  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787394
   1251

ᠤᠷᠤᠭᠤᠯ ᠰᠢᠭ ᠤᠯᠠᠪᠤᠷ ᠨᠠᠪᠴᠢ

ᠬᠠᠶᠢ᠍ᠷ᠎ᠠ ᠰᠡᠳᠭᠢᠯ᠂ ᠭᠡᠷ ᠪᠦᠯᠢ ᠢ᠋ᠢᠨ ᠲᠤᠬᠠᠢ ᠥᠭᠦᠯᠡᠯᠬᠡ᠄ ᠤᠷᠤᠭᠤᠯ ᠰᠢᠭ ᠤᠯᠠᠪᠤᠷ ᠨᠠᠪᠴᠢ
        2423     
2021-10-23 15:23    
发表于:内蒙古
ᠪᠢᠮᠪᠠ ᠶᠢᠨ ᠰᠠᠷᠠᠨᠲᠤᠶᠠᠭ᠎ᠠ ᠨᠠᠮᠤᠷ ᠣᠷᠣᠢ ᠶᠢᠨ ᠲᠡᠷᠡ ᠨᠢᠭᠡᠨ ᠡᠳᠦᠷ ᠬᠥᠯ ᠦᠨ ᠳᠣᠣᠭᠤᠷ ᠣᠷᠢᠶᠠᠴᠠᠯᠳᠤᠵᠤ ᠠᠭᠰᠠᠨ ᠬᠡᠷᠦᠮᠡᠯ ᠰᠠᠯᠬᠢᠨ ᠦᠵᠡᠭᠳᠡᠬᠦ ᠪᠡᠶ᠎ᠡ᠂ ᠦᠯᠢᠶᠡᠬᠦ ᠬᠦᠴᠦᠲᠡᠢ ᠭᠡᠳᠡᠭ ᠢᠶᠡᠨ ᠮᠡᠳᠡᠷᠡᠭᠦᠯᠬᠦ ᠭᠡᠰᠡᠨ ᠰᠢᠭ ᠭᠠᠵᠠᠷ ᠲᠤ ᠤᠨᠠᠭᠰᠠᠨ ᠭᠠᠯ ᠰᠢᠷᠭᠠᠯ ᠨᠠᠪᠴᠢᠰ ᠢ ᠬᠠᠮᠤᠨ ᠠᠪᠴᠤ᠂ ᠬᠡᠶᠢᠰᠬᠡᠨ ᠬᠤᠶᠢᠯᠠᠷᠠᠭᠤᠯᠵᠤ᠂ ᠬᠡᠳᠦᠨ ᠲᠡᠰᠢ ᠨᠢ ᠰᠠᠴᠤᠯᠠᠨ ᠲᠣᠭᠯᠠᠭᠠᠳ ᠤᠳᠠᠯ ᠦᠭᠡᠢ ᠤᠶᠢᠳᠪᠠ ᠪᠣᠯᠤᠯᠲᠠᠢ ᠲᠡᠷᠲᠡᠭᠡᠬᠢ ᠮᠣᠳᠣᠨ ᠤ ᠰᠡᠭᠦᠳᠡᠷ ᠪᠠᠷᠠᠳᠠᠨ ᠴᠢᠮᠡᠭᠡ ᠠᠯᠳᠠᠷᠠᠪᠠ᠃ ᠴᠡᠴᠡᠷᠯᠢᠭ ᠦᠨ ᠰᠠᠨᠳᠠᠯᠢ ᠳᠡᠭᠡᠷ᠎ᠡ ᠡᠴᠡ ᠨᠠᠪᠴᠢᠰ ᠢᠶᠠᠷ ᠲᠣᠭᠯᠠᠬᠤ ᠰᠠᠯᠬᠢᠨ ᠤ ᠪᠦᠵᠢᠬᠦ ᠶᠢ ᠴᠢᠮᠡᠭᠡᠭᠦᠶᠢᠬᠡᠨ ᠬᠠᠷᠠᠵᠤ ᠰᠠᠭᠤᠭᠰᠠᠨ ᠵᠢᠷᠭᠠᠯᠮ᠎ᠠ ᠪᠦᠰᠡᠭᠦᠢ ᠶᠠᠭᠠᠬᠢᠭᠠᠳ ᠴᠤ ᠶᠤᠮ ᠠᠶᠠᠷᠬᠠᠨ ᠰᠠᠨᠠᠭ᠎ᠠ ᠠᠯᠳᠠᠪᠠ᠃ ᠲᠡᠷᠡᠪᠡᠷ ᠭᠡᠨᠡᠳᠲᠡ ᠭᠤᠨᠢᠭᠯᠠᠳᠠᠭ᠂ ᠭᠤᠨᠢᠭ ᠲᠤ ᠳᠠᠷᠤᠭᠳᠠᠭᠰᠠᠨ ᠦᠶ᠎ᠡ ᠳᠡᠬᠡᠨ ᠡᠨᠡ ᠯᠠ ᠴᠡᠴᠡᠷᠯᠢᠭ ᠲᠦ ᠢᠷᠡᠵᠦ ᠰᠠᠭᠤᠳᠠᠭ᠃ ᠦᠶ᠎ᠡ ᠦᠶᠡᠬᠡᠨ ᠵᠢᠩᠳᠡᠭᠡᠳᠡᠭ ᠬᠤᠩᠭᠠᠷ ᠲᠤ ᠰᠢᠭᠢᠳᠦᠭᠰᠡᠨ ᠵᠢᠪᠠᠷ ᠰᠢᠭ ᠲᠡᠷᠡ ᠬᠦ ᠭᠤᠨᠢᠭ ᠢ ᠨᠢ ᠤᠷᠢᠳᠤ ᠰᠥᠨᠢ ᠶᠢᠨ ᠵᠡᠭᠦᠳᠦ ᠰᠡᠳᠡᠷᠡᠭᠡᠵᠦ ᠥᠭᠭᠦᠭᠰᠡᠨ ᠪᠠᠶᠢᠵᠤ ᠪᠣᠯᠬᠤ ᠶᠤᠮ᠃ ᠬᠣᠷᠸ᠎ᠠ ᠳᠡᠯᠡᠬᠡᠢ ᠶᠢᠨ ᠨᠠᠮᠤᠷ ᠴᠠᠭ ᠭᠡᠳᠡᠭ ᠬᠦᠮᠦᠨ ᠦ ᠰᠡᠳᠬᠢᠯ ᠳᠦ ᠤᠬᠠᠭᠠᠷᠠᠯ ᠨᠡᠮᠡᠨ᠂ ᠢᠷᠡᠭᠰᠡᠨ ᠪᠦᠬᠦᠨ ᠪᠤᠴᠠᠵᠤ ᠪᠣᠯᠳᠠᠭ᠂ ᠤᠷᠭᠤᠭᠰᠠᠨ ᠪᠦᠬᠦᠨ ᠬᠠᠭᠳᠠᠷᠠᠵᠤ ᠪᠣᠯᠳᠠᠭ ᠢ ᠰᠠᠨᠠᠭᠤᠯᠤᠨ ᠬᠡᠯᠡᠳᠡᠭ ᠪᠣᠯᠬᠣᠷ ᠬᠦᠮᠦᠰ ᠮᠥᠩᠬᠡ ᠪᠤᠰᠤ ᠶᠢᠨ ᠱᠠᠩᠯᠠᠯ ᠢ ᠵᠢᠷᠦᠬᠡᠨ ᠳᠦ ᠪᠡᠨ ᠲᠡᠭᠡᠭᠡᠵᠦ ᠨᠠᠮᠤᠷ ᠢᠶᠠᠷ ᠭᠤᠨᠢᠭᠯᠠᠳᠠᠭ ᠴᠤ ᠶᠤᠮ ᠤᠤ᠃ ᠡᠳᠦᠭᠡ ᠭᠤᠴᠢᠨ ᠳᠣᠯᠣᠭᠠᠨ ᠤ ᠵᠢᠯ ᠨᠢ ᠣᠷᠣᠭᠰᠠᠨ ᠴᠤ ᠣᠷᠢ ᠭᠠᠭᠴᠠᠭᠠᠷ ᠶᠠᠪᠤᠭ᠎ᠠ ᠪᠦᠰᠡᠭᠦᠢ ᠶᠢᠨ ᠬᠤᠪᠢ ᠳᠤ ᠶᠠᠭ ᠯᠠ ᠬᠠᠭᠳᠠᠷᠠᠵᠤ ᠪᠤᠢ ᠨᠠᠪᠴᠢᠰ ᠰᠢᠭ᠂ ᠪᠤᠴᠠᠵᠤ ᠪᠤᠢ ᠰᠢᠪᠠᠭᠤᠳ ᠰᠢᠭ᠂ ᠣᠷᠣᠵᠤ ᠪᠤᠢ ᠰᠡᠭᠦᠯᠴᠢ ᠶᠢᠨ ᠪᠣᠷᠣᠭ᠎ᠠ ᠰᠢᠭ ᠠᠮᠢᠳᠤᠷᠠᠯ ᠤᠨ ᠬᠢ ᠨᠢ ᠠᠯᠲᠠᠨ ᠡᠳᠦᠷ ᠦᠳ ᠨᠢᠭᠡ ᠨᠢᠭᠡ ᠪᠡᠷ ᠪᠠᠷᠠᠭᠳᠠᠨ᠂ ᠲᠡᠷᠡ ᠲᠣᠭ᠎ᠠ ᠪᠠᠷ ᠭᠣᠸ᠎ᠠ ᠦᠵᠡᠰᠬᠦᠯᠡᠩ ᠨᠢ ᠰᠢᠪᠬᠠᠭᠳᠠᠵᠤ ᠪᠠᠶᠢᠬᠤ ᠰᠢᠭ ᠤᠶᠢᠲᠠᠢ ᠰᠠᠨᠠᠭᠳᠠᠨ᠎ᠠ᠃ ᠶᠠᠭ ᠯᠠ ᠮᠣᠳᠣᠨ ᠠᠴᠠ ᠪᠠᠨ ᠲᠠᠰᠤᠷᠴᠤ ᠪᠤᠢ ᠡᠨᠡ ᠯᠠ ᠨᠠᠪᠴᠢᠰ ᠰᠢᠭ ᠡᠵᠡᠨ ᠡᠴᠡ ᠪᠡᠨ ᠪᠦᠳᠡᠭᠢᠷᠡᠨ ᠣᠳᠴᠤ ᠪᠤᠢ ᠭᠣᠸ᠎ᠠ ᠦᠵᠡᠰᠬᠦᠯᠡᠩ ᠳᠦ ᠪᠡᠨ ᠬᠠᠷᠠᠮᠰᠠᠬᠤ ᠰᠡᠳᠬᠢᠯ ᠲᠡᠭᠡᠲᠡᠯ᠎ᠡ ᠲᠥᠷᠥᠬᠦ ᠦᠭᠡᠢ ᠴᠤ᠂ ᠡᠨᠡ ᠯᠠ ᠬᠡᠪ ᠢᠶᠡᠷ ᠴᠠᠰᠢ ᠦᠷᠭᠦᠯᠵᠢᠯᠡᠬᠦ ᠠᠪᠠᠰᠤ ᠨᠠᠰᠤᠨ ᠲᠤᠷᠰᠢᠳᠠ ᠪᠠᠨ ᠣᠷᠢ ᠭᠠᠭᠴᠠ ᠪᠠᠷ ᠠᠮᠢᠳᠤᠷᠠᠭᠰᠠᠭᠠᠷ ᠳᠠᠭᠤᠰᠤᠨ᠎ᠠ ᠭᠡᠳᠡᠭ ᠢᠶᠡᠨ ᠯᠠ ᠬᠠᠲᠠᠭᠤ ᠤᠬᠠᠭᠠᠷᠠᠵᠤ ᠪᠠᠶᠢᠪᠠ᠃ ᠠᠮᠢᠳᠤᠷᠠᠯ ᠶᠠᠮᠠᠷ ᠰᠠᠨᠠᠭᠰᠠᠨ ᠠᠴᠠ ᠪᠣᠯᠬᠤ ᠪᠢᠰᠢ ᠳ᠋ᠡ᠃ ᠦᠶ᠎ᠡ ᠶᠢᠨ ᠪᠦᠰᠡᠭᠦᠶᠢᠴᠦᠳ ᠭᠡᠷ ᠣᠷᠣᠨ᠂ ᠦᠷ᠎ᠡ ᠬᠡᠦᠬᠡᠳ᠂ ᠬᠠᠨᠢ ᠢᠵᠢᠯᠢ ᠲᠡᠢ ᠪᠣᠯᠵᠤ ᠬᠦᠮᠦᠨ ᠦ ᠠᠮᠢᠳᠤᠷᠠᠯ ᠤᠨ ᠵᠢᠷᠭᠠᠯ ᠵᠣᠪᠠᠯᠠᠩ ᠢ ᠬᠠᠨᠲᠠᠯ᠎ᠠ ᠡᠳ᠋ᠯᠡᠵᠦ ᠶᠠᠪᠤᠬᠤ ᠳᠤ ᠵᠢᠷᠭᠠᠯᠮ᠎ᠠ ᠶᠢ ᠯᠠ ᠣᠷᠢ ᠭᠠᠭᠴᠠ ᠪᠠᠷ ᠢ ᠨᠢ《 ᠵᠢᠷᠭᠠᠭ 》 ᠭᠡᠳ ᠦᠯᠡᠳᠡᠭᠡᠴᠢᠬᠡᠭᠰᠡᠨ ᠶᠤᠮ ᠰᠢᠭ ᠨᠡᠷ᠎ᠡ ᠨᠢ ᠬᠦᠷᠲᠡᠯ᠎ᠡ ᠵᠢᠷᠭᠠᠯᠮ᠎ᠠ᠃ ᠭᠡᠬᠦ ᠳᠦ ᠪᠡᠨ ᠭᠠᠭᠴᠠᠭᠠᠷ ᠲᠤᠭᠤᠯᠬᠤ ᠡᠨᠡ ᠵᠢᠷᠭᠠᠯ ᠲᠡᠶᠢᠮᠦ ᠰᠠᠶᠢᠬᠠᠨ ᠵᠦᠢᠯ ᠪᠢᠰᠢ ᠭᠡᠳᠡᠭ ᠢ ᠪᠦᠰᠡᠭᠦᠢ ᠴᠠᠭ ᠬᠤᠭᠤᠴᠠᠭ᠎ᠠ ᠥᠩᠭᠡᠷᠡᠬᠦ ᠲᠤᠰᠤᠮ ᠮᠡᠳᠡᠷᠡᠭᠰᠡᠭᠡᠷ᠂ ᠵᠢᠷᠦᠬᠡᠨ ᠳᠦ ᠪᠡᠨ ᠭᠤᠨᠢᠭᠯᠠᠭᠰᠠᠭᠠᠷ ᠯᠠ ᠶᠠᠪᠤᠭᠰᠠᠨ ᠶᠤᠮ᠃ ᠬᠥᠯ ᠦᠨ ᠳᠣᠣᠭᠤᠷ ᠣᠷᠢᠶᠠᠴᠠᠯᠳᠤᠬᠤ ᠨᠠᠪᠴᠢᠰ ᠤᠨ ᠳᠤᠮᠳᠠ ᠠᠴᠠ ᠤᠷᠤᠭᠤᠯ ᠰᠢᠭ ᠤᠯᠠᠪᠤᠷ ᠰᠢᠷ᠎ᠠ ᠨᠠᠪᠴᠢ ᠶᠢ ᠬᠠᠷᠠᠮᠠᠭᠴᠠ ᠪᠠᠨ ᠪᠦᠰᠡᠭᠦᠢ ᠲᠡᠭᠦᠨ ᠢ ᠠᠪᠤᠭᠠᠳ ᠠᠯᠠᠭᠠᠨ ᠳᠡᠭᠡᠷ᠎ᠡ ᠪᠡᠨ ᠠᠶᠠᠷᠬᠠᠨ ᠲᠠᠯᠪᠢᠪᠠ᠃ ᠬᠠᠳᠠᠵᠤ ᠠᠮᠵᠢᠭ᠎ᠠ ᠦᠭᠡᠢ ᠰᠢᠭᠦᠰᠦᠯᠢᠭ ᠰᠤᠳᠠᠯ ᠤᠳ ᠨᠢ ᠡᠭᠡᠭᠡ ᠯᠠ ᠰᠤᠳᠠᠰᠤ ᠮᠡᠲᠦ᠂ ᠨᠠᠷᠠᠨ ᠤ ᠰᠠᠴᠤᠷᠠᠭ ᠮᠡᠲᠦ ᠣᠯᠠᠨ ᠵᠦᠭ ᠲᠦ ᠪᠡᠨ ᠰᠠᠯᠠᠭᠠᠯᠠᠭᠰᠠᠨ ᠡᠨᠡ ᠨᠠᠪᠴᠢ ᠴᠡᠴᠡᠷᠯᠢᠭ ᠢᠶᠡᠷ ᠳᠦᠭᠦᠷᠡᠩ ᠤᠨᠠᠵᠤ ᠬᠠᠭᠳᠠᠷᠠᠭᠰᠠᠨ ᠨᠠᠪᠴᠢᠰ ᠠᠴᠠ ᠠᠷᠠᠢ ᠯᠠ ᠥᠭᠡᠷ᠎ᠡ᠂ ᠠᠷᠠᠢ ᠯᠠ ᠥᠩᠭᠡᠯᠢᠭ᠂ ᠠᠷᠠᠢ ᠯᠠ ᠳᠠᠯᠪᠠᠭᠠᠷ ᠬᠠᠷᠠᠭᠳᠠᠨ᠎ᠠ᠃ ᠪᠦᠰᠡᠭᠦᠢ ᠮᠥᠨᠥᠬᠢ ᠨᠠᠪᠴᠢ ᠶᠢ ᠬᠠᠷᠠᠵᠤ ᠰᠠᠭᠤᠬᠤ ᠳᠤ ᠪᠠᠨ ᠥᠴᠥᠭᠡᠳᠦᠷ ᠦᠨ ᠵᠡᠭᠦᠳᠦ ᠪᠡᠨ ᠡᠷᠭᠢᠨ ᠰᠠᠨᠠᠵᠠᠢ᠃ ᠲᠡᠷᠡ ᠵᠡᠭᠦᠳᠦᠨ ᠳᠦ ᠶᠠᠭ ᠡᠶᠢᠮᠦ ᠯᠠ ᠨᠠᠪᠴᠢᠨ ᠳᠡᠭᠡᠷ᠎ᠡ ᠬᠡᠨ ᠨᠢᠭᠡᠨ ᠰᠢᠯᠦᠭ ᠪᠢᠴᠢᠵᠦ᠂ ᠪᠦᠰᠡᠭᠦᠢ ᠲᠡᠭᠦᠨ ᠢ ᠤᠩᠰᠢᠵᠤ ᠰᠠᠭᠤᠭᠰᠠᠨ᠃ ᠳᠥᠷᠪᠡᠨ ᠮᠥᠷ᠃ ᠣᠳᠣ ᠴᠤ ᠲᠡᠷᠡ ᠬᠦ ᠦᠰᠦᠭ ᠦᠳ ᠨᠢᠭᠡ ᠨᠢᠭᠡ ᠪᠡᠷ ᠰᠡᠳᠬᠢᠯ ᠳᠦ ᠨᠢ ᠤᠷᠭᠤᠨ ᠲᠣᠳᠣᠷᠠᠬᠤ ᠴᠤ ᠬᠣᠯᠪᠤᠭᠠᠳ ᠰᠠᠨᠠᠬᠤ ᠭᠡᠬᠦ ᠪᠡᠷ ᠡᠪᠯᠡᠵᠦ ᠥᠭᠭᠦ ᠦᠭᠡᠢ ᠵᠣᠪᠠᠭᠠᠨ᠎ᠠ᠃ ᠬᠠᠶᠢᠷ᠎ᠠ ᠶᠢᠨ ᠰᠢᠯᠦᠭ ᠯᠠ ᠪᠠᠶᠢᠭᠰᠠᠨ᠃ ᠡᠨᠡ ᠯᠠ ᠳᠥᠷᠪᠡᠬᠡᠨ ᠮᠥᠷ ᠢ ᠡᠪᠯᠡᠭᠦᠯᠵᠦ ᠰᠠᠨᠠᠬᠤ ᠭᠡᠵᠦ ᠠᠷᠭ᠎ᠠ ᠪᠠᠨ ᠪᠠᠷᠠᠬᠤ ᠳᠤ ᠪᠠᠨ ᠠᠬᠢᠭᠠᠳ ᠯᠠ ᠭᠤᠨᠢᠭ ᠢᠶᠠᠨ ᠨᠥᠮᠥᠷᠬᠦ ᠪᠡᠷ ᠡᠨᠡ ᠴᠡᠴᠡᠷᠯᠢᠭ ᠲᠦ ᠢᠷᠡᠭᠰᠡᠨ ᠬᠡᠷᠡᠭ᠃ ᠲᠡᠷᠡ ᠨᠠᠪᠴᠢ᠂ ᠡᠰᠡᠪᠡᠯ ᠲᠡᠭᠦᠨ ᠲᠡᠢ ᠲᠥᠰᠲᠡᠢ ᠨᠠᠪᠴᠢ ᠠᠯᠠᠭᠠᠨ ᠳᠡᠭᠡᠷ᠎ᠡ ᠨᠢ ᠪᠠᠶᠢᠭ᠎ᠠ ᠴᠤ ᠰᠢᠯᠦᠭ ᠢ ᠰᠠᠨᠠᠵᠤ ᠴᠢᠳᠠᠭᠰᠠᠨ ᠦᠭᠡᠢ᠃ ᠶᠠᠭᠠᠬᠢᠭᠠᠳ ᠴᠤ ᠶᠤᠮ ᠵᠡᠭᠦᠳᠦ ᠵᠥᠩ ᠢᠶᠡᠷ ᠨᠢ ᠳᠠᠮᠵᠢᠭᠤᠯᠤᠨ ᠬᠡᠨ ᠨᠢᠭᠡᠨ ᠲᠡᠭᠦᠨ ᠳᠦ ᠲᠡᠷᠡ ᠬᠦ ᠰᠢᠯᠦᠭ ᠢ ᠢᠯᠡᠭᠡᠭᠰᠡᠨ ᠶᠤᠮ ᠰᠢᠭ ᠰᠠᠨᠠᠭᠳᠠᠬᠤ ᠳᠤ ᠨᠠᠰᠤᠨ ᠲᠤᠷᠰᠢᠳᠠ ᠪᠠᠨ ᠬᠦᠯᠢᠶᠡᠵᠦ ᠪᠠᠶᠢᠭ᠎ᠠ ᠬᠠᠶᠢᠷ᠎ᠠ ᠶᠢᠨ ᠬᠢ ᠨᠢ ᠡᠵᠡᠨ ᠮᠥᠨ ᠭᠡᠵᠦ ᠢᠲᠡᠭᠡᠵᠡᠢ᠃ ᠪᠦᠰᠡᠭᠦᠢ ᠡᠶᠢᠨ ᠤᠳᠠᠭᠠᠨ ᠰᠠᠭᠤᠭᠠᠳ ᠨᠠᠪᠴᠢ᠂ ᠬᠠᠶᠢᠷ᠎ᠠ᠂ ᠵᠢᠷᠦᠬᠡᠨ ᠳᠡᠭᠡᠷ᠎ᠡ ᠮᠢᠨᠢ ᠁ ᠭᠡᠰᠡᠨ ᠦᠭᠡᠰ ᠡᠴᠡ ᠥᠭᠡᠷ᠎ᠡ ᠶᠢ ᠰᠠᠨᠠᠭᠰᠠᠨ ᠦᠭᠡᠢ᠃ ᠤᠯᠠᠪᠤᠷ ᠰᠢᠷᠭᠠᠯ ᠨᠠᠷᠠᠨ ᠠᠭᠤᠯᠠᠰ ᠤᠨ ᠣᠷᠣᠢ ᠶᠢ ᠢᠯᠪᠢᠨ ᠳᠣᠭᠣᠭᠰᠢᠯᠠᠵᠤ ᠨᠠᠮᠤᠷ ᠤᠨ ᠴᠡᠴᠡᠷᠯᠢᠭ ᠲᠦ ᠤᠯᠠᠮ ᠰᠡᠷᠢᠭᠦᠦ ᠣᠷᠣᠬᠤ ᠳᠤ ᠪᠦᠰᠡᠭᠦᠢ ᠰᠠᠶ᠋ᠢ ᠵᠢᠩᠳᠡᠭᠰᠡᠨ ᠢᠶᠡᠨ ᠮᠡᠳᠡᠨ ᠰᠠᠭᠤᠳᠠᠯ ᠠᠴᠠ ᠪᠠᠨ ᠪᠣᠰᠬᠤ ᠳᠤ ᠪᠠᠨ ᠴᠦᠩᠬᠦ ᠡᠴᠡ ᠪᠡᠨ ᠬᠥᠮᠦᠰᠬᠡᠨ ᠦ ᠬᠠᠷᠠᠨᠳᠠ ᠭᠠᠷᠭᠠᠨ ᠨᠠᠪᠴᠢᠨ ᠳᠡᠭᠡᠷ᠎ᠡ ᠤᠲᠠᠰᠤᠨ ᠤ ᠪᠠᠨ ᠳ᠋ᠤᠭᠠᠷ ᠢ ᠪᠢᠴᠢᠭᠡᠳ ᠭᠠᠷ ᠳᠡᠭᠡᠷ᠎ᠡ ᠪᠡᠨ ᠡᠷᠭᠦᠲᠡᠯ᠎ᠡ ᠲᠦᠷᠦᠭᠦᠨ ᠮᠣᠳᠣᠨ ᠤ ᠰᠡᠭᠦᠳᠡᠷ ᠪᠠᠷᠠᠳᠠᠨ ᠵᠠᠮᠬᠠᠷᠠᠭᠰᠠᠨ ᠰᠠᠯᠬᠢᠨ ᠬᠠᠮᠢᠭ᠎ᠠ ᠠᠴᠠ ᠴᠤ ᠶᠤᠮ ᠪᠤᠢ ᠢᠰᠬᠡᠷᠦᠨ ᠭᠠᠷᠴᠤ ᠢᠷᠡᠭᠡᠳ ᠪᠦᠰᠡᠭᠦᠢ ᠶᠢᠨ ᠭᠠᠷ ᠳᠡᠭᠡᠷᠡᠬᠢ ᠨᠠᠪᠴᠢ ᠶᠢ ᠬᠡᠶᠢᠰᠬᠡᠨ ᠠᠪᠴᠤ ᠣᠳᠪᠠ᠃ ᠤᠷᠤᠭᠤᠯ ᠰᠢᠭ ᠤᠯᠠᠪᠤᠷ ᠰᠢᠷᠭᠠᠯ ᠨᠠᠪᠴᠢ ᠨᠠᠮᠤᠷ ᠤᠨ ᠲᠠᠯ᠎ᠠ ᠳᠤ ᠨᠢᠴᠦᠭᠦᠷᠡᠭᠰᠡᠨ ᠮᠣᠳᠣᠳ ᠤᠨ ᠳᠤᠮᠳᠠᠭᠤᠷ ᠬᠡᠶᠢᠰᠦᠨ ᠣᠳᠴᠤ᠂ ᠪᠦᠰᠡᠭᠦᠢ ᠭᠡᠷ ᠦᠨ ᠵᠦᠭ ᠠᠯᠬᠤᠪᠠ᠃ ᠨᠠᠪᠴᠢ ᠰᠠᠯᠬᠢ ᠬᠣᠶᠠᠷ ᠤᠷᠳᠤ ᠬᠣᠶᠢᠨ᠎ᠠ ᠪᠠᠨ ᠣᠷᠣᠨ᠂ ᠬᠥᠭᠡᠭᠡᠴᠡᠯᠳᠦᠨ ᠲᠣᠭᠯᠠᠬᠤ ᠮᠡᠲᠦ᠂ ᠬᠥᠲᠦᠯᠦᠯᠴᠡᠨ ᠭᠦᠶᠦᠬᠦ ᠮᠡᠲᠦ᠂ ᠲᠡᠳᠡᠨ ᠢ ᠳᠠᠭᠠᠨ ᠦᠢ ᠣᠯᠠᠨ ᠨᠠᠪᠴᠢ ᠨᠠᠶᠢᠷᠠᠯ ᠬᠥᠭᠵᠢᠮ ᠦᠨ ᠠᠶᠠᠯᠭᠤᠨ ᠳᠤ ᠨᠠᠶᠢᠭᠤᠨ ᠭᠠᠩᠬᠤᠬᠤ ᠥᠬᠢᠳ ᠠᠳᠠᠯᠢ ᠬᠣᠲᠠ ᠶᠢᠨ ᠭᠤᠳᠤᠮᠵᠢ ᠤᠷᠤᠭᠤᠳᠠᠨ ᠬᠡᠶᠢᠰᠦᠭᠰᠡᠭᠡᠷ ᠦᠯᠡᠳᠡᠪᠡ᠃ ᠶᠠᠭᠠᠷᠠᠨ ᠠᠯᠬᠤᠬᠤ ᠬᠦᠮᠦᠰ ᠦᠨ ᠬᠥᠯ ᠦᠨ ᠳᠤᠮᠳᠠᠭᠤᠷ ᠰᠦᠯᠵᠢᠯᠳᠦᠨ᠂ ᠨᠣᠶᠢᠷᠮᠤᠭᠯᠠᠨ ᠳ᠋ᠤᠭᠠᠷᠯᠠᠬᠤ ᠮᠠᠰᠢᠨ ᠨᠤᠭᠤᠳ ᠤᠨ ᠳᠤᠭᠤᠢ ᠶᠢᠨ ᠳᠣᠣᠭᠤᠷ ᠬᠡᠢᠰᠦᠨ᠂ ᠵᠠᠮ ᠤᠨ ᠴᠠᠭᠳᠠᠭ᠎ᠠ ᠶᠢᠨ ᠮᠠᠯᠠᠭᠠᠢ ᠶᠢᠨ ᠳᠡᠭᠡᠷ᠎ᠡ ᠨᠢ ᠪᠠᠭᠤᠵᠤ᠂ ᠵᠠᠯᠬᠠᠭᠰᠠᠨ ᠪᠣᠯᠤᠯᠲᠠᠢ ᠲᠡᠨᠳᠡ ᠡᠴᠡ ᠪᠡᠨ ᠴᠠᠰᠢ ᠬᠡᠢᠰᠦᠨ ᠡᠬᠡ ᠶᠢᠨ ᠢᠶᠡᠨ ᠭᠠᠷ ᠠᠴᠠ ᠬᠥᠲᠥᠯᠦᠨ ᠰᠢᠬᠢᠷ ᠠᠳᠬᠤᠨ ᠶᠠᠪᠤᠭ᠎ᠠ ᠬᠦᠦ ᠶᠢᠨ ᠰᠢᠯᠦᠰᠦᠨ ᠳᠦ ᠬᠠᠯᠲᠠᠷᠲᠤᠭᠰᠠᠨ ᠭᠠᠷ ᠳᠡᠭᠡᠷ᠎ᠡ ᠪᠠᠭᠤᠵᠤ ᠠᠮᠲᠠ ᠶᠢ ᠨᠢ ᠲᠠᠮᠰᠢᠶᠠᠯᠠᠨ ᠳᠣᠯᠢᠶᠠᠬᠤ ᠮᠡᠲᠦ ᠠᠷᠴᠢᠨ ᠴᠠᠰᠢ ᠬᠡᠶᠢᠰᠪᠡ᠃ ᠭᠤᠳᠤᠮᠵᠢ ᠤᠷᠤᠭᠤᠳᠠᠨ ᠬᠡᠶᠢᠰᠬᠦ ᠭᠠᠯ ᠰᠢᠷᠭᠠᠯ ᠨᠠᠪᠴᠢᠰ ᠤᠨ ᠬᠤᠶᠢᠯᠠᠷᠠᠯ ᠣᠷᠣᠢ ᠨᠠᠮᠤᠷ ᠤᠨ ᠵᠢᠪᠡᠷᠭᠡᠨ ᠰᠠᠯᠬᠢ ᠲᠠᠢ ᠬᠠᠮᠲᠤ ᠣᠷᠴᠢᠯᠠᠩ ᠢ ᠨᠡᠩᠵᠢᠬᠦ ᠮᠡᠲᠦ ᠡᠶᠢᠨ ᠬᠡᠶᠢᠰᠴᠦ ᠶᠠᠪᠤᠬᠤ ᠳᠤ ᠨᠢ ᠵᠥᠭᠡᠯᠡᠨ ᠪᠣᠷᠣᠭ᠎ᠠ ᠰᠢᠪᠡᠷᠡᠨ ᠣᠷᠣᠵᠤ᠂ ᠪᠢᠴᠢᠭᠰᠡᠨ ᠳ᠋ᠤᠭᠠᠷ ᠢ ᠨᠢ ᠨᠣᠷᠭᠠᠨ ᠠᠷᠢᠯᠭᠠᠬᠤ ᠰᠢᠬᠠᠭᠰᠠᠨ ᠴᠤ ᠠᠮᠵᠢᠵᠤ ᠨᠢᠭᠡᠨ ᠮᠠᠰᠢᠨ ᠤ ᠤᠷᠢᠳᠤ ᠰᠠᠯᠬᠢᠨ ᠤ ᠰᠢᠯ ᠳᠡᠭᠡᠷ᠎ᠡ ᠨᠠᠭᠠᠯᠳᠤᠨ ᠲᠣᠭᠲᠠᠪᠠ᠃ ᠶᠠᠭ ᠡᠨᠡ ᠭᠱᠠᠨ ᠳᠤ ᠶᠡᠬᠡ ᠬᠣᠲᠠ ᠶᠢᠨ ᠵᠠᠮ ᠳᠡᠭᠡᠷ᠎ᠡ ᠬᠠᠮᠢᠭᠠᠰᠢ ᠪᠠᠨ ᠴᠤ ᠦᠭᠡᠢ ᠭᠠᠴᠠᠨ᠂ ᠬᠡᠨ ᠨᠢᠭᠡᠨ ᠲᠡᠢ ᠤᠲᠠᠰᠤ ᠪᠠᠷ ᠶᠠᠷᠢᠵᠤ ᠪᠠᠶᠢᠭᠰᠠᠨ ᠵᠢᠯᠣᠭᠣᠴᠢ ᠵᠠᠯᠠᠭᠤ ᠰᠠᠯᠬᠢᠨ ᠤ ᠰᠢᠯ ᠳᠡᠭᠡᠷ᠎ᠡ ᠬᠡᠢᠰᠦᠨ ᠪᠠᠭᠤᠭᠰᠠᠨ ᠨᠠᠪᠴᠢ ᠶᠢ ᠠᠵᠢᠭ ᠦᠭᠡᠢ ᠬᠠᠷᠠᠭᠰᠠᠨ ᠢᠶᠠᠨ᠂ ᠠᠬᠢᠨ ᠯᠠᠪᠠᠬᠤ ᠳᠤ ᠪᠠᠨ ᠬᠥᠰᠢᠵᠦ ᠤᠷᠬᠢᠪᠠ᠃  ᠪᠠᠶᠠᠷ ᠡ ᠂ ᠬᠦᠶ᠋ᠢ ᠪᠠᠶᠠᠷ  ᠡ᠂ ᠪᠠᠶᠢᠨ᠎ᠠ ᠤᠤ︖ ᠬᠡᠮᠡᠨ ᠬᠠᠷᠢᠯᠴᠠᠭᠤᠷ ᠤᠨ ᠴᠠᠭᠠᠨ᠎ᠠ ᠠᠴᠠ ᠬᠡᠨ ᠨᠢᠭᠡᠨ ᠦ ᠬᠣᠭᠣᠯᠠᠢ ᠰᠣᠨᠣᠰᠤᠭᠳᠠᠨ᠎ᠠ᠃  ᠪᠢ ᠡᠷᠭᠢᠭᠡᠳ ᠵᠠᠯᠭᠠᠶ᠎ᠠ ᠭᠡᠵᠦ ᠪᠠᠶᠠᠷ ᠬᠡᠯᠡᠭᠡᠳ ᠬᠠᠷᠢᠯᠴᠠᠭᠤᠷ ᠢᠶᠠᠨ ᠰᠠᠯᠭᠠᠵᠤ ᠮᠥᠨᠥᠬᠢ ᠨᠠᠪᠴᠢ ᠶᠢ ᠠᠩᠵᠠᠭᠠᠷᠠᠨ ᠬᠠᠷᠠᠪᠠᠯ ᠶᠠᠭᠠᠬᠢᠬᠤ ᠠᠷᠭ᠎ᠠ ᠦᠭᠡᠢ ᠲᠡᠭᠦᠨ ᠳᠡᠭᠡᠷ᠎ᠡ ᠬᠡᠨ ᠨᠢᠭᠡᠨ ᠶᠠᠮᠠᠷ ᠨᠢᠭᠡᠨ ᠵᠦᠢᠯ ᠪᠢᠴᠢᠭᠰᠡᠨ ᠪᠣᠯᠵᠤ ᠲᠠᠭᠠᠷᠠᠪᠠ᠃ ᠲᠣᠭ᠎ᠠ ᠪᠢᠴᠢᠵᠡᠢ᠃ ᠲᠡᠭᠦᠰᠬᠡᠯ ᠨᠢ 8909 ᠭᠡᠰᠡᠨ ᠳᠥᠷᠪᠡᠨ ᠲᠣᠭ᠎ᠠ ᠲᠣᠳᠣᠬᠠᠨ ᠦᠵᠡᠭᠳᠡᠬᠦ ᠳᠦ ᠯᠠᠪᠯᠠᠨ ᠰᠠᠶᠢᠨ ᠬᠠᠷᠠᠪᠠᠯ ᠡᠨᠡ ᠲᠣᠭ᠎ᠠ ᠨᠤᠭᠤᠳ ᠶᠠᠮᠠᠷ ᠨᠢᠭᠡᠨ ᠤᠳᠬ᠎ᠠ ᠤᠴᠢᠷ ᠢ ᠢᠯᠡᠷᠬᠡᠶᠢᠯᠡᠭᠡᠳ ᠪᠠᠶᠢᠭ᠎ᠠ ᠴᠤ ᠶᠤᠮ ᠰᠢᠭ᠂ ᠡᠰᠡᠪᠡᠯ ᠳᠡᠩᠳᠡᠭᠦᠦ ᠲᠠᠨᠢᠯ᠂ ᠥᠩᠭᠡᠷᠡᠭᠰᠡᠨ ᠠᠮᠢᠳᠤᠷᠠᠯ ᠤᠨ ᠲᠣᠳᠣ ᠭᠡᠭᠡᠨ ᠳᠤᠷᠠᠰᠤᠮᠵᠢ ᠶᠤᠮ ᠰᠢᠭ ᠰᠠᠨᠠᠭᠳᠠᠬᠤ ᠳᠤ ᠮᠠᠰᠢᠨ ᠠᠴᠠ ᠪᠠᠨ ᠪᠠᠭᠤᠵᠤ ᠰᠠᠯᠬᠢᠨ ᠤ ᠰᠢᠯ ᠳᠡᠭᠡᠷ᠎ᠡ ᠲᠣᠭᠲᠠᠭᠰᠠᠨ ᠤᠯᠠᠪᠤᠷ ᠰᠢᠷᠭᠠᠯ ᠨᠠᠪᠴᠢ ᠶᠢ ᠠᠪᠤᠨ ᠪᠤᠴᠠᠵᠤ ᠮᠠᠰᠢᠨ ᠳᠤ ᠪᠠᠨ ᠰᠠᠭᠤᠪᠠ᠃ 《8909》 ᠬᠡᠮᠡᠨ ᠠᠮᠠᠨ ᠳᠤ ᠪᠠᠨ ᠦᠭᠡᠯᠡᠨ ᠰᠠᠭᠤᠭᠰᠠᠨ ᠢᠶᠠᠨ᠂ ᠮᠠᠭᠠᠳ ᠡᠭᠦᠨ ᠢ ᠪᠢᠴᠢᠭᠰᠡᠨ ᠬᠦᠮᠦᠨ ᠨᠢ ᠪᠠᠶᠠᠷ ᠢ ᠬᠣᠯᠠ ᠠᠴᠠ ᠠᠵᠢᠭᠯᠠᠨ ᠬᠠᠷᠠᠵᠤ ᠪᠠᠶᠢᠭ᠎ᠠ ᠶᠤᠮ ᠰᠢᠭ ᠰᠠᠨᠠᠭᠳᠠᠨ ᠡᠷᠭᠢᠨ ᠲᠣᠭᠣᠷᠢᠨ ᠢ ᠬᠠᠷᠠᠭᠰᠠᠨ ᠴᠤ᠂ ᠪᠥᠭᠯᠡᠷᠡᠵᠦ ᠪᠤᠬᠢᠨᠢᠲᠤᠭᠰᠠᠨ ᠵᠢᠯᠣᠭᠣᠴᠢ ᠨᠠᠷ ᠠᠴᠠ ᠥᠭᠡᠷ᠎ᠡ ᠵᠠᠯᠠᠭᠤ ᠡᠷ᠎ᠡ ᠶᠢ ᠠᠩᠵᠠᠭᠠᠷᠠᠬᠤ ᠬᠦᠮᠦᠨ ᠪᠠᠶᠢᠭᠰᠠᠨ ᠦᠭᠡᠢ᠃ ᠨᠠᠪᠴᠢ ᠶᠢ ᠡᠷᠭᠢᠭᠦᠯᠵᠦ ᠲᠣᠭᠣᠷᠢᠭᠤᠯᠤᠨ ᠬᠠᠷᠠᠵᠤ ᠰᠠᠭᠤᠬᠤ ᠳᠤ ᠪᠠᠨ ᠯᠠ ᠰᠡᠳᠬᠢᠯ ᠵᠢᠷᠦᠬᠡᠨ ᠦ ᠬᠢ ᠨᠢ ᠭᠦᠨ ᠡᠴᠡ ᠬᠦᠨᠳᠦᠬᠡᠨ ᠳᠤᠷᠠᠰᠤᠮᠵᠢ ᠳᠡᠪᠡᠷᠡᠨ᠂ ᠠᠨᠢᠰᠬ᠎ᠠ ᠨᠢ ᠴᠢᠭᠢᠭᠲᠦᠭᠡᠳ ᠢᠷᠡᠪᠡ᠃ ᠲᠦᠷᠦᠭᠦᠦ ᠨᠠᠮᠤᠷ ᠤᠨ ᠶᠠᠭ ᠡᠶᠢᠮᠦ ᠯᠠ ᠡᠳᠦᠷ᠂ ᠪᠦᠷ ᠶᠠᠭ ᠡᠶᠢᠮᠦ ᠨᠠᠪᠴᠢ ᠶᠢ ᠠᠯᠠᠭᠠᠨ ᠳᠡᠭᠡᠷ᠎ᠡ ᠪᠡᠨ ᠲᠠᠯᠪᠢᠭᠠᠳ ᠨᠢᠯᠪᠤᠰᠤ ᠳᠤᠰᠤᠯᠠᠭᠤᠯᠤᠨ ᠵᠣᠭᠰᠣᠵᠤ ᠪᠠᠶᠢᠭᠰᠠᠨ ᠢᠶᠠᠨ ᠡᠷᠭᠢᠨ ᠰᠠᠨᠠᠭᠰᠠᠨ ᠬᠡᠷᠡᠭ᠃ ᠳᠦᠪ ᠳᠦᠭᠦᠷᠡᠩ ᠪᠠᠶᠢᠭᠰᠠᠨ ᠠᠵᠠ ᠵᠢᠷᠭᠠᠯ ᠲᠠᠢ ᠠᠮᠢᠳᠤᠷᠠᠯ ᠤᠨ ᠬᠢ ᠨᠢ ᠳᠤᠮᠳᠠᠭᠤᠷ ᠠᠶᠤᠩᠭ᠎ᠠ ᠴᠠᠬᠢᠯᠭᠠᠨ ᠮᠡᠲᠦ ᠵᠦᠢᠯ ᠬᠠᠷᠪᠤᠨ ᠣᠷᠣᠵᠤ ᠢᠷᠡᠭᠡᠳ ᠬᠠᠶᠢᠷᠠᠲᠠᠢ ᠡᠬᠡᠨᠡᠷ ᠢ ᠨᠢ ᠠᠪᠴᠤ ᠣᠳᠤᠭᠰᠠᠨ ᠣᠰᠣᠯ ᠪᠣᠯᠤᠭᠰᠠᠨ ᠲᠡᠷᠡ ᠡᠳᠦᠷ ᠪᠠᠶᠠᠷ᠎ᠠ ᠶᠢᠨ ᠠᠮᠢᠳᠤᠷᠠᠯ ᠤᠨ ᠬᠦᠨᠳᠦ ᠳᠤᠷᠠᠰᠤᠮᠵᠢ᠂ ᠰᠡᠳᠬᠢᠯ ᠵᠢᠷᠦᠬᠡᠨ ᠡᠴᠡ ᠨᠢ ᠰᠠᠯᠵᠤ ᠬᠠᠭᠠᠴᠠᠮᠠᠷ ᠦᠭᠡᠢ ᠭᠠᠭᠴᠠᠭᠠᠷᠳᠠᠯ ᠴᠥᠬᠥᠷᠡᠯ ᠢ ᠡᠭᠦᠷᠢᠳᠡ ᠠᠪᠴᠤ ᠢᠷᠡᠭᠰᠡᠨ ᠪᠢᠯᠡ᠃ ᠥᠨᠥᠳᠥᠷ ᠡᠷᠲᠡᠬᠡᠨ ᠬᠠᠷᠢᠭᠠᠳ ᠡᠬᠡᠨᠡᠷ ᠦᠨ ᠢᠶᠡᠨ ᠳᠤᠷᠠᠰᠬᠠᠯ ᠢ ᠬᠦᠨᠳᠦᠳᠭᠡᠬᠦ ᠤᠴᠢᠷ ᠲᠠᠢ ᠴᠤ᠂ ᠡᠨᠡ ᠶᠡᠬᠡ ᠲᠦᠭᠵᠢᠷᠡᠯ ᠢ ᠶᠠᠭᠠᠬᠢᠯᠲᠠᠢ᠃ ᠵᠢᠭᠦᠷ ᠲᠡᠢ ᠪᠣᠯ ᠨᠢᠰᠦᠭᠡᠳ ᠵᠠᠶᠢᠯᠠᠴᠢᠬᠠᠮᠠᠷ ᠵᠠᠮ ᠤᠨ ᠲᠦᠭᠵᠢᠷᠡᠯ ᠲᠡᠭᠦᠨ ᠢ ᠭᠤᠨᠢᠭ ᠤᠢᠳᠬᠠᠷ ᠲᠠᠢ ᠨᠢ ᠬᠠᠮᠲᠤ ᠵᠠᠮ ᠳᠡᠭᠡᠷ᠎ᠡ ᠤᠶᠠᠨ ᠲᠣᠷᠭᠣᠭᠠᠵᠤ ᠪᠠᠶᠢᠭᠰᠠᠨ ᠨᠢ ᠶᠠᠮᠠᠷ ᠨᠢᠭᠡᠨ ᠤᠴᠢᠷ ᠲᠠᠢ ᠴᠤ ᠶᠤᠮ ᠰᠢᠭ᠃ ᠬᠠᠮᠤᠭ ᠤᠨ ᠰᠡᠭᠦᠯ ᠳᠦ ᠡᠬᠡᠨᠡᠷ ᠨᠢ ᠠᠷᠠᠶᠢᠬᠢᠨ ᠦᠭᠡ ᠡᠪᠯᠡᠭᠦᠯᠵᠦ 《 ᠨᠠᠮᠤᠷ ᠤᠨ ᠨᠠᠪᠴᠢ ᠰᠢᠭ ᠭᠠᠩᠳᠠᠵᠤ ᠶᠠᠪᠤᠯ ᠦᠭᠡᠢ ᠁ 》 ᠭᠡᠳ ᠭᠦᠢᠴᠡᠭᠡᠵᠦ ᠬᠡᠯᠡᠯ ᠦᠭᠡᠢ ᠠᠮᠠ ᠠᠩᠭᠠᠯᠵᠠᠭᠰᠠᠭᠠᠷ ᠮᠥᠩᠬᠡ ᠪᠤᠰᠤ ᠶᠢᠨ ᠣᠷᠴᠢᠯᠠᠩ ᠳᠤ ᠠᠭᠤᠰᠤᠭᠰᠠᠨ ᠪᠢᠯᠡ᠃ ᠡᠬᠡᠨᠡᠷ ᠦᠨ ᠣᠷᠣᠰᠢᠭᠤᠯᠭ᠎ᠠ ᠪᠣᠯᠬᠤ ᠶᠢᠨ ᠡᠮᠦᠨᠡᠬᠢ ᠰᠥᠨᠢ᠂ ᠪᠦᠬᠦ ᠶᠠᠭᠤᠮ᠎ᠠ ᠵᠠᠭᠤᠷᠠᠳᠤ ᠶᠢᠨ ᠭᠡᠳᠡᠭ ᠢ ᠤᠬᠠᠭᠠᠷᠠᠭᠰᠠᠨ ᠲᠡᠷᠡ ᠰᠥᠨᠢ ᠲᠠᠭᠲᠤᠨ ᠳᠡᠭᠡᠷ᠎ᠡ ᠨᠢ ᠤᠨᠠᠭᠰᠠᠨ ᠨᠠᠪᠴᠢᠰ ᠠᠴᠠ ᠶᠠᠭ ᠡᠶᠢᠮᠦ ᠨᠠᠪᠴᠢ ᠰᠣᠩᠭᠣᠨ ᠠᠪᠴᠤ ᠲᠡᠭᠦᠨ ᠳᠡᠭᠡᠷ᠎ᠡ ᠵᠠᠭᠤᠷᠠᠳᠤ ᠶᠢᠨ ᠣᠷᠴᠢᠯᠠᠩ ᠳᠤ ᠢᠷᠡᠭᠰᠡᠨ ᠦᠨᠡᠨ ᠬᠠᠶᠢᠷ᠎ᠠ ᠶᠢᠨ ᠢᠶᠠᠨ ᠲᠤᠬᠠᠢ ᠳᠥᠷᠪᠡᠨ ᠮᠥᠷ ᠰᠢᠯᠦᠭ ᠪᠢᠴᠢᠭᠡᠳ ᠡᠩᠭᠡᠷ ᠦᠨ ᠬᠠᠯᠠᠭᠠᠰᠤᠨ ᠳᠤ ᠪᠠᠨ ᠬᠢᠵᠦ ᠪᠢᠯᠡ᠃ ᠥᠨᠦᠴᠢᠷᠡᠵᠦ ᠦᠯᠡᠳᠡᠭᠰᠡᠨ ᠬᠦᠦ ᠪᠡᠨ ᠲᠡᠪᠡᠷᠢᠨ ᠡᠬᠡᠨᠡᠷ ᠦᠨ ᠢᠶᠡᠨ ᠣᠷᠣᠰᠢᠭᠤᠯᠭᠠᠨ ᠳᠡᠭᠡᠷ᠎ᠡ ᠨᠢᠯᠪᠤᠰᠤ ᠳᠤᠰᠤᠯᠠᠭᠤᠯᠤᠨ ᠵᠣᠭᠰᠣᠵᠤ ᠪᠠᠶᠢᠭᠰᠠᠨ ᠲᠡᠷᠡ ᠬᠦᠨᠳᠦ ᠡᠳᠦᠷ ᠬᠠᠮᠤᠭ ᠤᠨ ᠰᠡᠭᠦᠯ ᠳᠦ ᠡᠩᠭᠡᠷ ᠦᠨ ᠬᠠᠯᠠᠭᠠᠰᠤᠨ ᠠᠴᠠ ᠪᠠᠨ ᠲᠡᠷᠡ ᠬᠦ ᠨᠠᠪᠴᠢᠨ ᠳᠡᠭᠡᠷ᠎ᠡ ᠪᠢᠴᠢᠭᠰᠡᠨ ᠰᠢᠯᠦᠭ ᠢᠶᠡᠨ ᠭᠠᠷᠭᠠᠨ ᠱᠠᠷᠢᠯ ᠳᠡᠭᠡᠷ᠎ᠡ ᠨᠢ ᠲᠠᠯᠪᠢᠭᠠᠳ ᠪᠤᠴᠠᠭᠰᠠᠨ ᠶᠤᠮ᠃

1        0       

                             13847524386      211429899@qq.com      13847524386   QQ  211429899 蒙ICP备17002503号-1