ᠲᠤᠳᠢ ᠶᠢᠨ ᠬᠤᠩᠰᠢᠶᠠᠷ
ᠢᠷᠠᠭᠤ ᠤᠨ ᠤᠷᠤᠯᠳᠤᠭᠠᠨ ᠪ ᠲᠤᠬᠠᠢ ᠶᠠᠷᠰᠢᠭ ᠲᠠᠷᠴᠢᠭ ᠲᠠᠢ ᠬᠡᠳᠤᠨ ᠦᠭᠡ
3505
2020-10-31 19:39
发表于:内蒙古
ᠢᠷᠠᠭᠤ ᠨᠠᠢᠷᠠᠭ ᠤᠨ ᠬᠦᠭᠵᠢᠯᠳᠡ ᠳᠦ ᠬᠠᠮᠤᠭ ᠤᠨ ᠶᠡᠬᠡ ᠴᠢᠳᠤᠷ ᠲᠤᠱᠠ ᠪᠤᠯᠵᠤ ᠨᠢ ᠢᠷᠠᠭᠤ ᠤᠨ ᠤᠷᠤᠯᠳᠤᠭᠠᠨ ᠪᠤᠯᠤᠨ᠎ᠠ ᠃
ᠤᠴᠢᠷ ᠨᠢ ᠢᠷᠠᠭᠤ ᠭᠡᠳᠡᠭ ᠳᠤ ᠲᠡᠰ ᠳ᠋ᠤᠭᠠᠷ ᠪᠠᠢᠳᠠᠭ ᠦᠭᠡᠢ ᠂ ᠬᠡᠷᠪᠡ ᠭᠡᠪᠡᠯ ᠶᠠᠮᠡᠷ ᠨᠢᠭᠡᠨ ᠲᠠᠪᠴᠠᠩ ᠳᠤ ᠶᠠᠪᠤᠳᠡᠯ ᠲᠡᠳᠤᠢ ᠃ ᠨᠡᠩ ᠢᠯᠠᠩᠭᠤᠶ᠎ᠠ ᠬᠡᠳᠤᠨ ᠪᠦᠳᠦᠭᠡᠯᠴᠢ ᠢᠷᠠᠭᠤ ᠶᠢᠨ ᠤᠢ ᠰᠠᠨᠠᠮᠵᠢ ᠪᠡᠷ ᠲᠤᠭᠳᠠᠭᠠᠭᠳᠠᠬᠤ ᠤᠭᠳᠤ ᠪᠢᠰᠢ ᠂ ᠬᠡᠴᠢᠨᠡᠨ ᠶᠡᠬᠡ ᠰᠤᠤ ᠪᠢᠯᠢᠭᠳᠡᠨ ᠪᠤᠯᠪᠠᠴᠤ ᠬᠤᠪᠢ ᠪᠡᠶ᠎ᠡ ᠡᠴᠡ ᠨᠢ ᠡᠭᠦᠰᠦᠭᠰᠡᠨ ᠭᠦᠨ ᠮᠡᠳᠡᠷᠡᠮᠵᠢ ᠪᠤᠯᠬᠤᠷ ᠪᠤᠰᠤᠳ ᠤᠨ ᠡᠭᠦᠳᠦᠭᠰᠡᠨ ᠤᠳᠬ᠎ᠠ ᠶᠢᠨ ᠰᠠᠴᠤᠷᠠᠭ ᠨᠢ ᠠᠳᠠᠯᠢ ᠪᠤᠰᠤ ᠪᠡᠷ ᠰᠢᠩᠭᠡᠭᠡᠭᠳᠡᠳᠡᠭ ᠡᠴᠡ ᠪᠢᠰᠢ ᠢᠵᠢᠯᠢ ᠵᠢᠰᠤ ᠪᠡᠷ ᠬᠠᠨᠳᠤᠳᠠᠭ ᠦᠭᠡᠢ ᠂ ᠲᠦᠭᠦᠮ ᠢᠶᠡᠷ ᠬᠡᠯᠡᠪᠡᠯ ᠬᠢᠨᠡᠵᠤ ᠰᠢᠯᠦᠭ ᠲᠠᠢ ᠪᠠᠨ ᠡᠭᠡᠭᠡ ᠠᠳᠠᠯᠢ ᠶᠠᠭᠠᠬᠢᠭᠰᠠᠨ ᠴᠤ ᠪᠢᠴᠢᠵᠤ ᠴᠢᠳᠠᠬᠤ ᠦᠭᠡᠢ ᠲᠠᠢ ᠠᠳᠠᠯᠢ ᠂
ᠰᠢᠯᠭᠠᠭᠤᠷᠠᠯᠳᠠ ᠨᠢ ᠵᠦᠪᠬᠡᠨ ᠲᠠᠭᠠᠯᠠᠮᠵᠢ ᠶᠢᠨ ᠰᠤᠩᠭᠤᠯᠳᠠ ᠪᠤᠯᠤᠨ᠎ᠠ ᠃
ᠵᠢᠩᠭᠢᠨᠢ ᠢᠷᠠᠭᠤ ᠨᠠᠢᠷᠠᠭ ᠢ ᠲᠠᠨᠢᠳᠠᠭ ᠬᠦᠮᠤᠨ ᠰᠠᠢᠨ ᠮᠠᠭᠤ ᠭᠡᠵᠤ ᠬᠤᠪᠢᠶᠠᠳᠠᠭ ᠦᠭᠡᠢ ᠂ ᠬᠤᠪᠢᠶᠠᠪᠡᠯ ᠶᠠᠭ ᠰᠦᠮ᠎ᠡ ᠶᠢᠨ ᠡᠭᠦᠳᠡ ᠶᠢ ᠰᠢᠷᠭᠤᠴᠢᠬᠠᠭᠠᠳ ᠠᠯᠢ ᠨᠢ ᠪᠤᠷᠬᠠᠨ ᠠᠯᠢ ᠨᠢ ᠮᠠᠭᠤ ᠪᠤᠷᠬᠠᠨ ᠪᠤᠢ ᠭᠡᠵᠤ ᠪᠠᠨᠳᠢ ᠡᠴᠡ ᠠᠰᠠᠭᠤᠭᠰᠠᠨ ᠦᠯᠢᠭᠡᠷ ᠪᠤᠯᠤᠨ᠎ᠠ ᠃
3 0