  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787537
   1251

ᠢᠷᠠᠭᠤ ᠨᠠᠶᠢᠷᠠᠭ ᠭᠡᠳᠡᠭ ᠪᠣᠯ ᠨᠠᠳᠠ ᠰᠠᠶᠢᠬᠠᠨ ᠪᠥᠭᠡᠳ ᠬᠠᠮᠤᠭ ᠤᠨ ᠠᠷᠬᠠᠭᠰᠢᠭᠰᠠᠨ ᠡᠪᠡᠳᠴᠢᠨ

ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠲᠥᠷᠥ ᠶᠢᠨ ᠱᠠᠩᠨᠠᠯᠲᠤ᠂ ᠢᠷᠠᠭᠤ ᠨᠠᠶᠢᠷᠠᠭᠴᠢ ᠪᠠᠪᠤᠤ ᠶᠢᠨ ᡀᠠᠭᠸᠠᠰᠦ᠋ᠷᠦᠩ ᠲᠡᠢ ᠮᠠᠨ ᠤ ᠰᠤᠷᠪᠤᠯᠵᠢᠯᠠᠭᠴᠢ ᠠᠭᠤᠯᠵᠠᠵᠤ ᠶᠠᠷᠢᠯᠴᠠᠯ᠎ᠠ᠃
        3675     
2017-08-04 15:01    
发表于:内蒙古
ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠲᠥᠷᠥ ᠶᠢᠨ ᠱᠠᠩᠨᠠᠯᠲᠤ᠂ ᠢᠷᠠᠭᠤ ᠨᠠᠶᠢᠷᠠᠭᠴᠢ ᠪᠠᠪᠤᠤ ᠶᠢᠨ ᡀᠠᠭᠸᠠᠰᠦ᠋ᠷᠦᠩ ᠲᠡᠢ ᠮᠠᠨ ᠤ ᠰᠤᠷᠪᠤᠯᠵᠢᠯᠠᠭᠴᠢ ᠠᠭᠤᠯᠵᠠᠵᠤ ᠶᠠᠷᠢᠯᠴᠠᠯ᠎ᠠ᠃  ᠪᠦᠲᠦᠭᠡᠵᠦ ᠲᠤᠭᠤᠷᠪᠢᠬᠤ ᠠᠴᠠ ᠪᠠᠨ ᠢᠯᠡᠭᠦᠦ ᠠᠯᠵᠢᠶᠠᠯ ᠢᠶᠠᠨ ᠲᠠᠶᠢᠯᠬᠤ ᠳᠤ ᠵᠤᠨ ᠬᠠᠮᠤᠭ ᠤᠨ ᠲᠣᠬᠢᠷᠠᠮᠵᠢ ᠲᠠᠢ ᠤᠯᠠᠷᠢᠯ᠃ ᠬᠠᠷᠢᠨ ᠲᠠᠨ ᠢ ᠠᠮᠠᠷᠠᠭ᠎ᠠ ᠦᠭᠡᠢ ᠭᠡᠵᠦ ᠰᠣᠨᠣᠰᠤᠭᠰᠠᠨ᠃  ᠵᠤᠨ ᠴᠠᠭᠠᠭᠤᠷ ᠢᠶᠠᠨ ᠶᠡᠬᠡ ᠨᠠᠵᠠᠭᠠᠢ ᠤᠯᠠᠷᠢᠯ᠃ ᠨᠠᠳᠠ ᠨᠠᠷᠠᠨ ᠳᠤ ᠮᠠᠩᠰᠢᠭᠤᠷᠠᠭᠰᠠᠨ ᠲᠡᠨᠡᠭ ᠤᠯᠠᠷᠢᠯ ᠰᠢᠭ ᠰᠠᠨᠠᠭᠳᠠᠳᠠᠭ᠃ ᠲᠡᠭᠡᠭᠡᠳ ᠴᠤ ᠪᠢ ᠨᠠᠶᠢᠷ ᠨᠠᠭᠠᠳᠤᠮ ᠳᠤ ᠶᠠᠪᠤᠳᠠᠭ ᠦᠭᠡᠢ ᠪᠣᠯᠬᠣᠷ ᠤᠯᠠᠷᠢᠯ ᠤᠨ ᠰᠠᠶᠢᠬᠠᠨ ᠢ ᠭᠣᠶᠢᠳᠠ ᠮᠡᠳᠡᠷᠡᠬᠦ ᠦᠭᠡᠢ ᠥᠩᠭᠡᠷᠡᠭᠡᠵᠦ ᠪᠠᠶᠢᠨ᠎ᠠ᠃ ᠪᠢ ᠠᠯᠢ ᠴᠤ ᠤᠯᠠᠷᠢᠯ ᠳᠤ ᠬᠡᠪ ᠦᠨ ᠠᠵᠢᠯᠯᠠᠳᠠᠭ᠃ ᠡᠨᠡ ᠵᠤᠨ 《 ᠾᠦᠩᠨᠦᠵᠢᠨ》 ᠭᠡᠳᠡᠭ ᠡᠮᠭᠡᠨᠢᠯᠳᠦ ᠳ᠋ᠷᠠᠮ ᠤᠨ ᠵᠦᠴᠦᠭᠡ ᠪᠢᠴᠢᠵᠦ ᠳᠠᠭᠤᠰᠬᠠᠯ᠎ᠠ᠃ ᠥᠪᠡᠷ ᠦᠨ ᠢᠶᠡᠨ ᠲᠢᠶᠠᠲ᠋ᠷ ᠲᠤ ᠪᠠᠨ 《ᠡᠷᠲᠡᠨ ᠦ ᠳᠣᠮᠣᠭ》 ᠬᠡᠦᠬᠡᠯᠳᠡᠢ ᠶᠢᠨ ᠵᠦᠴᠦᠭᠡ ᠪᠢᠴᠢᠯ᠎ᠡ᠃ ᠵᠠᠪᠰᠠᠷ ᠨᠢ ᠰᠢᠯᠦᠭ ᠢᠶᠡᠨ ᠲᠡᠷᠯᠡᠵᠦ ᠪᠠᠶᠢᠬᠤ ᠰᠢᠪ ᠳ᠋ᠡ᠃ 《ᠾᠢᠦᠩᠨᠦᠵᠢᠠ》 ᠮᠠᠨᠢ ᠢᠷᠡᠬᠦ ᠨᠠᠮᠤᠷ ᠲᠠᠶᠢᠰᠠᠨ᠎ᠠ ᠠᠮᠢᠯᠠᠨ᠎ᠠ᠃  ᠲᠠᠨ ᠤ ᠪᠦᠲᠦᠭᠡᠯ ᠳᠦ ᠡᠷᠲᠡᠨ ᠦ ᠳᠣᠮᠣᠭ᠂ ᠡᠨᠡᠷᠢᠯ ᠬᠠᠶᠢᠷ᠎ᠠ ᠶᠢᠨ ᠰᠡᠳᠦᠪ ᠵᠣᠩᠬᠢᠯᠠᠳᠠᠭ᠃ ᠬᠠᠷᠢᠨ ᠴᠠᠭ ᠦᠶ᠎ᠡ ᠶᠢᠨ ᠦᠵᠡᠭᠳᠡᠯ ᠲᠡᠷᠡ ᠪᠣᠯᠭᠠᠨ ᠲᠤᠰᠳᠠᠭ ᠦᠭᠡᠢ᠃  ᠢᠷᠠᠭᠤ ᠨᠠᠶᠢᠷᠠᠭᠴᠢ ᠬᠦᠮᠦᠨ ᠥᠪᠡᠷ ᠦᠨ ᠢᠶᠡᠨ ᠠᠮᠢᠳᠤᠷᠠᠵᠤ ᠪᠤᠢ ᠣᠨ ᠴᠠᠭ ᠤᠨ ᠭᠡᠷᠡᠴᠢ ᠪᠤᠶᠤ ᠳᠠᠭᠤᠴᠢ ᠪᠢᠰᠢ᠃ ᠪᠢᠳᠡ ᠰᠣᠴᠢᠶᠠᠯᠢᠰᠲ ᠷᠧᠶᠠᠯᠢᠰᠮ ᠤᠨ ᠦᠶ᠎ᠡ ᠳᠦ ᠨᠡᠶᠢᠭᠡᠮ ᠢᠶᠡᠨ ᠳᠠᠭᠤᠯᠠᠶ᠎ᠠ ᠭᠡᠵᠦ ᠪᠦᠲᠦᠭᠡᠵᠦ᠂ ᠲᠤᠭᠤᠷᠪᠢᠳᠠᠭ ᠪᠠᠶᠢᠭᠰᠠᠨ᠃ ᠦᠨᠡᠨ ᠳᠦ ᠪᠡᠨ ᠤᠷᠠᠨ ᠵᠣᠬᠢᠶᠠᠯ ᠳᠤ ᠪᠠᠨ ᠬᠦᠮᠦᠨ ᠪᠣᠯᠭᠠᠨ ᠮᠥᠩᠬᠡᠷᠡᠳᠡᠭ ᠦᠭᠡᠢ᠃ ᠬᠠᠷᠢᠨ ᠥᠪᠡᠷ ᠢ ᠪᠡᠨ ᠮᠥᠩᠬᠡᠷᠡᠬᠦ ᠶᠤᠮ ᠰᠢᠭ ᠰᠠᠨᠠᠵᠤ ᠮᠥᠩᠬᠡ ᠶᠢᠨ ᠰᠡᠳᠦᠪ ᠢ ᠪᠢᠴᠢᠬᠦ ᠶᠣᠰᠣᠲᠠᠢ᠃ ᠥᠭᠡᠷ᠎ᠡ ᠪᠡᠷ ᠬᠡᠯᠡᠪᠡᠯ ᠬᠦᠮᠦᠨ ᠦ ᠤᠬᠠᠭᠠᠨ ᠢ᠂ ᠰᠡᠳᠬᠢᠯ ᠢ ᠳᠠᠭᠤᠯᠠᠬᠤ ᠶᠣᠰᠣᠲᠠᠢ᠃ ᠲᠡᠭᠡᠬᠦ ᠪᠡᠷ ᠢᠷᠠᠭᠤ ᠨᠠᠶᠢᠷᠠᠭᠴᠢ ᠭᠡᠳᠡᠭ ᠴᠠᠭ ᠦᠶ᠎ᠡ ᠶᠢᠨ ᠲᠤᠰᠬᠠᠯ ᠪᠢᠰᠢ᠂ ᠴᠠᠭ ᠦᠶ᠎ᠡ ᠶᠢᠨ ᠲᠠᠶᠢᠯᠤᠨ ᠪᠢᠰᠢ᠂ ᠦᠨᠡᠯᠡᠭᠡ ᠪᠢᠰᠢ᠂ ᠴᠠᠭ ᠦᠶ᠎ᠡ ᠳᠦ ᠦᠢᠯᠡᠴᠢᠯᠡᠳᠡᠭ ᠵᠠᠷᠤᠴᠠ ᠴᠤ ᠪᠢᠰᠢ᠃ ᠰᠡᠷᠡᠯ᠂ ᠮᠡᠳᠡᠷᠡᠮᠵᠢ᠂ ᠰᠡᠳᠬᠢᠯᠭᠡᠨ ᠦ ᠲᠣᠪᠴᠢᠯᠠᠨ ᠢᠯᠡᠷᠬᠡᠶᠢᠯᠡᠭᠰᠡᠨ ᠢᠷᠠᠭᠤ ᠦᠵᠡᠭᠳᠡᠯ ᠶᠤᠮ᠃  ᠲᠠᠨ ᠤ ᠬᠤᠪᠢ ᠳᠤ ᠢᠷᠠᠭᠤ ᠨᠠᠶᠢᠷᠠᠭ ᠤᠨ ᠣᠨᠣᠯ ᠭᠡᠵᠦ ᠪᠠᠶᠢᠵᠤ ᠪᠣᠯᠬᠤ ᠤᠤ︖  ᠢᠷᠠᠭᠤ ᠨᠠᠶᠢᠷᠠᠭ ᠥᠪᠡᠷ ᠢᠶᠡᠨ ᠢᠵᠠᠭᠤᠷ ᠤᠨ ᠣᠨᠣᠯ ᠲᠠᠢ᠃ ᠢᠷᠠᠭᠤ ᠨᠠᠶᠢᠷᠠᠭ ᠲᠤ ᠮᠤᠬᠤᠷᠳᠠᠭᠰᠠᠨ ᠨᠠᠶᠢᠷᠠᠭᠴᠢᠳ ᠤᠨ ᠡᠷᠢᠯ ᠦᠨ ᠠᠴᠢ ᠪᠠᠷ ᠣᠯᠳᠠᠭᠰᠠᠨ ᠣᠯᠠᠨ ᠤᠷᠤᠰᠬᠠᠯ ᠤᠳ ᠡᠨᠡ ᠢᠷᠠᠭᠤ ᠨᠠᠶᠢᠷᠠᠭ ᠤᠨ ᠣᠨᠣᠯ ᠢ ᠰᠠᠲᠠᠭᠠᠷᠠᠭᠤᠯᠵᠤ ᠪᠠᠶᠢᠨ᠎ᠠ᠃ ᠠᠯᠢᠪᠠ ᠶᠠᠭᠤᠮ᠎ᠠ ᠢᠷᠡᠭᠡᠳᠦᠢ ᠳᠦ ᠵᠠᠬᠢᠷᠤᠭᠳᠠᠬᠤ ᠠᠴᠠ ᠭᠠᠳᠠᠨ᠎ᠠ ᠡᠭᠦᠰᠬᠡᠯ ᠳᠦ ᠪᠡᠨ ᠵᠠᠬᠢᠷᠤᠭᠳᠠᠬᠤ ᠶᠣᠰᠣᠲᠠᠢ᠃ ᠢᠩᠭᠢᠵᠦ ᠦᠵᠡᠳᠡᠭ ᠢᠶᠡᠷ ᠢᠶᠡᠨ ᠪᠢ ᠬᠠᠭᠤᠴᠢᠨᠰᠠᠭ ᠪᠠᠶᠢᠵᠤ ᠮᠠᠭᠠᠳ ᠦᠭᠡᠢ᠃  《ᠦᠷ᠎ᠡ ᠮᠣᠭᠠᠢ》 ᠳᠤᠤᠯᠢ ᠶᠢ ᠴᠥᠭᠡᠨ ᠦᠭᠡᠢ ᠬᠦᠮᠦᠨ ᠰᠢᠭᠦᠮᠵᠢᠯᠡᠭᠰᠡᠨ᠃ ᠢᠯᠠᠩᠭᠤᠶ᠎ᠠ ᠭᠣᠸ᠎ᠠ ᠵᠦᠢ ᠶᠢᠨ ᠲᠠᠯ᠎ᠠ ᠠᠴᠠ ᠪᠠᠨ ᠵᠠᠷᠢᠮ ᠰᠤᠳᠤᠯᠤᠭᠠᠴᠢᠳ ᠤᠨ ᠠᠩᠬᠠᠷᠤᠯ ᠢ ᠲᠠᠲᠠᠭᠰᠠᠨ ᠪᠠᠶᠢᠬᠤ᠃  《ᠦᠷ᠎ᠡ ᠮᠣᠭᠠᠢ》 ᠶᠢ ᠪᠢ ᠶᠠᠭᠠᠬᠢᠭᠠᠳ ᠴᠤ ᠶᠤᠮ ᠬᠡᠨ ᠳᠦ ᠴᠤ ᠰᠢᠭᠦᠮᠵᠢᠯᠡᠭᠦᠯᠦᠮᠡᠷ ᠦᠭᠡᠢ ᠰᠠᠨᠠᠭᠳᠠᠳᠠᠭ᠃ ᠬᠦᠮᠦᠨ ᠦ ᠲᠠᠷᠢᠬᠢᠨ ᠳᠣᠲᠣᠷ᠎ᠠ ᠬᠤᠪᠢ ᠶᠢᠨ ᠣᠷᠭᠢᠯ ᠭᠡᠵᠦ ᠪᠠᠶᠢᠳᠠᠭ ᠪᠣᠯ 《ᠦᠷ᠎ᠡ ᠮᠣᠭᠠᠢ》 ᠮᠢᠨᠦ ᠣᠷᠭᠢᠯ ᠪᠦᠲᠦᠭᠡᠯ ᠦᠨ ᠨᠢᠭᠡ᠃ ᠭᠣᠸ᠎ᠠ ᠵᠦᠢ ᠦᠭᠡᠢ ᠮᠠᠭᠤᠬᠠᠢ ᠭᠡᠵᠦ ᠶᠡᠷᠦ ᠡᠴᠡ ᠪᠡᠨ ᠪᠠᠶᠢᠳᠠᠭ ᠦᠭᠡᠢ᠃ ᠥᠭᠡᠷ᠎ᠡ ᠪᠡᠷ ᠬᠡᠯᠡᠪᠡᠯ᠂ ᠪᠢ ᠮᠠᠭᠤᠬᠠᠢ ᠳᠤ ᠬᠦᠷᠲᠡᠯ᠎ᠡ ᠭᠣᠸ᠎ᠠ ᠰᠠᠶᠢᠬᠠᠨ ᠪᠤᠢ ᠭᠡᠳᠡᠭ ᠢ ᠪᠠᠲᠤᠯᠠᠬᠤ ᠭᠡᠵᠦ ᠪᠠᠶᠢᠨ᠎ᠠ᠃ ᠠᠯᠢᠪᠠ ᠭᠠᠰᠢᠭᠤᠨ ᠦᠨᠡᠨ ᠭᠡᠳᠡᠭ ᠢᠷᠠᠭᠤ ᠰᠠᠶᠢᠬᠠᠨ ᠦᠭᠡᠢ ᠬᠠᠷᠠᠭᠳᠠᠵᠤ ᠪᠣᠯᠤᠨ᠎ᠠ᠃ ᠶᠠᠭᠠᠬᠢᠭᠠᠳ ᠭᠡᠪᠡᠯ ᠦᠨᠡᠨ ᠭᠡᠳᠡᠭ ᠨᠢᠴᠦᠭᠦᠨ ᠪᠠᠶᠢᠳᠠᠭ᠃  ᠢᠷᠠᠭᠤ ᠨᠠᠶᠢᠷᠠᠭ ᠭᠡᠳᠡᠭ ᠲᠠᠨ ᠤ ᠳᠣᠲᠣᠭᠠᠳᠤ ᠰᠡᠳᠬᠢᠯ ᠦᠨ ᠭᠦᠨ ᠤᠬᠠᠭᠠᠨ᠂ ᠶᠢᠷᠲᠢᠨᠴᠦ ᠶᠢ ᠦᠵᠡᠬᠦ ᠦᠵᠡᠯ ᠶᠤᠮ᠎ ᠡ ᠳ᠋ᠠ︖  ᠲᠡᠶᠢᠮᠦ ᠯᠠ ᠶᠤᠮ ᠴᠢᠨᠢ᠃ ᠪᠢ ᠵᠣᠪᠠᠯᠠᠩ ᠵᠢᠷᠭᠠᠯ ᠢ᠂ ᠶᠡᠷᠦ ᠨᠢ ᠪᠦᠬᠦ ᠶᠠᠭᠤᠮ᠎ᠠ ᠶᠢ ᠢᠷᠠᠭᠤ ᠨᠠᠶᠢᠷᠠᠭ ᠢᠶᠠᠷ ᠬᠠᠷᠠᠳᠠᠭ᠃ ᠢᠷᠠᠭᠤ ᠨᠠᠶᠢᠷᠠᠭ ᠭᠡᠳᠡᠭ ᠨᠠᠳᠠ ᠬᠠᠮᠤᠭ ᠤᠨ ᠰᠠᠶᠢᠬᠠᠨ ᠵᠦᠢᠯ ᠪᠥᠭᠡᠳ ᠬᠠᠮᠤᠭ ᠤᠨ ᠠᠷᠬᠠᠭᠰᠢᠭᠰᠠᠨ ᠡᠪᠡᠳᠴᠢᠨ᠃  ᠲᠡᠭᠡᠪᠡᠯ ᠲᠠᠨ ᠤ ᠬᠢ ᠪᠠᠷ ᠠᠮᠢᠳᠤᠷᠠᠯ ᠭᠡᠵᠦ ᠶᠠᠭᠤ ᠪᠤᠢ︖  ᠲᠠᠮᠤ᠂ ᠳ᠋ᠧᠪᠠᠵᠠᠨ ᠬᠣᠶᠠᠷ ᠢᠶᠠᠷ ᠨᠡᠶᠢᠯᠡᠭᠦᠯᠵᠦ ᠲᠠᠮᠤᠭᠰᠠᠨ ᠳᠡᠭᠦᠵᠢᠯᠡᠭᠦᠷ ᠦᠨ ᠣᠯᠣᠰᠣ᠃ ᠢᠩᠭᠢᠵᠦ ᠬᠡᠯᠡᠬᠦ ᠳᠦ ᠬᠠᠲᠠᠭᠤᠳᠠᠬᠤ ᠦᠭᠡᠢ᠃  ᠶᠠᠮᠠᠷ ᠤᠯᠠᠷᠢᠯ ᠢᠶᠠᠷ ᠥᠪᠡᠷ ᠢ ᠪᠡᠨ ᠲᠥᠰᠦᠭᠡᠯᠡᠳᠡᠭ ᠪᠤᠢ︖  ᠪᠢ ᠪᠣᠯ ᠨᠠᠮᠤᠷ᠃ ᠮᠢᠨᠦ ᠤᠬᠠᠮᠰᠠᠷ ᠤᠨ ᠵᠢᠮᠢᠰ ᠬᠠᠯᠢᠰᠤᠨ ᠳᠤ ᠪᠠᠨ ᠪᠠᠭᠲᠠᠬᠤ ᠦᠭᠡᠢ ᠪᠣᠯᠵᠤ ᠨᠠᠮ᠎ᠠ ᠶᠢ ᠭᠡᠵᠦ ᠲᠣᠭᠤᠭᠰᠠᠨ ᠬᠦᠮᠦᠨ ᠦ ᠠᠯᠠᠭᠠᠨ ᠳᠡᠭᠡᠷ᠎ᠡ ᠤᠨᠠᠵᠤ᠂ ᠨᠠᠰᠤᠨ ᠤ ᠡᠷᠬᠡ ᠪᠡᠷ ᠠᠷᠭ᠎ᠠ ᠪᠤᠶᠤ ᠡᠪᠦᠭᠡᠷᠡᠵᠦ᠂ ᠣᠯᠠᠨ ᠵᠤᠯᠵᠠᠭᠠᠨ ᠮᠣᠳᠣ ᠲᠣᠭᠣᠷᠢᠭᠤᠯᠤᠭᠰᠠᠨ ᠮᠣᠳᠣ ᠪᠣᠯᠤᠯ᠎ᠠ ᠯᠠ ᠳ᠋ᠠ᠃ ᠭᠡᠬᠦ ᠳᠦ ᠪᠡᠨ ᠦᠵᠡᠬᠦ ᠬᠠᠪᠤᠷ ᠪᠣᠯᠭᠠᠨ ᠢᠶᠠᠨ ᠬᠦᠯᠢᠶᠡᠭᠰᠡᠨ ᠮᠣᠳᠣ ᠪᠠᠶᠢᠬᠤ ᠶᠢ ᠬᠦᠰᠡᠨ᠎ᠡ᠃  ᠶᠡᠷᠦ ᠨᠢ ᠪᠠᠪᠤᠤ ᠶᠢᠨ ᡀᠠᠭᠸᠠᠰᠦ᠋ᠷᠦᠩ ᠭᠡᠵᠦ ᠬᠡᠨ ᠪᠤᠢ︖  ᡀᠠᠭᠸᠠᠰᠦ᠋ᠷᠦᠩ ᠭᠡᠳᠡᠭ ᠪᠡᠶ᠎ᠡ ᠪᠡᠨ ᠲᠣᠭᠤᠭᠰᠠᠨ᠂ ᠡᠴᠦᠰ ᠲᠡᠬᠡᠨ ᠬᠦᠷᠦᠭᠰᠡᠨ ᠲᠤᠶᠢᠯᠰᠢᠷᠠᠭᠰᠠᠨ᠂ ᠵᠥᠷᠢᠭᠦᠳ ᠪᠣᠳᠠᠭᠠᠯᠢ ᠶᠤᠮ᠃ ᠪᠢ ᠰᠠᠶᠢᠨ ᠶᠠᠭᠤᠮᠠᠨ ᠳᠤ ᠪᠠᠨ ᠰᠠᠶᠢᠨ ᠰᠢᠭ ᠰᠠᠶᠢᠨ᠂ ᠮᠠᠭᠤ ᠳᠠᠭᠠᠨ ᠮᠠᠭᠤ ᠰᠢᠭ ᠮᠠᠭᠤ᠃ ᠡᠳᠦᠷ ᠲᠤᠲᠤᠮ ᠤᠨ ᠠᠮᠢᠳᠤᠷᠠᠯ ᠤᠨ ᠵᠣᠪᠠᠯᠠᠩ ᠬᠦᠮᠦᠨ ᠦ ᠮᠥᠨ ᠴᠢᠨᠠᠷ ᠢ ᠶᠡᠬᠡ ᠡᠪᠳᠡᠳᠡᠭ᠃ ᠲᠡᠷᠡ ᠨᠥᠯᠥᠭᠡᠯᠡᠭᠡᠳ ᠪᠢ ᠦᠨᠳᠦᠰᠦᠨ ᠴᠢᠨᠠᠷ ᠲᠤ ᠪᠠᠨ ᠬᠡᠷ ᠣᠶᠢᠷᠠᠬᠠᠨ ᠪᠠᠶᠢᠭ᠎ᠠ ᠪᠢᠯᠡ ᠭᠡᠵᠦ ᠪᠣᠳᠣᠳᠠᠭ᠃ ᠥᠪᠡᠷ ᠢ ᠪᠡᠨ ᠰᠢᠨᠵᠢᠯᠡᠬᠦ ᠰᠢᠨᠵᠢᠯᠡᠭᠡᠨ ᠦ ᠬᠠᠷᠢᠭᠤ ᠲᠡᠶᠢᠮᠦ ᠰᠠᠶᠢᠨ ᠭᠠᠷᠬᠤ ᠦᠭᠡᠢ ᠪᠠᠶᠢᠨ᠎ᠠ᠃ ᠬᠦᠮᠦᠰ ᠨᠠᠮ᠎ᠠ ᠶᠢ ᠶᠠᠩᠵᠤ ᠶᠠᠩᠵᠤ ᠪᠠᠷ ᠦᠨᠡᠯᠡᠳᠡᠭ ᠪᠢᠵᠡ᠃ ᠲᠡᠷᠡ ᠪᠣᠯᠭᠠᠨ ᠰᠠᠷᠠ ᠲᠠᠢ ᠰᠥᠨᠢ ᠨᠣᠬᠠᠢ ᠬᠤᠴᠠᠬᠤ ᠶᠢᠨ ᠠᠳᠠᠯᠢ᠃  ᠬᠦᠮᠦᠨ ᠪᠦᠷᠢ ᠳᠦ ᠵᠢᠨᠳᠠ ᠭᠡᠵᠦ ᠪᠠᠶᠢᠬᠤ ᠶᠣᠰᠣᠲᠠᠢ ᠤᠤ︖  ᠨᠠᠳᠠ ᠲᠠᠢ ᠨᠢᠭᠡ ᠵᠢᠨᠳᠠ ᠳᠤ ᠠᠮᠢᠳᠤᠷᠠᠳᠠᠭ ᠬᠦᠮᠦᠰ ᠭᠡᠪᠡᠯ ᠮᠢᠨᠦ ᠬᠠᠨᠢ ᠦᠷ᠎ᠡ ᠬᠡᠦᠬᠡᠳ ᠦᠳ᠃ ᠪᠢᠳᠡ ᠨᠢᠭᠡ ᠵᠢᠨᠳᠠᠨ ᠤ ᠬᠢ᠃ ᠪᠤᠰᠤᠳ ᠶᠠᠭᠤᠮᠠᠨ ᠳᠡᠭᠡᠷ᠎ᠡ ᠪᠢ ᠵᠢᠨᠳᠠᠷᠬᠠᠳᠠᠭ ᠦᠭᠡᠢ᠃  ᠥᠨᠥᠳᠥᠷ ᠶᠠᠭᠤ ᠲᠠᠨ ᠤ ᠰᠡᠳᠬᠢᠯ ᠢ ᠢᠯᠡᠭᠦᠦ ᠡᠮᠵᠡᠭᠯᠡᠭᠦᠯᠵᠦ ᠪᠠᠶᠢᠨ᠎ᠠ ᠪᠤᠢ︖  ᠳᠤᠲᠠᠭᠤ ᠳᠤᠯᠢᠮᠠᠭ ᠪᠠᠶᠢᠳᠠᠯ᠂ ᠬᠦᠮᠦᠰ ᠦᠨ ᠠᠷᠠᠨᠰᠢᠨ ᠤ ᠡᠪᠳᠡᠷᠡᠯ ᠮᠢᠨᠦ ᠭᠡᠷ ᠪᠦᠯᠢ ᠶᠢ ᠴᠤ ᠳᠠᠭᠠᠷᠢᠳᠠᠭ᠃ ᠲᠡᠭᠡᠬᠦ ᠪᠡᠷ ᠬᠡᠴᠡᠭᠦᠦ ᠯᠠ ᠪᠠᠶᠢᠨ᠎ᠠ᠃ ᠠᠯᠳᠠᠷ ᠠᠴᠠ ᠥᠭᠡᠷ᠎ᠡ ᠬᠥᠷᠥᠩᠭᠡ ᠨᠠᠳᠠ ᠠᠯᠠᠭ᠎ᠠ᠃ ᠪᠤᠰᠤᠳ ᠠᠴᠠ ᠨᠢᠭᠡ ᠴᠤ ᠪᠣᠯᠪᠠ ᠶᠠᠭᠤᠮ᠎ᠠ ᠪᠠᠷ ᠢᠯᠡᠭᠦᠦ ᠪᠠᠶᠢᠬᠤ ᠰᠠᠶᠢᠬᠠᠨ᠃ ᠮᠠᠨ ᠤ ᠨᠥᠬᠥᠴᠡᠯ ᠳᠦ ᠣᠶᠤᠨ ᠤ ᠢᠯᠡᠭᠦᠦ ᠳᠦ ᠠᠲᠠᠭᠠᠷᠬᠠᠬᠤ ᠪᠠᠨ ᠪᠣᠯᠢᠭᠠᠳ ᠮᠥᠩᠭᠥᠨ ᠳᠦ ᠠᠲᠠᠭᠠᠷᠬᠠᠳᠠᠭ ᠪᠣᠯᠴᠢᠬᠠᠭᠰᠠᠨ ᠪᠠᠶᠢᠨ᠎ᠠ᠃ ᠮᠣᠩᠭᠣᠯ ᠤᠯᠤᠰ ᠲᠤ ᠪᠠᠶᠠᠨ ᠬᠦᠮᠦᠰ ᠪᠠᠶᠢᠬᠤ ᠶᠣᠰᠣᠲᠠᠢ᠃ ᠭᠡᠬᠦ ᠳᠦ ᠪᠡᠨ ᠭᠠᠭᠴᠠᠬᠠᠨ ᠣᠶᠤᠨ ᠤ ᠪᠠᠶᠠᠴᠤᠳ ᠲᠤ ᠦᠵᠡᠭᠦᠯᠬᠦ ᠬᠦᠨᠳᠦᠳᠬᠡᠯ ᠨᠢ ᠳᠤᠲᠠᠭᠳᠠᠵᠤ ᠪᠠᠶᠢᠨ᠎ᠠ ᠤᠤ ᠳ᠋ᠠ ᠭᠡᠵᠦ ᠪᠣᠳᠣᠳᠠᠭ᠃ ᠮᠥᠩᠭᠥ ᠥᠪᠡᠷ ᠢᠶᠡᠨ ᠲᠡᠷᠡ ᠲᠡᠢ᠂ ᠲᠡᠷᠡ ᠦᠭᠡᠢ ᠬᠦᠮᠦᠰ ᠢ ᠲᠠᠲᠠᠵᠤ᠂ ᠠᠲᠠᠭᠠᠷᠬᠠᠯ ᠢ ᠨᠢ ᠴᠤᠭᠯᠠᠭᠤᠯᠳᠠᠭ ᠳᠣᠩ ᠲᠠᠢ ᠡᠳ᠋᠃ ᠭᠡᠲᠡᠯ᠎ᠡ ᠣᠶᠤᠨ ᠤ ᠢᠯᠡᠭᠦᠦ ᠴᠢᠨᠠᠷ ᠲᠤ ᠬᠦᠮᠦᠰ ᠢᠩᠭᠢᠵᠦ ᠳᠣᠩᠲᠣᠬᠤ ᠦᠭᠡᠢ ᠪᠠᠶᠢᠨ᠎ᠠ᠃ ᠡᠨᠡ ᠪᠣᠯ ᠪᠢᠳᠡ ᠦᠬᠦᠭᠰᠡᠨ ᠵᠢᠭᠠᠰᠤ ᠰᠢᠭ ᠲᠣᠯᠣᠭᠠᠢ ᠠᠴᠠ ᠪᠠᠨ ᠡᠬᠢᠯᠡᠵᠦ ᠢᠯᠵᠠᠷᠠᠵᠤ ᠪᠠᠶᠢᠭ᠎ᠠ ᠶᠢᠨ ᠰᠢᠨᠵᠢ᠃  ᠮᠠᠰᠢ ᠥᠨᠳᠥᠷ ᠣᠶᠤᠨ ᠤ ᠴᠢᠳᠠᠪᠬᠢ ᠲᠠᠢ ᠬᠦᠮᠦᠰ ᠵᠣᠩᠬᠢᠯᠠᠯ᠎ᠠ ᠭᠡᠬᠦ ᠳᠦ ᠡᠨᠡ ᠨᠢ ᠡᠷᠭᠢᠭᠡᠳ ᠶᠢᠷᠲᠢᠨᠴᠦ ᠶᠢᠨ ᠣᠷᠣᠰᠢᠨ ᠲᠣᠭᠲᠠᠨᠢᠬᠤᠢ ᠳᠤ ᠨᠦᠯᠦᠭᠡᠯᠡᠬᠦ ᠪᠣᠯᠪᠠ ᠤᠤ︖  ᠲᠡᠷᠡ ᠪᠠᠰᠠ ᠶᠡᠬᠡ ᠠᠶᠤᠯ ᠲᠠᠢ᠃ ᠡᠷᠲᠡᠨ ᠦ ᠰᠣᠶᠣᠯᠲᠤ ᠷᠣᠮᠠ ᠶᠢᠨ ᠮᠥᠬᠥᠯ ᠨᠢ ᠵᠢᠭᠳᠡ ᠤᠬᠠᠭᠠᠷᠠᠯ ᠠᠴᠠ ᠪᠣᠯᠤᠭᠰᠠᠨ ᠭᠡᠳᠡᠭ᠃ ᠣᠶᠤᠨ ᠤ ᠪᠠᠶᠠᠵᠢᠯᠲᠠ ᠬᠡᠷᠪᠡ ᠳᠡᠯᠡᠬᠡᠢ ᠳᠦ ᠪᠠᠭᠲᠠᠬᠤ ᠦᠭᠡᠢ ᠪᠣᠯ ᠪᠢᠳᠡ ᠣᠷᠣᠰᠢᠨ ᠲᠣᠭᠲᠠᠨᠢᠵᠤ ᠴᠢᠳᠠᠬᠤ ᠦᠭᠡᠢ᠃ ᠵᠠᠩ ᠴᠢᠨᠠᠷ᠂ ᠤᠬᠠᠭᠠᠨ ᠤ ᠲᠡᠩᠴᠡᠭᠦᠦ ᠪᠠᠶᠢᠳᠠᠯ ᠭᠡᠳᠡᠭ ᠪᠣᠯ ᠠᠮᠢᠳᠤᠷᠠᠯ ᠢ ᠲᠣᠭᠲᠠᠭᠠᠳᠠᠭ ᠭᠠᠭᠴᠠ ᠬᠥᠰᠢᠭᠦᠷᠭᠡ᠃ ᠪᠢ ᠡᠭᠦᠨ ᠢ ᠬᠠᠳᠠᠭᠠᠯᠠᠬᠤ ᠲᠤᠬᠠᠢ ᠶᠠᠷᠢᠵᠤ ᠪᠠᠶᠢᠨ᠎ᠠ᠃  ᠪᠦᠬᠦ ᠶᠠᠭᠤᠮ᠎ᠠ ᠭᠤᠨᠳᠠᠭᠤ ᠪᠣᠯᠬᠣᠷ ᠲᠠ ᠰᠡᠳᠬᠢᠯ ᠢᠶᠡᠨ ᠶᠠᠭᠠᠬᠢᠵᠤ ᠲᠠᠶᠢᠪᠤᠰᠢᠷᠠᠭᠤᠯᠳᠠᠭ ᠪᠤᠢ︖  ᠬᠦᠮᠦᠨ ᠪᠣᠯᠭᠠᠨ ᠬᠡᠦᠬᠡᠳ ᠪᠠᠶᠢᠭᠰᠠᠨ᠂ ᠪᠡᠶ᠎ᠡ ᠡᠴᠡ ᠨᠢ ᠰᠦ ᠦᠨᠦᠷᠲᠡᠵᠦ ᠪᠠᠶᠢᠭᠰᠠᠨ ᠭᠡᠵᠦ ᠪᠣᠳᠣᠬᠤ ᠪᠠᠷ ᠲᠠᠶᠢᠳᠬᠤᠷᠠᠳᠠᠭ᠃  ᠲᠠᠨ ᠤ ᠶᠠᠷᠢᠶ᠎ᠠ ᠶᠢ ᠰᠣᠨᠣᠰᠤᠭᠠᠳ ᠪᠠᠶᠢᠬᠤ ᠳᠤ ᠪᠠᠬᠠᠨ ᠭᠤᠲᠤᠷᠠᠩᠭᠢ ᠦᠵᠡᠯ ᠲᠡᠢ ᠬᠦᠮᠦᠨ ᠶᠤᠮ ᠤᠤ ᠳ᠋ᠠ ᠭᠡᠵᠦ ᠪᠣᠳᠣᠭᠳᠠᠭᠠᠳ ᠪᠠᠶᠢᠬᠤ ᠶᠤᠮ︖  ᠥᠪᠡᠷ ᠢ ᠪᠡᠨ ᠶᠡᠬᠡ ᠤᠷᠤᠭᠤ ᠦᠵᠡᠯ ᠲᠡᠢ ᠭᠡᠵᠦ ᠪᠣᠳᠣᠳᠠᠭ᠃ ᠥᠭᠡᠷ᠎ᠡ ᠪᠡᠷ ᠬᠡᠯᠡᠪᠡᠯ ᠪᠢ ᠬᠡᠵᠢᠶ᠎ᠡ ᠴᠤ ᠥᠭᠡᠳᠡᠷᠡᠭ ᠦᠵᠡᠯ ᠲᠡᠢ ᠪᠠᠶᠢᠵᠤ ᠴᠢᠳᠠᠭ᠎ᠠ ᠦᠭᠡᠢ᠃ ᠭᠡᠬᠦ ᠳᠦ ᠪᠡᠨ ᠮᠢᠨᠦ ᠤᠷᠤᠭᠤ ᠦᠵᠡᠯ ᠪᠣᠯ ᠵᠥᠪᠬᠡᠨ ᠬᠤᠪᠢ ᠶᠢᠨ ᠥᠮᠴᠢ ᠪᠣᠯᠬᠣᠷ ᠬᠠᠨᠢ ᠳᠦ ᠴᠤ ᠶᠤᠮ ᠤᠤ᠂ ᠦᠷ᠎ᠡ ᠬᠡᠦᠬᠡᠳ ᠦᠳ  ᠳᠡᠬᠡᠨ ᠬᠠᠷᠠᠭᠤᠯᠬᠤ ᠶᠢ ᠬᠦᠰᠡᠳᠡᠭ ᠦᠭᠡᠢ᠃  ᠮᠣᠩᠭᠣᠯ ᠤᠨ ᠢᠷᠠᠭᠤ ᠨᠠᠶᠢᠷᠠᠭ ᠤᠨ ᠢᠷᠡᠭᠡᠳᠦᠢ ᠶᠢ ᠬᠡᠷᠬᠢᠨ ᠬᠠᠷᠠᠵᠤ ᠪᠠᠶᠢᠨ᠎ᠠ ᠪᠤᠢ︖  ᠢᠷᠠᠭᠤ ᠨᠠᠶᠢᠷᠠᠭ ᠭᠡᠳᠡᠭ ᠪᠣᠯ ᠮᠣᠷᠢ ᠲᠠᠢ ᠬᠦᠮᠦᠨ ᠲᠠᠰᠤᠷᠠᠳᠠᠭ ᠦᠭᠡᠢ ᠮᠣᠷᠢᠨ ᠤ ᠵᠡᠯ᠎ᠡ ᠶᠤᠮ᠃ ᠲᠡᠳᠡ ᠨᠠᠶᠢᠷᠠᠭ ᠤᠨ ᠭᠡᠷ ᠲᠦ ᠣᠷᠣᠵᠤ ᠢᠷᠡᠳᠡᠭ᠂ ᠮᠣᠷᠢᠯᠠᠵᠠᠭᠠᠳᠠᠭ᠃ ᠭᠡᠬᠦ ᠳᠦ ᠪᠡᠨ ᠨᠠᠶᠢᠷᠠᠭ ᠤᠨ ᠥᠷᠭᠦᠭᠡᠨ ᠳᠦ ᠬᠣᠶᠢᠮᠣᠷ ᠭᠡᠵᠦ ᠪᠤᠢ᠂ ᠬᠠᠲᠠᠪᠴᠢ ᠴᠤ ᠪᠤᠢ᠂ ᠡᠵᠡᠨ ᠰᠠᠭᠤᠳᠠᠯ ᠭᠡᠵᠦ ᠪᠤᠢ᠃ ᠪᠠᠰᠠ ᠵᠣᠴᠢᠨ ᠤ ᠲᠠᠯ᠎ᠠ ᠭᠡᠵᠦ ᠪᠤᠢ᠃ ᠡᠨᠡ ᠶᠡᠬᠡ ᠬᠥᠯᠲᠡᠢ ᠥᠷᠭᠥᠭᠡ ᠬᠦᠮᠦᠨ ᠢᠶᠡᠷ ᠲᠠᠰᠤᠷᠠᠨ᠎ᠠ ᠭᠡᠵᠦ ᠦᠭᠡᠢ᠃ ᠲᠡᠭᠡᠬᠦ ᠪᠡᠷ ᠨᠠᠶᠢᠷᠠᠭ ᠢᠶᠠᠷ ᠲᠠᠰᠤᠷᠠᠬᠤ ᠦᠭᠡᠢ᠃ ᠪᠢ ᠮᠣᠩᠭᠣᠯ ᠤᠨ ᠢᠷᠠᠭᠤ ᠨᠠᠶᠢᠷᠠᠭ ᠤᠨ ᠢᠷᠡᠭᠡᠳᠦᠢ ᠶᠢ ᠶᠡᠬᠡ ᠥᠭᠡᠳᠡᠷᠡᠭ ᠢᠶᠡᠷ ᠬᠠᠷᠠᠵᠤ ᠪᠠᠶᠢᠨ᠎ᠠ᠃  ᠲᠥᠷᠥ ᠲᠦᠰᠢᠯᠴᠡᠵᠦ ᠶᠠᠪᠤᠭᠰᠠᠨ ᠬᠦᠮᠦᠨ ᠦ ᠲᠠᠨᠢ ᠬᠤᠪᠢ ᠳᠤ ᠠᠰᠠᠭᠤᠬᠤ ᠵᠦᠢᠯ ᠪᠠᠶᠢᠨ᠎ᠠ᠃ ᠲᠠᠨ ᠳᠤ ᠶᠠᠮᠠᠷ ᠬᠠᠤᠯᠢ ᠰᠠᠨᠠᠭᠠᠴᠢᠯᠠᠮᠠᠷ ᠰᠠᠨᠠᠭᠳᠠᠳᠠᠭ ᠪᠤᠢ︖  ᠪᠢ ᠬᠤᠪᠢ ᠳᠠᠭᠠᠨ ᠲᠥᠷᠥᠳᠦ ᠶᠣᠰᠣᠨ ᠤ ᠬᠠᠲᠠᠭᠤ ᠬᠠᠤᠯᠢ ᠰᠠᠨᠠᠭᠠᠴᠢᠯᠠᠮᠠᠷ ᠪᠠᠶᠢᠨ᠎ᠠ᠃ ᠶᠣᠰᠣ ᠦᠭᠡᠢ᠂ ᠲᠤᠰᠠ ᠦᠭᠡᠢ ᠪᠣᠯᠤᠭᠰᠠᠨ ᠵᠠᠰᠠᠭᠯᠠᠯ ᠭᠡᠳᠡᠭ ᠪᠣᠯ ᠠᠷᠠᠳ ᠢ ᠰᠠᠮᠠᠭᠤᠷᠠᠭᠤᠯᠵᠤ᠂ ᠤᠯᠤᠰ ᠢ ᠬᠦᠴᠦ ᠦᠭᠡᠢ ᠪᠣᠯᠭᠠᠳᠠᠭ᠃ ᠠᠷᠠᠳ ᠲᠦᠮᠡᠨ ᠡᠵᠡᠨ ᠦᠭᠡᠢ ᠪᠠᠶᠢᠪᠠᠯ ᠬᠠᠮᠤᠭ ᠤᠨ ᠪᠦᠳᠦᠭᠦᠯᠢᠭ᠂ ᠣᠪᠤᠭ ᠠᠶᠢᠮᠠᠭ ᠤᠨ ᠪᠠᠶᠢᠭᠤᠯᠤᠯᠲᠠ ᠳᠤ ᠰᠢᠯᠵᠢᠨ᠎ᠡ ᠭᠡᠰᠡᠨ ᠦᠭᠡ᠃ ᠲᠣᠪᠴᠢᠬᠠᠨ ᠳᠤ ᠪᠠᠨ ᠲᠡᠦᠬᠡ ᠶᠢᠨ ᠲᠣᠮᠣ ᠤᠬᠤᠷᠢᠯᠲᠠ ᠪᠣᠯᠤᠨ᠎ᠠ᠃ ᠲᠤᠬᠠᠢ ᠶᠢᠨ ᠦᠶ᠎ᠡ ᠳᠦ ᠪᠢᠳᠡ ᠬᠣᠬᠢᠷᠠᠨ᠎ᠠ᠃ ᠭᠡᠯ᠎ᠡ ᠴᠤ ᠠᠷᠠᠳ ᠲᠦᠮᠡᠨ ᠮᠥᠩᠬᠡ ᠶᠢᠨ ᠣᠶᠢᠯᠠᠭᠠᠯᠲᠠ᠂ ᠪᠣᠳᠠᠲᠤ ᠴᠢᠨᠠᠷ ᠤᠴᠢᠷ ᠠᠴᠠ ᠡᠭᠦᠨ ᠢ ᠭᠠᠲᠤᠯᠠᠨ᠎ᠠ᠃ ᠭᠠᠭᠴᠠᠬᠦ ᠶᠡᠬᠡ ᠬᠣᠬᠢᠷᠠᠯ ᠲᠠᠢ ᠭᠠᠲᠤᠯᠤᠨ᠎ᠠ᠃ ᠡᠭᠦᠨ ᠳᠦ ᠯᠠ ᠬᠠᠷᠠᠮᠰᠠᠭᠠᠳ ᠪᠠᠷᠠᠰᠢ ᠦᠭᠡᠢ᠃  ᠡᠶᠢᠮᠦ ᠦᠶ᠎ᠡ ᠳᠦ ᠬᠡᠨ ᠬᠡᠨ ᠳᠦ ᠪᠡᠨ ᠪᠤᠷᠤᠭᠤ ᠶᠢ ᠲᠣᠬᠣᠭᠠᠳ ᠨᠡᠮᠡᠷᠢ ᠦᠭᠡᠢ ᠪᠠᠶᠢᠬᠤ ᠳ᠋ᠠ︖  ᠶᠠᠮᠠᠷ ᠴᠤ ᠲᠣᠬᠢᠶᠠᠯᠳᠤᠯ ᠳᠤ ᠠᠷᠠᠳ ᠲᠦᠮᠡᠨ ᠪᠤᠷᠤᠭᠤᠲᠠᠢ ᠪᠠᠶᠢᠳᠠᠭ ᠦᠭᠡᠢ᠃ ᠵᠥᠪ ᠢ ᠤᠯᠬᠤ ᠭᠡᠵᠦ ᠪᠤᠷᠤᠭᠤᠳᠠᠭᠰᠠᠨ ᠬᠦᠮᠦᠰ ᠯᠠ ᠪᠤᠷᠤᠭᠤ ᠲᠠᠢ᠃ ᠭᠡᠬᠦ ᠳᠦ ᠪᠡᠨ ᠠᠷᠠᠳ ᠲᠦᠮᠡᠨ ᠦ ᠳᠤᠭᠤᠯᠭᠠᠷᠲᠠᠢ᠂ ᠭᠡᠨᠡᠨ ᠰᠡᠳᠬᠢᠯ ᠦᠨ ᠪᠤᠷᠤᠭᠤ ᠭᠡᠵᠦ ᠪᠠᠶᠢᠵᠤ ᠪᠣᠯᠬᠤ ᠶᠤᠮ᠃ ᠲᠡᠭᠡᠬᠦᠯᠡᠷ ᠡᠳᠦᠷ ᠲᠤᠲᠤᠮ ᠲᠣᠬᠢᠶᠠᠯᠳᠤᠳᠠᠭ ᠡᠮᠵᠡᠭ ᠴᠡᠭ ᠢ ᠨᠢ ᠬᠥᠨᠳᠡᠵᠦ ᠶᠠᠷᠢᠬᠤ ᠳᠤ ᠦᠨᠡᠨ ᠶᠠᠭᠤᠮ᠎ᠠ ᠶᠠᠷᠢᠯ᠎ᠠ ᠭᠡᠵᠦ ᠣᠶᠢᠯᠠᠭᠠᠵᠤ ᠪᠠᠶᠢᠭ᠎ᠠ᠃ ᠡᠨᠡ ᠨᠢ ᠠᠯᠢᠪᠠ ᠨᠢᠭᠡᠨ ᠵᠠᠯᠢ ᠲᠠᠢ ᠡᠲᠡᠭᠡᠳ ᠦᠳ ᠲᠦ ᠣᠶᠤᠨ ᠢᠶᠠᠨ ᠵᠠᠬᠢᠷᠤᠭᠤᠯᠵᠤ ᠪᠤᠢ ᠬᠡᠷᠡᠭ᠃ ᠲᠡᠭᠡᠬᠦᠯᠡᠷ ᠠᠷᠠᠳ ᠲᠦᠮᠡᠨ ᠭᠡᠨᠡᠨ ᠪᠠᠶᠢᠭ᠎ᠠ ᠨᠢ ᠬᠠᠷᠠᠭᠳᠠᠵᠤ ᠪᠠᠶᠢᠨ᠎ᠠ᠃  ᠡᠨᠡ ᠪᠠᠶᠢᠳᠠᠯ ᠢ ᠬᠡᠨ ᠣᠶᠢᠯᠠᠭᠠᠭᠤᠯᠬᠤ ᠪᠤᠢ︖  ᠶᠡᠷᠦ ᠨᠢ ᠬᠤᠪᠢ ᠬᠦᠮᠦᠨ ᠦ ᠤᠬᠠᠭᠠᠷᠠᠯ ᠥᠪᠡᠷ ᠡᠴᠡ ᠪᠡᠨ ᠭᠡᠭᠡᠷᠡᠳᠡᠭ᠃ ᠠᠷᠠᠳ ᠲᠦᠮᠡᠨ ᠴᠤ ᠲᠡᠷᠡ᠂ ᠲᠥᠷᠥ ᠶᠢᠨ ᠲᠦᠰᠢᠮᠡᠳ ᠦᠳ ᠴᠤ ᠲᠡᠷᠡ ᠥᠪᠡᠷ ᠡᠴᠡ ᠪᠡᠨ ᠭᠡᠭᠡᠷᠡᠬᠦ ᠶᠣᠰᠣᠲᠠᠢ᠃ ᠭᠡᠬᠦ ᠳᠦ ᠪᠡᠨ ᠶᠢᠷᠲᠢᠨᠴᠦ ᠶᠢᠨ ᠣᠶᠤᠨ ᠤᠬᠠᠭᠠᠷᠠᠯ᠂ ᠰᠡᠳᠬᠢᠯᠭᠡᠨ ᠦ ᠶᠡᠬᠡ ᠥᠪ ᠳᠣᠣᠷ᠎ᠠ ᠰᠢᠦ᠃  ᠲᠠᠨ ᠤ ᠪᠠᠬᠠᠷᠬᠠᠯ︖  ᠪᠢ ᠨᠢᠭᠡ ᠶᠡᠬᠡ ᠴᠡᠯᠡᠶᠢᠭᠰᠡᠨ ᠲᠠᠯ᠎ᠠ ᠤᠷᠤᠭᠤ ᠬᠣᠰᠢᠭᠤᠷᠠᠵᠤ ᠣᠷᠣᠭᠰᠠᠨ ᠳᠡᠨᠵᠢ ᠳᠡᠭᠡᠷ᠎ᠡ ᠲᠦᠷᠦᠭᠰᠡᠨ ᠶᠤᠮ᠃ ᠲᠡᠷᠡ ᠶᠡᠬᠡ ᠲᠠᠯ᠎ᠠ ᠰᠢᠭ ᠠᠵᠠ ᠵᠢᠷᠭᠠᠯ ᠤᠷᠤᠭᠤ ᠲᠡᠷᠡ ᠳᠡᠨᠵᠢ ᠰᠢᠭ ᠬᠣᠰᠢᠭᠤ ᠪᠠᠨ ᠳᠦᠷᠦᠵᠦ ᠠᠮᠢᠳᠤᠷᠠᠵᠤ ᠪᠠᠶᠢᠨ᠎ᠠ ᠳ᠋ᠠ ᠭᠡᠵᠦ ᠣᠶᠢᠯᠠᠭᠠᠳᠠᠭ᠃ ᠡᠨᠡ ᠪᠣᠯ ᠬᠦᠮᠦᠨ ᠪᠣᠯᠤᠭᠰᠠᠨ ᠤ ᠪᠠᠬᠠᠷᠬᠠᠯ᠃ ᠲᠡᠷᠡ ᠲᠤᠰᠤᠮ ᠢᠶᠠᠨ ᠮᠣᠩᠭᠣᠯ ᠬᠦᠮᠦᠨ ᠪᠣᠯᠤᠭᠰᠠᠨ ᠤ ᠳᠡᠭᠡᠳᠦ ᠪᠠᠬᠠᠷᠬᠠᠯ ᠶᠤᠮ᠃  ᠵᠠᠷᠢᠮ ᠵᠣᠬᠢᠶᠠᠯ ᠤᠨ ᠬᠡᠯᠡᠯᠭᠡ ᠲᠠᠨᠢ ᠮᠠᠰᠢ ᠬᠠᠲᠠᠭᠤ ᠭᠡᠮᠡᠷ ᠰᠠᠨᠠᠭᠳᠠᠳᠠᠭ᠃ 《ᠦᠬᠦᠯ ᠮᠠᠨᠢ ᠢᠵᠢᠢ ᠳᠦ ᠪᠡᠨ ᠣᠴᠢᠬᠤ ᠲᠣᠮᠢᠯᠠᠯᠲᠠ ᠡ》 ᠭᠡᠬᠦ ᠵᠢᠱᠢᠶ᠎ᠡ ᠲᠡᠢ᠃ ᠡᠭᠦᠨ ᠢ ᠪᠢᠴᠢᠬᠦ ᠳᠦ ᠬᠢᠷᠢ ᠶᠡᠬᠡ ᠡᠷᠴᠢᠮ ᠬᠦᠴᠦ ᠱᠠᠭᠠᠷᠳᠠᠭᠳᠠᠳᠠᠭ ᠪᠤᠢ︖  ᠶᠡᠬᠡ ᠪᠣᠳᠣᠭᠰᠠᠨ ᠤ ᠦᠷ᠎ᠡ ᠳ᠋ᠦᠩ ᠶᠤᠮ ᠯᠠ ᠳ᠋ᠠ᠃ ᠪᠢ ᠬᠠᠷᠢᠴᠠᠩᠭᠤᠢ ᠰᠡᠳᠬᠢᠯ ᠦᠨ ᠬᠥᠳᠡᠯᠭᠡᠭᠡᠨ ᠪᠠᠭ᠎ᠠ ᠲᠠᠢ᠃ ᠥᠪᠡᠷ ᠢᠶᠡᠨ ᠬᠥᠳᠡᠯᠭᠡᠭᠡᠨᠲᠡᠢ ᠪᠠᠶᠢᠭᠰᠠᠨ ᠠᠴᠠ ᠨᠠᠶᠢᠷᠠᠭ ᠮᠠᠨᠢ ᠬᠥᠳᠡᠯᠭᠡᠭᠡᠨᠲᠡᠢ ᠪᠠᠶᠢᠭᠠᠰᠠᠢ ᠭᠡᠵᠦ ᠪᠣᠳᠣᠳᠠᠭ᠃  ᠣᠷᠴᠢᠨ ᠦᠶ᠎ᠡ ᠶᠢᠨ ᠡᠨᠡ ᠶᠡᠬᠡ ᠲᠧᠭᠨᠢᠭᠵᠢᠯᠲᠡ ᠶᠢ ᠳᠠᠭᠠᠭᠠᠳ ᠬᠦᠮᠦᠨ ᠦ ᠰᠡᠳᠬᠢᠯ ᠲᠡᠶᠢᠮᠦ ᠪᠣᠯᠬᠤ ᠶᠢ ᠦᠭᠡᠶᠢᠰᠬᠡᠬᠦ ᠶᠢᠨ ᠠᠷᠭ᠎ᠠ ᠦᠭᠡᠢ᠃ ᠶᠠᠭᠠᠬᠢᠪᠠᠯ ᠲᠡᠰᠢ ᠨᠢ ᠣᠷᠣᠭᠤᠯᠬᠤ ᠦᠭᠡᠢ ᠪᠠᠶᠢᠵᠤ ᠪᠣᠯᠬᠤ ᠪᠤᠢ︖  ᠬᠦᠮᠦᠨ ᠣᠶᠤᠨ ᠪᠣᠳᠣᠯ ᠢᠶᠠᠨ᠂ ᠠᠮᠢᠳᠤᠷᠠᠯ ᠢᠶᠠᠨ᠂ ᠬᠠᠶᠢᠷ᠎ᠠ ᠰᠡᠳᠬᠢᠯ ᠢᠶᠡᠨ ᠵᠣᠪᠠᠯᠠᠩ ᠳᠤ ᠪᠤᠯᠢᠶᠠᠯᠭᠠᠵᠤ ᠪᠣᠯᠤᠨ᠎ᠠ᠃ ᠬᠠᠷᠢᠨ ᠭᠠᠭᠴᠠᠬᠠᠨ ᠺᠣᠮᠫᠢᠶᠦ᠋ᠲ᠋ᠧᠷ ᠲᠦ ᠪᠤᠯᠢᠶᠠᠯᠭᠠᠵᠤ ᠪᠣᠯᠬᠤ ᠦᠭᠡᠢ᠃ ᠪᠢ ᠰᠠᠶ᠋ᠢᠬᠠᠨ ᠺᠣᠮᠫᠢᠶᠦ᠋ᠲ᠋ᠧᠷ ᠲᠡᠢ ᠰᠢᠲᠠᠷ᠎ᠠ ᠨᠡᠭᠦᠵᠦ ᠦᠵᠡᠭᠰᠡᠨ᠃ ᠬᠣᠵᠢᠬᠤ ᠨᠢ ᠪᠤᠤ ᠬᠡᠯᠡ ᠲᠡᠩᠴᠡᠵᠦ ᠴᠢᠳᠠᠬᠤ ᠦᠭᠡᠢ ᠶᠤᠮ ᠪᠢᠯᠡ᠃ ᠲᠡᠭᠡᠬᠦ ᠪᠡᠷ ᠯᠠ ᠯᠠᠪ ᠮᠢᠨᠦ ᠰᠢᠲᠠᠷ᠎ᠠ ᠲᠣᠭᠯᠠᠬᠤ ᠴᠢᠳᠠᠪᠤᠷᠢ ᠶᠢ ᠺᠣᠮᠫᠢᠶᠦ᠋ᠲ᠋ᠧᠷ ᠬᠡᠳᠦᠶᠢᠨ᠎ᠡ ᠪᠤᠯᠢᠶᠠᠴᠢᠬᠠᠵᠠᠢ᠃ ᠡᠨᠡ ᠮᠡᠲᠦᠴᠢᠯᠡᠨ ᠢᠶᠡᠷ ᠪᠢ ᠬᠤᠪᠢ ᠳᠠᠭᠠᠨ ᠡᠵᠡᠯᠡᠭᠳᠡᠭᠰᠡᠭᠡᠷ ᠳᠠᠭᠤᠰᠬᠤ ᠶᠤᠮ ᠰᠢᠭ ᠪᠠᠶᠢᠨ᠎ᠠ ᠯᠡ᠃ ᠲᠡᠭᠡᠬᠦᠯᠡᠷ ᠺᠣᠮᠫᠢᠶᠦ᠋ᠲ᠋ᠧᠷ ᠢ ᠦᠵᠡᠨ ᠶᠠᠳᠠᠵᠤ ᠪᠠᠶᠢᠨ᠎ᠠ᠃  ᠵᠠ᠂ ᠪᠢᠳᠡᠨ ᠦ ᠶᠠᠷᠢᠯᠴᠠᠯᠭ᠎ᠠ ᠥᠨᠳᠥᠷᠯᠡᠬᠦ ᠳᠥᠬᠦᠯ᠎ᠡ᠃ ᠮᠡᠳᠡᠭᠡᠵᠢ ᠠᠰᠠᠭᠤᠭ᠎ᠠ ᠦᠭᠡᠢ ᠣᠷᠬᠢᠭᠰᠠᠨ ᠵᠦᠢᠯ ᠣᠯᠠᠨ ᠪᠠᠶᠢᠭ᠎ᠠ᠃  《ᠲᠠᠨ ᠤ ᠪᠡᠶ᠎ᠡ ᠶᠠᠮᠠᠷ ᠪᠠᠶᠢᠨ᠎ᠠ》 ᠭᠡᠵᠦ ᠠᠰᠠᠭᠤᠭᠠᠰᠠᠢ ᠭᠡᠵᠦ ᠪᠣᠳᠣᠵᠤ ᠪᠠᠶᠢᠯ᠎ᠠ᠃ ᠲᠠᠷᠢᠬᠢᠨ ᠤ ᠬᠢ ᠪᠠᠨ ᠠᠶ᠎ᠠ ᠶᠢ ᠪᠡᠶ᠎ᠡ ᠨᠢ ᠳᠠᠭᠠᠭᠠᠳᠠᠭ ᠦᠭᠡᠢ ᠶᠤᠮ ᠪᠠᠶᠢᠨ᠎ᠠ᠃ ᠨᠢᠭᠡ ᠯᠠ ᠰᠢᠨᠵᠢᠯᠡᠭᠡ ᠬᠢᠯᠭᠡᠬᠦ ᠳᠦ ᠪᠦᠬᠦ ᠶᠠᠭᠤᠮ᠎ᠠ ᠮᠠᠭᠤᠳᠠᠭᠰᠠᠨ ᠪᠠᠶᠢᠯ᠎ᠠ᠃ ᠪᠣᠳᠣᠵᠤ ᠰᠡᠳᠭᠢᠭᠦ᠂ ᠪᠦᠲᠦᠭᠡᠬᠦ ᠶᠢᠨ ᠡᠰᠡᠷᠭᠦ ᠪᠡᠶ᠎ᠡ ᠮᠠᠬᠠᠪᠣᠳ ᠣᠷᠣᠰᠢᠳᠠᠭ ᠶᠤᠮ ᠪᠠᠶᠢᠨ᠎ᠠ᠃ ᠲᠡᠭᠡᠬᠦᠯᠡᠷ ᠬᠦᠮᠦᠨ ᠳᠦ ᠳᠠᠩᠴᠤ ᠪᠣᠭᠣᠨᠢ ᠨᠠᠰᠤ᠂ ᠬᠡᠪᠡᠷᠡᠭᠬᠡᠨ ᠪᠡᠶ᠎ᠡ ᠵᠠᠶᠠᠭᠠᠵᠤ ᠳ᠋ᠡ᠃ ᠳ ∙ ᡀᠠᠪᠠᠳᠣᠷᠵᠢ᠃ ᠮᠣᠩᠭᠣᠯ ᠤᠨ ᠮᠡᠳᠡᠭᠡ᠃ 1999. №141

2        1       

                             13847524386      211429899@qq.com      13847524386   QQ  211429899 蒙ICP备17002503号-1