ᠳᠥᠷᠪᠡᠨ ᠣᠯᠠᠷᠢᠯ ︱ ᠨᠨ ᠂ ᠰᠠᠠᠢᠨᠴᠣᠭᠳᠣ
ᠵᠠᠯᠠᠭᠣᠴᠣᠳ ᠪᠣᠯ ᠬᠦᠮᠦᠨ ᠲᠦᠷᠦᠯᠬᠢᠳᠡᠨ ᠦ ᠬᠡᠦᠬᠡᠨ ᠬᠠᠪᠣᠷ ᠮᠦᠨ ᠃ ︵ ᠭᠦᠸᠸ ᠮᠦᠸᠸ ᠷᠦᠸᠸ ︶
ᠰᠢᠯᠦᠭ ᠦᠨ ᠰᠠᠨᠠᠭ᠎ᠠ ᠬᠠᠪᠣᠷ ᠢ ᠨᠠᠨᠳᠢᠩᠨᠠᠬᠣ ᠲᠠᠮᠢᠷ
ᠢᠶᠠᠷ ᠯᠣᠳᠣ ᠪᠠᠢᠳᠠᠭ ᠃
ᠠᠮᠢᠳᠣᠷᠠᠯ ᠤᠨ ᠲᠦᠷᠢ ᠰᠡᠳᠬᠢᠯ ᠢ ᠲᠠᠳᠠᠬᠣ ᠬᠦᠴᠦ ᠪᠡᠷ ᠶᠡᠬᠡ ᠪᠠᠢᠳᠠᠭ ᠃
796
2023-01-31 15:59
发表于:内蒙古
ᠳᠥᠷᠪᠡᠨ ᠣᠯᠠᠷᠢᠯ
︱ ᠨᠨ ᠂ ᠰᠠᠠᠢᠨᠴᠣᠭᠳᠣ
ᠠᠮᠢᠰᠭᠤᠯ ᠳᠤᠯᠠᠭᠠᠨ ᠬᠠᠪᠤᠷ ᠤᠨ ᠰᠠᠯᠬᠢᠠ ᠦᠯᠢᠶᠡᠪᠡᠯ
ᠠᠮᠢ ᠪᠥᠬᠥᠨ ᠨᠢᠳᠦ ᠨᠡᠭᠡᠭᠡᠨ ᠢᠨᠢᠶᠡᠮᠰᠦᠭᠯᠡᠨ᠎ᠡ
ᠠᠮᠢᠳᠡᠨ ᠦ ᠳᠡᠭᠡᠳᠦ ᠪᠢᠳᠡ ᠪᠦᠬᠦᠨ ᠬᠥᠮᠥᠨ ᠴᠤ᠌
ᠠᠷᠢᠭᠤᠨ ᠨᠠᠢᠷᠠᠮᠳᠠᠭᠣᠨ ᠡᠪᠲᠦ᠍ ᠰᠡᠳᠭᠢᠯ ᠡᠶᠡᠷ
ᠬᠥᠭᠵᠢᠨ᠎ᠡ᠃
ᠰᠢᠮ᠎ᠡ ᠲᠡᠭᠦᠯᠳᠡᠷ ᠵᠤᠨ ᠤ ᠪᠣᠷᠣᠭᠠᠨ ᠪᠠᠭᠣᠪᠠᠯ
ᠰᠢᠯᠢ ᠲᠠᠯ᠎ᠠ ᠴᠡᠴᠡᠭ ᠨᠣᠭᠣᠭ᠎ᠠ ᠪᠡᠷ ᠪᠦᠷᠬᠦᠭᠳᠡᠨ᠎ᠡ᠂
ᠰᠢᠨᠵᠢ ᠪᠠᠳᠠᠷᠠᠩᠭᠤᠢ ᠵᠣᠷᠢᠭ ᠰᠠᠨᠠᠭ᠎ᠠ ᠭᠦᠭᠵᠢᠪᠡᠯ
ᠰᠢᠨᠡᠳᠦᠨ ᠮᠠᠨᠳᠤᠬᠤ ᠠᠵᠢᠯ ᠦᠢᠯᠡᠰ
ᠳᠡᠭᠵᠢᠷᠡᠨ᠎ᠡ᠃
ᠰᠠᠷᠢᠭᠦᠨ ᠲᠤᠩᠭᠠᠯᠠᠭ ᠨᠠᠮᠤᠷ ᠤᠨ ᠰᠡᠷᠡᠨ ᠮᠠᠨᠳᠣᠪᠠᠯ
ᠰᠡᠯᠡᠭᠦᠨ ᠲᠣᠭᠲᠠᠭᠤᠨ ᠦᠳᠡᠰᠢ ᠢ᠌᠌ᠨ ᠶᠢᠷᠳᠢᠨᠴᠦ᠍
ᠨᠡᠬᠡᠬᠡᠭᠳᠡᠨᠡ᠃
ᠰᠡᠬᠡᠬᠡᠷᠡᠨ ᠤᠬᠠᠭᠠᠷᠠᠬᠤ ᠡᠷᠬᠡᠳᠡᠨ ᠮᠡᠳᠡᠷᠡᠯ
ᠰᠡᠷᠭᠦᠪᠡᠯ
ᠰᠡᠳᠭᠢᠯ ᠰᠠᠨᠠᠭ᠎ᠠ ᠳᠣᠲᠣᠭᠠᠳᠤ ᠪᠣᠳᠣᠯᠭ᠎ᠠ
ᠭᠦᠨᠵᠡᠭᠡᠢᠷᠡᠨ᠎ᠡ᠃
ᠠᠷᠢᠭᠤᠨ ᠴᠠᠭᠠᠨ ᠡᠪᠦᠯ ᠤᠨ ᠴᠠᠰᠤᠨ ᠪᠠᠭᠣᠪᠠᠯ
ᠠᠮᠢᠰᠬᠤᠭ᠎ᠠ ᠳᠣᠲᠣᠭᠰᠢᠯᠠᠨ ᠮᠥᠩᠭᠥᠨ ᠪᠦᠷᠢᠶᠡᠰᠦ
ᠪᠡᠷ ᠬᠤᠴᠢᠭᠳᠠᠨᠠ
ᠠᠮᠣᠰᠭᠢᠭᠦ᠌ ᠪᠢᠳᠡ ᠪᠦᠬᠦᠨ ᠬᠥᠮᠥᠨ ᠴᠤ᠌
ᠠᠮᠢᠨ ᠤ ᠬᠦᠭᠵᠢᠪᠦᠷᠢ ᠬᠠᠪᠤᠷ ᠤᠨ ᠪᠣᠰᠣᠯᠳᠠ
ᠪᠡᠨ ᠵᠡᠭᠦᠳᠦᠯᠡᠨ᠎ᠡ᠃
︱ ︽ ᠤᠷᠤᠭᠰᠢᠯᠠᠬᠤ ᠪᠢᠳᠡᠨ ᠦ ᠦᠷ
ᠦᠨ ᠲᠠᠭᠤᠨ ︾ ᠡᠴᠡ
11 1