ᠬᠠᠮᠳᠤ ᠰᠤᠷᠤᠬᠴᠢ ᠯᠢ ᠵᠦ ᠵᠢᠴᠢ ᠨᠦᠭᠦᠷ ᠲᠤ ᠨᠢ ᠭᠦᠨ ᠲᠠᠯᠠᠷᠬᠠᠯ ᠢᠯᠡᠷᠬᠡᠢᠯᠡᠶ᠎ᠡ
ᠲᠠᠯᠠᠷᠬᠠᠯ ᠢᠯᠡᠷᠬᠡᠢᠯᠡᠶ᠎ᠡ
8492
2019-07-25 15:56
发表于:内蒙古
ᠬᠠᠮᠳᠤ ᠰᠤᠷᠤᠬᠴᠢ ᠯᠢ ᠵᠦ ᠵᠢᠴᠢ ᠨᠦᠭᠦᠷ ᠲᠤ ᠨᠢ ᠭᠦᠨ ᠲᠠᠯᠠᠷᠬᠠᠯ ᠢᠯᠡᠷᠬᠡᠢᠯᠡᠶ᠎ᠡ
ᠪ ᠂ ᠯᠠᠪᠳᠠᠭᠤᠨ
ᠨᠡᠯᠢᠶᠡᠳ ᠤᠳᠠᠳᠠᠯ᠎ᠠ ᠲᠤᠷᠠᠨ ᠬᠠᠷᠠᠭ᠎ᠠ ᠳ᠋ᠠᠭᠠᠨ ᠢᠷᠡᠬᠡ ᠦᠭᠡᠢ ᠠᠵᠠᠢ ᠃ ᠵᠤᠨ ᠤ ᠠᠮᠠᠷᠠᠯᠳᠠ ᠪᠠᠷ ᠨᠡᠢᠢᠰᠯᠡᠯ ᠤᠷᠤᠬᠤ ᠪᠠᠷ ᠪᠡᠯᠡᠳᠭᠡᠵᠦ ᠪᠠᠢᠢᠬᠰᠠᠨ ᠡᠴᠡ ᠵᠠᠷᠢᠮ ᠦᠶ᠎ᠡ ᠳᠦ ᠲᠤᠰ ᠲᠠᠪᠴᠠᠩ ᠳ᠋ᠠᠭᠠᠨ ᠦᠪᠡᠷ ᠦᠨ ᠦᠵᠡᠯ ᠪᠤᠳᠤᠯ ᠢᠶᠠᠨ ᠲᠡᠯᠭᠡᠵᠦ ᠤᠯᠠᠨ ᠳ᠋ᠠᠭᠠᠨ ᠬᠤᠪᠢᠶᠠᠯᠴᠠᠬᠤ ᠵᠠᠪ ᠴᠦ ᠦᠭᠡᠢ ᠪᠠᠢᠢᠬᠰᠠᠨ ᠮᠢᠨᠢ ᠦᠨᠡᠨ ᠃
ᠭᠤᠷᠪᠠᠨ ᠰᠠᠷ᠎ᠠ ᠶᠢᠨ ᠡᠮᠦᠨᠡᠬᠢ ᠨᠢᠭᠡ ᠤᠳᠠᠭᠠᠨ ᠤ ᠪᠠᠢᠢᠴᠠᠭᠠᠯᠳᠠ ᠪᠠᠷ ᠪᠡᠶ᠎ᠡ ᠲᠡᠭᠡᠷ᠎ᠡ ᠮᠢᠨᠢ ᠰᠢᠨ᠎ᠠ ᠨᠢᠭᠡᠨ ᠠᠰᠠᠭᠤᠳᠠᠯ ᠢᠯᠡᠷᠡᠭᠰᠡᠨ ᠪᠤᠯᠬᠤᠷ ᠭᠡᠷ ᠦᠨ ᠬᠦᠮᠦᠰ ᠮᠢᠨᠢ ᠰᠠᠨᠠᠭ᠎ᠠ ᠠᠮᠠᠷ ᠦᠭᠡᠢ ᠪᠤᠯᠵᠤ ᠂ ᠵᠤᠨ ᠤ ᠠᠮᠠᠷᠠᠯᠳᠠ ᠪᠠᠷ ᠵᠠᠪᠠᠯ ᠨᠡᠢᠢᠰᠯᠡᠯ ᠳ᠋ᠦ ᠢᠷᠡᠵᠦ ᠪᠠᠢᠢᠴᠠᠭᠠᠯᠳᠠ ᠬᠢᠬᠦ ᠶᠢ ᠵᠤᠷᠢᠯᠳᠠ ᠪᠤᠯᠭᠠᠬᠰᠠᠨ ᠲᠤᠯᠠ ᠦᠨᠦ ᠬᠦᠷᠦᠭᠡᠳ ᠢᠷᠡᠭᠰᠡᠨ ᠪᠦᠭᠡᠳ ᠡᠮᠨᠡᠯᠬᠡ ᠳ᠋ᠤ ᠰᠠᠭᠤᠬᠤ ᠭᠠᠷᠳᠡᠮ ᠭᠦᠢᠢᠴᠡᠳᠭᠡᠵᠦ ᠪᠠᠢᠢᠴᠠᠭᠠᠯᠳᠠ ᠬᠢᠵᠦ ᠡᠬᠢᠯᠡᠵᠡᠢ ᠃
ᠬᠠᠮᠳᠤ ᠰᠤᠷᠤᠬᠴᠢ ᠵᠢᠴᠢ ᠨᠦᠬᠦᠷ ᠲᠤ ᠨᠢ ᠭᠦᠨ ᠲᠠᠯᠠᠷᠬᠠᠯ ᠢᠯᠡᠷᠬᠡᠢᠯᠡᠵᠦ ᠪᠠᠢᠢᠬᠤ ᠪᠠᠨ ᠡᠨᠳᠡ ᠲᠤᠰᠬᠠᠢᠢᠯᠠᠨ ᠲᠡᠮᠳᠡᠭᠯᠡᠵᠦ ᠲᠤᠷᠠᠰᠤᠯ ᠪᠤᠯᠭᠠᠨ ᠬᠠᠳᠠᠭᠠᠯᠠᠵᠤ ᠂ ᠪᠠᠢᠢᠨ ᠲᠠᠬᠢᠨ ᠦᠵᠡᠵᠦ ᠪᠤᠰᠤᠳ ᠤᠨ ᠰᠠᠢᠢᠨ ᠢ ᠢᠯᠡᠭᠦᠬᠡᠨ ᠲᠤᠷᠠᠰᠴᠤ ᠶᠠᠪᠤᠬᠤ ᠶᠢ ᠬᠦᠮᠦᠨ ᠵᠤᠨ ᠳ᠋ᠠᠭᠠᠨ ᠰᠠᠨᠠᠭᠤᠯᠤᠶ᠎ᠠ ᠭᠡᠰᠡᠨ ᠶᠤᠮ ᠡ ᠃
ᠨᠡᠢᠢᠰᠯᠡᠯ ᠬᠤᠳᠠ ᠶᠢᠨ ᠡᠮᠨᠡᠯᠬᠡ ᠳ᠋ᠤ ᠤᠷᠤ ᠤᠯᠵᠤ ᠰᠠᠭᠤᠬᠤ ᠭᠡᠳᠡᠭ ᠶᠠᠮᠠᠷ ᠪᠠᠢᠢᠳᠠᠭ ᠢ ᠮᠢᠨᠤ ᠨᠦᠬᠦᠳ ᠶᠠᠭᠤᠨ ᠠᠨᠳᠠᠬᠤ ᠪᠢᠯᠡ ⁈
ᠲᠠᠯᠠᠷᠬᠠᠵᠤ ᠠᠮᠢᠳᠤᠷᠠᠬᠤ ᠰᠠᠢᠢᠬᠠᠨ ᠪᠠᠢᠢᠳᠠᠭ ᠰᠢᠦ ︕
3 0