᠠ ᠂ ᠦᠭᠡᠶᠢᠷᠡᠬᠦ ᠬᠦᠮᠦᠨ ᠤ ᠰᠢᠳᠦ ᠬᠤᠷᠴᠠ ᠂ ᠦᠬᠡᠬᠦᠦ ᠬᠦᠮᠦᠨ ᠦᠭᠡᠨ ᠳ᠋ᠥ ᠪᠠᠨ ᠰᠠᠭᠤᠬᠤ ᠦᠭᠡᠢ ᠂ ᠦᠵᠡᠬᠦᠯᠦᠨ ᠪᠠᠶᠠᠰᠬᠠᠵᠤ ᠂ ᠦᠬᠦᠨ ᠭᠤᠮᠤᠳᠠᠭᠠᠬᠤ  ᠬᠡᠢ ᠪᠠᠶᠠᠷᠯᠠᠭᠤᠯᠬᠤ ᠂ ᠦᠷ᠎ᠡ ᠲᠠᠢ ᠬᠦᠮᠦᠨ ᠱᠤᠤᠬᠢᠵᠤ ᠂ ᠦᠨᠳᠦᠰᠦ ᠲᠠᠢ ᠮᠤᠳᠤ ᠨᠠᠶᠢᠭᠤᠨ᠎ᠠ ᠂ ᠨᠠᠭᠤᠷ ᠠᠮᠤᠷ ᠪᠤᠯ ᠨᠤᠭᠤᠰᠤ ᠠᠮᠤᠷ ᠂ ᠨᠠᠮᠢᠷᠠᠭ᠎ᠠ ᠬᠤᠷ᠎ᠠ ᠲᠠᠷᠢᠶᠠᠨ ᠳ᠋ᠥ ᠲᠤᠰᠠᠳᠠᠢ ᠂ ᠨᠠᠶᠢᠷᠳᠠᠢ ᠵᠠᠩᠰᠢᠯ ᠪᠦᠯᠬᠦᠮᠳᠡᠯ ᠳ᠋ᠥ ᠲᠤᠰᠠᠳᠠᠢ ᠂ ᠨᠠᠰᠤ ᠵᠠᠯᠠᠭᠤ ᠬᠡᠵᠦ ᠨᠠᠭᠠᠳᠴᠤ ᠪᠤᠤ ᠦᠩᠭᠡᠷᠡᠭᠦᠯ ᠂ ᠨᠠᠷᠠ ᠡᠷᠳᠡ ᠭᠡᠵᠦ ᠵᠢᠷᠭᠠᠵᠤ ᠪᠢᠳᠡᠭᠡᠢ ᠰᠠᠭᠤ ᠂ ᠨᠠᠷᠠ ᠭᠠᠷᠬᠤ ᠪᠠᠷ ᠪᠠᠶᠢᠭᠠᠯᠢ ᠰᠡᠷᠬᠦᠳᠡᠭ ᠂ ᠨᠤᠮ ᠤᠩᠰᠢᠬᠤ ᠪᠠᠷ ᠲᠠᠷᠢᠬᠢ ᠰᠡᠷᠭᠡᠭᠵᠢᠳᠡᠭ ᠃ ᠨᠢᠭᠡ ᠦᠭᠡᠷ ᠤᠨ ᠡᠪᠡᠷ ‍ᠢ ᠴᠤᠬᠢᠪᠠᠯ ᠮᠢᠩᠭᠠᠨ ᠦᠭᠡᠷ ᠤᠨ ᠡᠪᠡᠷ ᠳᠤᠷᠬᠢᠨ᠎ᠡ ᠂ ᠨᠢᠭᠤᠪᠠᠴᠤ ᠨᠢᠷᠤᠭᠤ ᠨᠢ ᠢᠯᠡ ᠂ ᠳᠠᠯᠳᠠᠯᠠᠪᠠᠴᠤ ᠳᠠᠯᠦ ᠨᠢ ᠢᠯᠡ ᠂ ᠨᠢᠳᠦ ᠪᠠᠶᠢᠭᠠᠳ ᠰᠤᠬᠤᠷ ᠂ ᠴᠢᠬᠢ ᠪᠠᠶᠢᠭᠠᠳ ᠳᠦᠯᠡᠢ ᠂ ᠨᠤᠬᠠᠢ ᠪᠠᠭᠠᠰᠤ ᠢᠳᠡᠬᠦ ᠪᠠᠨ ᠪᠤᠯᠢᠬᠤ ᠦᠭᠡᠢ ᠂ ᠨᠤᠶᠠᠨ ᠬᠡᠭᠡᠯᠢ ᠢᠳᠡᠬᠦ ᠪᠠᠨ ᠪᠤᠯᠢᠬᠤ ᠦᠭᠡᠢ ᠂ ᠨᠤᠬᠠᠢ ᠬᠡᠯᠡ ᠪᠠᠨ ᠭᠠᠷᠭᠠᠬᠤ ᠦᠶ᠎ᠡ ᠳ᠋ᠥ ᠬᠢᠬᠦ ᠦᠭᠡᠢ ᠂ ᠲᠠᠬᠢᠶ᠎ᠠ ᠬᠦᠯ ᠢᠶᠡᠨ ᠡᠷᠬᠦᠬᠦ ᠦᠶ᠎ᠡ ᠳ᠋ᠥ ᠬᠢᠨ᠎ᠡ  ᠴᠠᠭ ᠳᠤᠬᠢᠶᠠᠯ ‍ᠢ ᠠᠯᠳᠠᠨ ᠬᠤᠵᠢᠮᠳᠠᠨ ᠬᠢᠬᠦ ᠂ ᠨᠤᠬᠠᠢ ᠬᠤᠴᠠᠬᠤ ᠪᠠᠷ ᠢᠶᠡᠨ ᠬᠤᠴᠠᠭ ᠂ ᠲᠡᠮᠡᠭᠡ ᠶᠠᠪᠤᠬᠤ ᠪᠠᠷ ᠢᠶᠡᠨ ᠶᠠᠪᠤᠨ᠎ᠠ ᠂ ᠨᠤᠬᠠᠢ ᠲᠠᠢ ᠦᠰ ᠲᠠᠢ ᠬᠦᠮᠦᠨ ᠬᠤᠷᠮᠤᠢ ᠦᠭᠡᠢ ᠂ ᠨᠤᠶᠠᠨ ᠲᠠᠢ ᠦᠰ ᠲᠠᠢ ᠬᠦᠮᠦᠨ ᠪᠦᠭᠰᠡ ᠦᠭᠡᠢ  ᠨᠤᠶᠠᠨ ᠲᠠᠢ ᠳᠠᠭᠠᠷᠠᠯᠴᠠᠬᠤ ᠦᠭᠡᠢ ᠪᠤᠯ ᠰᠠᠶᠢᠨ ᠤᠴᠢᠷ ᠲᠠᠭᠠᠷᠠᠬᠤ ᠦᠭᠡᠢ ᠂ ᠨᠤᠬᠠᠢ ᠶ᠋ᠢᠨ ᠴᠤᠭᠯᠠᠭ᠎ᠠ ᠶᠠᠰᠤᠨ ᠳᠡᠭᠡᠷ᠎ᠡ ᠂ ᠨᠤᠶᠠᠳ ᠤᠨ ᠴᠤᠭᠯᠠᠭ᠎ᠠ ᠶᠠᠮᠤᠨ ᠳᠡᠭᠡᠷ᠎ᠡ ᠂ ᠨᠤᠮ ᠳ᠋ᠥ ᠪᠠᠨ ᠮᠠᠭᠤ ᠪᠤᠯᠪᠠᠴᠤ ᠴᠠᠪ ᠲᠣ ᠪᠠᠨ ᠰᠠᠶᠢᠨ ᠂ ᠨᠤᠮ ᠤᠩᠰᠢᠬᠤ ᠦᠭᠡᠢ ᠪᠤᠯ ᠤᠬᠠᠭᠠᠨ ᠠᠳᠠᠷᠰᠢᠨ᠎ᠠ ᠂ ᠨᠤᠭᠤᠭ᠎ᠠ ᠤᠷᠭᠤᠬᠤ ᠦᠭᠡᠢ ᠪᠤᠯ ᠬᠦᠷᠦᠰᠦ ᠠᠳᠠᠷᠰᠢᠨ᠎ᠠ ᠂ ᠨᠤᠮ ᠰᠠᠶᠢᠳᠤ ᠶ᠋ᠢᠨ ᠰᠠᠨᠠᠭ᠎ᠠ ᠳᠠᠶᠢᠪᠤᠩ ᠂ ᠨᠤᠶᠠᠨ ᠰᠠᠶᠢᠳᠤ ᠶ᠋ᠢᠨ ᠠᠷᠠᠳ ᠳᠠᠶᠢᠪᠤᠩ ᠂ ᠨᠤᠶᠠᠨ ‍ᠢ ᠬᠤᠵᠢᠬᠢᠷ ᠢᠶᠠᠷ ᠭᠤᠳᠤᠭᠠᠬᠤ ᠂ ᠨᠦᠬᠦᠷ ᠤᠨ ᠮᠠᠭᠤ ᠪᠠᠷ ᠨᠦᠭᠡᠨ ᠳ᠋ᠥ ᠤᠨᠠᠨ᠎ᠠ ᠂ ᠨᠦᠬᠦᠭᠡᠰᠦᠨ ᠤ ᠮᠠᠭᠤ ᠪᠠᠷ ᠰᠠᠯᠬᠢ ᠤᠷᠤᠨ᠎ᠠ ᠂ ᠪᠠᠯ ᠪᠠᠷᠢᠭᠰᠠᠨ ᠬᠦᠮᠦᠨ ᠬᠤᠷᠤᠭᠤ ᠳᠤᠯᠢᠶᠠᠨ᠎ᠠ ᠂ ᠪᠠᠭᠠᠰᠤ ᠪᠠᠷᠢᠭᠰᠠᠨ ᠬᠦᠮᠦᠨ ᠭᠠᠷ ᠤᠬᠢᠶᠠᠨ᠎ᠠ  ᠶᠠᠭᠤ ᠬᠢᠭᠰᠡᠨ ᠬᠦᠮᠦᠨ ᠳᠡᠬᠦᠨ ᠤ ᠪᠠᠨ ᠬᠦᠷᠳᠡᠭᠡᠯ ‍ᠢ ᠤᠯᠳᠠᠭ ᠂ ᠪᠠᠷᠰ ᠤᠨ ᠲᠤᠯᠤᠭᠠᠢ ᠪᠠᠷ ᠡᠬᠢᠯᠡᠵᠦ ᠮᠤᠭᠠᠢ ᠶ᠋ᠢᠨ ᠰᠡᠬᠦᠯ ᠢᠶᠠᠷ ᠳᠡᠬᠦᠰᠭᠡᠬᠦ ᠂ ᠪᠠᠷᠰ ᠡᠴᠠ ᠠᠶᠤᠭᠰᠠᠨ ᠲᠤᠭᠤᠯ ᠭᠤᠷᠪᠠᠨ ᠵᠢᠯ ᠪᠠᠭᠠᠰᠤ ᠠᠯᠳᠠᠨ᠎ᠠ  ᠨᠢᠭᠡᠮᠦᠰᠦᠨ ᠠᠶᠤᠬᠤ ᠂ ᠪᠠᠷᠳᠠᠮ ᠳ᠋ᠥ ᠰᠠᠶᠢᠨ ᠦᠭᠡᠢ ᠂ ᠪᠠᠩᠵᠠᠯ ᠳ᠋ᠥ ᠳᠤᠯᠠᠭᠠᠨ ᠦᠭᠡᠢ ᠂ ᠪᠡᠯᠡᠨ ᠪᠤᠳᠠᠭ᠎ᠠ ᠢᠳᠡᠵᠦ ᠦᠬᠦᠭᠰᠡᠨ ᠲᠡᠮᠡᠭᠡ ᠬᠠᠷᠢᠭᠤᠯᠬᠤ  ᠪᠡᠶ᠎ᠡ ᠠᠮᠤᠷ ‍ᠢ ᠪᠤᠳᠤᠵᠤ ᠰᠤᠯᠠ ᠰᠡᠯᠡᠬᠦᠦ ᠰᠠᠭᠤᠵᠤ ᠳᠠᠩᠬᠠᠶᠢᠷᠠᠬᠤ ᠪᠡᠶ᠎ᠡ ᠪᠠᠨ ᠮᠡᠳᠡᠪᠡᠯ ᠬᠦᠮᠦᠨ ᠂ ᠪᠡᠯᠴᠢᠭᠡᠷ ᠢᠶᠡᠨ ᠲᠠᠨᠢᠪᠠᠯ ᠮᠠᠯ ᠂ ᠪᠡᠶ᠎ᠡ ᠪᠠᠭᠠᠳᠤᠷ ᠪᠤᠯᠪᠠᠰᠤ ᠨᠢᠭᠡ ᠦᠶ᠎ᠡ ᠶ᠋ᠢᠨ ᠪᠠᠭᠠᠳᠤᠷ ᠂ ᠪᠢᠯᠢᠭ ᠪᠠᠭᠠᠳᠤᠷ ᠪᠤᠯᠪᠠᠰᠤ ᠲᠦᠮᠡᠨ ᠦᠶ᠎ᠡ ᠶ᠋ᠢᠨ ᠪᠠᠭᠠᠳᠤᠷ ᠂ ᠪᠡᠶ᠎ᠡ ᠪᠠᠨ ᠵᠠᠰᠠᠬᠤ ᠪᠠᠷ ᠪᠢᠯᠢᠭ ᠢᠶᠡᠨ ᠵᠠᠰᠠ ᠂ ᠪᠡᠶ᠎ᠡ ᠶ᠋ᠢ ᠬᠠᠳᠠᠭᠤᠵᠢᠭᠤᠯᠬᠤ ᠳ᠋ᠥ ᠲᠠᠮᠢᠷ ᠢᠶᠠᠷ ᠂ ᠪᠢᠯᠢᠭ ‍ᠢ ᠨᠡᠭᠡᠭᠡᠭᠳᠡᠬᠦᠯᠬᠦ ᠳ᠋ᠥ ᠰᠤᠶᠤᠯ ᠢᠶᠠᠷ ᠂ ᠪᠤᠯᠤᠭᠰᠠᠨ ᠡᠴᠠ ᠠᠮᠠ ᠬᠦᠷ ᠂ ᠪᠤᠭᠤᠷᠤᠯ ᠡᠴᠠ ᠦᠭᠡ ᠰᠤᠨᠤᠰ ᠂ ᠪᠤᠷᠤᠭᠠᠨ ᠲᠠᠢ ᠪᠤᠯᠪᠠᠴᠤ ᠪᠤᠯᠵᠤᠭᠠᠨ ᠳ᠋ᠥ ᠪᠠᠨ ᠂ ᠬᠤᠷ᠎ᠠ ᠲᠠᠢ ᠪᠤᠯᠪᠠᠴᠤ ᠬᠤᠭᠤᠴᠠᠭᠠᠨ ᠳ᠋ᠥ ᠪᠠᠨ ᠂ ᠪᠤᠷᠤᠭᠠᠨ ᠤ ᠡᠮᠦᠨ᠎ᠡ ᠰᠠᠯᠬᠢ ᠂ ᠪᠤᠤᠬᠠᠢ ᠶ᠋ᠢᠨ ᠡᠮᠦᠨ᠎ᠡ ᠬᠡᠷᠢᠶ᠎ᠡ ᠂ ᠪᠤᠶᠠᠨ ᠦᠭᠡᠢ ᠬᠦᠮᠦᠨ ᠢᠳᠡᠭᠡᠴᠢ ᠂ ᠪᠤᠳᠤᠯᠭ᠎ᠠ ᠦᠭᠡᠢ ᠬᠦᠮᠦᠨ ᠤᠨᠳᠠᠭᠠᠴᠢ ᠂ ᠪᠤᠶᠠᠨ ‍ᠢ ᠨᠢ ᠭᠤᠳᠤᠷᠴᠤ ᠪᠠᠶᠢᠭᠠᠳ ᠪᠤᠷᠤᠭᠤ ᠲᠡᠰᠢ ᠪᠠᠨ ᠬᠤᠴᠠᠬᠤ ᠂ ᠪᠤᠶᠠᠨ ᠲᠠᠢ ᠬᠦᠮᠦᠨ ‍ᠢ ᠪᠤᠯᠠᠵᠤ ᠪᠤᠯᠬᠤ ᠦᠭᠡᠢ ᠂ ᠪᠤᠯᠠᠭ ᠤᠨ ᠤᠰᠤ ᠶ᠋ᠢ ᠳᠠᠷᠤᠵᠤ ᠪᠤᠯᠬᠤ ᠦᠭᠡᠢ ᠂ ᠪᠤᠷᠤᠭᠤ ᠬᠠᠨᠳᠤᠨ ᠤᠬᠢᠯᠠᠵᠤ ᠵᠦᠪ ᠬᠠᠨᠳᠤᠨ ᠢᠨᠢᠶᠡᠬᠦ  ᠳᠤᠷ᠎ᠠ ᠦᠭᠡᠢ ᠵᠦᠢᠯ ᠢᠶᠡᠨ ᠠᠷᠭ᠎ᠠ ᠦᠭᠡᠢ ᠵᠦᠪᠰᠢᠶᠡᠷᠡᠬᠦ ᠪᠤᠷᠤᠭᠤ ᠳ᠋ᠥ ᠭᠤᠷᠪᠠᠨ ᠪᠤᠷᠤᠭᠤ ᠂ ᠪᠤᠬ᠎ᠠ ᠪᠠᠨ ᠠᠯᠠᠭᠠᠳ ᠪᠠᠰᠠ ᠨᠢᠭᠡ ᠪᠤᠷᠤᠭᠤ  ᠪᠤᠷᠤᠭᠤ ᠳᠡᠭᠡᠷ᠎ᠡ ᠪᠠᠰᠠ ᠪᠤᠷᠤᠭᠤ ᠭᠠᠷᠭᠠᠬᠤ ᠂ ᠪᠤᠷᠬᠠᠨ ᠤ ᠨᠤᠮ ᠳ᠋ᠥ ᠪᠤᠷᠤᠭᠤ ᠲᠠᠢ ᠂ ᠪᠤᠭᠳᠠ ᠶ᠋ᠢᠨ ᠰᠤᠷᠭᠠᠯ ᠳ᠋ᠥ ᠬᠠᠵᠠᠭᠠᠢ ᠲᠠᠢ ᠂ ᠪᠦᠬᠦᠶᠢᠭᠰᠡᠨ ᠳᠡᠭᠡᠷ᠎ᠡ ᠨᠢ ᠲᠦᠯᠬᠢᠵᠦ ᠂ ᠪᠦᠳᠦᠷᠢᠭᠰᠡᠨ ᠳᠡᠭᠡᠷ᠎ᠡ ᠨᠢ ᠨᠢᠳᠤᠷᠬᠤ ᠂ ᠪᠦᠳᠦᠯ ᠦᠭᠡᠢ ᠯᠠᠮᠠ ᠶ᠋ᠢᠨ ᠪᠦᠷᠢᠶ᠎ᠡ ᠨᠢ ᠬᠠᠭᠠᠷᠬᠠᠢ  ᠮᠠᠭᠤ ᠳ᠋ᠥ ᠰᠠᠶᠢᠨ ᠦᠭᠡᠢ ᠂ ᠪᠦᠳᠦᠭᠡᠵᠦ ᠤᠷᠤᠯᠳᠤᠬᠤ ᠳ᠋ᠥ ᠪᠦᠱᠦᠬᠦᠷᠭᠡᠯ ᠬᠡᠭᠴᠢ ᠬᠦᠯᠢᠶᠡᠰᠦ ᠂ ᠰᠢᠮᠳᠠᠵᠤ ᠰᠤᠷᠬᠤ ᠳ᠋ᠥ ᠰᠢᠷᠪᠡᠭᠡᠳᠦᠯ ᠭᠡᠭᠴᠢ ᠲᠤᠰᠢᠶ᠎ᠠ ᠂ ᠪᠦᠳᠦᠨ᠎ᠡ ᠶ᠋ᠢᠨ ᠮᠢᠬ᠎ᠠ ᠪᠠᠷ ᠪᠦᠬᠦᠯᠢ ᠲᠠᠯᠪᠢᠵᠦ ᠂ ᠪᠦᠭᠡᠰᠦᠨ ᠲᠤᠰᠤ ᠪᠠᠷ ᠵᠤᠯᠠ ᠪᠠᠷᠢᠬᠤ  ᠬᠡᠲᠦᠷᠭᠡᠢ ᠨᠠᠷᠢᠯᠠᠬᠤ ᠂ ᠪᠦᠬᠦᠳᠡᠭᠡᠷ ᠵᠦᠪᠯᠡᠪᠡᠯ ᠪᠤᠷᠤᠭᠤ ᠦᠭᠡᠢ ᠂ ᠪᠦᠯᠢᠶᠡᠨ ᠤᠰᠤ ᠪᠠᠷ ᠤᠬᠢᠶᠠᠪᠠᠯ ᠭᠬᠢᠷ ᠦᠭᠡᠢ ᠂ ᠬᠠ ᠬᠢᠰᠬᠢᠭᠰᠡᠨ ᠭᠠᠵᠠᠷ ᠭᠤᠶ᠎ᠠ ᠂ ᠬᠠᠶᠢᠷ᠎ᠠ ᠦᠭᠡᠢ ᠪᠤᠯ ᠠᠮᠢᠳᠤᠷᠠᠯ ᠬᠡᠪᠡᠷᠡᠭ ᠂ ᠨᠠᠶᠢᠷ ᠦᠭᠡᠢ ᠪᠤᠯ ᠪᠦᠯᠬᠦᠮᠳᠡᠯ ᠬᠡᠪᠡᠷᠡᠭ ᠂ ᠬᠠᠶᠢᠷ᠎ᠠ ᠲᠠᠢ ᠬᠦᠮᠦᠨ ᠳ᠋ᠥ ᠬᠠᠨᠢ ᠤᠯᠠᠨ ᠂ ᠰᠠᠨᠠᠯ ᠲᠠᠢ ᠬᠦᠮᠦᠨ ᠳ᠋ᠥ ᠰᠠᠳᠤᠨ ᠤᠯᠠᠨ ᠂ ᠬᠠᠤᠯᠢ ᠨᠢ ᠭᠠᠤᠯᠢ ᠪᠤᠯᠵᠤ ᠬᠤᠳᠠᠯ ᠨᠢ ᠦᠨᠡᠨ ᠪᠤᠯᠬᠤ ᠂ ᠬᠠᠪᠤᠷ ᠲᠠᠷᠢᠬᠤ ᠦᠭᠡᠢ ᠪᠤᠯ ᠨᠠᠮᠤᠷ ᠬᠤᠷᠢᠶᠠᠬᠤ ᠦᠭᠡᠢ ᠂ ᠬᠠᠭᠠᠨ ᠤ ᠵᠠᠷᠯᠢᠭ ᠬᠠᠷᠢᠯᠳᠠ ᠦᠭᠡᠢ ᠂ ᠡᠵᠡᠨ ᠤ ᠵᠠᠷᠯᠢᠭ ᠡᠷᠬᠢᠯᠳᠡ ᠦᠭᠡᠢ ᠂ ᠬᠠᠭᠠᠴᠠᠰᠢ ᠦᠭᠡᠢ ᠠᠮᠠᠷᠠᠭ ᠬᠠᠨᠢ ᠳ᠋ᠥ ᠪᠠᠨ ᠮᠠᠷᠳᠠᠰᠢ ᠦᠭᠡᠢ ᠮᠠᠭᠤ ᠦᠭᠡ ᠪᠤᠤ ᠬᠡᠯᠡ ᠂ ᠬᠠᠭᠤᠴᠢᠨ ᠶᠠᠭᠤᠮ᠎ᠠ ᠤᠯᠠ ᠪᠤᠯᠵᠤ ᠂ ᠰᠢᠨ᠎ᠡ ᠶᠠᠭᠤᠮ᠎ᠠ ᠵᠤᠯᠠ ᠪᠤᠯᠵᠤ ᠂ ᠬᠠᠭᠤᠴᠢᠨ ᠦᠭᠡᠨ ᠳ᠋ᠥ ᠬᠤᠤᠳᠤ ᠦᠭᠡᠢ ᠂ ᠬᠤᠳᠳᠤᠭ ᠤᠨ ᠤᠰᠤᠨ ᠳ᠋ᠥ ᠵᠢᠭᠠᠰᠤ ᠦᠭᠡᠢ  ᠠᠬᠠᠮᠠᠳ ᠤᠨ ᠰᠤᠷᠭᠠᠯ ᠵᠢᠭᠠᠪᠤᠷᠢ ᠡᠷᠬᠢᠮ ᠬᠠᠮᠠᠷ ᠠᠮᠠᠨ ᠳ᠋ᠥ ᠪᠠᠨ ᠬᠤᠷᠰᠢᠶ᠎ᠠ ᠂ ᠬᠠ ᠭᠤᠶ᠎ᠠ ᠳ᠋ᠥ ᠪᠠᠨ ᠲᠦᠰᠢᠶ᠎ᠡ  ᠬᠡᠷᠡᠭ ᠪᠤᠳᠠᠰ ᠬᠠᠷᠢᠯᠴᠠᠨ ᠬᠤᠯᠪᠤᠯᠳᠤᠵᠤ ᠬᠠᠷᠢᠯᠴᠠᠨ ᠳᠦᠰᠢᠭᠯᠡᠨ᠎ᠡ ᠂ ᠬᠠᠮᠢᠭᠠᠰᠢ ᠪᠠᠨ ᠪᠤᠳᠤᠭᠰᠠᠨ ᠴᠦ ᠬᠠᠭᠨᠰᠢ ᠨᠢ ᠨᠢᠭᠡ ᠂ ᠬᠠᠮᠠᠷ ᠠᠮᠠᠨ ᠤ ᠠᠮᠢᠰᠬᠤᠭ᠎ᠠ ᠨᠢ ᠨᠢᠭᠡ  ᠶᠠᠭᠠᠬᠢᠵᠤ ᠪᠤᠤᠭᠰᠠᠨ ᠴᠦ ᠦᠷ᠎ᠡ ᠳ᠋ᠦᠩ ᠨᠢ ᠠᠳᠠᠯᠢ ᠂ ᠬᠠᠯᠠ ᠦᠵᠡᠵᠦ ᠬᠠᠯᠠᠭᠤᠨ ᠴᠢᠯᠠᠭᠤ ᠳᠤᠯᠢᠶᠠᠬᠤ  ᠬᠦᠴᠢᠷ ᠪᠡᠷᠭᠡᠰᠢᠶᠡᠯ ᠦᠵᠡᠵᠦ ᠠᠶᠤᠯ ᠵᠤᠪᠠᠯᠠᠩ ᠠᠮᠰᠠᠬᠤ ᠂ ᠬᠠᠠᠯᠭᠠᠢ ᠢᠳᠡᠭᠰᠡᠨ ᠲᠡᠮᠡᠭᠡ ᠡᠷᠳᠡᠭᠡᠷ ᠂ ᠬᠠᠭᠠᠰ ᠮᠡᠳᠡᠭᠰᠡᠨ ᠬᠦᠮᠦᠨ ᠡᠷᠳᠡᠭᠡᠷ ᠂ ᠬᠠᠯᠠᠭᠤᠨ ᠳ᠋ᠥ ᠬᠠᠯᠠᠵᠤ ᠬᠦᠢᠳᠡᠨ ᠳ᠋ᠥ ᠬᠦᠷᠦᠬᠦ ᠬᠠᠯᠠᠭᠤᠨ ᠵᠠᠭᠤᠷ᠎ᠠ ᠪᠠᠨ ᠡᠪ ᠢᠶᠡᠨ ᠬᠢᠴᠢᠶᠡ ᠂ ᠬᠠᠷᠢ ᠵᠠᠭᠤᠷ᠎ᠠ ᠪᠠᠨ ᠦᠭᠡ ᠪᠠᠨ ᠬᠢᠴᠢᠶᠡ ᠂ ᠬᠠᠷᠢ ᠳ᠋ᠥ ᠦᠭᠬᠦᠭᠰᠡᠨ ᠦᠬᠢᠨ ᠂ ᠬᠠᠷᠪᠤᠵᠤ ᠬᠡᠬᠡᠭᠰᠡᠨ ᠰᠤᠮᠤ ᠂ ᠬᠠᠷᠢ ᠶ᠋ᠢᠨ ᠬᠠᠳᠠᠭᠠᠰᠤ ᠂ ᠬᠠᠨᠴᠦᠢ ᠶ᠋ᠢᠨ ᠨᠦᠬᠦᠭᠡᠰᠦ  ᠶᠠᠮᠠᠷ ᠴᠦ ᠦᠢᠯᠡᠳᠦᠯ ᠬᠡᠷᠡᠭᠴᠡᠭᠡ ᠳᠤᠰᠠ ᠪᠤᠯᠬᠤ ᠦᠭᠡᠢ ᠵᠦᠢᠯ ᠂ ᠬᠠᠷᠢᠭᠰᠠᠨ ᠰᠢᠪᠠᠭᠤ ᠢᠷᠡᠳᠡᠭ ᠂ ᠶᠠᠪᠤᠭᠰᠠᠨ ᠬᠦᠮᠦᠨ ᠡᠷᠭᠢᠳᠡᠭ ᠂ ᠬᠡᠦᠭᠡᠳ ᠤᠬᠢᠯᠠᠬᠤ ᠪᠠᠷ ᠢᠶᠡᠨ ᠠᠶᠤᠯᠭᠠᠳᠠᠭ ᠂ ᠬᠦᠭᠰᠢᠳ ᠦᠬᠦᠬᠦ ᠪᠠᠷ ᠢᠶᠡᠨ ᠠᠶᠤᠯᠭᠠᠳᠠᠭ  ᠵᠠᠩᠰᠢᠭᠰᠠᠨ ᠵᠦᠢᠯ ᠢᠶᠠᠷ ᠢᠶᠡᠨ ᠪᠠᠮᠪᠠᠢ ᠪᠤᠯᠭᠠᠬᠤ ᠂ ᠭᠡᠨ ᠭᠡᠨ ᠢᠶᠡᠨ ᠬᠡᠯᠡᠯᠭᠡᠨ ᠦᠭᠡᠢ ᠂ ᠬᠡᠯᠡ ᠠᠮᠠ ᠪᠠᠨ ᠳᠠᠳᠠᠯᠭᠠᠨ ᠦᠭᠡᠢ  ᠬᠡᠨ ᠠᠯᠢ ᠨᠢ ᠴᠦ ᠮᠠᠭᠤ ᠲᠠᠢ ᠂ ᠬᠡᠩᠭᠡᠷᠭᠡ ᠬᠡᠳᠦᠢ ᠳᠠᠭᠤ ᠲᠠᠢ ᠪᠤᠯᠪᠠᠴᠤ ᠬᠦᠪᠰᠦᠬᠦ ᠦᠭᠡᠢ ᠪᠤᠯ ᠳᠤᠤᠭᠠᠷᠬᠤ ᠦᠭᠡᠢ ᠂ ᠬᠦᠮᠦᠨ ᠬᠡᠳᠦᠢ ᠮᠡᠷᠭᠡᠨ ᠪᠤᠯᠪᠠᠴᠤᠬᠡᠯᠡᠬᠦ ᠦᠭᠢᠡ ᠪᠤᠯ ᠮᠡᠳᠡᠬᠦ ᠦᠭᠡᠢ ᠂ ᠬᠡᠬᠡᠷ᠎ᠡ ᠬᠤᠨᠤᠵᠤ ᠬᠡᠳᠡ ᠳᠡᠷᠡᠯᠡᠬᠦ  ᠬᠠᠯᠠ ᠵᠤᠪᠠᠯᠠᠩ ᠠᠮᠰᠠᠬᠤ ᠂ ᠬᠡᠭᠡᠷ ᠠᠯᠠᠭ ᠡᠴᠠ ᠰᠢᠬᠢᠷ᠎ᠡ ᠠᠯᠠᠭ ᠂ ᠬᠡᠯᠳᠡᠩ ᠭᠡᠬᠦᠦ ᠡᠴᠠ ᠱᠤᠪᠳᠤᠩ ᠤᠨᠠᠭ᠎ᠠ  ᠳᠡᠭᠡᠷ᠎ᠡ ᠦᠶ᠎ᠡ ᠨᠢ ᠶᠠᠮᠠᠷ ᠪᠤᠯ ᠦᠷ᠎ᠡ ᠭᠡᠦᠭᠡᠳ ᠨᠢ ᠴᠦ ᠳᠡᠶᠢᠮᠤ ᠂ ᠬᠡᠯᠡ ᠤᠷᠳᠤ ᠪᠣᠯ ᠪᠡᠶ᠎ᠡ ᠶ᠋ᠢ ᠤᠷᠢᠶᠠᠨ᠎ᠠ ᠂ ᠬᠤᠷᠮᠤᠢ ᠤᠷᠳᠤ ᠪᠤᠯ ᠬᠦᠯ ‍ᠢ ᠤᠷᠢᠶᠠᠨ᠎ᠠ  ᠦᠭᠡᠨ ᠳ᠋ᠥ ᠬᠡᠳᠦ ᠳᠤᠷᠠᠳᠠᠢ ᠪᠤᠯ ᠶᠠᠷᠰᠢᠭ ᠡᠳᠦᠵᠦ ᠮᠡᠳᠡᠬᠦ ᠂ ᠬᠡᠯᠡᠪᠡᠯ ᠮᠢᠨᠤ ᠵᠤᠷᠢᠭ ᠂ ᠬᠡᠶᠢᠰᠭᠡᠪᠡᠯ ᠳᠡᠭᠷᠢ ᠶ᠋ᠢᠨ ᠵᠤᠷᠢᠭ  ᠰᠠᠨᠠᠭ᠎ᠠ ᠪᠠᠷ ᠢᠶᠡᠨ ᠰᠠᠪᠠᠵᠤ ᠵᠢᠯᠤᠭᠤ ᠪᠠᠷ ᠢᠶᠡᠨ ᠭᠤᠶᠠᠳᠠᠬᠤ ᠂ ᠬᠡᠯᠡᠪᠡᠯ ᠦᠭᠡᠢ ᠬᠢᠰᠬᠢᠪᠡᠯ ᠭᠠᠵᠠᠷ ᠂ ᠬᠡᠯᠡᠭᠰᠡᠨ ᠢᠶᠡᠨ ᠢᠳᠡᠵᠦ ᠬᠡᠬᠡᠷᠡᠭᠰᠡᠨ ᠢᠶᠡᠨ ᠵᠠᠯᠬᠢᠬᠤ ᠂  ᠦᠭᠡ ᠪᠠᠨ ᠪᠤᠴᠠᠬᠤ ᠂ ᠬᠡᠯᠡᠭᠰᠡᠨ ᠳ᠋ᠥ ᠪᠠᠨ ᠪᠠᠶᠠᠷᠯᠠᠵᠤ ᠬᠡᠬᠡᠷᠡᠭᠰᠡᠨ ᠳ᠋ᠥ ᠪᠠᠨ ᠴᠠᠳᠬᠤ  ᠬᠡᠢ ᠬᠦᠰᠡᠯ ᠢᠶᠠᠷ ᠪᠡᠶ᠎ᠡ ᠪᠠᠨ ᠬᠠᠭᠤᠷᠬᠤ ᠃ ᠬᠡᠯᠡᠵᠦ ᠮᠡᠷᠭᠡᠯᠡᠬᠦ ᠪᠠᠷ ᠢᠶᠡᠨ ᠬᠢᠵᠦ ᠬᠦᠢᠴᠡᠳᠭᠡ ᠂ ᠬᠡᠷᠡᠭ ᠡᠴᠠ ᠭᠠᠷᠤᠭᠠᠳ ᠴᠡᠷᠢᠭ ᠡᠴᠠ ᠪᠠᠭᠤᠬᠤ  ᠬᠡᠷᠡᠭᠴᠡᠭᠡ ᠦᠭᠡᠢ ᠪᠤᠯᠬᠤ ᠂ ᠦᠲᠡᠯᠦᠭᠰᠡᠨ ᠂ ᠬᠡᠷᠡᠭ ᠶᠡᠭᠡ ᠳ᠋ᠥ ᠪᠠᠨ ᠳᠦᠰᠢᠭ ᠂ ᠬᠡᠷᠡᠭ ᠦᠨᠳᠦᠷ ᠲᠣ ᠪᠠᠨ ᠳᠦᠰᠢᠭ  ᠬᠡᠷᠡᠭ ᠶᠡᠭᠡ ᠪᠤᠯ ᠬᠠᠮᠢᠶᠠᠷᠬᠤ ᠬᠦᠮᠦᠨ ᠯᠠᠪ ᠪᠤᠢ ᠂ ᠬᠡᠷᠡᠭᠯᠡᠬᠦ ᠦᠶ᠎ᠡ ᠳ᠋ᠥ ᠬᠡᠷᠢᠶᠡᠨ ᠦᠳᠦ ᠮᠢᠩᠭᠠᠨ ᠯᠠᠩ ᠂ ᠬᠡᠷᠢᠶ᠎ᠡ ᠬᠠᠷ᠎ᠠ ᠪᠤᠯᠪᠠᠴᠤ ᠦᠷ᠎ᠡ ᠳ᠋ᠥ ᠪᠠᠨ ᠴᠠᠭᠠᠨ  ᠬᠦᠮᠦᠨ ᠬᠡᠳᠦᠢ ᠬᠠᠷᠬᠢᠰ ᠮᠠᠭᠤ ᠴᠦ ᠦᠷ᠎ᠡ ᠬᠡᠦᠭᠡᠳ ᠲᠣ ᠪᠠᠨ ᠰᠠᠶᠢᠨ ᠪᠠᠶᠢᠳᠠᠭ ᠂ ᠬᠡᠢ ᠪᠠᠷ ᠬᠦᠭᠡᠷᠦᠬᠦᠯᠵᠦ ᠬᠦᠭᠡᠰᠦ ᠪᠠᠷ ᠪᠦᠭᠡᠯᠵᠢᠬᠦᠯᠬᠦ  ᠬᠡᠢ ᠬᠤᠭᠤᠰᠤᠨ ᠪᠠᠶᠠᠷᠯᠠᠭᠤᠯᠬᠤ ᠬᠢᠬᠦ ᠦᠭᠡᠢ ᠬᠦᠮᠦᠨ ᠤ ᠦᠭᠡ ᠨᠢ ᠶᠡᠭᠡ ᠂ ᠬᠦᠭᠵᠢᠬᠦ ᠦᠭᠡᠢ ᠭᠠᠯ ᠤᠨ ᠤᠳᠤᠭ᠎ᠠ ᠨᠢ ᠶᠡᠭᠡ ᠂ ᠬᠤᠪᠢ ᠪᠠᠨ ᠬᠦᠭᠡᠭᠡᠵᠦ ᠳᠤᠪᠤ᠋ ᠪᠠᠨ ᠪᠤᠷᠤᠯᠠᠭᠤᠯᠬᠤ  ᠬᠤᠪᠢ ᠪᠠᠨ ᠬᠦᠭᠡᠭᠡᠵᠦ ᠪᠤᠰᠤᠳ ᠲᠣ ᠬᠠᠷᠰᠢᠬᠤ ᠦᠭᠡᠢ ᠂ ᠬᠤᠪᠳᠤᠭ ᠬᠦᠮᠦᠨ ᠤ ᠨᠢᠳᠤᠨ ᠳ᠋ᠥ ᠬᠤᠨᠢᠨ ᠤ ᠪᠦᠭᠡᠷ᠎ᠡ ᠶᠡᠭᠡ ᠲᠠᠢ ᠪᠠᠭ᠎ᠠ ᠲᠠᠢ  ᠬᠤᠪᠳᠤᠭ ᠂ ᠬᠤᠪᠴᠢ ᠬᠦᠮᠦᠨ ᠬᠤᠶᠢᠨ᠎ᠠ ᠪᠠᠨ ᠮᠠᠭᠤ ᠂ ᠬᠤᠰᠠᠷᠠᠩ ᠭᠡᠬᠦᠦ ᠬᠠᠪᠤᠷ ᠲᠣ ᠪᠠᠨ ᠮᠠᠭᠤ ᠂ ᠬᠤᠭᠤᠯᠠᠢ ᠪᠠᠷ ᠢᠶᠡᠨ ᠮᠠᠨᠢ ᠲᠤᠭᠠᠯᠠᠵᠤ ᠂ ᠬᠤᠩᠰᠢᠶᠠᠷ ᠢᠶᠠᠷ ᠢᠶᠡᠨ ᠬᠤᠷᠤᠬᠠᠢ ᠳᠡᠬᠦᠬᠦ  ᠰᠠᠶᠢᠨ ᠦᠭᠡ ᠬᠡᠯᠡᠵᠦ ᠮᠠᠭᠤ ᠠᠵᠢᠯ ᠬᠢᠬᠦ ᠂ ᠬᠤᠭᠤᠰᠤ ᠠᠮᠠ ᠬᠤᠩᠬᠢᠯᠳᠠᠭ ᠭᠤᠳᠤᠯ  ᠬᠡᠯᠡᠭᠡᠳ ᠬᠢᠬᠦ ᠦᠭᠡᠢ ᠂ ᠬᠤᠭᠤᠰᠤᠨ ᠦᠭᠡᠨ ᠳ᠋ᠥ ᠳᠤᠰᠠ ᠦᠭᠡᠢ ᠂ ᠬᠤᠪᠠᠬᠠᠢ ᠮᠤᠳᠤᠨ ᠳ᠋ᠥ ᠨᠠᠪᠴᠢ ᠦᠭᠡᠢ  ᠬᠡᠯᠡᠭᠡᠳ ᠬᠢᠬᠦ ᠦᠭᠡᠢ ᠪᠤᠯ ᠬᠡᠷᠡᠭ ᠦᠭᠡᠢ ᠂ ᠬᠤᠭᠤᠰᠤᠨ ᠭᠠᠵᠠᠷ ‍ᠢ ᠬᠤᠶᠠᠷ ᠳᠤᠯᠢᠶᠠᠵᠤ ᠂ ᠬᠤᠪᠠᠬᠠᠢ ᠶᠠᠰᠤ ᠶ᠋ᠢ ᠬᠡᠮᠭᠡ ᠬᠠᠵᠠᠬᠤ  ᠬᠠᠨᠤᠰᠢ ᠦᠭᠡᠢ ᠬᠤᠪᠳᠤᠭ ᠂ ᠬᠤᠰᠢᠭᠤ ᠨᠡᠮᠡᠬᠦ ᠪᠠᠷ ᠬᠤᠷᠤᠭᠤ ᠨᠡᠮᠡ  ᠬᠡᠷᠡᠭ ᠦᠭᠡᠢ ᠮᠡᠷᠭᠡᠯᠡᠬᠦ ᠪᠠᠷ ᠢᠶᠡᠨ ᠠᠵᠢᠯ ᠳ᠋ᠥ ᠨᠢ ᠬᠠᠮᠵᠢ ᠂ ᠬᠤᠶᠠᠷ ᠬᠦᠮᠦᠨ ᠶᠠᠪᠤᠪᠠᠯ ᠨᠢᠭᠡ ᠨᠢ ᠠᠬ᠎ᠠ ᠂ ᠨᠢᠭᠡ ᠬᠦᠮᠦᠨ ᠶᠠᠪᠤᠪᠠᠯ ᠮᠠᠯᠠᠭᠠᠢ ᠨᠢ ᠠᠬ᠎ᠠ ᠂ ᠬᠤᠯᠠᠴᠢ ᠮᠤᠷᠢ ᠂ ᠬᠤᠳᠠᠴᠢ ᠨᠤᠬᠠᠢ  ᠬᠠᠮᠤᠭ ᠤᠨ ᠳᠤᠰᠠ ᠳᠡᠮᠵᠢᠯᠭᠡ ᠪᠤᠯᠳᠠᠭ ᠵᠦᠢᠯ ᠂ ᠬᠤᠳᠳᠤᠭ ᠤᠨ ᠤᠰᠤᠨ ᠳ᠋ᠥ ᠵᠢᠭᠠᠰᠤ ᠦᠭᠡᠢ ᠂ ᠬᠤᠪᠠᠬᠠᠢ ᠮᠤᠳᠤᠨ ᠳ᠋ᠥ ᠨᠠᠪᠴᠢ ᠦᠭᠡᠢ ᠂ ᠬᠤᠷ᠎ᠠ ᠶ᠋ᠢᠨ ᠤᠰᠤ ᠵᠠᠮ ᠡᠪᠳᠡᠨ᠎ᠡ ᠂ ᠬᠤᠨᠳᠠᠭ᠎ᠠ ᠲᠠᠢ ᠠᠷᠢᠬᠢ ᠵᠠᠩ ᠡᠪᠳᠡᠨ᠎ᠡ ᠂ ᠬᠤᠷ᠎ᠠ ᠶ᠋ᠢᠨ ᠰᠢᠮ᠎ᠡ ᠪᠠᠷ ᠪᠠᠶᠢᠭᠠᠯᠢ ᠰᠡᠷᠬᠦᠯᠡᠩ ᠂ ᠬᠠᠶᠢᠷ᠎ᠠ ᠶ᠋ᠢᠨ ᠰᠢᠮ᠎ᠡ ᠪᠠᠷ ᠨᠡᠶᠢᠭᠡᠮ ᠠᠮᠤᠭᠤᠯᠠᠩ ᠂ ᠬᠦᠭᠡ ᠶ᠋ᠢ ᠦᠵᠡᠪᠡᠯ ᠬᠦᠷᠪᠡᠵᠦ ᠤᠯᠠᠭᠠᠨ ‍ᠢ ᠦᠵᠡᠪᠡᠯ ᠤᠷᠪᠠᠬᠤ ᠂ ᠬᠦᠨᠳᠦ ᠡᠮ᠎ᠡ ᠶ᠋ᠢᠨ ᠰᠢᠭᠡᠰᠦᠨ ᠤ ᠭᠠᠵᠠᠷ ᠬᠦᠷᠦᠭᠰᠡᠨ ᠦᠭᠡᠢ ᠂ ᠬᠦᠷᠳᠦᠨ ᠤ ᠲᠤᠭᠤᠯ ᠤᠨ ᠪᠡᠶᠢᠴᠢᠭᠡᠷ ᠳ᠋ᠥ ᠬᠦᠷᠦᠭᠰᠡᠨ ᠦᠭᠡᠢ  ᠬᠤᠯᠠ ᠶᠠᠪᠤᠭᠰᠠᠨ ᠦᠭᠡᠢ ᠂ ᠦᠵᠡᠵᠦ ᠮᠡᠳᠡᠭᠰᠡᠨ ᠨᠢ ᠪᠠᠭ᠎ᠠ ᠂ ᠬᠦᠨᠳᠡᠯᠡᠨ ᠡᠪᠡᠰᠦ ᠶ᠋ᠢ ᠬᠦᠳᠡᠯᠭᠡᠬᠦ ᠦᠭᠡᠢ ︵ ᠬᠦᠨᠳᠡᠯᠡᠨ ᠨᠠᠪᠡᠰᠦ ᠶ᠋ᠢ ᠬᠢᠰᠬᠢᠬᠦ ᠦᠭᠡᠢ ᠂ ᠬᠡᠪᠳᠡᠭᠰᠡᠨ ᠨᠤᠬᠠᠢ ᠶ᠋ᠢ ᠬᠦᠳᠡᠯᠭᠡᠬᠦ ᠦᠭᠡᠢ ︶  ᠵᠢᠭᠠᠬᠠᠨ ᠴᠦ ᠳᠤᠰᠠ ᠬᠢᠬᠦ ᠦᠭᠡᠢ ᠂ ᠬᠦᠮᠦᠨ ᠤ ᠡᠷᠢᠶᠡᠨ ᠭᠠᠳᠠᠨ᠎ᠠ ᠪᠠᠨ ᠂ ᠮᠤᠭᠠᠢ ᠶ᠋ᠢᠨ ᠡᠷᠢᠶᠡᠨ ᠳᠤᠳᠤᠨ᠎ᠠ ᠪᠠᠨ  ᠬᠦᠮᠦᠨ ᠤ ᠰᠠᠶᠢᠨ ᠮᠠᠭᠤ ᠶ᠋ᠢ ᠦᠩᠭᠡᠨ ᠲᠠᠯ᠎ᠠ ᠡᠴᠠ ᠨᠢ ᠦᠵᠡᠵᠦ ᠭᠠᠷᠬᠤ ᠦᠭᠡᠢ ᠂ ᠬᠦᠮᠦᠨ ᠬᠦᠮᠦᠨ ᠤ ᠬᠦᠴᠦᠨ ᠳ᠋ᠥ ᠂ ᠵᠢᠭᠠᠰᠤ ᠤᠰᠤᠨ ᠤ ᠬᠦᠴᠦᠨ ᠳ᠋ᠥ ᠂ ᠬᠦᠮᠦᠨ ᠤ ᠪᠡᠶ᠎ᠡ ᠳᠡᠭᠡᠷᠡᠬᠢ ᠪᠦᠭᠡᠰᠦ ᠶ᠋ᠢ ᠤᠯᠵᠤ ᠦᠵᠡᠭᠡᠳ ᠦᠪᠡᠷ ᠤᠨ ᠪᠡᠶ᠎ᠡ ᠳᠡᠭᠡᠷᠡᠬᠢ, ᠲᠡᠮᠡᠭᠡ ᠶ᠋ᠢ ᠤᠯᠵᠤ ᠦᠵᠡᠬᠦ ᠦᠭᠡᠢ ᠂ ᠬᠦᠮᠦᠨ ᠤ ᠪᠤᠶᠠᠨ ᠬᠦᠮᠦᠨ ᠳ᠋ᠥ ᠵᠤᠬᠢᠬᠤ ᠦᠭᠡᠢ ᠂ ᠨᠤᠬᠠᠢ ᠶ᠋ᠢᠨ ᠬᠡᠳᠡᠰᠦᠨ ᠳ᠋ᠥ ᠰᠢᠷ᠎ᠠ ᠲᠤᠰᠤ ᠵᠤᠬᠢᠬᠤ ᠦᠭᠡᠢ ᠂ ᠬᠦᠮᠦᠨ ᠤ ᠰᠠᠶᠢᠨ ‍ᠢ ᠬᠠᠨᠢᠯᠠᠨ ᠪᠠᠶᠢᠵᠤ ᠮᠡᠳᠡᠨ᠎ᠡ ᠂ ᠬᠦᠯᠦᠭ ᠤᠨ ᠰᠠᠶᠢᠨ ‍ᠢ ᠤᠨᠤᠨ ᠪᠠᠶᠢᠵᠤ ᠮᠡᠳᠡᠨ᠎ᠡ ᠂ ᠬᠦᠮᠦᠨ ᠤ ᠰᠠᠨᠠᠭ᠎ᠠ ᠵᠤᠨ ᠤ ᠢᠯᠠᠭ᠎ᠠ  ᠬᠦᠮᠦᠨ ᠤ ᠶᠠᠭᠤᠮ᠎ᠠ ᠬᠦᠴᠦ ᠦᠭᠡᠢ ᠂ ᠬᠦᠵᠦᠬᠦᠨ ᠮᠢᠬ᠎ᠠ ᠠᠮᠳᠠ ᠦᠭᠡᠢ  ᠦᠪᠡᠷ ᠤᠨ ᠬᠦᠴᠦᠨᠳ ᠪᠠᠨ ᠲᠦᠰᠢᠭᠯᠡᠬᠦ ᠨᠢ ᠴᠢᠬᠤᠯᠠ ᠂ ᠬᠦᠮᠦᠨ ᠳ᠋ᠥ ᠠᠬ᠎ᠠ ᠲᠠᠢ ᠂ ᠳᠡᠪᠡᠯ ᠳ᠋ᠥ ᠵᠠᠬ᠎ᠠ ᠲᠠᠢ  ᠠᠬᠠᠰ ᠵᠠᠬᠠᠰ ᠢᠶᠡᠨ ᠬᠦᠨᠳᠦᠯᠡ ᠂ ᠬᠦᠮᠦᠨ ᠦᠭᠡᠳᠡ ᠪᠠᠨ ᠤᠰᠤ ᠤᠷᠤᠭᠤ ᠪᠠᠨ ᠂ ᠬᠦᠮᠦᠨ ᠨᠡᠷ᠎ᠡ ᠪᠠᠨ ᠲᠤᠭᠤᠰ ᠦᠳᠦ ᠪᠠᠨ ᠂ ᠬᠦᠮᠦᠨ ᠨᠢ ᠪᠠᠶᠢᠪᠠᠯ ᠬᠦᠨᠡᠰᠦ ᠨᠢ ᠪᠠᠶᠢᠨ᠎ᠠ  ᠬᠦᠮᠦᠨ ᠠᠷᠪᠢᠳᠤᠭᠠᠳ ᠳᠠᠷᠤᠭᠠᠰᠤ ᠪᠤᠯᠳᠠᠭ ᠦᠭᠡᠢ ᠂ ᠬᠦᠮᠦᠨ ᠨᠢᠭᠡ ᠡᠨᠳᠡᠳᠡᠭ ᠂ ᠬᠦᠯᠦᠭ ᠨᠢᠭᠡ ᠪᠦᠳᠦᠷᠢᠳᠡᠭ  ᠬᠡᠵᠢᠶᠡᠳᠡ ᠪᠤᠷᠤᠭᠤ ᠭᠠᠷᠭᠠᠬᠤ ᠦᠭᠡᠢ ᠬᠦᠮᠦᠨ ᠪᠠᠶᠢᠳᠠᠭ ᠦᠭᠡᠢ ᠂ ᠬᠦᠮᠦᠨ ᠢᠷᠡᠬᠦ ᠦᠭᠡᠢ ᠪᠤᠯ ᠨᠤᠬᠠᠢ ᠬᠤᠷᠢᠬᠤ ᠦᠭᠡᠢ  ᠬᠡᠷᠡᠭ ᠶᠠᠪᠤᠳᠠᠯ ᠳ᠋ᠥ ᠤᠴᠢᠷ ᠰᠢᠯᠳᠠᠭᠠᠨ ᠲᠠᠢ ᠂ ᠬᠦᠮᠦᠨ ᠪᠤᠯᠬᠤ ᠪᠠᠭ᠎ᠠ ᠡᠴᠠ ᠪᠠᠨ ᠂ ᠬᠦᠯᠦᠭ ᠪᠤᠯᠬᠤ ᠤᠨᠠᠭᠠᠨ ᠡᠴᠠ ᠪᠠᠨ ᠂ ᠬᠦᠷᠳᠦ ᠲᠠᠭᠠᠷᠠᠭᠰᠠᠨ ᠳᠡᠷᠭᠡ ᠂ ᠬᠤᠮ ᠲᠠᠭᠠᠷᠠᠭᠰᠠᠨ ᠲᠡᠮᠡᠭᠡ ᠂ ᠬᠦᠯᠦᠭ ᠤᠨ ᠬᠤᠷᠳᠤᠨ ᠨᠢ ᠰᠤᠷᠭᠠᠭᠰᠠᠨ ᠤ ᠰᠠᠶᠢᠨ ᠳ᠋ᠥ ᠂ ᠬᠦᠮᠦᠨ ᠤ ᠮᠡᠷᠭᠡᠨ ᠨᠢ ᠰᠤᠷᠤᠭᠰᠠᠨ ᠤ ᠰᠠᠶᠢᠨ ᠳ᠋ᠥ ᠂ ᠬᠦᠯᠦᠭ ᠮᠤᠷᠢᠳ ᠬᠦᠶᠦᠳᠡᠯ ᠲᠠᠢ ᠰᠠᠶᠢᠬᠠᠨ ᠂ ᠬᠦᠮᠦᠨ ᠠᠷᠠᠳ ᠮᠤᠷᠠᠯ ᠲᠠᠢ ᠰᠠᠶᠢᠬᠠᠨ ᠂ ᠬᠦᠰᠡᠯᠡᠩ ᠲᠠᠢ ᠬᠦᠮᠦᠨ ᠰᠠᠨᠠᠭᠰᠠᠨ ᠳ᠋ᠥ ᠪᠠᠨ ᠂ ᠵᠤᠷᠢᠯᠭ᠎ᠠ ᠲᠠᠢ ᠬᠦᠮᠦᠨ ᠵᠤᠷᠢᠭᠰᠠᠨ ᠳ᠋ᠥ ᠪᠠᠨ ᠂ ᠬᠦᠴᠢᠷ ᠤᠨ ᠡᠮᠦᠨ᠎ᠡ ᠬᠦᠯ ᠨᠤᠭᠤᠷᠠᠬᠤ ᠦᠭᠡᠢ ᠂ ᠪᠡᠷᠭᠡᠰᠢᠶᠡᠯ ᠤᠨ ᠡᠮᠦᠨ᠎ᠡ ᠪᠡᠶ᠎ᠡ ᠪᠦᠬᠦᠶᠢᠬᠦ ᠦᠭᠡᠢ ᠂ ᠬᠦᠴᠦ ᠪᠠᠷ ᠮᠢᠩᠭᠠᠨ ᠵᠢᠩ ᠂ ᠠᠷᠭ᠎ᠠ ᠪᠠᠷ ᠲᠦᠮᠡᠨ ᠵᠢᠩ ᠂ ᠭᠠᠩ ᠪᠤᠯᠬᠤ ᠳ᠋ᠥ ᠪᠤᠯᠠᠭ ᠤᠨ ᠰᠠᠶᠢᠨ ᠮᠡᠳᠡᠭᠳᠡᠬᠦ ᠂ ᠭᠠᠢ ᠪᠤᠯᠬᠤ ᠳ᠋ᠥ ᠨᠦᠬᠦᠷ ᠤᠨ ᠰᠠᠶᠢᠨ ᠲᠠᠨᠢᠭᠳᠠᠬᠤ ᠂ ᠭᠠᠬᠠᠢ ᠶᠠᠪᠠᠭᠠᠨ ᠂ ᠨᠤᠬᠠᠢ ᠨᠢᠴᠦᠬᠦᠨ  ᠶᠠᠳᠠᠭᠤ ᠬᠤᠭᠤᠰᠤᠨ ᠂ ᠭᠠᠯᠠᠭᠤ ᠭᠠᠷᠪᠠᠯ ᠳᠠᠭᠤ ᠪᠠᠨ ᠂ ᠬᠦᠮᠦᠨ ᠶᠠᠪᠤᠪᠠᠯ ᠨᠡᠷ᠎ᠡ ᠪᠠᠨ ᠂ ᠭᠠᠯ ᠳ᠋ᠥ ᠦᠬᠦᠬᠦ ᠬᠦᠮᠦᠨ ᠤᠰᠤᠨ ᠳ᠋ᠥ ᠦᠬᠦᠬᠦ ᠦᠭᠡᠢ ᠂ ᠭᠠᠭᠴᠠ ᠮᠤᠳᠤ ᠭᠠᠯ ᠪᠤᠯᠳᠠᠭ ᠦᠭᠡᠢ ᠂ ᠭᠠᠭᠴᠠ ᠬᠦᠮᠦᠨ ᠠᠶᠢᠯ ᠪᠤᠯᠳᠠᠭ ᠦᠭᠡᠢ ᠂ ᠭᠠᠳᠠᠨ᠎ᠠ ᠪᠠᠨ ᠨᠢᠭᠤᠷ ᠲᠡᠮᠡᠴᠡᠨ᠎ᠡ ᠂ ᠳᠤᠳᠤᠷ᠎ᠠ ᠪᠠᠨ ᠠᠮᠢ ᠲᠡᠮᠡᠴᠡᠨ᠎ᠡ ᠂ ᠭᠠᠳᠠᠨ᠎ᠠ ᠪᠠᠨ ᠬᠢᠯᠠᠨᠴᠠᠭ ᠂ ᠳᠤᠳᠤᠷ᠎ᠠ ᠪᠠᠨ ᠫᠠᠯᠠᠨᠴᠠᠭ ᠂ ᠭᠠᠳᠠᠭ᠎ᠠ ᠭᠠᠷᠴᠤ ᠡᠷ᠎ᠡ ᠪᠤᠯᠵᠤ ᠂ ᠭᠡᠷ ᠲᠣ ᠤᠷᠤᠵᠤ ᠡᠮ᠎ᠡ ᠪᠤᠯᠵᠤ  ᠭᠡᠷ ᠭᠠᠳᠠᠨᠠᠬᠢ ᠠᠵᠢᠯ ‍ᠢ ᠪᠦᠷ ᠬᠢᠬᠦ ᠂ ᠭᠠᠳᠠᠭᠰᠢ ᠶᠠᠪᠤᠬᠤ ᠬᠦᠮᠦᠨ ᠠᠮᠠ ᠪᠠᠨ ᠬᠢᠴᠢᠶᠡ ᠂ ᠬᠡᠷ ᠲᠣ ᠰᠠᠭᠤᠬᠤ ᠬᠦᠮᠦᠨ ᠭᠠᠯ ᠢᠶᠡᠨ ᠬᠢᠴᠢᠶᠡ ᠂ ᠭᠠᠷ ᠭᠠᠷ ᠢᠶᠡᠨ ᠤᠬᠢᠶᠠᠳᠠᠭ ᠂ ᠬᠦᠮᠦᠨ ᠬᠦᠮᠦᠨ ᠢᠶᠡᠨ ᠳᠤᠰᠠᠯᠠᠳᠠᠭ ᠂ ᠭᠡᠮ ᠨᠢ ᠡᠮᠦᠨ᠎ᠡ ᠪᠠᠨ ᠭᠡᠮᠰᠢᠯ ᠨᠢ ᠬᠤᠶᠢᠨ᠎ᠠ ᠪᠠᠨ ᠂ ᠬᠡᠮ ᠲᠠᠢ ᠬᠦᠮᠦᠨ ᠭᠡᠭᠡᠨ ᠤᠬᠠᠭᠠᠨ ᠲᠠᠢ ᠂ ᠭᠤᠤᠯ ᠢᠶᠡᠨ ᠭᠠᠷᠤᠭᠠᠳ ᠬᠦᠬᠦᠷᠭᠡ ᠪᠠᠨ ᠡᠪᠳᠡᠬᠦ  ᠪᠤᠰᠤᠳ ᠤᠨ ᠳᠤᠰᠠ ᠶ᠋ᠢ ᠮᠠᠷᠳᠠᠬᠤ ᠂ ᠮᠠᠶᠢᠯᠠᠵᠤ ᠪᠠᠶᠢᠭᠠᠳ ᠮᠠᠯ ᠪᠤᠯᠳᠠᠭ ᠂ ᠤᠬᠢᠯᠠᠵᠤ ᠪᠠᠶᠢᠭᠠᠳ ᠬᠦᠮᠦᠨ ᠪᠤᠯᠳᠠᠭ  ᠪᠠᠯᠴᠢᠷ ᠪᠠᠭ᠎ᠠ ᠡᠴᠠ ᠪᠠᠨ ᠦᠭᠡᠯᠡᠢ ᠪᠤᠯᠬᠤ ᠵᠢᠮ᠎ᠡ ᠶᠤᠰᠤ ᠂ ᠮᠠᠭᠤ ᠪᠤᠯᠪᠠᠴᠤ ᠡᠵᠢ ᠲᠠᠢ ᠰᠠᠶᠢᠬᠠᠨ ᠂ ᠮᠤᠷᠤᠢ ᠪᠤᠯᠪᠠᠴᠤ ᠵᠠᠮ ᠲᠠᠢ ᠰᠠᠶᠢᠬᠠᠨ  ᠠᠪᠤ᠋ ᠡᠵᠢ ᠶ᠋ᠢᠨ ᠡᠨᠡᠷᠢᠯ ᠬᠠᠶᠢᠷ᠎ᠠ ᠬᠢᠵᠠᠭᠠᠷ ᠦᠭᠡᠢ ᠂ ᠮᠠᠭᠤ ᠬᠦᠮᠦᠨ ᠤ ᠠᠮᠠᠨ ᠡᠴᠠ ᠮᠤᠭᠠᠢ ᠮᠡᠯᠡᠭᠡᠢ ᠴᠤᠪᠤᠷᠠᠨ᠎ᠠ  ᠮᠠᠭᠤ ᠬᠦᠮᠦᠨ ᠰᠠᠶᠢᠨ ᠦᠭᠡ ᠶᠠᠷᠢᠬᠤ ᠦᠭᠡᠢ ᠂ ᠮᠠᠭᠤ ᠬᠦᠮᠦᠨ ᠪᠡᠶ᠎ᠡ ᠪᠠᠨ ᠭᠤᠷᠪᠠ ᠵᠠᠷᠤᠨ᠎ᠠ ᠂ ᠮᠠᠭᠤ ᠬᠦᠮᠦᠨ ᠳ᠋ᠥ ᠭᠡᠷ ᠪᠤᠤ ᠲᠠᠨᠢᠭᠤᠯ ᠂ ᠰᠤᠬᠤᠷ ᠦᠭᠡᠷ ᠲᠣ ᠬᠤᠳᠳᠤᠭ ᠪᠤᠤ ᠦᠵᠡᠬᠦᠯ  ᠮᠠᠭᠤ ᠬᠦᠮᠦᠨ ᠳ᠋ᠥ ᠨᠢᠭᠤᠷ ᠦᠭᠴᠦ ᠪᠤᠯᠬᠤ ᠦᠭᠡᠢ ᠂ ᠮᠠᠭᠤ ᠮᠠᠭᠤ ᠳ᠋ᠥ ᠪᠠᠨ ᠡᠷ᠎ᠡ ᠂ ᠮᠤᠤᠷ ᠬᠤᠯᠤᠭᠠᠨ᠎ᠠ ᠳ᠋ᠥ ᠪᠠᠨ ᠡᠷ᠎ᠡ ᠂ ᠮᠠᠭᠤ ᠶ᠋ᠢ ᠨᠢ ᠲᠤᠭᠠᠴᠢᠵᠤ ᠮᠤᠬᠤᠷ ‍ᠢ ᠨᠢ ᠲᠦᠭᠡᠯᠡᠬᠦ  ᠠᠯᠢ ᠮᠠᠭᠤ ᠮᠠᠭᠤᠬᠠᠢ ᠂ ᠳᠤᠳᠠᠭᠳᠠᠯ ‍ᠢ ᠨᠢ ᠳᠤᠭᠠᠴᠢᠬᠤ ᠂ ᠮᠠᠭᠤ ᠪᠤᠬ᠎ᠠ ᠳᠤᠯᠤᠭᠠᠢ ᠳ᠋ᠥ ᠪᠠᠨ ᠰᠢᠷᠦᠢ ᠰᠠᠴᠤᠨ᠎ᠠ  ᠪᠡᠶ᠎ᠡ ᠳ᠋ᠥ ᠪᠠᠨ ᠭᠠᠢ ᠲᠠᠢ ᠦᠢᠯᠡ ᠦᠢᠯᠡᠳᠬᠦ ᠂ ᠮᠠᠭᠤ ᠡᠯᠵᠢᠭᠡ ᠮᠤᠳᠤᠨ ᠬᠤᠳᠠᠷᠭᠠᠨ ᠳ᠋ᠥ ᠪᠠᠨ  ᠬᠠᠶᠢᠷ ᠶ᠋ᠢ ᠮᠡᠳᠡᠬᠦ ᠦᠭᠡᠢ ᠠᠮᠢᠳᠠᠨ ᠳ᠋ᠥ ᠬᠠᠯᠠ ᠦᠵᠡᠬᠦᠯᠪᠡᠯ ᠵᠤᠬᠢᠨ᠎ᠠ ᠂ ᠮᠠᠭᠤ ᠨᠤᠬᠠᠢ ᠶ᠋ᠢᠨ ᠰᠠᠨᠠᠭ᠎ᠠ ᠂ ᠠᠯᠤᠰ ᠤᠨ ᠭᠤᠷᠪᠠᠨ ᠵᠡᠭᠡᠷ᠎ᠡ ᠳ᠋ᠥ  ᠴᠢᠳᠠᠯ ᠦᠭᠡᠢ ᠪᠠᠶᠢᠭᠠᠳ ᠶᠡᠭᠡ ᠳ᠋ᠥ ᠭᠤᠷᠢᠯᠠᠬᠤ ᠮᠠᠭᠤ ᠡᠴᠠ ᠮᠠᠭᠤ ᠂ ᠮᠤᠳᠤᠨ ᠡᠴᠠ ᠬᠦ᠋  ᠪᠦᠳᠦᠯ ᠦᠭᠡᠢ ᠵᠦᠢᠯ ᠳ᠋ᠥ ᠪᠤᠯᠬᠤᠶᠠᠭᠤᠮ᠎ᠠ ᠦᠭᠡᠢ ᠂ ᠮᠠᠭᠤ ᠬᠡᠪᠡᠯ ᠰᠠᠶᠢᠨ ᠦᠭᠡᠢ ᠂ ᠮᠤᠷᠤᠢ ᠭᠡᠪᠡᠯ ᠠᠰᠬᠠᠨ ᠦᠭᠡᠢ ᠂ ᠮᠠᠯᠠᠭᠠᠢ ᠳᠠᠯᠪᠢᠭᠠᠳ ᠵᠠᠯᠠᠭ᠎ᠠ ᠨᠡᠶᠢᠯᠡᠬᠦ ᠦᠭᠡᠢ ᠂ ᠮᠢᠬ᠎ᠠ ᠴᠢᠨᠠᠭᠠᠳ ᠱᠦᠯᠦ ᠨᠡᠶᠢᠯᠡᠬᠦ ᠦᠭᠡᠢ ᠂ ᠮᠠᠯ ᠡᠵᠡᠨ ᠢᠶᠡᠨ ᠮᠠᠯᠠᠭᠠᠢ ᠳᠤᠯᠤᠭᠠᠢ ᠪᠠᠨ  ᠲᠦᠷᠦᠬᠦᠦ ᠨᠢ ᠶᠠᠮᠠᠷ ᠪᠤᠯ ᠳᠠᠭᠠᠭᠰᠠᠳ ᠨᠢ ᠴᠦ ᠳᠡᠶᠢᠮᠤ ᠂ ᠮᠠᠯ ᠮᠢᠬ᠎ᠠ ᠪᠠᠷ ᠬᠦᠮᠦᠨ ᠡᠮᠦᠰᠬᠦ ᠪᠠᠷ ᠂ ᠮᠡᠳᠡᠬᠦ ᠡᠴᠠ ᠢᠯᠡᠬᠦᠦ ᠮᠡᠷᠭᠡᠨ ᠦᠭᠡᠢ ᠂ ᠮᠡᠨᠳᠦ ᠡᠴᠠ ᠢᠯᠡᠬᠦᠦ ᠵᠢᠷᠭᠠᠯ ᠦᠭᠡᠢ  ᠰᠤᠷᠴᠤ ᠰᠤᠳᠤᠯᠬᠤ ᠶ᠋ᠢᠨ ᠠᠴᠢ ᠳᠤᠰᠠ ᠶ᠋ᠢ ᠵᠦᠢᠷᠯᠡᠵᠡᠢ ᠂ ᠮᠡᠳᠡᠬᠦ ᠬᠦᠮᠦᠨ ᠳ᠋ᠥ ᠮᠡᠷᠭᠡᠨ ᠤᠷ ᠂ ᠮᠡᠳᠡᠬᠦ ᠦᠭᠡᠢ ᠬᠦᠮᠦᠨ ᠳ᠋ᠥ ᠡᠷᠢᠶᠡᠨ ᠴᠤᠬᠤᠷ  ᠦᠰᠦᠭ ᠪᠢᠴᠢᠭ ᠮᠡᠳᠡᠬᠦ ᠦᠭᠡᠢ ᠪᠤᠯ ᠬᠡᠴᠡᠬᠦᠦ ᠂ ᠮᠢᠬ᠎ᠠ ᠢᠳᠡᠭᠡᠳ ᠮᠠᠯᠠᠭᠠᠢ ᠪᠠᠨ ᠮᠠᠷᠳᠠᠬᠤ  ᠨᠢᠭᠡ ᠳ᠋ᠥ ᠰᠢᠨᠤᠵᠤ ᠨᠦᠬᠦᠭᠡ ᠪᠠᠨ ᠤᠮᠳᠤᠭᠠᠶᠢᠯᠠᠬᠤ ᠮᠤᠤᠷ ᠲᠣ ᠪᠠᠨ ᠨᠠᠭᠠᠳᠤᠮ ᠂ ᠬᠤᠯᠤᠭᠠᠨ᠎ᠠ ᠳ᠋ᠥ ᠪᠠᠨ ᠠᠮᠢ  ᠲᠡᠮᠡᠴᠡᠯᠳᠦᠨ ᠪᠦᠬᠦᠢ ᠬᠤᠶᠠᠷ ᠡᠳᠡᠭᠡᠳ ᠤᠨ ᠲᠡᠩᠴᠡᠰᠢ ᠦᠭᠡᠢ ᠬᠦᠴᠦᠨ ‍ᠢ ᠳᠦᠷᠰᠦᠯᠡᠵᠡᠢ ᠂ ᠮᠤᠩᠭᠤᠯ ᠬᠦᠮᠦᠨ ᠪᠡᠯᠭᠡ ᠪᠠᠷ ᠂ ᠬᠢᠳᠡᠳ ᠬᠦᠮᠦᠨ ᠪᠡᠨ᠎ᠡ ᠪᠠᠷ ᠂ ᠮᠤᠩᠭᠤᠯ ᠮᠤᠩᠭᠤᠯ ᠳ᠋ᠥ ᠪᠠᠨ ᠮᠠᠭᠤ ᠂ ᠮᠤᠳᠤᠨ ᠬᠦᠷᠵᠡ ᠰᠢᠪᠠᠷ ᠲᠣ ᠪᠠᠨ ᠮᠠᠭᠤ  ᠦᠨᠳᠦᠰᠦ ᠢᠵᠠᠭᠤᠷ ᠲᠣ ᠪᠠᠨ ᠬᠠᠶᠢᠷ᠎ᠠ ᠬᠦᠨᠳᠦ ᠦᠭᠡᠢ ᠂ ᠮᠤᠭᠠᠢ ᠶ᠋ᠢᠨ ᠨᠦᠭᠡ ᠪᠠᠷ ᠤᠷᠤᠵᠤ ᠂ ᠮᠤᠳᠤᠨ ᠬᠦᠨᠳᠡᠢ ᠪᠠᠷ ᠰᠢᠷᠭᠤᠬᠤ  ᠤᠷᠤᠬᠤ ᠦᠭᠡᠢ ᠭᠠᠵᠠᠷ ᠦᠭᠡᠢ ᠂ ᠮᠤᠭᠠᠢ ᠮᠤᠳᠤ ᠤᠷᠢᠶᠠᠵᠤ ᠂ ᠮᠠᠭᠤ ᠰᠠᠨᠠᠭ᠎ᠠ ᠪᠡᠶ᠎ᠡ ᠶ᠋ᠢ ᠤᠷᠢᠶᠠᠨ᠎ᠠ ᠂ ᠮᠤᠰᠢᠭᠠᠢ ᠪᠠᠨ ᠬᠠᠯᠠᠪᠠᠯ ᠠᠰᠬᠠᠨ ᠪᠤᠯᠳᠠᠭ ᠂ ᠮᠠᠭᠤ ᠪᠠᠨ ᠬᠠᠯᠠᠪᠠᠯ ᠰᠠᠶᠢᠨ ᠪᠤᠯᠳᠠᠭ ᠂ ᠮᠤᠳᠤ ᠪᠤᠯᠬᠤ ᠳ᠋ᠥ ᠠᠷᠪᠠᠨ ᠨᠠᠮᠤᠷ ᠂ ᠬᠦᠮᠦᠨ ᠪᠤᠯᠬᠤ ᠳ᠋ᠥ ᠵᠠᠭᠤᠨ ᠬᠠᠪᠤᠷ ᠂ ᠮᠤᠳᠤ ᠲᠠᠢ ᠬᠤᠯᠪᠤᠪᠠᠯ ᠵᠤᠭᠰᠤᠨ᠎ᠠ ᠂ ᠮᠤᠷᠢ ᠲᠠᠢ ᠬᠤᠯᠪᠤᠪᠠᠯ ᠱᠤᠭᠰᠢᠨ᠎ᠠ  ᠬᠠᠭᠤᠴᠢᠨ ᠨᠡᠶᠢᠭᠡᠮ ᠤᠨ ᠡᠮᠡᠭᠳᠡᠶᠢᠴᠤᠳ ᠤᠨ ᠬᠤᠪᠢ ᠵᠠᠶᠠᠭ᠎ᠠ ᠂ ᠮᠤᠳᠤ ᠶ᠋ᠢ ᠨᠠᠶᠢᠯᠵᠠᠭᠤᠷ ᠡᠴᠠ ᠨᠢ ᠂ ᠬᠦᠮᠦᠨ ‍ᠢ ᠪᠠᠭ᠎ᠠ ᠡᠴᠠ ᠨᠢ ᠂ ᠮᠤᠷᠢᠨ ᠡᠴᠠ ᠪᠠᠭᠤᠬᠤ ᠡᠴᠠ ᠪᠢᠰᠢ ᠦᠭᠡᠨ ᠡᠴᠠ ᠪᠠᠭᠤᠬᠤ ᠦᠭᠡᠢ ᠂ ᠯᠤᠤ ᠲᠠᠢ ᠬᠠᠨᠢᠯᠠᠪᠠᠯ ᠦᠬᠡᠳᠡᠯᠡᠵᠦ ᠂ ᠭᠤᠤ ᠲᠠᠢ ᠬᠠᠨᠢᠯᠠᠪᠠᠯ ᠪᠤᠯᠠᠭᠳᠠᠨ᠎ᠠ  ᠰᠠᠶᠢᠨ ᠡᠮᠡᠭᠡᠯ ᠠᠭᠳᠠ ᠶ᠋ᠢᠨ ᠴᠢᠮᠡᠭ ᠂ ᠰᠠᠶᠢᠬᠠᠨ ᠪᠦᠰᠡᠬᠦᠢ ᠭᠡᠷ ᠤᠨ ᠴᠢᠮᠡᠭ ᠂ ᠰᠠᠶᠢᠨ ᠬᠠᠪᠤᠷ ᠴᠠᠰᠤ ᠲᠠᠢ ᠂ ᠮᠠᠭᠤ ᠨᠠᠮᠤᠷ ᠪᠤᠷᠤᠭᠠᠨ ᠲᠠᠢ ᠂ ᠰᠠᠶᠢᠨ ᠮᠠᠭᠤ ᠬᠤᠶᠠᠷ ᠲᠠᠯ᠎ᠠ ᠲᠠᠢ ᠂ ᠰᠠᠭᠠᠭ ᠭᠤᠷᠪᠠᠨ ᠲᠠᠯ᠎ᠠ ᠲᠠᠢ ᠂ ᠰᠠᠶᠢᠨ ᠬᠦᠮᠦᠨ ᠤ ᠦᠷ᠎ᠡ ᠂ ᠰᠦᠳᠦ ᠭᠡᠬᠦᠦ ᠶ᠋ᠢᠨ ᠤᠨᠠᠭ᠎ᠠ  ᠤᠳᠤᠮ ᠰᠠᠶᠢᠳᠠᠢ ᠠᠶᠢᠯ ᠤᠨ ᠬᠡᠦᠭᠡᠳ ᠂ ᠰᠠᠨᠠᠭ᠎ᠠ ᠪᠠᠶᠢᠪᠠᠴᠤ ᠤᠨᠤᠭ᠎ᠠ ᠬᠦᠷᠬᠦ ᠦᠭᠡᠢ ᠂ ᠪᠡᠶ᠎ᠡ ᠪᠠᠶᠢᠪᠠᠴᠤ ᠪᠢᠷ᠎ᠠ ᠬᠦᠷᠬᠦ ᠦᠭᠡᠢ ᠂ ᠰᠠᠨᠠᠭ᠎ᠠ ᠪᠠᠷ ᠢᠶᠡᠨ ᠰᠠᠪᠠᠵᠤ ᠵᠢᠯᠤᠭᠤ ᠪᠠᠷ ᠢᠶᠡᠨ ᠭᠤᠶᠠᠳᠠᠬᠤ ᠂ ᠰᠠᠨᠠᠭ᠎ᠠ ᠵᠠᠶᠠᠭ᠎ᠠ ᠨᠡᠶᠢᠯᠡᠬᠦ ᠦᠭᠡᠢ ᠂ ᠰᠠᠬᠠᠯ ᠬᠦᠮᠦᠰᠭᠡ ᠠᠭᠤᠯᠵᠠᠬᠤ ᠦᠭᠡᠢ ᠂ ᠰᠠᠬᠢᠯ ᠴᠦ ᠦᠭᠡᠢ ᠳᠠᠤᠯᠠᠢ ᠴᠦ ᠦᠭᠡᠢ  ᠶᠠᠭᠤ ᠴᠦ ᠦᠭᠡᠢ ᠬᠤᠭᠤᠰᠤᠨ ᠪᠤᠯᠬᠤ ᠂ ᠰᠠᠭᠠᠬᠠᠯᠳᠠ ᠬᠦᠮᠦᠨ ᠤ ᠰᠠᠨᠠᠭ᠎ᠠ ᠨᠢ ᠨᠢᠭᠡ ᠂ ᠠᠶᠢᠯ ᠬᠦᠮᠦᠨ ᠤ ᠠᠮᠢ ᠨᠢ ᠨᠢᠭᠡ ᠂ ᠰᠡᠶᠢᠮᠡᠭᠡᠢ ᠪᠤᠯᠪᠠᠴᠤ ᠭᠡᠷ ᠮᠢᠨᠢ ᠂ ᠰᠡᠭᠰᠡᠭᠡᠷ ᠪᠤᠯᠪᠠᠴᠣ ᠡᠵᠢ ᠮᠢᠨᠢ ᠂ ᠰᠡᠬᠦᠯ ᠤᠨ ᠲᠡᠮᠡᠭᠡᠨ ᠤ ᠠᠴᠢᠶ᠎ᠠ ᠬᠦᠨᠳᠦ ᠂ ᠬᠤᠴᠤᠷᠤᠭᠰᠠᠨ ᠬᠦᠮᠦᠨ ᠤ ᠬᠤᠪᠢ ᠶᠡᠭᠡ ᠂ ᠰᠡᠩᠰᠡᠨ ᠪᠠᠶᠠᠨ ᠡᠴᠠ ᠰᠡᠷᠬᠦᠯᠡᠩ ᠭᠤᠶᠢᠷᠠᠨᠴᠢ  ᠡᠳ᠋ ᠮᠦᠩᠬᠦ ᠡᠴᠠ ᠤᠢ ᠪᠢᠯᠢᠭ ᠡᠷᠬᠢᠮ ᠂ ᠰᠢᠨ᠎ᠡ ᠶ᠋ᠢ ᠡᠬᠦᠳᠬᠦ ᠳ᠋ᠥ ᠰᠡᠵᠢᠭ ᠡᠷᠳᠡᠨᠢ ᠂ ᠬᠠᠭᠤᠴᠢᠨ ‍ᠢ ᠡᠪᠳᠡᠬᠦ ᠳ᠋ᠥ ᠵᠤᠷᠢᠭ ᠡᠷᠳᠡᠨᠢ ᠂ ᠰᠢᠪᠠᠷ ᠲᠣ ᠤᠨᠠᠭᠰᠠᠨ ᠱᠠᠷ ᠤᠨ ᠡᠵᠡᠨ ᠬᠦᠴᠦᠳᠡᠢ  ᠬᠦᠮᠦᠨ ᠦᠪᠡᠷ ᠤᠨ ᠢᠶᠡᠨ ᠲᠦᠯᠦᠭᠡ ᠢᠯᠡᠬᠦᠦ ᠵᠢᠳᠬᠦᠬᠦ ᠂ ᠰᠢᠳᠦᠨ ᠳ᠋ᠥ ᠤᠷᠤᠭᠰᠠᠨ ᠮᠢᠬ᠎ᠠ ᠂ ᠨᠢᠳᠦᠨ ᠳ᠋ᠥ ᠤᠷᠤᠭᠰᠠᠨ ᠬᠤᠭ  ᠠᠳᠠ ᠦᠵᠡᠬᠦ ᠂ ᠰᠢᠷᠦᠬᠦᠨ ᠦᠭᠡᠨ ᠳ᠋ᠥ ᠪᠤᠤ ᠴᠢᠬᠤᠯᠳᠤ ᠂ ᠨᠢᠯᠤᠭᠤᠨ ᠦᠭᠡᠨ ᠳ᠋ᠥ ᠪᠤᠤ ᠢᠳᠡᠭᠡ ᠂ ᠰᠤᠬᠤᠷ ᠬᠦᠮᠦᠨ ᠳ᠋ᠥ ᠬᠤᠳᠳᠤᠭ ᠪᠤᠤ ᠲᠠᠨᠢᠭᠤᠯ ᠂ ᠰᠤᠭᠳᠤᠭᠤ ᠬᠦᠮᠦᠨ ᠳ᠋ᠥ ᠠᠷᠢᠬᠢ ᠪᠤᠤ ᠦᠵᠡᠬᠦᠯ ᠂ ᠰᠤᠬᠤᠷ ᠨᠤᠬᠠᠢ ᠭᠤᠳᠤᠯᠢ ᠶ᠋ᠢᠨ ᠳᠠᠭᠤ ᠪᠠᠷ ᠂ ᠰᠤᠮᠤ ᠪᠠᠨ ᠬᠠᠷᠪᠤᠭᠠᠳ ᠨᠤᠮᠤ ᠪᠠᠨ ᠨᠢᠭᠤᠬᠤ  ᠳᠠᠯᠳᠠᠭᠤᠷ ᠬᠤᠤᠷᠯᠠᠬᠤ ᠂ ᠰᠤᠷᠤᠭᠰᠠᠨ ᠨᠢ ᠳᠠᠯᠠᠢ ᠂ ᠰᠤᠷᠤᠭ᠎ᠠ ᠦᠭᠡᠢ ᠨᠢ ᠪᠠᠯᠠᠢ  ᠰᠤᠷᠴᠤ ᠰᠤᠳᠤᠯᠬᠤ ᠴᠢᠬᠤᠯᠠ ᠂ ᠰᠤᠷᠤᠭᠰᠠᠨ ᠵᠠᠩ ‍ᠢ ᠰᠤᠷ ᠢᠶᠠᠷ ᠪᠤᠭᠤᠵᠤ ᠪᠤᠯᠬᠤ ᠦᠭᠡᠢ  ᠨᠢᠭᠡᠨᠳᠡ ᠵᠠᠭᠨᠰᠢᠭᠰᠠᠨ ᠳᠠᠳᠬᠠᠯ ‍ᠢ ᠦᠭᠡᠷᠡᠴᠢᠯᠡᠬᠦ ᠳ᠋ᠥ ᠬᠦᠴᠢᠷ ᠂ ᠰᠤᠷ ᠢᠶᠡᠨ ᠪᠦᠰᠡᠯᠡᠵᠦ ᠰᠤᠷᠤᠭᠰᠠᠨ ᠳᠠᠭᠤᠤ ᠪᠠᠨ ᠳᠠᠭᠤᠯᠠᠬᠤ  ᠬᠡᠪᠰᠢᠭᠰᠡᠨ ᠢᠶᠡᠨ ᠪᠠᠷᠢᠮᠳᠠᠯᠠᠬᠤ ᠂ ᠰᠤᠷᠬᠤ ᠤᠷᠮ᠎ᠠ ᠲᠠᠢ ᠬᠦᠮᠦᠨ ᠳ᠋ᠥ ᠮᠡᠳᠡᠯᠭᠡ ᠤᠶᠢᠷᠠᠬᠠᠨ ᠂ ᠰᠤᠳᠤᠯᠬᠤ ᠳᠤᠷ᠎ᠠ ᠲᠠᠢ ᠬᠦᠮᠦᠨ ᠳ᠋ᠥ ᠴᠢᠳᠠᠪᠤᠷᠢ ᠤᠶᠢᠷᠠᠬᠠᠨ ᠳᠠᠤᠯᠠᠢ ᠳ᠋ᠥ ᠡᠪᠡᠷ ᠤᠷᠭᠤᠵᠤ ᠂ ᠳᠤᠭᠤᠯ ᠳ᠋ᠥ ᠰᠤᠶᠤᠭ᠎ᠠ ᠤᠷᠭᠤᠬᠤ ᠂ ᠳᠠᠨᠢᠯ ᠬᠦᠮᠦᠨ ᠲᠠᠯ᠎ᠠ ᠶ᠋ᠢᠨ ᠴᠢᠨᠡᠭᠡ ᠂ ᠳᠠᠨᠢᠯ ᠦᠭᠡᠢ ᠬᠦᠮᠦᠨ ᠠᠯᠠᠭ᠎ᠠ ᠶ᠋ᠢᠨ ᠴᠢᠨᠡᠭᠡ ᠂ ᠲᠠᠩᠭᠠᠷᠢᠭ ᠲᠠᠰᠤᠷᠠᠪᠠᠯ ᠲᠠᠮᠤ ᠶ᠋ᠢᠨ ᠢᠷᠤᠭᠠᠷ ᠲᠣ ᠤᠨᠠᠨ᠎ᠠ ᠂ ᠰᠠᠯ ᠳᠠᠰᠤᠷᠠᠪᠠᠯ ᠳᠠᠯᠠᠢ ᠶ᠋ᠢᠨ ᠢᠷᠤᠭᠠᠷ ᠲᠣ ᠤᠨᠠᠨ᠎ᠠ  ᠪᠠᠳᠤ ᠵᠢᠷᠤᠮ ‍ᠢ ᠴᠢᠩᠭ᠎ᠠ ᠰᠠᠬᠢᠬᠤ ᠬᠡᠷᠡᠭᠳᠡᠢ ᠂ ᠳᠠᠪᠢ ᠬᠦᠷᠪᠡᠯ ᠬᠡᠳᠦᠢ ᠶᠠᠪᠤᠬᠤ ᠪᠤᠢ ᠂ ᠲᠠᠬᠢᠶ᠎ᠠ ᠳᠤᠤᠭᠠᠷᠪᠠᠯ ᠤᠨᠳᠠᠬᠤ ᠪᠤᠢ  ᠦᠳᠡᠯᠵᠦ ᠬᠦᠭᠰᠢᠷᠡᠭᠰᠡᠨ ᠂ ᠳᠠᠪᠤ᠋ ᠡᠴᠠ ᠳᠡᠭᠡᠭᠰᠢ ᠲᠤᠭ᠎ᠠ ᠮᠡᠳᠡᠬᠦ ᠦᠭᠡᠢ ᠂ ᠲᠠᠯ᠎ᠠ ᠡᠴᠠ ᠴᠠᠰᠢ ᠵᠠᠮ ᠮᠡᠳᠡᠬᠦ ᠦᠭᠡᠢ ᠂ ᠲᠠᠬᠢᠮ ᠳ᠋ᠥ ᠪᠠᠨ ᠬᠦᠷᠬᠦ ᠦᠭᠡᠢ ᠭᠠᠷ ‍ᠢ ᠲᠡᠭᠷᠢ ᠦᠭᠡᠳᠡ ᠰᠠᠷᠪᠠᠶᠢᠬᠤ ᠂ ᠲᠡᠪᠡᠨᠡ ᠶ᠋ᠢᠨ ᠴᠢᠨᠡᠭᠡ ᠨᠦᠭᠡ ᠪᠠᠷ ᠲᠡᠮᠡᠭᠡᠨ ᠴᠢᠨᠡᠭᠡ ᠰᠠᠯᠬᠢ  ᠶᠡᠭᠡ ᠬᠡᠷᠡᠭ ᠨᠢ ᠪᠠᠭ᠎ᠠ ᠬᠡᠷᠡᠭ ᠡᠴᠠ ᠡᠬᠦᠰᠳᠡᠭ ᠂ ᠲᠡᠭᠡ ᠶ᠋ᠢᠨ ᠡᠪᠡᠷ ᠲᠡᠭᠷᠢ ᠳ᠋ᠥ ᠲᠤᠯᠵᠤ ᠂ ᠲᠡᠮᠡᠭᠡᠨ ᠰᠡᠬᠦᠯ ᠭᠠᠵᠠᠷ ᠰᠢᠬᠦᠷᠬᠦ  ᠤᠴᠢᠷ ᠵᠦᠢ ᠳ᠋ᠥ ᠨᠡᠶᠢᠴᠡᠬᠦ ᠦᠭᠡᠢ ᠵᠦᠢᠯ ᠂ ᠪᠡᠶᠡᠯᠡᠭᠳᠡᠰᠢ ᠦᠭᠡᠢ ᠵᠦᠢᠯ ᠂ ᠲᠡᠮᠦᠷ ‍ᠢ ᠵᠦᠯᠬᠦᠬᠦ ᠳᠤᠳᠤᠮ ᠬᠢᠯᠠᠭᠠᠷ ᠪᠤᠯᠤᠨ᠎ᠠ ᠂ ᠲᠠᠷᠢᠬᠢ ᠶ᠋ᠢ ᠬᠡᠷᠡᠭᠯᠡᠬᠦ ᠳᠤᠳᠤᠮ ᠰᠡᠷᠭᠡᠢ ᠪᠤᠯᠤᠨ᠎ᠠ ᠂ ᠲᠡᠵᠢᠭᠡᠭᠰᠡᠨ ᠪᠢᠷᠠᠭᠤ ᠲᠡᠷᠭᠡ ᠡᠪᠳᠡᠬᠦ ᠂ ᠲᠤᠯᠤᠭᠠᠢ ᠶ᠋ᠢ ᠨᠢ ᠢᠯᠪᠢᠵᠦ ᠲᠠᠷᠢᠬᠢ ᠶ᠋ᠢ ᠨᠢ ᠰᠤᠷᠤᠬᠤ  ᠲᠤᠯᠤᠭᠠᠢ ᠴᠤᠭᠤᠷᠠᠪᠠᠴᠤ ᠲᠤᠭᠤᠷᠴᠤᠭ ᠳᠤᠳᠤᠷ᠎ᠠ ᠪᠠᠨ ᠂ ᠳᠤᠬᠤᠢ ᠬᠤᠭᠤᠷᠠᠪᠠᠴᠤ ᠬᠠᠨᠴᠤᠢ ᠳᠤᠳᠤᠷ᠎ᠠ ᠪᠠᠨ ᠂ ᠦᠪᠡᠷ ᠵᠠᠭᠤᠷ᠎ᠠ ᠶ᠋ᠢᠨ ᠤᠴᠢᠷ ᠢᠶᠡᠨ ᠳᠤᠤᠷ᠎ᠠ ᠪᠠᠨ ᠰᠢᠢᠳᠪᠦᠷᠢᠯᠡᠬᠦ ᠂ ᠲᠦᠮᠡᠨ ᠭᠠᠵᠠᠷ ᠤᠨ ᠠᠶᠠᠨ ᠲᠦᠷᠦᠬᠦᠴᠢ ᠶ᠋ᠢᠨ ᠠᠯᠬᠤᠮ ᠡᠴᠠ ᠡᠬᠢᠯᠡᠳᠡᠭ ᠂ ᠲᠦᠮᠡᠨ ᠵᠠᠩ ᠦᠨᠳᠦᠷ ᠠᠰᠠᠷ ᠲᠦᠪᠰᠢᠨ ᠭᠠᠵᠠᠷ ᠡᠴᠠ ᠪᠤᠰᠳᠠᠭ ᠂ ᠳᠡᠬᠦᠦ ᠲᠠᠢ ᠬᠦᠮᠦᠨ ᠳᠦᠷᠦᠭᠡ ᠢᠰᠬᠦᠯᠦᠨ᠎ᠡ ᠂ ᠬᠦᠦ ᠲᠠᠢ ᠬᠦᠮᠦᠨ ᠬᠦᠯ ᠵᠢᠬᠢᠨ᠎ᠡ ᠂ ᠳᠤᠤᠭᠠᠷᠪᠠᠯ ᠳᠠᠭᠤ ᠨᠢᠭᠡᠳᠡᠢ ᠂ ᠳᠤᠭᠳᠤᠷᠪᠠᠯ ᠬᠦᠴᠦᠨ ᠨᠢᠭᠡᠳᠡᠢ ᠂ ᠴᠠᠭᠠᠰᠤ ᠬᠡᠳᠦᠢ ᠨᠢᠮᠭᠡᠨ ᠪᠤᠯᠪᠠᠴᠤ ᠴᠢᠴᠢᠬᠦ ᠦᠭᠡᠢ ᠪᠤᠯ ᠴᠣᠭᠤᠷᠠᠬᠤ ᠦᠭᠡᠢ ᠂ ᠬᠦᠮᠦᠨ ᠬᠡᠳᠦᠢ ᠮᠡᠷᠭᠡᠨ ᠪᠤᠯᠪᠠᠴᠤ ᠬᠡᠯᠡᠬᠦ ᠦᠭᠡᠢ ᠪᠤᠯ ᠮᠡᠳᠡᠬᠦ ᠦᠭᠡᠢ ᠃ ᠴᠠᠢ ᠴᠦ ᠦᠭᠡᠢ ᠴᠢᠷᠠᠢ ᠴᠦ ᠦᠭᠡᠢ  ᠦᠯᠦ ᠤᠶᠢᠰᠢᠶᠠᠬᠤ ᠂ ᠴᠠᠰᠤᠨ ᠳᠡᠭᠡᠷ᠎ᠡ ᠮᠦᠷ ᠲᠠᠢ ᠂ ᠴᠠᠭᠠᠰᠤᠨ ᠳᠡᠭᠡᠷ᠎ᠡ ᠨᠡᠷ᠎ᠡ ᠲᠠᠢ  ᠨᠡᠷ᠎ᠡ ᠲᠦᠷᠦ ᠭᠠᠪᠢᠶ᠎ᠠ ᠵᠢᠳᠬᠦᠯ ᠲᠠᠢ ᠂ ᠵᠠᠮᠠᠭ ᠰᠠᠶᠢᠳᠠᠢ ᠤᠰᠤᠨ ᠳ᠋ᠥ ᠵᠢᠭᠠᠰᠤ ᠤᠯᠠᠨ ᠂ ᠵᠠᠩ ᠰᠠᠶᠢᠳᠠᠢ ᠬᠦᠮᠦᠨ ᠳ᠋ᠥ ᠨᠦᠬᠦᠷ ᠤᠯᠠᠨ ᠂ ᠵᠠᠯᠬᠠᠭᠤ ᠶ᠋ᠢᠨ ᠭᠠᠳᠠᠨ᠎ᠠ ᠠᠷᠭᠠᠯ ᠦᠭᠡᠢ ᠂ ᠵᠠᠯᠬᠢᠳᠠᠭ ᠤᠨ ᠭᠡᠷ ᠲᠣ ᠬᠤᠭᠤᠯᠠ ᠦᠭᠡᠢ ᠂ ᠵᠡᠬᠦᠨ ᠴᠢᠬᠢ ᠪᠠᠷ ᠨᠢ ᠤᠷᠤᠵᠤ ᠪᠠᠷᠠᠭᠤᠨ ᠴᠢᠬᠢ ᠪᠠᠷ ᠨᠢ ᠭᠠᠷᠬᠤ ᠂ ᠵᠢᠯᠤᠭᠤ ᠠᠯᠳᠠᠪᠠᠯ ᠬᠦᠯᠦᠭ ᠵᠢᠷᠭᠠᠬᠤ ᠴᠠᠭ ᠰᠡᠷᠡᠮᠵᠢ ᠬᠡᠷᠡᠭ ᠲᠠᠢ ᠂ ᠵᠤᠪᠠᠬᠤ ᠴᠠᠭ ᠬᠠᠳᠠᠭᠤᠵᠢᠯ ᠬᠡᠷᠡᠭᠳᠡᠢ  ᠵᠤᠪᠠᠯᠠᠩ ᠳ᠋ᠥ ᠪᠤᠤ ᠭᠤᠨᠢ ᠂ ᠵᠢᠷᠭᠠᠯ ᠳ᠋ᠥ ᠪᠤᠤ ᠳᠠᠰᠢᠭᠤᠷᠠ ᠂ ᠵᠤᠳ ᠨᠢᠭᠡ ᠵᠢᠯ ᠂ ᠵᠢᠷᠤᠮ ᠮᠢᠩᠭᠠᠨ ᠵᠢᠯ ᠂ ᠵᠤᠳ ᠪᠤᠯᠬᠤ ᠳ᠋ᠥ ᠨᠤᠬᠠᠢ ᠳᠠᠷᠭᠤᠯᠠᠳᠠᠭ ᠂ ᠵᠤᠪᠠᠯᠠᠩ ᠪᠤᠯᠬᠤ ᠳ᠋ᠥ ᠨᠤᠶᠠᠳ ᠳᠠᠷᠭᠤᠯᠠᠳᠠᠭ ᠂ ᠵᠦᠪ ᠪᠤᠷᠤᠭᠤ ᠶ᠋ᠢ ᠨᠢᠭᠳᠠᠯᠠᠬᠤ ᠴᠢᠬᠤᠯᠠ ᠂ ᠵᠢᠷᠦᠭᠡ ᠰᠡᠳᠬᠢᠯ ᠳ᠋ᠥ ᠪᠠᠨ ᠲᠤᠩᠭᠠᠬᠤ ᠴᠢᠬᠤᠯᠠ ᠂ ᠵᠦᠪ ᠢᠶᠡᠨ ᠤᠯᠤᠭᠠᠳ ᠵᠦᠭ ᠢᠶᠡᠨ ᠭᠠᠷᠭᠠᠬᠤ  ᠦᠨᠡᠨ ᠵᠦᠪ ᠢᠶᠡᠨ ᠤᠯᠬᠤ ᠂ ᠶᠠᠭᠠᠷᠠᠭᠰᠠᠨ ᠬᠦᠮᠦᠨ ᠢᠮᠠᠭ᠎ᠠ ᠳᠡᠵᠢᠭᠡ  ᠢᠮᠠᠭ᠎ᠠ ᠦᠷᠡᠵᠢᠬᠦ ᠨᠢ ᠬᠤᠷᠳᠤᠨ ᠂ ᠶᠠᠳᠠᠭᠤ ᠪᠤᠯᠪᠠᠴᠤ ᠶᠠᠰᠤᠨ ᠳ᠋ᠥ ᠪᠠᠨ ᠱᠦᠯᠦ ᠲᠠᠢ ᠂ ᠵᠦᠳᠡᠬᠦᠦ ᠪᠤᠯᠪᠠᠴᠤ ᠵᠢᠷᠦᠡᠨ ᠳ᠋ᠥ ᠪᠠᠨ ᠰᠢᠨᠳᠠᠰᠣ ᠲᠠᠢ ᠂ ᠶᠤᠰᠤ ᠳᠠᠭᠠᠭᠤᠯᠵᠤ ᠦᠭᠡ ᠬᠡᠯᠡ ᠂ ᠦᠶ᠎ᠡ ᠳᠠᠭᠠᠭᠤᠯᠵᠤ ᠮᠢᠬ᠎ᠠ ᠤᠭᠳᠤᠯᠠ ᠂

17        2       

                             13847524386      211429899@qq.com      13847524386   QQ  211429899 蒙ICP备17002503号-1