  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1774389
   1251

ᠠᠪᠤ ᠪᠢᠳᠡ 2

ᠵᠣᠬᠢᠶᠠᠯᠴᠢ ᠪ ᠊ ᠭᠠᠩᠴᠢᠮᠡᠭ᠌ ᠤᠨ ᠠᠪᠤ ᠶᠢᠨ ᠳᠤᠬᠠᠢ ᠳᠤᠷᠠᠰᠤᠮᠵᠢ ᠶᠤᠮ ᠪᠠᠢᠨ᠎ᠠ᠃ ᠮᠢᠨᠦ ᠠᠪᠤ ᠪᠠᠰᠠ ᠨᠠᠮᠤᠷ ᠴᠠᠭ ᠬᠣᠷᠸ᠎ᠠ ᠡᠴᠡ ᠪᠤᠴᠠᠭᠰᠠᠨ ᠪᠢᠯᠡ︕
        4679     
2018-09-16 10:15    
发表于:内蒙古
ᠵᠣᠬᠢᠶᠠᠯᠴᠢ᠄ ᠪ ∙ ᠭᠠᠩᠴᠢᠮᠡᠭ #ᠠᠪᠤ ᠎ᠪᠢᠳᠡ᠎ᠬᠣᠶᠠᠷ ᠡᠪᠡᠰᠦᠨ ᠲᠣᠯᠣᠭᠠᠢ ᠪᠥᠬᠥᠯᠵᠡᠭᠡᠳ ᠯᠠ ᠁ ᠥᠷᠯᠥᠭᠡ ᠣᠷᠣᠢ ᠳᠤ ᠪᠠᠨ ᠵᠢᠩᠳᠡᠭᠡᠭᠡᠳ ᠯᠠ ᠁ ᠣᠷᠣᠭᠰᠠᠨ ᠴᠤ ᠭᠠᠷᠤᠭᠰᠠᠨ ᠴᠤ ᠭᠡᠭᠢᠯᠵᠡᠭᠡᠳ ᠯᠠ ᠶᠠᠭᠠᠬᠢᠬᠤ ᠠᠷᠭ᠎ᠠ ᠦᠭᠡᠢ ᠨᠠᠮᠤᠷ ᠴᠠᠭ ᠢᠷᠡᠭᠰᠡᠨ ᠳ᠋ᠡᠭ ᠡ᠃ ᠬᠦᠢᠲᠡᠨ ᠦ ᠠᠮᠠ ᠨᠠᠭᠠᠰᠢᠯᠠᠵᠤ ᠬᠥᠬᠥᠥᠷ ᠦᠨ ᠠᠮᠠ ᠴᠠᠰᠢᠯᠠᠬᠤ ᠴᠠᠭ ᠢᠩᠭᠢᠭᠡᠳ ᠶᠠᠭᠠᠬᠢᠬᠤ ᠡᠢᠬᠦ ᠶᠢᠨ ᠵᠠᠭᠤᠷ᠎ᠠ ᠦᠭᠡᠢ ᠭᠠᠳᠠᠭ᠎ᠠ ᠢᠷᠡᠭᠡᠳ ᠤᠶᠠᠭᠠᠨ ᠳᠡᠭᠡᠷ᠎ᠡ ᠪᠠᠭᠤᠴᠢᠬᠠᠳᠠᠭ ᠪᠠᠶᠢᠵᠠᠢ᠃ ᠨᠠᠮᠤᠷ ᠪᠣᠯ ᠮᠢᠨᠦ ᠬᠠᠮᠤᠭ ᠤᠨ ᠳᠤᠷᠠᠲᠠᠢ ᠤᠯᠠᠷᠢᠯ᠃ ᠬᠠᠷᠢᠵᠤ ᠪᠠᠶᠢᠭ᠎ᠠ᠂ ᠪᠤᠴᠠᠵᠤ ᠪᠠᠶᠢᠭ᠎ᠠ ᠲᠤᠰᠤᠮ ᠢᠶᠠᠨ ᠠᠮᠢᠳᠤᠷᠠᠯ ᠢ ᠲᠡᠭᠡᠬᠦ ᠡᠴᠡ ᠲᠡᠭᠡᠬᠦ ᠭᠡᠰᠡᠨ ᠶᠤᠮ ᠰᠢᠭ ᠦᠨ᠎ᠡ ᠴᠡᠨ᠎ᠡ ᠣᠷᠣᠭᠤᠯᠵᠤ ᠪᠠᠶᠢᠳᠠᠭ ᠬᠦᠮᠦᠨ ᠪᠦᠬᠦᠨ ᠦ ᠳᠣᠲᠣᠷ ᠢ ᠭᠣᠭᠣᠳᠤᠨ ᠬᠥᠪᠬᠡᠯᠵᠡᠵᠦ ᠬᠥᠨᠳᠡᠭᠦᠷᠯᠡᠭᠦᠯᠵᠦ ᠪᠠᠶᠢᠳᠠᠭ ᠡᠨᠡ ᠴᠠᠭ ᠲᠤ ᠶᠠᠭᠠᠬᠢᠭᠠᠳ ᠴᠤ ᠶᠤᠮ ᠪᠢ ᠳᠤᠷᠠᠲᠠᠢ᠃ ᠬᠣᠷᠸ᠎ᠠ ᠳᠤ ᠢᠷᠡᠭᠰᠡᠨ ᠡᠴᠡ ᠪᠡᠨ ᠬᠣᠶᠢᠰᠢ ᠦᠵᠡᠵᠦ ᠥᠩᠭᠡᠷᠡᠭᠦᠯᠦᠭᠰᠡᠨ ᠭᠤᠴᠢ ᠭᠠᠷᠤᠶᠢᠬᠠᠨ ᠨᠠᠮᠤᠷ ᠮᠢᠨᠢ ᠡᠷᠭᠢᠨ ᠰᠠᠨᠠᠬᠤ ᠳᠤ ᠪᠥᠭᠥᠳᠡᠭᠡᠷ ᠢᠶᠡᠨ ᠨᠠᠳᠠ ᠳᠤ ᠦᠨ᠎ᠡ ᠲᠡᠢ ᠰᠠᠨᠠᠭᠳᠠᠨ᠎ᠠ᠃ ᠥᠨᠳᠥᠷ ᠡᠮᠡᠭᠡ ᠳᠡᠭᠡᠷ᠎ᠡ ᠪᠡᠨ ᠰᠥ᠋ ᠪᠢᠰᠢ ᠰᠡᠭᠦᠯ ᠡᠨᠡ ᠲᠡᠷᠡ ᠬᠥᠬᠦᠨ ᠪᠠᠷᠤᠭ ᠰᠠᠶᠢᠨ ᠳᠤᠷ᠎ᠠ ᠪᠠᠷ ᠢᠶᠠᠨ ᠬᠦᠮᠦᠨ ᠪᠣᠯᠬᠤ ᠭᠡᠵᠦ ᠶᠠᠳᠠᠵᠤ ᠪᠠᠶᠢᠭᠰᠠᠨ ᠪᠢ ᠠᠷᠠᠢ ᠶᠠᠳᠠᠨ ᠶᠢᠰᠦᠨ ᠰᠠᠷ᠎ᠠ ᠬᠦᠷᠦᠭᠡᠳ ᠶᠠᠭ ᠥᠨᠥᠳᠥᠷ ᠦᠨ ᠬᠢ ᠰᠢᠭ ᠰᠡᠩᠭᠢᠨᠡᠵᠦ ᠰᠡᠷᠪᠡᠯᠵᠡᠭᠰᠡᠨ ᠡᠶᠢᠮᠦ ᠨᠢᠭᠡᠨ ᠨᠠᠮᠤᠷ ᠤᠨ ᠡᠳᠦᠷ ᠠᠶᠢᠯ ᠳᠤ ᠡᠷᠭᠦᠭᠳᠡᠭᠰᠡᠨ ᠪᠠᠶᠢᠳᠠᠭ᠃ ᠲᠡᠷᠡ ᠪᠣᠯ 1971 ᠣᠨ ᠤ ᠶᠢᠰᠦᠨ ᠰᠠᠷ᠎ᠠ᠃ ᠬᠤᠪᠢ ᠵᠠᠶᠠᠭᠠᠨ ᠤ ᠮᠢᠨᠢ ᠠᠩᠬᠠᠨ ᠤ ᠨᠠᠮᠤᠷ᠃ ᠥᠨᠳᠥᠷ ᠡᠮᠡᠭᠡ ᠭᠡᠳᠡᠭ ᠮᠠᠨᠢ ᠮᠢᠨᠦ ᠬᠡᠵᠢᠶ᠎ᠡ ᠴᠤ ᠠᠭᠤᠯᠵᠠᠵᠤ ᠦᠵᠡᠭᠡ ᠦᠭᠡᠢ᠂ ᠤᠬᠠᠭ᠎ᠠ ᠮᠡᠳᠡᠭᠡ ᠣᠷᠣᠭᠰᠠᠨ ᠴᠠᠭ ᠠᠴᠠ ᠪᠠᠨ ᠬᠣᠶᠢᠰᠢ ᠨᠢᠭᠡ ᠴᠤ ᠤᠳᠠᠭ᠎ᠠ ᠬᠠᠷᠠᠭ᠎ᠠ ᠦᠭᠡᠢ ᠬᠦᠮᠦᠨ ᠶᠤᠮ᠃ ᠮᠢᠨᠦ ᠡᠮᠡᠭᠡ ᠶᠢᠨ ᠡᠵᠢ ᠪᠣᠯᠬᠤ ᠲᠡᠷᠡ ᠬᠥᠭᠰᠢᠨ ᠡᠴᠢᠭᠡ ᠡᠬᠡ ᠨᠢ ᠲᠠᠷᠬᠠᠵᠤ ᠪᠤᠲᠠᠷᠠᠭᠠᠳ ᠠᠯᠠᠭ᠎ᠠ ᠪᠣᠯᠤᠭᠰᠠᠨ ᠴᠠᠭ ᠠᠴᠠ ᠬᠣᠶᠢᠰᠢ ᠨᠠᠮ᠎ᠠ ᠶᠢ ᠥᠪᠡᠷ ᠳᠡᠭᠡᠷ᠎ᠡ ᠪᠡᠨ ᠬᠡᠳᠦᠨ ᠰᠠᠷ᠎ᠠ ᠠᠪᠴᠤ ᠪᠠᠶᠢᠭᠰᠠᠨ ᠭᠡᠳᠡᠭ᠃ ᠨᠢᠭᠡᠨᠲᠡ ᠡᠴᠢᠭᠡ ᠮᠠᠨᠢ ᠥᠭᠡᠷ᠎ᠡ ᠠᠮᠢᠳᠤᠷᠠᠯ ᠤᠨ ᠮᠥᠷ ᠬᠥᠭᠡᠭᠡᠵᠦ᠂ ᠡᠬᠡ ᠮᠠᠨᠢ ᠰᠢᠷᠠᠯᠬᠠᠭᠠᠳ ᠬᠦᠮᠦᠨ ᠳᠠᠭᠠᠭᠠᠳ ᠠᠯᠠᠭ᠎ᠠ ᠪᠣᠯᠴᠢᠬᠠᠭᠰᠠᠨ ᠪᠣᠯᠬᠣᠷ ᠲᠡᠳᠡᠨ ᠡᠴᠡ ᠥᠭᠡᠷ᠎ᠡ ᠨᠠᠮ᠎ᠠ ᠶᠢ ᠠᠪᠬᠤ ᠬᠦᠮᠦᠨ ᠪᠠᠶᠢᠭᠰᠠᠨ ᠦᠭᠡᠢ᠃ ᠨᠠᠰᠤ ᠥᠨᠳᠥᠷ ᠭᠠᠷᠤᠭᠰᠠᠨ ᠡᠬᠡ ᠨᠢ ᠬᠡᠦᠬᠡᠳ ᠬᠠᠷᠠᠵᠤ ᠬᠦᠴᠦᠷᠡᠬᠦ ᠪᠡᠨ ᠪᠠᠶᠢᠭᠰᠠᠨ ᠨᠢ ᠨᠢᠳᠦᠨ ᠦ ᠡᠮᠦᠨ᠎ᠡ ᠢᠯᠡ ᠦᠵᠡᠭᠳᠡᠨ ᠵᠣᠪᠠᠭᠠᠵᠤ᠂ ᠡᠪᠦᠭᠡ ᠡᠴᠢᠭᠡ ᠮᠠᠨᠢ ᠰᠢᠯ ᠲᠡᠢ ᠴᠡᠩᠬᠡᠷ᠂ ᠳᠠᠯᠤᠤ ᠬᠣᠶᠠᠷ ᠤᠨ ᠠᠷᠤ ᠠᠴᠠ ᠪᠠᠷ᠎ᠠ ᠰᠤᠷᠠᠭ ᠦᠭᠡᠢ ᠬᠡᠳᠦᠨ ᠬᠣᠨᠣᠭ ᠢᠶᠠᠷ ᠠᠷᠢᠯᠠᠴᠢᠬᠠᠭᠰᠠᠨ᠂ ᠳᠡᠭᠡᠷ᠎ᠡ ᠡᠴᠡ ᠨᠢ ᠶᠠᠭᠤ ᠶᠠᠭᠤ ᠦᠭᠡᠢ ᠬᠠᠶᠠᠭ᠎ᠠ ᠬᠣᠲᠠ ᠬᠥᠪᠰᠦᠯᠵᠡᠭᠦᠯᠦᠭᠰᠡᠨ ᠨᠠᠮᠤᠷ ᠴᠠᠭ ᠰᠡᠩᠭᠢᠨᠡᠵᠦ ᠡᠮᠡᠭᠡ ᠮᠠᠨᠢ ᠪᠠᠶᠢᠵᠤ ᠰᠠᠭᠤᠬᠤ ᠳᠤ ᠬᠡᠴᠡᠭᠦᠦ ᠰᠢᠨᠠᠯᠤᠭᠠᠳ ᠮᠢᠨᠦ ᠬᠤᠪᠢ ᠵᠠᠶᠠᠭ᠎ᠠ ᠶᠢ ᠲᠡᠢᠨᠬᠦ ᠥᠪᠡᠷ ᠦᠨ ᠳᠤᠷ᠎ᠠ ᠪᠠᠷ ᠴᠣᠬᠣᠵᠤ ᠣᠷᠬᠢᠭᠰᠠᠨ ᠨᠢ ᠲᠡᠷᠡ᠃ ᠲᠡᠷᠡ ᠦᠶ᠎ᠡ ᠳᠦ ᠡᠮᠡᠭᠡ ᠳᠦ ᠮᠠᠨᠢ ᠨᠠᠳᠠ ᠰᠢᠭ ᠬᠠᠶᠠᠭᠳᠠᠮᠠᠯ ᠠᠮᠢᠲᠠᠨ ᠤ ᠬᠤᠪᠢ ᠵᠠᠶᠠᠭ᠎ᠠ ᠶᠢ ᠰᠢᠢᠳᠬᠦ ᠨᠢ ᠡᠭᠡᠮᠦᠭ ᠪᠦᠯᠡᠵᠡᠭ ᠢᠶᠡᠨ ᠠᠷᠠᠯᠵᠢᠬᠤ ᠠᠴᠠ ᠠᠮᠠᠷᠬᠠᠨ ᠵᠦᠢᠯ ᠪᠠᠶᠢᠭᠰᠠᠨ ᠪᠠᠶᠢᠵᠤ ᠲᠠᠭᠠᠷᠠᠨ᠎ᠠ᠃ ᠲᠣᠮᠣ ᠥᠬᠢᠨ ᠤ ᠬᠢ ᠪᠠᠨ ᠭᠠᠷᠭᠠᠭᠠᠳ ᠬᠠᠶᠠᠴᠢᠬᠠᠭᠰᠠᠨ ᠬᠡᠦᠬᠡᠳ ᠦᠨ ᠠᠰᠠᠭᠤᠳᠠᠯ ᠢ ᠲᠡᠷᠡ ᠬᠦᠮᠦᠨ ᠰᠢᠢᠳᠬᠦ ᠦᠭᠡᠢ ᠥᠭᠡᠷ᠎ᠡ ᠬᠡᠨ ᠰᠢᠢᠳᠬᠦ ᠪᠢᠯᠡ᠃ ᠶᠣᠰᠣᠲᠠᠢ ᠨᠥᠭᠥᠭᠡ ᠨᠢᠭᠡᠳᠦᠯ ᠦᠨ ᠳᠠᠷᠤᠭ᠎ᠠ ᠳᠤ ᠴᠤ ᠮᠡᠳᠡᠭᠦᠯᠬᠦ ᠦᠭᠡᠢ ᠴᠣᠷ ᠤᠨ ᠭᠠᠭᠴᠠ ᠶᠠᠭᠤᠮ᠎ᠠ ᠡᠨᠡ᠃ ᠢᠩᠭᠢᠵᠦ ᠪᠢ ᠡᠮᠡᠭᠡ ᠶᠢᠨ ᠢᠶᠡᠨ ᠰᠢᠢᠳᠪᠦᠷᠢ ᠪᠡᠷ ᠣᠢ ᠴᠤ ᠬᠦᠷᠦᠭᠡ ᠦᠭᠡᠢ ᠪᠠᠶᠢᠬᠤ ᠳᠤ ᠪᠠᠨ ᠠᠶᠢᠯ ᠳᠤ ᠡᠷᠭᠦᠭᠳᠡᠭᠰᠡᠨ ᠲᠡᠦᠬᠡ ᠲᠡᠢ᠃ ᠳᠠᠰᠢᠨᠴᠢᠯᠡᠨ ᠰᠤᠮᠤ ᠶᠢᠨ ᠯᠠᠬ᠎ᠠ ᠪᠠᠷᠢᠭᠠᠳᠠ ᠶᠢᠨ ᠨᠤᠲᠤᠭ ᠮᠢᠨᠦ ᠤᠨᠠᠭᠰᠠᠨ ᠭᠠᠵᠠᠷ᠂ ᠤᠭᠢᠶᠠᠭᠰᠠᠨ ᠤᠰᠤ ᠶᠤᠮ᠃ ᠲᠡᠨᠳᠡᠬᠢ ᠶᠢᠨ ᠴᠠᠷᠴᠠ ᠱᠠᠷᠭᠢᠭᠰᠠᠨ ᠰᠢᠷ᠎ᠠ ᠲᠠᠯ᠎ᠠ ᠮᠢᠨᠦ ᠰᠡᠳᠬᠢᠯ ᠳᠤᠮᠳᠠᠭᠤᠷ ᠰᠢᠷᠭᠠᠯᠲᠤᠵᠤ᠂ ᠭᠠᠯ ᠬᠠᠯᠠᠭᠤᠨ ᠨᠠᠷᠠ ᠨᠢ ᠵᠢᠷᠦᠬᠡᠨ ᠳᠣᠲᠣᠷ᠎ᠠ ᠮᠠᠨᠳᠤᠵᠤ ᠪᠠᠶᠢᠳᠠᠭ᠃ ᠲᠡᠶᠢᠮᠦ ᠴᠤ ᠤᠴᠢᠷ ᠠᠴᠠ ᠪᠢ ᠥᠪᠡᠷᠲᠡᠭᠡᠨ ᠬᠡᠴᠢᠨᠡᠨ ᠳᠠᠷᠤᠭᠠᠳ ᠴᠤ ᠣᠷᠭᠢᠯᠵᠤ ᠢᠷᠡᠭᠡᠳ ᠪᠣᠯᠳᠠᠭ ᠦᠭᠡᠢ ᠬᠠᠯᠠᠭᠤᠨ ᠴᠢᠨᠠᠷ ᠢ ᠲᠡᠭᠡᠭᠡᠵᠦ ᠶᠠᠪᠤᠳᠠᠭ ᠶᠤᠮ ᠰᠢᠭ᠃ ᠬᠣᠯᠪᠣᠭᠠᠨ ᠤ ᠳᠠᠷᠤᠭ᠎ᠠ ᠶᠢᠨ ᠬᠢ ᠬᠣᠶᠠᠷ ᠬᠦᠦ ᠲᠡᠢ ᠠᠶᠢᠯ᠃ ᠥᠬᠢᠨ ᠬᠡᠦᠬᠡᠳ ᠡᠷᠭᠦᠵᠦ ᠠᠪᠬᠤ ᠰᠠᠨ ᠭᠡᠵᠦ ᠪᠠᠶᠢᠨ᠎ᠠ ᠭᠡᠨ᠎ᠡ ᠭᠡᠬᠦ ᠶᠠᠷᠢᠶ᠎ᠠ ᠲᠡᠷᠡ ᠨᠠᠮᠤᠷ ᠤᠨ ᠨᠢᠭᠡ ᠨᠠᠶᠢᠷ ᠡᠴᠡ ᠨᠥᠭᠥᠭᠡ ᠨᠠᠶᠢᠷ ᠤᠨ ᠳᠤᠮᠳᠠ ᠨᠢᠰᠦᠭᠰᠡᠭᠡᠷ ᠡᠮᠡᠭᠡ ᠶᠢᠨ ᠮᠠᠨᠢ ᠴᠢᠬᠢᠨ ᠳᠦ ᠬᠡᠶᠢᠰᠴᠤ ᠢᠷᠡᠭᠰᠡᠨ ᠲᠡᠷᠡ ᠡᠳᠦᠷ ᠪᠢ ᠭᠡᠳᠡᠭ ᠬᠦᠮᠦᠨ ᠰᠦᠨ ᠦ ᠮᠠᠰᠢᠨ ᠳᠤ ᠰᠠᠭᠤᠨ ᠰᠤᠮᠤ ᠶᠢᠨ ᠲᠥᠪ ᠤᠷᠤᠭᠤ ᠵᠢᠷᠢᠢᠯᠭᠡᠵᠦ ᠶᠠᠪᠤᠵᠠᠢ᠃ ᠡᠮᠡᠭᠡ ᠮᠠᠨᠢ ᠨᠠᠶᠢᠷᠠᠭᠤᠯᠤᠭᠰᠠᠨ ᠰᠫᠢᠷᠲ ᠤᠤᠭᠤᠵᠤ ᠬᠠᠯᠠᠮᠴᠠᠵᠤ ᠠᠪᠤᠭᠠᠳ ᠬᠥᠮᠦᠨ ᠳ᠋ᠤ ᠥᠭᠴᠦ ᠪᠠᠶᠢᠭ᠎ᠠ ᠬᠡᠦᠬᠡᠳ ᠢ ᠬᠤᠪᠴᠠᠰᠤ ᠲᠠᠢ ᠥᠭᠳᠡᠭ ᠦᠭᠡᠢ ᠶᠤᠮ ᠭᠡᠳ ᠨᠠᠮ᠎ᠠ ᠶᠢ ᠶᠠᠭᠠᠬᠢᠬᠤ ᠡᠢᠬᠦ ᠶᠢᠨ ᠵᠠᠭᠤᠷ᠎ᠠ ᠦᠭᠡᠢ ᠴᠢᠷᠠᠮᠠᠨ ᠨᠢᠴᠦᠭᠦᠯᠡᠵᠦ ᠰᠠᠭᠤᠯᠭᠠᠴᠢᠬᠠᠭᠠᠳ ᠪᠣᠱᠤᠭᠠᠨ ᠳᠡᠭᠡᠭᠦᠷ ᠪᠥᠰᠡ ᠪᠡᠨ ᠬᠥᠪᠦᠷᠡᠭᠦᠯᠦᠭᠰᠡᠭᠡᠷ ᠭᠠᠷᠴᠤ ᠣᠳᠤᠭᠰᠠᠨ ᠭᠡᠳᠡᠭ᠃ ᠮᠢᠬ᠎ᠠ ᠴᠢᠰᠤᠨ ᠤ ᠲᠠᠰᠤᠷᠬᠠᠢ ᠪᠠᠨ ᠬᠠᠮᠢᠭ᠎ᠠ ᠬᠠᠮᠢᠶ᠎ᠠ ᠦᠭᠡᠢ ᠬᠠᠷ᠎ᠠ ᠡᠯᠢᠭᠡ ᠶᠢᠨ ᠤᠯᠤᠰ ᠲᠤ ᠤᠷᠢᠯᠭ᠎ᠠ ᠵᠠᠯᠠᠯᠭ᠎ᠠ ᠴᠤ ᠦᠭᠡᠢ ᠠᠪᠴᠢᠷᠠᠵᠤ ᠥᠭᠴᠢᠬᠡᠭᠡᠳ ᠤᠬᠢᠯᠠᠵᠤ ᠤᠨᠵᠢᠬᠤ ᠴᠤ ᠦᠭᠡᠢ ᠬᠡᠪ ᠨᠢᠭᠡ ᠰᠡᠳᠬᠢᠯ ᠢᠶᠡᠨ ᠠᠭᠤᠵᠢᠷᠠᠭᠤᠯᠵᠤ᠂ ᠬᠡᠷᠡᠭ ᠢᠶᠡᠨ ᠪᠦᠲᠦᠭᠡᠵᠦ ᠠᠪᠤᠭᠠᠳ ᠶᠠᠪᠤᠭᠠᠳ ᠥᠭᠴᠦ ᠪᠠᠶᠢᠭᠰᠠᠨ ᠡᠮᠡᠭᠡ ᠡᠬᠡ ᠶᠢᠨ ᠮᠠᠨᠢ ᠳᠦᠷᠢ ᠲᠥᠷᠬᠥ ᠲᠡᠷᠡ ᠦᠶ᠎ᠡ ᠶᠢᠨ ᠬᠦᠮᠦᠰ ᠦᠨ ᠡᠯᠳᠡᠪ ᠴᠡᠭᠡᠷ ᠮᠠᠶ᠋ᠢᠭ ᠦᠭᠡᠢ᠂ ᠱᠠᠰᠢᠨ ᠡᠨᠡ ᠲᠡᠷᠡ ᠦᠭᠡᠢ ᠭᠦᠳᠦᠰ ᠲᠥᠷᠬᠥ ᠶᠢ ᠢᠯᠡᠳᠬᠡᠳᠡᠭ᠃ ᠬᠣᠵᠢᠮ ᠴᠤ ᠳᠣᠯᠵᠢᠨᠰᠦ᠋ᠷᠦᠩ ᠭᠡᠬᠦ ᠲᠡᠷᠡ ᠲᠠᠷᠭᠤᠨ ᠪᠣᠷᠣ ᠠᠪᠠᠭᠠᠢ ᠨᠠᠳᠠ ᠳᠤ ᠲᠡᠭᠡᠲᠡᠯ᠎ᠡ ᠨᠢᠯᠠᠭᠤᠷᠠᠵᠤ ᠰᠦᠢᠳ ᠪᠣᠯᠵᠤ ᠶᠠᠪᠤᠭ᠎ᠠ ᠦᠭᠡᠢ᠃ ᠦᠷ᠎ᠡ ᠮᠢᠨᠢ᠂ ᠠᠴᠢ ᠮᠢᠨᠢ ᠭᠡᠵᠦ ᠡᠷᠭᠢᠵᠦ ᠨᠢᠭᠡᠬᠡᠨ ᠴᠤ ᠵᠢᠭᠤᠷᠠᠯᠳᠤᠭ᠎ᠠ ᠦᠭᠡᠢ᠃ ᠡᠮᠡᠭᠡ ᠪᠡᠨ ᠠᠯᠢ ᠪᠤᠢ ᠬᠠᠮᠢᠭ᠎ᠠ ᠪᠠᠶᠢᠨ᠎ᠠ ᠮᠢᠨᠦ ᠬᠦᠦ ᠭᠡᠳ ᠲᠠᠭᠤᠳᠠᠬᠤ ᠲᠣᠭᠠᠯᠠᠨ ᠪᠢ ᠪᠤᠷᠤᠭᠤ ᠬᠠᠷᠠᠴᠢᠬᠠᠭᠠᠳ ᠨᠢᠭᠤᠷ ᠤᠷᠤᠭᠤ ᠨᠢ ᠬᠠᠷᠠᠵᠤ ᠥᠭᠭᠦ ᠦᠭᠡᠢ ᠪᠠᠶᠢᠬᠤ ᠪᠠᠷ ᠡᠵᠢ ᠮᠠᠨᠢ ᠶᠡᠬᠡ ᠭᠠᠶᠢᠬᠠᠵᠤ ᠪᠠᠶᠢᠭᠰᠠᠨ ᠭᠡᠰᠡᠨ᠃ ᠬᠣᠯᠠ ᠵᠠᠮ ᠳᠤ ᠳᠠᠪᠬᠢᠵᠤ ᠢᠷᠡᠭᠡᠳ ᠭᠡᠳᠡᠰᠦ ᠭᠦᠵᠡᠭᠡ ᠨᠢ ᠳᠦᠭᠦᠷᠴᠥ᠂ ᠲᠠᠪᠠ ᠦᠭᠡᠢᠳᠡᠭᠰᠡᠨ ᠨᠠᠮ᠎ᠠ ᠶᠢ ᠮᠠᠨ ᠤ ᠡᠮᠡᠭᠡ ᠬᠡᠪ ᠨᠢᠭᠡ 《ᠡᠨᠡ ᠴᠢᠨᠢ ᠪᠦᠷ ᠭᠡᠷ ᠲᠦ ᠪᠡᠨ ᠢᠷᠡᠴᠢᠬᠡᠭᠡᠳ ᠨᠠᠮ᠎ᠠ ᠶᠢ ᠲᠣᠭᠤᠵᠤ ᠬᠠᠷᠠᠬᠤ ᠦᠭᠡᠢ ᠪᠠᠶᠢᠨ᠎ᠠ ᠭᠡᠭᠴᠢ᠂ ᠭᠡᠷ ᠢᠶᠡᠨ ᠮᠡᠳᠡᠴᠢᠬᠡᠵᠦ》 ᠭᠡᠳ ᠲᠠᠰ ᠲᠠᠰ ᠬᠥᠬᠥᠷᠡᠵᠦ ᠪᠠᠶᠢᠭᠰᠠᠨ ᠭᠡᠳᠡᠭ᠃ ᠶᠠᠭᠤᠨ ᠤ ᠬᠢ ᠨᠢ ᠭᠡᠷ ᠢᠶᠡᠨ ᠮᠡᠳᠡᠬᠦ ᠪᠠᠶᠢᠬᠤ ᠪᠤᠢ ᠳ᠋ᠡ᠂ ᠥᠨᠥ ᠵᠢᠭᠠᠯ ᠴᠢᠨᠢ ᠰᠢᠷ᠎ᠠ ᠡᠪᠡᠳᠴᠢᠨ ᠲᠤᠰᠤᠭᠠᠳ ᠬᠦᠨᠳᠦᠷᠡᠴᠢᠬᠡᠭᠰᠡᠨ ᠰᠦᠢᠳ ᠪᠣᠯᠳᠠᠭ ᠤᠨ ᠳᠠᠪᠠᠭᠠᠨ ᠳᠡᠭᠡᠷ᠎ᠡ ᠲᠤᠯᠤᠭᠰᠠᠨ ᠠᠮᠢᠲᠠᠨ ᠪᠠᠶᠢᠭᠰᠠᠨ ᠢ ᠥᠭᠭᠦᠭᠰᠡᠨ ᠠᠪᠤᠭᠰᠠᠨ ᠤᠯᠤᠰ ᠤᠨ ᠬᠡᠨ ᠨᠢ ᠴᠤ ᠮᠡᠳᠡᠭᠡ ᠦᠭᠡᠢ ᠪᠠᠶᠢᠵᠠᠢ᠃ ᠢᠩᠭᠢᠭᠡᠳ ᠡᠵᠢ ᠠᠪᠤ ᠬᠣᠶᠠᠷ ᠮᠠᠨᠢ ᠬᠠᠶᠢᠰᠠᠨᠳᠠᠶᠢᠭ᠎ᠠ ᠶᠢᠨ ᠤᠷᠠᠨᠴᠢᠮᠡᠭ ᠭᠡᠵᠦ ᠪᠢᠴᠢᠭᠰᠡᠨ ᠨᠢᠭᠡᠳᠦᠯ ᠦᠨ ᠳᠠᠷᠤᠭ᠎ᠠ ᠶᠢᠨ ᠭᠠᠷ ᠤᠨ ᠦᠰᠦᠭ ᠲᠡᠢ ᠲᠥᠷᠦᠭᠰᠡᠨ ᠦ ᠭᠡᠷᠡᠴᠢᠯᠡᠭᠡ ᠪᠣᠯᠬᠤ ᠴᠣᠷ ᠤᠨ ᠭᠠᠭᠴᠠ ᠪᠠᠷᠢᠮᠲᠠ ᠪᠢᠴᠢᠭ ᠡᠴᠡ ᠥᠭᠡᠷ᠎ᠡ ᠶᠠᠭᠤ ᠴᠤ ᠦᠭᠡᠢ ᠤᠯᠠᠭᠠᠨ ᠨᠢᠯᠵᠠᠷᠠᠢ ᠠᠮᠢᠲᠠᠨ ᠲᠡᠪᠡᠷᠢᠭᠡᠳ ᠭᠠᠶᠢᠬᠠᠨ ᠬᠣᠴᠣᠷᠤᠭᠰᠠᠨ ᠲᠡᠦᠬᠡ ᠲᠡᠢ᠃ ᠣᠯᠠᠨ ᠰᠠᠷ᠎ᠠ ᠡᠮᠨᠡᠯᠭᠡ ᠪᠡᠷ ᠶᠠᠪᠤᠵᠤ ᠠᠷᠠᠢ ᠶᠠᠳᠠᠨ ᠣᠢ ᠲᠠᠪᠤᠨ ᠰᠠᠷᠠᠲᠠᠢ ᠳᠤ ᠪᠠᠨ ᠰᠠᠶ᠋ᠢ ᠨᠢᠭᠡ ᠶᠠᠭᠤᠮ᠎ᠠ ᠲᠣᠭᠲᠠᠭᠰᠠᠨ ᠨᠠᠮ᠎ᠠ ᠶᠢ ᠠᠪᠤ ᠮᠠᠨᠢ ᠵᠠᠬᠢᠷᠭᠠᠨ ᠳᠡᠭᠡᠷ᠎ᠡ ᠣᠴᠢᠵᠤ ᠬᠠᠶᠢᠰᠠᠨᠳᠠᠶᠢᠭ᠎ᠠ ᠶᠢᠨ ᠤᠷᠠᠨᠴᠢᠮᠡᠭ ᠪᠢᠰᠢ ᠪᠠᠳᠮᠠᠳᠣᠷᠵᠢ ᠶᠢᠨ ᠭᠠᠩᠴᠢᠮᠡᠭ ᠪᠣᠯᠭᠠᠨ ᠰᠢᠨ᠎ᠡ ᠭᠡᠷᠡᠴᠢᠯᠡᠭᠡ ᠠᠪᠴᠤ ᠮᠠᠨ ᠤ ᠬᠢ ᠲᠡᠷᠡ ᠣᠷᠣᠢ ᠳᠠᠷᠤᠤᠬᠠᠨ ᠪᠠᠶᠠᠷ ᠤᠨ ᠰᠢᠷᠡᠭᠡ ᠵᠠᠰᠠᠵᠤ ᠪᠠᠶᠢᠭᠰᠠᠨ ᠭᠡᠳᠡᠭ ᠶᠤᠮ᠃ ᠮᠠᠨ ᠤ ᠠᠪᠤ ᠪᠤᠯᠠᠭᠠᠨ᠂ ᠠᠷᠤᠬᠠᠩᠭᠠᠢ᠂ ᠬᠥᠪᠰᠥᠭᠥᠯ ᠵᠡᠷᠭᠡ ᠣᠯᠠᠨ ᠠᠶᠢᠮᠠᠭ ᠲᠤ ᠲᠣᠮᠢᠯᠠᠭᠳᠠᠵᠤ᠂ ᠣᠴᠢ ᠭᠡᠰᠡᠨ ᠰᠤᠮᠤ ᠰᠠᠭᠤᠷᠢᠨ ᠪᠣᠯᠭᠠᠨ ᠳᠤ ᠨᠢ ᠣᠴᠢᠨ ᠠᠵᠢᠯᠯᠠᠭᠠᠳ᠂ ᠡᠴᠦᠰ ᠲᠦ ᠨᠢ ᠪᠤᠯᠠᠭᠠᠨ ᠤ ᠳᠠᠰᠢᠨᠴᠢᠯᠡᠨ ᠰᠤᠮᠤ ᠶᠢᠨ ᠬᠣᠯᠪᠣᠭᠠᠨ ᠤ ᠳᠠᠷᠤᠭ᠎ᠠ ᠪᠠᠷ ᠢᠷᠡᠵᠦ ᠰᠠᠭᠤᠷᠢᠰᠢᠭᠰᠠᠨ᠂ ᠲᠡᠨᠳᠡ ᠪᠣᠯ ᠭᠠᠳᠠᠨ᠎ᠠ ᠶᠢᠨ ᠬᠦᠮᠦᠨ ᠪᠠᠶᠢᠯ᠎ᠠ᠃ ᠥᠪᠡᠷ ᠦᠨ ᠬᠢ ᠨᠢ ᠲᠦᠷᠦᠭᠰᠡᠨ ᠰᠤᠮᠤ ᠪᠤᠯᠠᠭᠠᠨ ᠤ ᠪᠤᠭᠤ ᠳ᠋ᠤ ᠴᠤ ᠬᠡᠲᠦᠷᠬᠡᠢ ᠣᠯᠠᠨ ᠵᠢᠯ ᠠᠵᠢᠯᠯᠠᠵᠤ ᠠᠮᠢᠳᠤᠷᠠᠭᠰᠠᠨ ᠪᠣᠯᠤᠭᠠᠳ ᠲᠡᠷᠡ ᠦᠦ ᠠᠪᠤ ᠶᠢ ᠮᠠᠨᠢ ᠬᠦᠮᠦᠰ ᠤᠭ ᠠᠴᠠ ᠪᠠᠨ ᠯᠠ ᠳᠠᠰᠢᠨᠴᠢᠯᠡᠩ ᠦᠨ ᠬᠦᠮᠦᠨ ᠭᠡᠵᠦ ᠡᠨᠳᠡᠭᠦᠷᠡᠳᠡᠭ ᠪᠠᠶᠢᠭᠰᠠᠨ ᠶᠤᠮ᠃ ᠨᠠᠮ᠎ᠠ ᠶᠢ ᠠᠪᠬᠤ ᠠᠴᠠ ᠶᠢᠰᠦᠨ ᠵᠢᠯ ᠦᠨ ᠡᠮᠦᠨ᠎ᠡ ᠲᠡᠷᠡ ᠮᠠᠨ ᠤ ᠰᠤᠮᠤᠨ ᠳᠤ ᠡᠭᠡᠯᠵᠢᠲᠦ ᠲᠣᠮᠢᠯᠠᠯᠲᠠ ᠪᠠᠨ ᠡᠪᠦᠷᠲᠦᠯᠡᠨ ᠢᠷᠡᠵᠦ ᠰᠠᠭᠤᠷᠢᠰᠢᠭᠰᠠᠨ ᠪᠠᠶᠢᠯ᠎ᠠ᠃ ᠬᠣᠵᠢᠮ ᠠᠪᠤ ᠮᠠᠨᠢ ᠷᠠᠳᠢᠣ᠋ ᠷᠧᠯᠧᠢᠨ ᠦ ᠳᠠᠷᠤᠭ᠎ᠠ ᠬᠢᠵᠦ ᠪᠠᠶᠢᠭᠠᠳ ᠲᠡᠳᠬᠦᠪᠦᠷᠢ ᠳᠦ ᠪᠡᠨ ᠭᠠᠷᠴᠤ᠂ ᠨᠠᠮ᠎ᠠ ᠶᠢ 17 ᠍ ᠲᠠᠢ ᠪᠠᠶᠢᠬᠤ ᠳᠤ ᠠᠶᠢᠮᠠᠭ ᠤᠨ ᠲᠥᠪ ᠤᠷᠤᠭᠤ ᠨᠡᠭᠦᠵᠦ ᠪᠢᠯᠡ᠃ ᠮᠠᠨᠠᠶᠢᠬᠢ ᠶᠢ ᠲᠡᠨᠳᠡ ᠡᠴᠡ ᠨᠡᠭᠦᠬᠦ ᠳᠦ ᠶᠠᠭᠠᠬᠢᠭᠠᠳ ᠴᠤ ᠶᠤᠮ ᠪᠠᠰᠠ ᠯᠠ ᠨᠠᠮᠤᠷ ᠪᠠᠶᠢᠭᠰᠠᠨ᠃ ᠬᠠᠷ᠎ᠠ ᠪᠤᠬ᠎ᠠ ᠶᠢᠨ ᠭᠣᠣᠯ ᠬᠦᠷᠡᠩᠲᠦᠵᠦ ᠬᠤᠶᠢᠯᠠᠷᠠᠨ ᠤᠷᠤᠰᠴᠣ᠂ ᠨᠠᠮᠤᠷ ᠤᠨ ᠰᠠᠯᠬᠢᠨ ᠳᠤ ᠡᠷᠬᠢ ᠶᠢᠨ ᠬᠢ ᠨᠢ ᠵᠡᠭᠡᠰᠥ ᠰᠡᠳᠬᠢᠯ ᠰᠡᠩᠰᠡᠷᠡᠲᠡᠯ᠎ᠡ ᠱᠤᠤᠭᠢᠵᠤ᠂ ᠵᠤᠨ ᠳᠤ ᠪᠠᠨ ᠤᠷᠤᠰᠬᠠᠯ ᠳᠤ ᠨᠢ ᠪᠠᠷᠤᠭ ᠭᠡᠷ ᠲᠡᠢ ᠶᠠᠭᠤᠲᠠᠢ ᠬᠡ ᠲᠡᠢ ᠪᠡᠨ ᠤᠮᠪᠠᠵᠤ ᠪᠠᠶᠢᠳᠠᠭ ᠠᠶᠢᠯ ᠤᠳ ᠴᠡᠷᠪᠡᠨ ᠬᠣᠯᠠᠳᠠᠵᠤ ᠲᠡᠷᠡ ᠲᠡᠨᠳᠡ ᠪᠠᠭᠤᠴᠢᠬᠠᠭᠠᠳ ᠠᠯᠤᠰ ᠠᠴᠠ ᠪᠥᠭᠡᠵᠢᠨ ᠦ ᠰᠢᠭᠢᠳᠬᠡᠭᠡ ᠰᠢᠭ ᠭᠢᠯᠠᠯᠵᠠᠨ ᠬᠥᠨᠡᠢᠷᠬᠡᠵᠦ ᠪᠠᠶᠢᠭᠰᠠᠨ ᠵᠢᠬᠡᠭᠦᠨ ᠡᠳᠦᠷ ᠪᠢᠳᠡ ᠲᠡᠨᠳᠡ ᠪᠠᠭᠤᠵᠤ ᠪᠢᠴᠢᠬᠠᠨ ᠦᠳᠡᠯᠲᠡ ᠬᠢᠵᠦ ᠪᠠᠶᠢᠭᠰᠠᠨ ᠰᠠᠨ᠃ ᠠᠪᠤ ᠮᠠᠨᠢ ᠨᠢᠳᠦᠨ ᠳᠦ ᠪᠡᠨ ᠨᠢᠯᠪᠤᠰᠤ ᠴᠡᠶᠢᠯᠡᠯᠵᠡᠭᠦᠯᠦᠨ ᠪᠠᠶᠢᠵᠤ 《ᠪᠤᠶᠠᠨᠲᠠᠢ ᠨᠤᠲᠤᠭ ᠰᠢᠦ᠂ ᠪᠣᠷᠣ ᠥᠬᠢᠨ ᠢ ᠮᠢᠨᠢ ᠨᠠᠳᠠ ᠳᠤ ᠬᠠᠶᠢᠷᠠᠯᠠᠭᠰᠠᠨ ᠶᠤᠮ᠃ 26 ᠵᠢᠯ ᠤᠰᠤ ᠶᠢ ᠴᠢᠨᠢ ᠤᠤᠭᠤᠵᠤ᠂ ᠶᠣᠰᠣ ᠶᠢ ᠴᠢᠨᠢ ᠳᠠᠭᠠᠵᠤ᠂ ᠨᠡᠷ᠎ᠡ ᠲᠡᠢ ᠲᠥᠷᠥ ᠲᠡᠢ ᠠᠮᠢᠳᠤᠷᠠᠵᠤ᠂ ᠭᠤᠷᠪᠠᠨ ᠬᠡᠦᠬᠡᠳ ᠢᠶᠡᠨ ᠬᠥᠯ ᠢ ᠨᠢ ᠳᠥᠷᠦᠭᠡᠨ ᠳᠦ ᠭᠠᠷ ᠢ ᠨᠢ ᠭᠠᠨᠵᠤᠭᠠᠨ ᠳᠤ ᠬᠦᠷᠭᠡᠯ᠎ᠡ 》 ᠭᠡᠳ ᠤᠷᠤᠰᠬᠠᠯ ᠠᠴᠠ ᠨᠢ ᠠᠳᠢᠰ ᠠᠪᠴᠤ ᠪᠠᠶᠢᠭᠰᠠᠨ ᠨᠢ ᠣᠳᠣ ᠴᠤ ᠨᠢᠳᠦᠨ ᠳᠦ ᠮᠢᠨᠢ ᠬᠠᠷᠠᠭᠳᠠᠳᠠᠭ᠃ ᠶᠢᠰᠦᠨ ᠰᠠᠷ᠎ᠠ ᠶᠢᠨ ᠨᠢᠭᠡᠨ ᠪᠣᠯᠵᠤ ᠰᠤᠷᠭᠠᠭᠤᠯᠢ ᠶᠢᠨ ᠬᠡᠦᠬᠡᠳ ᠱᠤᠤᠭᠢᠯᠳᠤᠵᠤ᠂ ᠬᠣᠩᠬᠣᠨ ᠤ ᠳᠠᠭᠤ ᠰᠡᠳᠬᠢᠯ ᠨᠢᠯᠬᠠᠷᠠᠭᠤᠯᠤᠨ ᠴᠠᠩᠭᠢᠨᠠᠬᠤ ᠲᠣᠭᠠᠯᠠᠨ ᠠᠪᠤ ᠮᠢᠨᠢ ᠢᠯᠡᠭᠦᠦ ᠲᠡᠢ ᠶᠡᠬᠡ ᠰᠠᠨᠠᠭᠳᠠᠨ᠎ᠠ᠃ ᠳᠣᠯᠣᠭᠠᠨ ᠨᠠᠰᠤᠲᠠᠢ ᠳᠤ ᠪᠠᠨ ᠪᠢ ᠲᠣᠳᠣ ᠤᠯᠠᠭᠠᠨ ᠥᠩᠭᠡ ᠲᠡᠢ ᠰᠢᠷᠢ ᠪᠡᠷ ᠬᠠᠶᠢᠴᠢᠯᠠᠵᠤ ᠣᠶᠣᠭᠰᠠᠨ ᠲᠣᠮᠣ ᠡ ᠭᠡᠭᠴᠢ ᠶᠢᠨ ᠲᠠᠤᠯᠠᠶ ᠶᠢᠨ ᠳᠦᠷᠰᠦᠲᠡᠢ ᠬᠠᠷ᠎ᠠ ᠴᠦᠩᠬᠦ ᠡᠭᠦᠷᠦᠭᠡᠳ ᠠᠪᠤ ᠡᠵᠢ ᠬᠣᠶᠠᠷ ᠤᠨ ᠢᠶᠠᠨ ᠭᠠᠷ ᠠᠴᠠ ᠬᠥᠲᠥᠯᠦᠨ ᠰᠤᠷᠭᠠᠭᠤᠯᠢ ᠶᠢᠨ ᠬᠠᠭᠠᠯᠭ᠎ᠠ ᠪᠠᠷ ᠣᠷᠣᠵᠤ ᠪᠠᠶᠢᠯ᠎ᠠ᠃ ᠬᠣᠵᠢᠮ 14 ᠨᠠᠰᠤᠲᠠᠢ ᠳᠤ ᠪᠠᠨ ᠪᠠᠰᠠ ᠯᠠ ᠠᠪᠤ ᠲᠠᠢ ᠪᠠᠨ ᠠᠶᠢᠮᠠᠭ ᠤᠨ ᠨᠢᠭᠡᠳᠦᠭᠡᠷ ᠠᠷᠪᠠᠨ ᠵᠢᠯ ᠦᠨ ᠡᠭᠦᠳᠡᠨ ᠳᠦ ᠵᠣᠭᠰᠣᠵᠤ ᠪᠠᠶᠢᠭᠰᠠᠨ᠃ ᠣᠷᠣᠰ ᠬᠡᠯᠡᠨ ᠦ ᠭᠦᠨᠵᠡᠭᠡᠶᠢᠷᠡᠭᠦᠯᠦᠭᠰᠡᠨ ᠰᠤᠷᠭᠠᠯᠲᠠ ᠲᠠᠢ ᠠᠩᠭᠢ ᠳᠤ ᠰᠤᠮᠤ ᠠᠴᠠ ᠪᠠᠨ ᠰᠢᠭᠰᠢᠭᠳᠡᠵᠦ ᠠᠪᠤ ᠶᠢᠨ ᠢᠶᠠᠨ ᠮᠠᠩᠨᠠᠢ ᠶᠢ ᠬᠠᠭᠠᠷᠠᠲᠠᠯ᠎ᠠ ᠪᠠᠶᠠᠷᠯᠠᠭᠤᠯᠵᠤ ᠶᠠᠪᠤᠭᠰᠠᠨ ᠨᠢ ᠲᠡᠷᠡ᠃ ᠠᠬᠢᠭᠠᠳ ᠬᠡᠳᠦᠬᠡᠨ ᠵᠢᠯ ᠦᠨ ᠳᠠᠷᠠᠭ᠎ᠠ ᠠᠪᠤ ᠲᠠᠢ ᠪᠠᠨ ᠶᠡᠬᠡ ᠰᠤᠷᠭᠠᠭᠤᠯᠢ ᠶᠢᠨ ᠭᠤᠳᠤᠮ ᠢᠶᠠᠷ ᠠᠯᠬᠤᠵᠤ ᠶᠠᠪᠤᠯ᠎ᠠ᠃ ᠠᠪᠤ ᠶᠢ ᠪᠠᠨ ᠪᠢ ᠬᠡᠦᠬᠡᠳ ᠪᠠᠶᠢᠬᠤ ᠳᠤ ᠪᠠᠨ ᠳᠠᠩᠳᠠ ᠪᠠᠶᠠᠷᠯᠠᠭᠤᠯᠵᠤ ᠶᠠᠪᠤᠭᠰᠠᠨ ᠶᠤᠮ ᠰᠢᠭ᠃ ᠠᠪᠤ ᠲᠠᠢ ᠪᠠᠶᠢᠬᠤ ᠳᠤ ᠪᠠᠨ ᠬᠦᠮᠦᠨ ᠳᠠᠩᠳᠠ ᠵᠢᠷᠭᠠᠵᠤ ᠶᠠᠪᠤᠳᠠᠭ ᠶᠤᠮ ᠰᠢᠭ᠃ ᠠᠪᠤ ᠲᠠᠢ ᠬᠦᠮᠦᠨ ᠠᠯᠳᠠᠵᠤ ᠡᠨᠳᠡᠳᠡᠭ ᠦᠭᠡᠢ ᠴᠤ ᠶᠤᠮ ᠰᠢᠭ᠃ ᠮᠠᠨ ᠤ ᠠᠪᠤ ᠬᠣᠶᠠᠷ ᠤᠨ ᠬᠣᠶᠠᠷ ᠬᠦᠦ ᠲᠡᠢ ᠬᠦᠮᠦᠨ ᠠᠲᠠᠯ᠎ᠠ ᠪᠠᠨ ᠬᠥᠪᠡᠭᠦᠳ ᠢᠶᠡᠨ ᠡᠷ᠎ᠡ ᠬᠦᠮᠦᠨ ᠪᠣᠯᠭᠠᠬᠤ ᠭᠡᠵᠦ ᠨᠢᠭᠡ ᠶᠡᠬᠡ ᠵᠦᠳᠡᠷᠡᠭᠡ ᠦᠭᠡᠢ ᠬᠦᠮᠦᠨ᠃ ᠲᠣᠮᠣ ᠠᠬ᠎ᠠ ᠶᠢ ᠰᠠᠬᠢᠯᠭ᠎ᠠ ᠦᠭᠡᠢ ᠤᠴᠢᠷ ᠠᠴᠠ ᠴᠡᠷᠢᠭ ᠦᠨ ᠰᠤᠷᠭᠠᠭᠤᠯᠢ ᠳᠤ ᠣᠷᠣᠭᠤᠯᠤᠨ᠎ᠠ ᠭᠡᠬᠦ ᠭᠠᠭᠴᠠᠬᠠᠨ ᠰᠢᠢᠳᠪᠦᠷᠢ ᠭᠠᠷᠭᠠᠭᠠᠳ ᠯᠠ ᠲᠣᠭᠠᠨ ᠳᠤ ᠲᠣᠯᠣᠭᠠᠢ ᠲᠠᠢ ᠰᠤᠷᠤᠯᠭ᠎ᠠ ᠰᠠᠶᠢᠲᠠᠢ ᠬᠦᠦ ᠪᠡᠨ ᠺᠣᠨᠺᠦ᠋ᠷᠰ ᠤᠨ ᠳᠠᠷᠠᠭ᠎ᠠ ᠡᠳᠦᠢ ᠲᠡᠳᠦᠢ ᠣᠯᠠᠨ ᠶᠡᠬᠡ ᠰᠤᠷᠭᠠᠭᠤᠯᠢ ᠨᠤᠭᠤᠳ ᠠᠴᠠ ᠴᠡᠷᠢᠭ ᠦᠨ ᠶᠡᠷᠦᠩᠬᠡᠢ ᠳᠡᠭᠡᠳᠦ ᠰᠤᠷᠭᠠᠭᠤᠯᠢ ᠶᠢᠨ ᠬᠣᠯᠪᠣᠭᠠᠨ ᠤ ᠢᠨᠵᠧᠨᠧᠷ ᠦᠨ ᠠᠩᠭᠢ ᠬᠦᠴᠥ ᠪᠡᠷ ᠠᠪᠬᠠᠭᠤᠯᠤᠨ ᠬᠤᠪᠢ ᠵᠠᠶᠠᠭ᠎ᠠ ᠶᠢ ᠨᠢ ᠰᠢᠢᠳᠴᠢᠬᠡᠵᠦ ᠪᠠᠶᠢᠭᠰᠠᠨ᠃ ᠬᠠᠷᠢᠨ ᠪᠠᠭ᠎ᠠ ᠠᠬ᠎ᠠ ᠮᠠᠨᠢ ᠬᠡᠵᠢᠶᠡᠨᠡᠢ ᠲᠣᠮᠣᠭ᠎ᠠ ᠲᠠᠢ᠂ ᠵᠣᠳᠣᠭ᠎ᠠ ᠴᠣᠬᠢᠶ᠎ᠠ ᠬᠢᠳᠡᠭ ᠦᠭᠡᠢ᠂ ᠭᠠᠳᠠᠭᠤᠷ ᠳᠣᠲᠣᠭᠤᠷ ᠱᠤᠤᠭᠢᠳᠠᠭ ᠦᠭᠡᠢ᠂ ᠥᠬᠢᠳ ᠭᠣᠣᠯᠳᠠᠭᠤ ᠨᠠᠶᠢᠵᠠ ᠲᠠᠢ᠂ ᠤᠷᠠᠯᠢᠭ ᠠᠴᠠ ᠥᠭᠡᠷ᠎ᠡ ᠶᠠᠭᠤᠮ᠎ᠠ ᠬᠥᠭᠡᠭᠡᠴᠡᠯᠳᠦᠳᠡᠭ ᠦᠭᠡᠢ ᠰᠣᠨᠢᠨ ᠳᠠᠷᠤᠤᠬᠠᠨ ᠬᠡᠦᠬᠡᠳ ᠪᠠᠶᠢᠭᠰᠠᠨ᠃ ᠠᠪᠤ ᠲᠡᠭᠦᠨ ᠢ ᠨᠠᠶᠢᠮᠠᠳᠤᠭᠠᠷ ᠠᠩᠭᠢ ᠳᠤ ᠪᠠᠨ ᠪᠦᠬᠦ ᠠᠷᠠᠳ ᠲᠦᠮᠡᠨ ᠦ ᠤᠷᠠᠯᠢᠭ ᠤᠨ ᠶᠡᠬᠡ ᠨᠠᠭᠠᠳᠤᠮ ᠠᠴᠠ ᠠᠯᠲᠠᠨ ᠮᠧᠳᠠᠯ ᠠᠪᠤᠭᠠᠳ ᠢᠷᠡᠩᠭᠦᠲᠡ ᠤᠷᠠᠯᠢᠭ ᠤᠨ ᠵᠠᠮ ᠤᠷᠤᠭᠤ ᠵᠢᠯᠣᠭᠣ ᠶᠢ ᠨᠢ ᠡᠪᠬᠡᠭᠡᠳ ᠳᠠᠭᠤ ᠦᠭᠡᠢᠬᠡᠨ ᠲᠦᠯᠬᠢᠴᠢᠬᠡᠭᠰᠡᠨ᠃ ᠪᠠᠭᠰᠢ ᠶᠢᠨ ᠰᠤᠷᠭᠠᠭᠤᠯᠢ ᠶᠢᠨ ᠰᠤᠶᠤᠯ ᠤᠨ ᠠᠩᠭᠢ ᠳᠦᠭᠦᠷᠭᠡᠭᠡᠳ ᠰᠤᠮᠤᠨ ᠳᠤ ᠪᠠᠨ ᠬᠡᠰᠡᠭ ᠪᠠᠭᠰᠢᠯᠠᠵᠤ ᠪᠠᠶᠢᠭᠰᠠᠨ ᠢᠶᠠᠨ ᠠᠬᠢᠭᠠᠳ ᠬᠡᠯᠡ ᠦᠭᠡ ᠴᠤ ᠦᠭᠡᠢ ᠰᠤᠶᠤᠯ ᠤᠷᠠᠯᠢᠭ ᠤᠨ ᠶᠡᠬᠡ ᠰᠤᠷᠭᠠᠭᠤᠯᠢ ᠳᠤ ᠶᠠᠪᠤᠭᠠᠳ ᠥᠭᠬᠦ ᠳᠦ ᠨᠢ ᠶᠠᠭᠤ ᠴᠤ ᠬᠡᠯᠡᠭᠡ ᠦᠭᠡᠢ᠃ ᠳᠠᠷᠠᠭ᠎ᠠ ᠨᠢ ᠳᠠᠪᠠᠷᠠᠭᠠᠳ ᠰᠤᠧᠷᠳᠣᠯᠪᠠᠰᠺ ᠤᠨ ᠺᠣᠨᠰᠧᠷᠠᠸᠠᠲ᠋ᠣᠷ ᠲᠤ ᠶᠠᠪᠤᠭᠠᠳ ᠥᠭᠬᠦ ᠳᠦ ᠨᠢ ᠴᠤ ᠶᠠᠭᠤᠮ᠎ᠠ ᠬᠡᠯᠡᠭᠡ ᠦᠭᠡᠢ᠃ ᠡᠷ᠎ᠡ ᠬᠦᠮᠦᠨ ᠬᠤᠪᠢ ᠵᠠᠶᠠᠭ᠎ᠠ ᠪᠠᠨ ᠥᠪᠡᠷ ᠢᠶᠡᠨ ᠣᠯᠳᠠᠭ ᠶᠤᠮ ᠭᠡᠵᠦ ᠠᠪᠤ ᠮᠠᠨᠢ ᠬᠡᠯᠡᠳᠡᠭ ᠪᠠᠶᠢᠯ᠎ᠠ᠃ ᠦᠨᠡᠨ ᠢ ᠬᠡᠯᠡᠬᠦ ᠳᠦ ᠲᠡᠷᠡ ᠦᠭᠡ ᠨᠢ ᠨᠠᠳᠠ ᠳᠤ ᠲᠡᠶᠢᠮᠦ ᠴᠤ ᠶᠡᠬᠡ ᠲᠠᠭᠠᠲᠠᠢ ᠬᠦᠯᠢᠶᠡᠵᠦ ᠠᠪᠤᠮᠠᠷ ᠦᠭᠡ ᠰᠠᠨᠠᠭᠳᠠᠳᠠᠭ ᠦᠭᠡᠢ ᠪᠠᠶᠢᠭᠰᠠᠨ ᠶᠤᠮ᠃ ᠲᠡᠳᠡᠨ ᠢ ᠪᠣᠯᠬᠣᠷ ᠰᠤᠯᠠ ᠵᠣᠷᠢᠭ ᠢᠶᠠᠷ ᠨᠢ ᠬᠠᠶᠠᠭᠠᠳ ᠨᠠᠳᠠ ᠲᠠᠢ ᠪᠣᠯᠬᠣᠷ ᠵᠢᠭᠤᠷᠠᠯᠳᠤᠭᠠᠳ ᠯᠠ ᠪᠠᠶᠢᠳᠠᠭ ᠶᠤᠮ ᠭᠡᠰᠡᠨ ᠰᠢᠦ ᠶᠠᠭᠤᠮ᠎ᠠ ᠰᠠᠨᠠᠵᠤ ᠳᠣᠲᠣᠷ᠎ᠠ ᠪᠠᠨ ᠭᠡᠳᠡᠶᠢᠵᠦ ᠰᠠᠭᠤᠳᠠᠭ ᠰᠠᠨ᠃ ᠡᠮᠡᠭᠡᠯ ᠦᠨ ᠪᠦᠭᠦᠷᠭᠡ ᠰᠢᠭ ᠡᠶᠢᠮᠦ ᠰᠠᠶᠢᠬᠠᠨ ᠬᠣᠶᠠᠷ ᠠᠬ᠎ᠠ ᠶᠢ ᠠᠪᠤ ᠨᠢ ᠴᠢᠮ᠎ᠠ ᠳᠤ ᠦᠯᠡᠳᠡᠭᠡᠯ᠎ᠡ ᠰᠢᠦ ᠭᠡᠵᠦ ᠠᠪᠤ ᠮᠠᠨᠢ ᠨᠠᠳᠠ ᠳᠤ ᠨᠢᠭᠡ ᠤᠳᠠᠭ᠎ᠠ ᠬᠡᠯᠡᠵᠦ ᠪᠠᠶᠢᠭᠰᠠᠨ᠃ ᠨᠡᠭᠡᠷᠡᠨ ᠴᠤ ᠪᠢ ᠭᠡᠳᠡᠭ ᠬᠦᠮᠦᠨ ᠠᠬ᠎ᠠ ᠨᠠᠷ ᠤᠨ ᠢᠶᠠᠨ ᠨᠢᠷᠤᠭᠤᠨ ᠳᠡᠭᠡᠷ᠎ᠡ ᠵᠠᠶᠢᠳᠠᠯᠠᠵᠤ ᠶᠠᠪᠤᠭᠰᠠᠭᠠᠷ ᠬᠦᠮᠦᠨ ᠪᠣᠯᠵᠠᠢ᠃ ᠡᠴᠢᠭᠡ ᠮᠠᠨᠢ ᠢᠯᠡ ᠰᠢᠳᠤᠷᠭᠤ ᠦᠭᠡ ᠲᠡᠢ᠂ ᠢᠷ ᠲᠡᠢ ᠲᠣᠩᠭᠣᠷᠠᠭ ᠰᠢᠭ ᠬᠤᠷᠴᠠ ᠵᠠᠩ ᠲᠥᠷᠬᠥ ᠲᠡᠢ᠂ ᠡᠯᠳᠡᠪ ᠨᠢᠯᠤᠭᠤᠨ ᠠᠶᠠᠭ ᠠᠷᠠᠨᠰᠢᠨ ᠦᠭᠡᠢ᠂ ᠥᠪᠡᠷ ᠦᠨ ᠢᠶᠡᠨ ᠵᠥᠪ ᠭᠡᠵᠦ ᠪᠣᠳᠣᠭᠰᠠᠨ ᠵᠠᠮ ᠢᠶᠠᠷ ᠡᠷᠭᠢᠵᠦ ᠪᠤᠴᠠᠬᠤ ᠦᠭᠡᠢ ᠠᠯᠬᠤᠳᠠᠭ ᠬᠦᠮᠦᠨ ᠶᠠᠪᠤᠭᠰᠠᠨ᠃ ᠲᠡᠷᠡ ᠶᠠᠮᠠᠷ ᠴᠤ ᠨᠠᠮ ᠦᠭᠡᠢ᠂ ᠪᠠᠰᠠ ᠶᠠᠮᠠᠷ ᠴᠤ ᠯᠠᠮ᠎ᠠ ᠦᠭᠡᠢ ᠬᠦᠮᠦᠨ ᠪᠠᠶᠢᠪᠠ᠃ ᠰᠤᠮᠤ ᠶᠢᠨ ᠬᠡᠳᠦᠬᠡᠨ ᠰᠡᠬᠡᠭᠡᠲᠡᠨ ᠪᠦᠭᠦᠳᠡ ᠢᠷᠠᠭᠤ ᠠᠯᠳᠠᠷᠲᠤ ᠨᠠᠮ ᠤᠨ ᠭᠡᠰᠢᠭᠦᠳ ᠶᠠᠪᠤᠭᠰᠠᠨ ᠲᠡᠷᠡ ᠴᠠᠭ ᠲᠤ ᠴᠤ ᠮᠢᠨᠦ ᠡᠴᠢᠭᠡ ᠨᠠᠮ ᠤᠨ ᠪᠠᠲᠤᠯᠠᠬᠤᠨ ᠤ ᠡᠰᠡᠷᠭᠥ ᠦᠵᠡᠯᠲᠡᠨ ᠶᠠᠪᠤᠭᠰᠠᠨ᠃ ᠲᠡᠶᠢᠮᠦ ᠳᠦ ᠪᠡᠨ ᠴᠤ ᠳᠡᠭᠡᠭᠰᠢ ᠪᠡᠨ ᠲᠠᠲᠠᠭᠳᠠᠳᠠᠭ ᠦᠭᠡᠢ᠂ ᠡᠷᠡᠮᠡᠭᠡᠢ ᠬᠦᠮᠦᠨ ᠪᠣᠯᠬᠣᠷ ᠳᠣᠭᠣᠭᠰᠢ ᠪᠠᠨ ᠪᠠᠰᠠ ᠣᠷᠣᠵᠤ ᠥᠭᠳᠡᠭ ᠦᠭᠡᠢ ᠡᠶᠢᠮᠦ ᠯᠠ ᠨᠢᠭᠡᠨ ᠰᠣᠨᠢᠷᠬᠠᠯᠲᠠᠢ ᠺᠠᠳ᠋ᠷ᠃ ᠷᠠᠳᠢᠣ᠋ ᠷᠧᠯᠧᠢᠨ ᠦ ᠬᠡᠦᠬᠡᠨ ᠨᠦᠭᠦᠳ ᠲᠦ ᠨᠢ ᠰᠤᠮᠤ ᠶᠢᠨ ᠰᠠᠭᠠᠯᠢ ᠰᠦᠨ ᠦ ᠲᠥᠯᠥᠪᠯᠡᠭᠡ ᠭᠦᠢᠴᠡᠵᠦ ᠥᠭᠭᠦ ᠦᠭᠡᠢ ᠬᠡᠴᠡᠭᠦᠦ ᠪᠠᠶᠢᠨ᠎ᠠ ᠭᠡᠬᠦ ᠨᠡᠷ᠎ᠡ ᠪᠡᠷ ᠳᠠᠶᠢᠴᠢᠯᠠᠬᠤ ᠬᠠᠭᠤᠳᠠᠰᠤ ᠢᠷᠡᠭᠦᠯᠬᠦ ᠳᠦ ᠨᠢ ᠨᠠᠮ ᠤᠨ ᠳᠠᠷᠤᠭ᠎ᠠ ᠲᠠᠢ 《ᠪᠢ ᠡᠳᠡᠨ ᠢᠶᠡᠷ ᠴᠢᠨᠤ ᠦᠨᠢᠶᠡᠨ ᠳᠡᠯᠡᠩ ᠢ ᠰᠢᠪᠲᠤᠷᠤᠭᠤᠯᠵᠤ ᠵᠠᠯᠬᠠᠭᠠᠯᠭᠠᠬᠤ ᠦᠭᠡᠢ ᠡ᠃ ᠡᠳᠡ ᠪᠣᠯ ᠢᠨᠵᠧᠨᠧᠷ ᠦᠳ᠂ ᠲᠧᠭᠨᠢᠭᠴᠢᠳ᠃ ᠴᠢ ᠲᠡᠷᠡ ᠬᠡᠳᠦᠨ ᠰᠠᠭᠠᠯᠢᠴᠢᠳ ᠲᠤ ᠪᠠᠨ ᠨᠠᠭᠠᠳᠤ ᠬᠠᠭᠤᠳᠠᠰᠤ ᠪᠠᠨ ᠶᠠᠪᠤᠭᠤᠯ》 ᠭᠡᠵᠦ ᠲᠠᠴᠢᠭᠢᠨᠠᠲᠠᠯ᠎ᠠ ᠬᠡᠷᠡᠯᠳᠦᠵᠦ ᠪᠠᠶᠢᠭᠰᠠᠨ ᠡᠰᠡᠷᠭᠦᠦ᠃ ᠠᠪᠤ ᠶᠢᠨ ᠮᠠᠨᠢ ᠲᠤᠬᠠᠢ ᠳᠡᠭᠡᠳᠦ ᠭᠠᠵᠠᠷ ᠨᠠᠰᠤᠨ ᠲᠤᠷᠰᠢᠳᠠ ᠨᠢ ᠮᠠᠲᠠᠭᠠᠰᠤ ᠣᠴᠢᠵᠤ ᠪᠠᠶᠢᠭᠰᠠᠨ ᠭᠡᠳᠡᠭ᠃ ᠥᠪᠡᠷ ᠦᠨ ᠢᠶᠡᠨ ᠠᠮᠢᠳᠤᠷᠠᠯ ᠢ ᠥᠪᠡᠷ ᠢᠶᠡᠨ ᠲᠦᠪᠡᠭ ᠲᠡᠢ ᠪᠣᠯᠭᠠᠵᠤ ᠪᠠᠶᠢᠨ᠎ᠠ ᠭᠡᠬᠦ ᠦᠭᠡ ᠶᠢ ᠡᠵᠢ ᠬᠠᠶᠠ ᠲᠡᠭᠦᠨ ᠳᠦ ᠵᠣᠷᠢᠭᠤᠯᠤᠨ ᠤᠨᠠᠭᠠᠳᠠᠭ ᠪᠠᠶᠢᠭᠰᠠᠨ ᠨᠢ ᠡᠶᠢᠮᠦ ᠤᠴᠢᠷᠲᠠᠢ᠃ ᠡᠴᠢᠭᠡ ᠬᠦᠮᠦᠨ ᠦ ᠥᠪᠡᠷ ᠢ ᠪᠡᠨ ᠠᠪᠴᠤ ᠶᠠᠪᠤᠭᠰᠠᠨ ᠬᠠᠮᠤᠭ ᠤᠨ ᠭᠣᠣᠯ ᠳᠣᠲᠣᠭᠠᠳᠤ ᠴᠢᠨᠠᠷ ᠬᠥᠪᠡᠭᠦᠳ ᠲᠦ ᠨᠢ ᠢᠯᠡᠭᠦᠦ ᠶᠡᠬᠡ ᠰᠢᠩᠭᠡᠵᠦ ᠦᠯᠡᠳᠡᠳᠡᠭ ᠶᠤᠮ ᠰᠢᠭ ᠨᠠᠳᠠ ᠳᠤ ᠰᠠᠨᠠᠭᠳᠠᠳᠠᠭ᠃ ᠮᠢᠨᠦ ᠬᠣᠶᠠᠷ ᠠᠬ᠎ᠠ ᠴᠤ ᠳᠠᠷᠤᠭ᠎ᠠ ᠳᠠᠭᠠᠭᠠᠮᠠᠯ ᠤᠳ ᠲᠠᠢ ᠤᠴᠢᠷ ᠢᠶᠠᠨ ᠣᠯᠵᠤ ᠠᠮᠢᠳᠤᠷᠠᠬᠤ ᠲᠠᠯ᠎ᠠ ᠳᠡᠭᠡᠷ᠎ᠡ ᠳᠤᠲᠠᠭᠳᠠᠯ ᠲᠠᠢ ᠬᠦᠮᠦᠰ ᠪᠣᠯᠵᠤ ᠲᠥᠯᠦᠪᠰᠢᠭᠰᠡᠨ ᠨᠢ ᠠᠩᠵᠠᠭᠠᠷᠠᠭᠳᠠᠳᠠᠭ᠃ ᠠᠪᠤ ᠮᠠᠨᠢ ᠬᠠᠶᠠ ᠠᠯᠳᠠᠳᠠᠭ ᠡᠷ᠎ᠡ ᠬᠦᠮᠦᠨ ᠶᠠᠪᠤᠯ᠎ᠠ᠃ ᠠᠷᠢᠬᠢ ᠤᠤᠭᠤᠵᠤ ᠵᠠᠷᠢᠮ ᠳ᠋ᠠᠭᠠᠨ ᠰᠦᠷᠡᠬᠡᠢ ᠬᠠᠯᠠᠮᠴᠠᠨ᠎ᠠ᠃ ᠡᠨᠡ ᠬᠣᠷᠸ᠎ᠠ ᠳᠤ ᠵᠢᠷᠭᠠᠯ ᠲᠠᠢ ᠠᠮᠢᠳᠤᠷᠠᠬᠤ ᠳᠤ ᠣᠯᠠᠨ ᠶᠠᠭᠤᠮ᠎ᠠ ᠬᠡᠷᠡᠭ ᠦᠭᠡᠢ ᠭᠡᠵᠦ ᠶᠠᠷᠢᠨ᠎ᠠ᠃ ᠨᠠᠳᠠ ᠳᠤ ᠪᠤᠷᠬᠠᠨ ᠬᠡᠷᠡᠭ ᠦᠭᠡᠢ᠃ ᠮᠢᠨᠦ ᠪᠤᠷᠬᠠᠨ ᠪᠣᠯ ᠮᠢᠨᠦ ᠵᠥᠪ ᠭᠡᠰᠡᠨ ᠯᠠ ᠦᠵᠡᠯ ᠭᠡᠵᠦ ᠬᠡᠯᠡᠨ᠎ᠡ᠃ ᠬᠥᠮᠦᠨ ᠳᠦ ᠬᠣᠭᠣᠰᠣᠨ ᠨᠠᠶᠢᠳᠠᠪᠤᠷᠢ ᠲᠥᠷᠦᠭᠦᠯᠳᠡᠭ ᠤᠯᠤᠰ ᠪᠣᠯ ᠬᠠᠮᠤᠭ ᠤᠨ ᠠᠳᠠᠭ ᠤᠨ ᠭᠦᠯᠢᠭᠡᠨᠡᠭᠦᠷ ᠠᠮᠢᠲᠠᠳ ᠪᠠᠶᠢᠳᠠᠭ᠃ ᠴᠢ ᠪᠤᠰᠤᠳ ᠤᠨ ᠡᠮᠦᠨ᠎ᠡ ᠴᠢᠳᠠᠬᠤ ᠪᠣᠯ ᠴᠢᠳᠠᠨ᠎ᠠ᠂ ᠦᠭᠡᠢ ᠪᠣᠯ ᠦᠭᠡᠢ᠂ ᠡᠶᠢᠮᠦ ᠯᠠ ᠲᠣᠳᠣᠷᠬᠠᠢ ᠪᠠᠶᠢᠬᠤ ᠶᠣᠰᠣᠲᠠᠢ ᠭᠡᠵᠦ ᠶᠠᠷᠢᠨ᠎ᠠ᠃ ᠪᠣᠳᠣᠵᠤ ᠪᠠᠶᠢᠭ᠎ᠠ ᠠᠮᠢᠲᠠᠨ ᠪᠣᠯᠵᠤ ᠪᠥᠭᠡᠷᠡᠩᠬᠡᠶᠢᠯᠡᠵᠦ᠂ ᠠᠶᠤᠵᠤ ᠰᠠᠭᠤᠭ᠎ᠠ ᠬᠦᠮᠦᠨ ᠰᠢᠭ ᠰᠤᠯᠠ ᠳᠣᠷᠣᠢ ᠶᠠᠭᠤᠮ᠎ᠠ ᠪᠠᠶᠢᠬᠤ ᠦᠭᠡᠢ᠃ ᠰᠠᠨᠠᠭᠠᠨ ᠳᠤ ᠴᠢᠨᠢ ᠨᠢᠭᠡ ᠯᠠ ᠪᠠᠭᠲᠠᠭᠰᠠᠨ ᠪᠣᠯ ᠪᠠᠷᠢᠭᠠᠳ ᠯᠠ ᠠᠪᠬᠤ ᠬᠡᠷᠡᠭᠲᠡᠢ ᠭᠡᠨ᠎ᠡ᠃ ᠬᠦᠮᠦᠨ ᠬᠡᠵᠢᠶ᠎ᠡ ᠴᠤ ᠬᠦᠮᠦᠨ ᠲᠡᠢ ᠮᠠᠭᠤᠳᠠᠯᠴᠠᠵᠤ᠂ ᠳᠠᠶᠢᠰᠤᠨ ᠲᠠᠢ ᠪᠣᠯᠬᠤ ᠶᠢ ᠬᠦᠰᠡᠳᠡᠭ ᠦᠭᠡᠢ᠃ ᠭᠡᠪᠡᠴᠦ ᠬᠤᠪᠢ ᠵᠠᠶᠠᠭ᠎ᠠ ᠴᠢᠮ᠎ᠠ ᠶᠢ ᠥᠪᠡᠷ ᠦᠨ ᠡᠷᠬᠡ ᠦᠭᠡᠢ ᠬᠦᠮᠦᠨ ᠲᠡᠢ ᠮᠠᠭᠤᠳᠠᠯᠴᠠᠭᠤᠯᠵᠤ᠂ ᠳᠠᠶᠢᠰᠤᠨ ᠲᠠᠢ ᠪᠣᠯᠭᠠᠵᠤ ᠪᠠᠶᠢᠳᠠᠭ᠃ ᠲᠡᠶᠢᠮᠦ ᠪᠣᠯᠬᠣᠷ ᠡᠨᠡᠨ ᠡᠴᠡ ᠵᠢᠭᠤᠳᠠᠬᠤ ᠬᠡᠷᠡᠭ ᠦᠭᠡᠢ ᠭᠡᠵᠦ ᠬᠡᠯᠡᠨ᠎ᠡ᠃ ᠠᠪᠤ ᠶᠢᠨ ᠮᠠᠨᠢ ᠡᠳᠡᠭᠡᠷ ᠣᠨᠣᠯ ᠤᠳ ᠵᠠᠷᠢᠮ ᠲᠠᠯ᠎ᠠ ᠠᠴᠠ ᠶᠡᠬᠡᠬᠡᠨ ᠲᠤᠶᠢᠯᠰᠢᠷᠠᠭᠰᠠᠨ ᠰᠠᠨᠠᠭᠳᠠᠪᠠᠴᠤ ᠦᠷ᠎ᠡ ᠬᠡᠦᠬᠡᠳ ᠨᠢ ᠪᠣᠯᠵᠤ ᠵᠠᠶᠠᠭᠠᠭᠰᠠᠨ ᠪᠢᠳᠡᠨ ᠦ ᠥᠪᠡᠷ ᠡᠴᠡ ᠨᠢ ᠬᠣᠶᠢᠰᠢ ᠠᠮᠢᠳᠤᠷᠠᠯ ᠳᠤ ᠪᠠᠨ ᠬᠢᠵᠦ ᠶᠠᠪᠤᠭ᠎ᠠ ᠡᠳᠦᠢ ᠲᠡᠳᠦᠢ ᠠᠯᠬᠤᠮ ᠤᠳ ᠤᠨ ᠴᠠᠭᠠᠨ᠎ᠠ ᠠᠴᠠ ᠣᠳᠣ ᠴᠤ ᠬᠠᠩᠬᠤᠯᠵᠤ ᠯᠠ ᠪᠠᠶᠢᠳᠠᠭ ᠨᠢ ᠬᠠᠴᠢᠨ᠃ ᠣᠳᠣ ᠨᠠᠮ᠎ᠠ ᠶᠢ ᠬᠠᠮᠤᠭ ᠤᠨ ᠶᠡᠬᠡ ᠵᠣᠪᠠᠭᠠᠳᠠᠭ ᠠᠰᠠᠭᠤᠯᠲᠠ 《ᠴᠢ ᠥᠪᠡᠷ ᠢᠶᠡᠨ ᠥᠪᠡᠷ ᠦᠨ ᠬᠢ ᠪᠡᠷ ᠢᠶᠡᠨ ᠠᠮᠢᠳᠤᠷᠠᠵᠤ ᠴᠢᠳᠠᠵᠤ ᠪᠠᠶᠢᠨ᠎ᠠ ᠤᠤ᠂ ᠦᠭᠡᠢ ᠤᠤ》 ᠭᠡᠬᠦ ᠠᠰᠠᠭᠤᠯᠲᠠ ᠪᠣᠯᠤᠭᠰᠠᠨ ᠨᠢ ᠰᠣᠨᠢᠨ᠃ ᠡᠴᠢᠭᠡ ᠮᠠᠨᠢ ᠬᠠᠯᠠᠮᠴᠠᠭᠤ ᠳᠤ ᠪᠠᠨ ᠵᠢᠭᠠᠬᠠᠨ ᠪᠠᠴᠢᠮ ᠴᠤ ᠵᠥᠪ ᠬᠣᠭᠣᠯᠠᠢ ᠪᠠᠷ 《ᠦᠯᠡᠮᠵᠢ ᠶᠢᠨ ᠴᠢᠨᠠᠷ》 ᠍ ᠢ ᠰᠡᠪᠢᠯᠵᠡᠲᠡᠯ᠎ᠡ ᠠᠪᠤᠨ᠎ᠠ᠃ ᠮᠥᠩᠬᠡ ᠶᠢᠨ ᠤᠰᠤ ᠨᠢ ᠪᠠᠶᠢᠳᠠᠭ ᠪᠣᠯ ᠬᠠᠮᠢᠭ᠎ᠠ ᠠᠴᠠ ᠴᠤ ᠭᠡᠰᠡᠨ ᠤᠯᠬᠤ ᠶᠤᠮᠰᠠᠨ ᠮᠢᠨᠦ ᠡᠵᠢ ᠨᠠᠰᠤᠲᠠᠢ ᠬᠦᠮᠦᠨ ᠬᠠᠶᠢᠷᠠᠲᠠᠢ ᠡᠵᠢ ᠳᠦ ᠪᠡᠨ ᠥᠭᠬᠦ ᠶᠤᠮᠰᠠᠨ ᠁ ᠭᠡᠵᠦ ᠪᠠᠰᠠ ᠳᠠᠭᠤᠯᠠᠨ᠎ᠠ᠃ ᠢᠩᠭᠢᠭᠡᠳ ᠯᠠ ᠲᠡᠭᠦᠨ ᠦ ᠳᠠᠭᠤᠯᠠᠳᠠᠭ ᠳᠠᠭᠤᠤ ᠳᠠᠭᠤᠰᠤᠨ᠎ᠠ᠃ ᠳᠤᠷ᠎ᠠ ᠦᠭᠡᠢ ᠪᠡᠨ ᠬᠦᠷᠪᠡᠯ ᠠᠭᠰᠤᠮ ᠴᠤ ᠲᠠᠯᠪᠢᠨ᠎ᠠ᠃ ᠨᠢᠳᠤᠷᠭ᠎ᠠ ᠴᠤ ᠵᠥᠷᠢᠭᠦᠯᠦᠨ᠎ᠡ᠃ ᠪᠠᠰᠠ ᠴᠡᠪᠡᠷ­ᠬᠡᠨ ᠨᠠᠶᠢᠮᠠᠢ ᠬᠢᠴᠢᠬᠡᠨ᠎ᠡ᠃ ᠡᠶᠢᠮᠦ ᠯᠠ ᠨᠢᠭᠡ ᠡᠷ᠎ᠡ ᠬᠦᠮᠦᠨ᠃ ᠰᠤᠮᠤᠨ ᠳᠤ ᠪᠠᠨ ᠠᠩᠬᠠᠨ ᠤ ᠮᠣᠲ᠋ᠣᠼᠢᠺᠠᠯ ᠢ ᠤᠨᠣᠵᠤ᠂ ᠠᠩᠬ᠎ᠠ ᠤᠳᠠᠭ᠎ᠠ ᠵᠢᠷᠤᠭᠲᠤ ᠠᠪᠴᠢᠷᠠᠵᠤ᠂ ᠪᠠᠰᠠ ᠠᠩᠬ᠎ᠠ ᠤᠳᠠᠭ᠎ᠠ ᠬᠠᠷ᠎ᠠ ᠮᠣᠳᠣ ᠲᠠᠷᠢᠵᠤ ᠣᠯᠠᠨ ᠶᠠᠭᠤᠮᠠᠨ ᠳᠤ ᠠᠩᠬᠠᠳᠠᠭᠴᠢ ᠪᠣᠯᠵᠤ ᠶᠠᠪᠤᠭᠰᠠᠨ᠃ ᠮᠠᠨ ᠤ ᠰᠤᠮᠤᠨ ᠳᠤ ᠡᠯᠵᠢᠭᠡ ᠭᠡᠳᠡᠭ ᠠᠮᠢᠲᠠᠨ ᠢ ᠬᠠᠮᠤᠭ ᠤᠨ ᠠᠩᠬ᠎ᠠ ᠰᠤᠰᠤᠷᠪᠠᠷᠠᠮ ᠭᠤᠸᠠᠢ ᠭᠡᠳᠡᠭ ᠱᠠᠪᠢᠯᠬᠠᠨ ᠰᠢᠷ᠎ᠠ ᠡᠪᠦᠭᠡᠨ ᠠᠪᠴᠢᠷᠠᠵᠤ ᠪᠠᠶᠢᠯ᠎ᠠ᠃ ᠬᠠᠷᠢᠨ ᠮᠠᠨ ᠤ ᠠᠪᠤ ᠠᠩᠬ᠎ᠠ ᠤᠳᠠᠭ᠎ᠠ ᠭᠠᠬᠠᠢ ᠠᠪᠴᠢᠷᠠᠵᠤ ᠲᠡᠵᠢᠭᠡᠭᠰᠡᠨ᠃ ᠬᠡᠦᠬᠡᠳ ᠦᠳ ᠭᠠᠬᠠᠢ᠂ ᠡᠯᠵᠢᠭᠡ ᠬᠣᠶᠠᠷ ᠢ ᠦᠵᠡᠬᠦ ᠭᠡᠵᠦ ᠬᠤᠶᠢᠯᠠᠷᠠᠯᠳᠤᠳᠠᠭ ᠰᠠᠨ᠃ ᠲᠡᠷᠡ ᠪᠠᠰᠠ ᠭᠠᠶᠢᠬᠠᠯᠲᠠᠢ ᠰᠡᠵᠢᠭᠴᠢ᠂ ᠴᠡᠪᠡᠷᠴᠢ ᠨᠢᠮᠪᠠᠢ ᠨᠢ ᠳᠡᠩᠳᠡᠭᠰᠡᠨ ᠬᠦᠮᠦᠨ ᠪᠠᠶᠢᠵᠤ ᠪᠢᠯᠡ᠃ ᠡᠷᠬᠦᠦ ᠳᠦ ᠲᠡᠭᠦᠰᠦᠭᠰᠡᠨ᠂ ᠺᠠᠷᠠᠺᠤᠯ ᠵᠠᠬ᠎ᠠ ᠲᠠᠢ ᠨᠣᠣᠰᠣᠨ ᠫᠠᠯᠢᠲ᠋ᠣ᠋᠂ ᠺᠠᠷᠠᠺᠤᠯ ᠮᠠᠯᠠᠭᠠᠢ ᠳᠤᠬᠤᠳᠠᠭᠤᠯᠵᠤ᠂ ᠪᠠᠰᠠ ᠮᠠᠰᠢᠨ ᠤᠨᠤᠳᠠᠭ ᠭᠠᠩᠭᠠᠨ ᠳᠠᠷᠤᠭ᠎ᠠ ᠶᠠᠪᠤᠭᠰᠠᠨ ᠠᠪᠤ ᠮᠢᠨᠢ ᠣᠳᠣ ᠴᠤ ᠲᠡᠷᠡ ᠯᠠ ᠲᠥᠷᠬᠥ ᠪᠡᠷ ᠢᠶᠡᠨ ᠨᠢᠳᠦᠨ ᠳᠦ ᠬᠠᠷᠠᠭᠳᠠᠨ᠎ᠠ᠃ ᠬᠠᠭᠤᠴᠢᠨ ᠤ ᠳᠠᠭᠤᠤ ᠲᠠᠢ ᠬᠠᠮᠲᠤ ᠤᠷᠭᠤᠵᠤ ᠢᠷᠡᠨ ᠬᠠᠷᠠᠭᠳᠠᠨ᠎ᠠ᠃ ᠬᠠᠭᠤᠳᠠᠰᠤ ᠡᠷᠭᠢᠬᠦ ᠲᠣᠭᠠᠯᠠᠨ ᠠᠮᠢᠳᠤᠷᠠᠯ ᠤᠨ ᠮᠠᠨᠠᠨ ᠳᠤᠮᠳᠠ ᠰᠦᠷᠯᠢᠭ ᠳᠦᠷᠢ ᠲᠥᠷᠬᠥ ᠪᠡᠷ ᠢᠶᠡᠨ ᠦᠵᠡᠭᠳᠡᠨ ᠲᠩᠷᠢ ᠡᠴᠡ ᠨᠢᠭᠡ ᠶᠢ ᠰᠢᠪᠡᠨᠡᠨ᠎ᠡ᠃ ᠪᠤᠳᠠᠩ ᠲᠠᠲᠠᠭᠠᠳ ᠤᠨᠢᠶᠠᠷᠲᠤᠭᠰᠠᠨ ᠪᠤᠭᠤᠷᠤᠯ ᠬᠠᠩᠭᠠᠢ ᠶᠢᠨ ᠰᠠᠶᠢᠬᠠᠨ ᠢ ᠡ ᠪᠠᠭᠤᠷᠢ ᠨᠢ ᠬᠦᠷᠲᠡᠯ᠎ᠡ ᠠᠷᠢᠯᠤᠭ᠎ᠠ ᠦᠭᠡᠢ ᠪᠤᠭᠤᠷᠤᠯ ᠠᠪᠤ ᠶᠢᠨ ᠨᠤᠲᠤᠭ ᠡ ᠠᠢ ᠬᠥ ᠵᠡ ᠬᠥ ᠪᠤᠭᠤᠷᠤᠯ ᠠᠪᠤ ᠶᠢᠨ ᠮᠢᠨᠢ ᠨᠤᠲᠤᠭ ᠢᠶᠠᠷ ᠪᠠᠭᠤᠵᠤ ᠮᠣᠷᠳᠠᠭᠠᠳ ᠶᠠᠪᠤᠭᠠᠷᠠᠢ᠃ ᠨᠠᠶᠢᠷ ᠤᠨ ᠭᠡᠷ ᠡᠴᠡ ᠳᠠᠭᠤᠤ ᠡᠶᠢᠨ ᠬᠠᠳᠠᠨ᠎ᠠ᠃ ᠠᠢ᠂ ᠠᠪᠤ ᠲᠠᠢ ᠶᠠᠪᠤᠭᠰᠠᠨ ᠣᠨ ᠵᠢᠯ ᠦᠳ ᠦᠨ ᠵᠢᠩᠳᠡᠵᠦ ᠦᠵᠡᠭᠡ ᠦᠭᠡᠢ ᠠᠮᠢᠳ᠋ᠤᠷᠠᠯ᠃ ᠠᠪᠤ ᠳᠤ ᠪᠠᠨ ᠪᠢ ᠠᠩᠬ᠎ᠠ ᠤᠳᠠᠭ᠎ᠠ ᠭᠤᠷᠪᠠᠳᠤᠭᠠᠷ ᠠᠩᠭᠢ ᠳᠤ ᠪᠠᠶᠢᠬᠤ ᠳᠤ ᠪᠠᠨ ᠨᠢᠭᠡ ᠣᠷᠢᠶᠠᠯᠭᠠᠭᠤᠯᠵᠤ ᠦᠵᠡᠭᠰᠡᠨ᠃ ᠠᠷᠭ᠎ᠠ ᠪᠠᠶᠢᠵᠤ ᠤᠤ ᠰᠤᠮᠤ ᠶᠢᠨ ᠲᠥᠪ ᠦᠨ ᠴᠣᠷ ᠤᠨ ᠭᠠᠭᠴᠠ ᠴᠠᠭ ᠠᠭᠤᠷ ᠤᠨ ᠠᠵᠢᠭᠯᠠᠯᠲᠠ ᠶᠢᠨ ᠰᠲ᠋ᠠᠨᠼ ᠢ ᠪᠢ ᠶᠠᠭᠤ ᠴᠤ ᠦᠭᠡᠢ ᠲᠦᠢᠪᠡᠭᠡᠴᠢᠬᠡᠭᠰᠡᠨ ᠶᠤᠮ ᠴᠢᠨᠢ᠃ ᠬᠠᠰᠢᠶ᠎ᠠ ᠶᠢ ᠨᠢ ᠳᠠᠪᠠᠵᠤ ᠣᠷᠣᠭᠠᠳ ᠬᠡᠮᠵᠢᠯᠲᠡ ᠶᠢᠨ ᠪᠠᠭᠠᠵᠢ ᠡᠨᠡ ᠲᠡᠷᠡ ᠶᠢ ᠨᠢ ᠨᠢᠭᠡ ᠶᠢ ᠴᠤ ᠦᠯᠡᠳᠡᠭᠡᠯ ᠦᠭᠡᠢ ᠬᠠᠭᠠᠯᠵᠤ ᠣᠷᠬᠢᠭᠰᠠᠨ᠃ ᠬᠢᠭᠰᠡᠨ ᠬᠡᠷᠡᠭ ᠢᠯᠡᠴᠢᠯᠡᠭᠳᠡᠵᠦ ᠰᠤᠮᠤ ᠶᠢᠨ ᠵᠠᠬᠢᠷᠭᠠᠨ ᠳᠡᠭᠡᠷ᠎ᠡ ᠪᠠᠭᠰᠢ ᠲᠠᠢ ᠪᠠᠨ ᠬᠠᠮᠲᠤ ᠳᠠᠭᠤᠳᠠᠭᠳᠠᠵᠤ ᠣᠴᠢᠭᠠᠳ ᠪᠠᠶᠢᠵᠤ ᠪᠠᠶᠢᠲᠠᠯ᠎ᠠ ᠠᠪᠤ ᠣᠷᠣᠭᠠᠳ ᠢᠷᠡᠭᠰᠡᠨ᠃ ᠰᠤᠮᠤ ᠶᠢᠨ ᠨᠠᠷᠢᠨ ᠪᠢᠴᠢᠭ ᠦᠨ ᠳᠠᠷᠤᠭ᠎ᠠ ᠨᠠᠳᠠ ᠠᠴᠠ 《ᠴᠢ ᠶᠠᠭᠠᠬᠢᠬᠤ ᠭᠡᠵᠦ ᠲᠡᠷᠡ ᠭᠠᠵᠠᠷ ᠲᠤ ᠵᠣᠭᠤᠯᠲᠠᠲᠠᠢ ᠪᠠᠶᠢᠭᠰᠠᠨ ᠬᠡᠮᠵᠢᠭᠴᠢ ᠨᠦᠭᠦᠳ ᠢ ᠠᠪᠴᠤ ᠬᠠᠭᠠᠯᠤᠭᠰᠠᠨ ᠶᠤᠮ ᠪᠤᠢ》 ᠭᠡᠬᠦ ᠳᠦ ᠨᠢ ᠪᠢ 《ᠰᠢᠯ ᠤᠨ ᠱᠤᠭᠤᠮ ᠲᠠᠢ ᠪᠣᠯᠬᠤ ᠭᠡᠵᠦ᠂ ᠪᠠᠰᠠ ᠮᠥᠩᠭᠥᠨ ᠤᠰᠤ ᠭᠡᠳᠡᠭ ᠶᠠᠭᠤᠮ᠎ᠠ ᠶᠢ ᠨᠢ ᠤᠤᠭᠤᠬᠤ ᠭᠡᠰᠡᠨ ᠶᠤᠮ》 ᠭᠡᠵᠦ ᠬᠠᠷᠢᠭᠤᠯᠵᠤ ᠪᠥᠭᠡᠮ ᠱᠤᠤᠭᠢᠶᠠᠨ ᠪᠣᠯᠵᠤ ᠪᠢᠯᠡ᠃ ᠣᠷᠣᠢ ᠭᠡᠷ ᠲᠦ ᠪᠡᠨ ᠣᠷᠣᠭᠠᠳ ᠢᠷᠡᠲᠡᠯ᠎ᠡ ᠠᠪᠤ ᠲᠠᠴᠢᠭᠢᠨᠠᠵᠤ ᠭᠠᠷᠴᠤ ᠪᠠᠶᠢᠨ᠎ᠠ᠃ ᠦᠭᠡᠢ ᠶᠡᠷᠦ ᠲᠡᠷᠡ ᠮᠥᠩᠭᠥᠨ ᠤᠰᠤ ᠶᠢ ᠤᠤᠭᠤᠪᠠᠯ ᠴᠢ ᠦᠬᠦᠨ᠎ᠡ ᠰᠢᠦ ᠳ᠋ᠡ᠂ ᠪᠠᠰᠠ ᠲᠡᠷᠡ ᠰᠢᠯ ᠤᠨ ᠱᠤᠭᠤᠮ ᠭᠡᠵᠦ ᠶᠠᠭᠤ ᠪᠠᠨ ᠶᠠᠷᠢᠭᠠᠳ ᠪᠠᠶᠢᠭ᠎ᠠ ᠨᠥᠬᠥᠷ ᠪᠤᠢ ᠭᠡᠳ ᠯᠠ ᠳᠠᠭᠤ ᠨᠢ ᠥᠨᠳᠥᠷᠰᠦᠭᠡᠳ ᠶᠠᠪᠤᠴᠢᠬᠠᠭᠰᠠᠨ ᠰᠠᠨ᠃ ᠰᠢᠳᠡᠮᠡᠰᠦ ᠪᠡᠷ ᠨᠢᠭᠡ ᠣᠷᠢᠶᠠᠯᠭᠠᠭᠤᠯᠵᠤ ᠠᠪᠤᠭᠠᠳ ᠣᠷᠣᠨ ᠳᠤ ᠪᠠᠨ ᠪᠥᠭᠡᠮ ᠭᠣᠮᠣᠳᠠᠭᠰᠠᠨ ᠠᠮᠢᠲᠠᠨ ᠤᠬᠢᠯᠠᠵᠤ ᠠᠪᠤ ᠪᠠᠷ ᠢᠶᠠᠨ ᠠᠷᠭᠠᠳᠠᠭᠤᠯᠵᠤ ᠠᠪᠤᠭᠠᠳ ᠤᠨᠲᠠᠵᠤ ᠪᠠᠶᠢᠭᠰᠠᠨ ᠰᠠᠨ᠃ ᠲᠡᠷᠲᠡᠭᠡᠬᠢ ᠣᠨ ᠵᠢᠯ ᠦᠳ ᠭᠡᠷᠡᠯᠲᠦ ᠰᠢᠪᠠᠭᠤ ᠰᠢᠭ ᠨᠢᠰᠦᠨ ᠣᠳᠤᠭᠰᠠᠨ ᠴᠤ ᠡᠶᠢᠨᠬᠦᠦ ᠴᠡᠭᠡᠵᠢᠨ ᠦ ᠮᠢᠨᠢ ᠭᠦᠡ ᠳ᠋ᠤ ᠱᠤᠯᠤᠭᠠᠨᠠᠨ ᠵᠢᠷᠭᠢᠭᠰᠡᠭᠡᠷ᠃ ᠮᠠᠨ ᠤ ᠠᠪᠤ ᠡᠵᠢ ᠬᠣᠶᠠᠷ ᠰᠥᠨᠢ ᠳᠥᠯᠢ ᠪᠣᠯᠤᠭᠰᠠᠨ ᠬᠣᠶᠢᠨ᠎ᠠ ᠣᠷᠣᠨ ᠳᠤ ᠪᠠᠨ ᠣᠷᠣᠴᠢᠬᠠᠭᠠᠳ ᠨᠢᠭᠡ ᠨᠢᠭᠡᠨ ᠳᠦ ᠪᠡᠨ ᠨᠣᠮ ᠤᠩᠰᠢᠵᠤ ᠥᠭᠳᠡᠭ ᠪᠠᠶᠢᠯ᠎ᠠ᠃ 《ᠬᠣᠰᠢᠭᠤ ᠴᠠᠭᠠᠨ ᠨᠤᠲᠤᠭ》 ᠭᠡᠳᠡᠭ ᠷᠣᠮᠠᠨ ᠭᠠᠷᠴᠤ ᠲᠡᠷᠡ ᠬᠣᠶᠠᠷ ᠯᠠᠪ ᠭᠤᠷᠪᠠᠨ ᠰᠥᠨᠢ ᠤᠩᠰᠢᠭᠰᠠᠨ ᠶᠤᠮ ᠳ᠋ᠠᠭ᠃ ᠨᠤᠲᠤᠭ ᠤᠨ ᠨᠢᠭᠡ ᠰᠠᠶᠢᠬᠠᠨ ᠪᠦᠰᠡᠭᠦᠢ ᠨᠢᠭᠡᠳᠦᠯ ᠦᠨ ᠳᠠᠷᠤᠭ᠎ᠠ ᠵᠠᠯᠠᠭᠤ ᠳᠤ ᠳᠤᠷᠠᠯᠠᠭᠠᠳ ᠯᠠ᠂ ᠶᠠᠭᠤ ᠶᠠᠭᠤ ᠴᠤ ᠪᠣᠯᠳᠠᠭ ᠪᠢᠯᠡ ᠳ᠋ᠡ᠃ ᠪᠢ ᠬᠥᠨᠵᠢᠯᠡ ᠳᠣᠲᠣᠷ᠎ᠠ ᠪᠠᠨ ᠤᠨᠲᠠᠭᠰᠠᠨ ᠳᠦᠷᠢ ᠦᠵᠡᠭᠦᠯᠦᠨ ᠨᠢᠭᠡ ᠪᠥᠷᠢᠴᠢᠯᠡᠨ ᠰᠣᠨᠣᠰᠴᠣ ᠬᠡᠪᠲᠡᠨ᠎ᠡ᠃ ᠨᠢᠭᠡ ᠤᠳᠠᠭ᠎ᠠ ᠠᠪᠤ ᠠᠶᠢᠮᠠᠭ ᠶᠠᠪᠤᠭᠠᠳ ᠢᠷᠡᠬᠦ ᠳᠦ ᠪᠡᠨ 《ᠨᠢᠰᠰᠣ᠋》 ᠭᠡᠳᠡᠭ ᠵᠤᠵᠠᠭᠠᠨ ᠨᠣᠮ ᠠᠪᠴᠢᠷᠠᠯ᠎ᠠ᠃ ᠲᠡᠭᠡᠭᠡᠳ ᠨᠠᠮ᠎ᠠ ᠶᠢ ᠤᠨᠲᠠᠭᠤᠯᠴᠢᠬᠠᠭᠠᠳ ᠭᠠᠯ ᠲᠣᠭᠣᠭᠠᠨ ᠤ ᠥᠷᠥᠭᠡᠨ ᠳᠦ ᠲᠤᠬᠠᠯᠠᠨ ᠰᠠᠭᠤᠵᠤ ᠠᠪᠤᠭᠠᠳ ᠡᠵᠢ ᠡᠬᠢᠯᠡᠨ ᠤᠩᠰᠢᠵᠤ ᠭᠠᠷᠪᠠ᠃ ᠷᠣᠵᠠ ᠵᠥᠪᠬᠡᠨ ᠨᠢᠳᠦ ᠪᠡᠨ ᠢᠯᠡ ᠭᠠᠷᠭᠠᠨ ᠨᠢᠭᠤᠷ ᠢᠶᠡᠨ ᠴᠠᠭᠠᠨ ᠠᠯᠴᠢᠭᠤᠷ ᠢᠶᠠᠷ ᠪᠦᠲᠡᠭᠡᠵᠦ ᠭᠡᠷ ᠦᠨ ᠢᠶᠡᠨ ᠬᠠᠭᠠᠯᠭ᠎ᠠ ᠶᠢ ᠴᠢᠯᠠᠭᠤ ᠪᠠᠷ ᠳᠠᠷᠤᠭᠠᠳ ᠮᠢᠷ ᠠᠯ ᠤᠨ ᠡᠯᠵᠢᠭᠡᠨ ᠦ ᠤᠷᠳᠤ ᠣᠷᠣᠨ ᠶᠠᠪᠤᠯ᠎ᠠ᠃ ᠳᠤᠣᠪ ᠰᠠᠭᠤᠷᠢᠨ ᠤ ᠬᠢᠨ ᠡᠨᠡ ᠡᠮᠡᠭᠲᠡᠢ ᠶᠢᠨ ᠬᠤᠪᠢ ᠵᠠᠶᠠᠭ᠎ᠠ ᠶᠢ ᠪᠠᠭ᠎ᠠ ᠰᠣᠨᠢᠷᠬᠠᠵᠤ ᠪᠠᠶᠢᠭᠰᠠᠨ ᠪᠣᠯᠬᠣᠷ ᠬᠡᠨ ᠴᠤ ᠦᠳᠡᠵᠦ ᠭᠠᠷᠭᠠᠵᠤ ᠥᠭᠭᠦᠭᠰᠡᠨ ᠦᠭᠡᠢ ᠁ ᠬᠡᠮᠡᠨ ᠡᠵᠢ ᠶᠡᠷᠦ ᠪᠤᠰᠤ ᠶᠢᠨ ᠨᠠᠮᠤᠭᠤᠨ ᠬᠣᠭᠣᠯᠠᠢ ᠪᠠᠷ ᠤᠩᠰᠢᠵᠤ ᠡᠬᠢᠯᠡᠯ᠎ᠡ᠃ ᠨᠢᠭᠡ ᠮᠡᠳᠡᠬᠦ ᠳᠦ ᠥᠷᠯᠥᠭᠡ ᠪᠣᠯᠵᠠᠢ᠃ ᠨᠥᠭᠥᠭᠡ ᠭᠣᠶᠣ ᠡᠬᠢᠯᠡᠯ ᠶᠠᠭᠤ ᠪᠣᠯᠵᠤ ᠳᠠᠭᠤᠰᠤᠭᠰᠠᠨ ᠢ ᠪᠤᠤ ᠮᠡᠳᠡ᠃ ᠠᠬᠢᠨ ᠰᠢᠨ᠎ᠡ ᠣᠷᠣᠢ ᠪᠣᠯᠵᠤ ᠡᠵᠢ ᠠᠪᠤ ᠬᠣᠶᠠᠷ ᠤᠨ ᠤᠩᠰᠢᠯᠭ᠎ᠠ ᠡᠬᠢᠯᠡᠯ᠎ᠡ᠃ ᠠᠪᠤ ᠲᠠᠶᠢᠰᠠᠨ ᠳᠡᠭᠡᠷ᠎ᠡ ᠭᠠᠷᠤᠭᠰᠠᠨ ᠬᠤᠨ ᠰᠢᠭ ᠬᠣᠭᠣᠯᠠᠢ ᠪᠠᠨ ᠬᠡᠳᠦᠨᠲᠡ ᠵᠠᠰᠠᠭᠰᠠᠨ ᠢᠶᠠᠨ ᠡᠶᠢᠨ ᠡᠬᠢᠯᠡᠭᠦᠯᠪᠡ᠃ ᠺᠧᠨᠳ᠋ᠷ ᠵᠣᠭᠰᠣᠭ᠎ᠠ ᠪᠠᠷ ᠢᠶᠠᠨ ᠠᠯᠴᠢᠭᠤᠷ ᠰᠠᠪᠤᠩ ᠴᠤ ᠦᠭᠡᠢ ᠦᠰᠦᠴᠢᠨ ᠬᠦᠮᠦᠨ ᠦ ᠶᠠᠮᠠᠷ ᠴᠤ ᠬᠡᠷᠡᠭᠰᠡᠯ ᠦᠭᠡᠢ ᠪᠡᠷ ᠬᠥᠭᠰᠢᠨ ᠦ ᠳᠡᠷᠭᠡᠳᠡ ᠵᠣᠭᠰᠣᠨ ᠰᠠᠬᠠᠯ ᠢ ᠨᠢ ᠬᠤᠰᠣᠵᠤ ᠡᠬᠢᠯᠡᠯ᠎ᠡ᠃ ᠡᠪᠦᠭᠡᠨ ᠦ ᠰᠢᠷᠦᠭᠦᠨ ᠰᠠᠬᠠᠯ ᠨᠢ ᠰᠠᠷᠵᠢᠭᠢᠨᠠᠲᠠᠯ᠎ᠠ ᠳᠤᠤᠭᠠᠷᠤᠨ ᠡᠪᠡᠳᠬᠦ ᠳᠦ ᠨᠢ ᠲᠡᠷᠡ ᠪᠡᠷ ᠰᠢᠳᠦ ᠵᠠᠭᠤᠨ ᠬᠡᠵᠢᠶ᠎ᠡ ᠳᠠᠭᠤᠰᠬᠤ ᠶᠢ ᠨᠢ ᠬᠦᠯᠢᠶᠡᠨ ᠰᠠᠭᠤᠨ᠎ᠠ ᠁ ᠪᠢ ᠲᠡᠰᠦᠭᠰᠡᠨ ᠦᠭᠡᠢ᠃ ᠠᠮᠠᠨ ᠳᠤ ᠪᠠᠨ ᠬᠥᠨᠵᠢᠯᠡ ᠶᠢᠨ ᠢᠶᠡᠨ ᠦᠵᠦᠭᠦᠷ ᠢ ᠴᠢᠬᠢᠭᠡᠳ ᠴᠤ ᠲᠤᠰᠠ ᠶᠢ ᠦᠯᠦ ᠣᠯᠵᠤ ᠲᠡᠰᠦᠷᠡᠪᠡ᠃ ᠡᠪᠡᠳᠴᠦ ᠬᠠᠪᠤᠳᠤᠨ ᠪᠠᠶᠢᠵᠤ ᠥᠷᠦᠪᠳᠦᠯᠲᠡᠢ ᠪᠡᠷ ᠰᠠᠬᠠᠯ ᠢᠶᠠᠨ ᠭᠤᠳᠤᠴᠢᠨ ᠬᠤᠰᠤᠭᠤᠯᠵᠤ ᠪᠠᠶᠢᠭ᠎ᠠ ᠡᠪᠦᠭᠡᠨ ᠢ ᠱᠣᠣᠯᠠᠭᠰᠠᠨ᠂ ᠬᠣᠭᠣᠯᠠᠢ ᠪᠠᠨ ᠵᠠᠰᠠᠨ ᠡᠵᠢ ᠶᠢᠨ ᠡᠮᠦᠨ᠎ᠡ ᠪᠡᠯᠡᠳᠬᠡᠯ ᠬᠢᠵᠦ ᠢᠷᠡᠭᠡᠳ ᠤᠩᠰᠢᠯᠭ᠎ᠠ ᠪᠠᠨ ᠡᠬᠢᠯᠡᠭᠦᠯᠦᠭᠰᠡᠨ ᠠᠪᠤ ᠶᠢ ᠱᠣᠣᠯᠠᠭᠰᠠᠨ ᠬᠣᠶᠠᠷ ᠢᠶᠠᠨ ᠣᠳᠣ ᠴᠤ ᠢᠯᠭᠠᠳᠠᠭ ᠦᠭᠡᠢ᠃ ᠤᠨᠳᠠ ᠴᠢ᠂ ᠮᠠᠷᠭᠠᠰᠢ ᠬᠢᠴᠢᠶᠡᠯ ᠲᠡᠢ ᠪᠠᠶᠢᠵᠤ ᠲᠣᠮᠣ ᠬᠦᠮᠦᠨ ᠦ ᠨᠣᠮ ᠰᠣᠨᠣᠰᠤᠨ᠎ᠠ ᠭᠡᠨ᠎ᠡ ᠡ ᠁ ᠭᠡᠬᠦ ᠠᠪᠤ ᠶᠢᠨ ᠴᠢᠩᠭ᠎ᠠ ᠳᠠᠭᠤᠨ ᠢᠶᠠᠷ ᠨᠠᠮ ᠪᠣᠯᠤᠨ ᠬᠡᠳᠦᠨ ᠬᠣᠷᠤᠮ ᠤᠨ ᠳᠠᠷᠠᠭ᠎ᠠ ᠠᠮᠲᠠᠲᠤ ᠨᠣᠶᠢᠷ ᠲᠠᠭᠠᠨ ᠤᠮᠪᠠᠨ ᠣᠷᠣᠭᠰᠠᠨ᠃ ᠫᠠᠸᠧᠯ ᠯᠤᠤᠶᠨᠴᠺ ᠤᠨ ᠨᠢᠰᠰᠣ᠋ ᠭᠡᠳᠡᠭ ᠲᠡᠷᠡ ᠷᠣᠮᠠᠨ ᠲᠡᠶᠢᠮᠦ ᠴᠤ ᠭᠠᠶᠢᠬᠠᠯᠲᠠᠢ ᠷᠣᠮᠠᠨ ᠪᠢᠰᠢ ᠯᠠ ᠳ᠋ᠡ᠃ ᠭᠡᠬᠦ ᠳᠦ ᠪᠡᠨ ᠯᠠ ᠪᠢ ᠰᠡᠳᠬᠢᠯ ᠳᠦ ᠦᠯᠡᠳᠡᠭᠰᠡᠨ ᠳᠤᠷᠠᠰᠤᠮᠵᠢ ᠠᠴᠠ ᠪᠠᠨ ᠪᠣᠯᠤᠭᠠᠳ ᠴᠤ ᠶᠤᠮ ᠤᠤ ᠲᠡᠷᠡ ᠨᠣᠮ ᠢ ᠨᠠᠨᠳᠢᠩᠨᠠᠨ ᠬᠠᠳᠠᠭᠠᠯᠠᠵᠤ ᠶᠠᠪᠤᠳᠠᠭ᠃ ᠮᠠᠨ ᠤ ᠠᠪᠤ ᠡᠵᠢ ᠲᠡᠢ ᠠᠩᠬ᠎ᠠ ᠪᠠᠷᠤᠭ ᠬᠡᠦᠬᠡᠳ ᠪᠠᠶᠢᠬᠤ ᠳᠤ ᠪᠠᠨ ᠪᠤᠯᠠᠭᠠᠨ ᠤ ᠠᠷᠤ ᠶᠢᠨ ᠳᠤᠮᠳᠠᠲᠤ ᠶᠢᠨ ᠭᠣᠣᠯ ᠳᠤ ᠲᠠᠨᠢᠯᠴᠠᠭᠰᠠᠨ ᠭᠡᠰᠡᠨ᠃ ᠬᠠᠶᠢᠷ᠎ᠠ ᠰᠡᠳᠬᠢᠯ ᠦᠨ ᠬᠣᠯᠪᠣᠭ᠎ᠠ ᠲᠠᠢ ᠪᠣᠯᠤᠭᠠᠳ ᠲᠡᠳᠦ ᠤᠳᠠᠭ᠎ᠠ ᠦᠭᠡᠢ ᠪᠠᠶᠢᠲᠠᠯ᠎ᠠ ᠠᠪᠤ ᠬᠣᠲᠠ ᠤᠷᠤᠭᠤ ᠬᠣᠯᠪᠣᠭᠠᠨ ᠤ ᠲᠧᠭᠨᠢᠭᠺᠦ᠋ᠮ ᠤᠨ ᠠᠩᠬᠠᠨ ᠤ ᠣᠶᠤᠲᠠᠨ ᠨᠤᠭᠤᠳ ᠤᠨ ᠨᠢᠭᠡ ᠪᠣᠯᠤᠨ ᠣᠳᠤᠭᠰᠠᠨ ᠶᠤᠮ ᠪᠠᠶᠢᠬᠤ᠃ ᠬᠣᠲᠠ ᠳ᠋ᠤ ᠣᠴᠢᠭᠰᠠᠨ ᠲᠣᠮᠣ ᠣᠶᠤᠲᠠᠨ ᠡᠵᠢ ᠡᠴᠡ ᠰᠤᠷᠠᠭ ᠲᠠᠰᠤᠷᠠᠭᠠᠳ ᠬᠡᠳᠦᠨ ᠵᠢᠯ ᠪᠣᠯᠤᠭᠰᠠᠨ ᠤ ᠳᠠᠷᠠᠭ᠎ᠠ ᠡᠵᠢ ᠠᠶᠢᠮᠠᠭ ᠤᠨ ᠮᠠᠯ ᠡᠮᠨᠡᠯᠭᠡ ᠶᠢᠨ ᠳᠠᠷᠤᠭ᠎ᠠ ᠶᠢᠨ ᠭᠡᠷᠭᠡᠢ ᠪᠣᠯᠤᠨ ᠣᠴᠢᠵᠤ ᠲᠡᠳᠡᠨ ᠦ ᠬᠣᠯᠪᠣᠭ᠎ᠠ ᠪᠦᠷᠢᠮᠦᠰᠦᠨ ᠲᠠᠰᠤᠷᠠᠵᠠᠢ᠃ ᠭᠡᠪᠡᠴᠦ ᠨᠢᠭᠡ ᠨᠠᠮᠤᠷ ᠲᠡᠳᠡ ᠠᠶᠢᠯ ᠤᠨ ᠨᠠᠶᠢᠷ ᠳᠡᠭᠡᠷ᠎ᠡ ᠠᠬᠢᠨ ᠤᠴᠠᠷᠠᠵᠤ ᠪᠥᠭᠡᠮ ᠬᠡᠷᠡᠭ ᠮᠠᠨᠳᠤᠭᠠᠵᠤ ᠣᠷᠬᠢᠭᠰᠠᠨ ᠭᠡᠳᠡᠭ᠃ ᠠᠪᠤ ᠮᠠᠨᠢ ᠮᠠᠯ ᠡᠮᠨᠡᠯᠭᠡ ᠶᠢᠨ ᠳᠠᠷᠤᠭ᠎ᠠ ᠶᠢᠨ ᠠᠪᠠᠭᠠᠢ ᠶᠢ ᠮᠢᠩᠭ᠎ᠠ ᠶᠢᠨ ᠳᠤᠭᠤᠢ ᠶᠢᠨ ᠳᠡᠭᠡᠷ᠎ᠡ ᠪᠡᠨ ᠰᠤᠨᠳᠠᠯᠠᠨ ᠳᠠᠪᠬᠢᠬᠤ ᠪᠣᠯᠵᠤ᠂ ᠬᠡᠯᠡ ᠦᠭᠡ ᠴᠤ ᠨᠠᠮᠤᠷ ᠤᠨ ᠡᠪᠡᠰᠦᠨ ᠳᠦ ᠲᠠᠯᠪᠢᠭᠰᠠᠨ ᠭᠠᠯ ᠰᠢᠭ ᠠᠶᠢᠮᠠᠭ ᠤᠨ ᠲᠥᠪ ᠢᠶᠡᠷ ᠲᠦᠭᠡᠵᠡᠢ᠃ ᠢᠩᠭᠢᠭᠡᠳ ᠡᠵᠢ ᠮᠠᠨᠢ ᠲᠡᠷᠡ ᠠᠶᠢᠯ ᠠᠴᠠ ᠬᠣᠷᠭᠤᠳᠠᠬᠤ ᠦᠷ᠎ᠡ ᠬᠡᠦᠬᠡᠳ ᠴᠤ ᠪᠠᠶᠢᠬᠤ ᠪᠢᠰᠢ ᠳ᠋ᠡ ᠭᠡᠳ ᠬᠠᠨᠢᠯᠠᠵᠤ ᠶᠠᠪᠤᠭᠰᠠᠨ ᠨᠥᠬᠥᠷ ᠲᠦ ᠪᠡᠨ ᠪᠠᠬᠠᠨ ᠬᠤᠪᠴᠠᠰᠤ ᠣᠶᠣᠵᠤ ᠪᠡᠯᠡᠳᠴᠢᠬᠡᠭᠡᠳ ᠭᠠᠭᠴᠠᠬᠠᠨ ᠣᠶᠣᠳᠠᠯ ᠤᠨ ᠮᠠᠰᠢᠨ ᠢᠶᠠᠨ ᠠᠪᠤᠭᠠᠳ ᠭᠠᠷᠤᠭᠰᠠᠨ ᠭᠡᠳᠡᠭ᠃ ᠬᠤᠷᠠᠯ ᠬᠤᠢ ᠪᠣᠯᠵᠤ ᠮᠠᠯ ᠡᠮᠨᠡᠯᠭᠡ ᠶᠢᠨ ᠭᠠᠵᠠᠷ ᠤᠨ ᠳᠠᠷᠤᠭ᠎ᠠ ᠶᠢ ᠰᠢᠦᠳᠠᠨ ᠤ ᠳᠠᠷᠤᠭ᠎ᠠ ᠪᠠᠷ ᠰᠣᠯᠢᠭᠰᠠᠨ ᠡᠵᠢ ᠶᠢ ᠮᠠᠨᠢ ᠰᠢᠳᠬᠡᠵᠦ 45 ᠬᠣᠨᠣᠭ ᠵᠢᠭᠠᠨ ᠬᠠᠳᠤᠯᠠᠩ ᠳᠤ ᠬᠥᠭᠡᠭᠡᠵᠦ ᠣᠷᠬᠢᠵᠠᠢ᠃ ᠡᠳᠦᠷ ᠪᠣᠯᠭᠠᠨ ᠰᠢᠤᠳᠠᠨ ᠤ ᠮᠠᠰᠢᠨ ᠢᠷᠡᠵᠦ ᠡᠵᠢ ᠵᠠᠬᠢᠶ᠎ᠠ ᠠᠪᠤᠨ᠎ᠠ᠃ ᠲᠡᠭᠡᠵᠦ ᠶᠠᠪᠤᠭᠰᠠᠭᠠᠷ ᠥᠭᠭᠦᠭᠰᠡᠨ ᠰᠢᠳᠬᠡᠯ ᠨᠢ ᠴᠤ ᠳᠠᠭᠤᠰᠴᠣ᠂ ᠡᠴᠢᠭᠡ ᠡᠬᠡ ᠬᠣᠶᠠᠷ ᠮᠠᠨᠢ ᠭᠠᠯ ᠭᠣᠯᠣᠮᠲᠠ ᠪᠠᠨ ᠵᠣᠷᠢᠮᠠᠭᠬᠠᠨ ᠠᠰᠠᠭᠠᠵᠠᠢ᠃ ᠵᠢᠯ ᠦᠨ ᠳᠠᠷᠠᠭ᠎ᠠ ᠲᠡᠳᠡ ᠭᠠᠩᠰᠦ᠋ᠬᠡ ᠭᠡᠳᠡᠭ ᠬᠦᠦ ᠲᠡᠢ ᠪᠣᠯᠵᠤ᠂ ᠪᠠᠰᠠ ᠠᠷᠤᠬᠠᠩᠭᠠᠢ ᠠᠶᠢᠮᠠᠭ ᠤᠷᠤᠭᠤ ᠲᠣᠮᠢᠯᠠᠭᠳᠠᠭᠰᠠᠨ᠃ ᠠᠷᠤᠬᠠᠩᠭᠠᠢ ᠳᠤ ᠳᠤᠮᠳᠠ ᠠᠬ᠎ᠠ ᠮᠠᠨᠢ ᠲᠥᠷᠦᠵᠥ᠂ ᠮᠠᠨ ᠤ ᠬᠢ ᠳᠠᠰᠢᠨᠴᠢᠯᠡᠨ ᠳᠦ ᠨᠡᠭᠦᠵᠦ ᠢᠷᠡᠭᠰᠡᠨ ᠡᠴᠡ ᠶᠢᠰᠦᠨ ᠵᠢᠯ ᠦᠨ ᠳᠠᠷᠠᠭ᠎ᠠ ᠪᠢ ᠢᠷᠡᠭᠰᠡᠨ᠃ ᠢᠩᠭᠢᠭᠡᠳ ᠮᠠᠨ ᠤ ᠬᠢ ᠭᠡᠳᠡᠭ ᠠᠶᠢᠯ ᠪᠦᠷᠢᠯᠳᠦᠭᠰᠡᠨ ᠲᠡᠦᠬᠡ ᠲᠡᠢ᠃ ᠠᠪᠤ ᠮᠠᠨᠢ ᠮᠢᠨᠦ ᠥᠰᠬᠦ ᠨᠠᠰᠤᠨ ᠳᠤ ᠡᠵᠢ ᠡᠴᠡ ᠢᠯᠡᠭᠦᠦ ᠨᠠᠳᠠ ᠲᠠᠢ ᠬᠥᠭᠡᠭᠡᠴᠡᠯᠳᠦᠵᠦ ᠶᠠᠪᠤᠵᠠᠢ᠃ ᠨᠠᠶᠢᠮᠠᠳᠤᠭᠠᠷ ᠠᠩᠭᠢ ᠳᠤ ᠪᠠᠶᠢᠬᠤ ᠳᠤ ᠪᠠᠨ ᠪᠢ ᠠᠩᠬᠠᠨ ᠤ ᠬᠠᠶᠢᠷ᠎ᠠ ᠭᠡᠭᠴᠢ ᠶᠠᠭᠤᠮ᠎ᠠ ᠲᠠᠢ ᠤᠴᠠᠷᠠᠵᠤ᠂ ᠠᠪᠤ ᠶᠢ ᠪᠠᠨ ᠬᠡᠵᠢᠶ᠎ᠡ ᠴᠤ ᠪᠠᠶᠢᠭ᠎ᠠ ᠦᠭᠡᠢ ᠶᠡᠬᠡ ᠪᠡᠷ ᠵᠣᠪᠠᠭᠠᠵᠤ ᠣᠷᠬᠢᠭᠰᠠᠨ᠃ ᠦᠶᠡᠷᠬᠡᠳᠡᠭ ᠬᠥᠪᠡᠭᠦᠨ ᠮᠠᠨᠢ ᠮᠢᠨᠦ ᠦᠷᠡᠴᠢᠯᠡᠭᠳᠡᠭᠰᠡᠨ ᠦ ᠭᠡᠷᠡᠴᠢᠯᠡᠭᠡ ᠶᠢ ᠦᠵᠡᠴᠢᠬᠡᠭᠡᠳ ᠬᠠᠶᠢᠰᠠᠩᠳᠠᠢ ᠭᠡᠰᠡᠨ ᠡᠵᠢ ᠶᠢᠨ ᠮᠠᠨᠢ ᠨᠡᠷ᠎ᠡ ᠶᠢ ᠬᠠᠢ ᠰᠢᠨ ᠳᠣᠢ ᠭᠡᠳᠡᠭ ᠬᠢᠲᠠᠳ ᠬᠦᠮᠦᠨ ᠪᠠᠶᠢᠨ᠎ᠠ ᠭᠡᠵᠦ ᠰᠦᠷᠡᠬᠡᠢ ᠨᠡᠭᠡᠭᠡᠯᠲᠡ ᠬᠢᠵᠦ ᠨᠠᠮ᠎ᠠ ᠶᠢ ᠭᠣᠮᠣᠳᠠᠭᠠᠵᠤ ᠣᠷᠬᠢᠳᠠᠭ ᠶᠤᠮ ᠪᠠᠶᠢᠨ᠎ᠠ᠃ ᠲᠡᠷᠡ ᠶᠠᠪᠤᠳᠠᠯ ᠠᠴᠠ ᠪᠣᠯᠵᠤ ᠪᠢ ᠪᠦᠷ ᠬᠡᠪᠲᠡᠷᠢ ᠳᠦ ᠣᠷᠣᠵᠤ᠂ ᠠᠪᠤ ᠮᠠᠨᠢ ᠰᠤᠮᠤ ᠶᠢᠨ ᠲᠥᠪ ᠡᠴᠡ ᠠᠶᠢᠮᠠᠭ ᠤᠷᠤᠭᠤ ᠳᠣᠲᠣᠭᠤᠷ ᠪᠠᠶᠢᠷᠢᠨ ᠳᠤ ᠳᠠᠪᠬᠢᠨ ᠢᠷᠡᠵᠦ᠂ ᠲᠤᠵᠢ ᠴᠢᠷᠠᠢ ᠠᠯᠳᠠᠨ᠂ ᠬᠢᠴᠢᠶᠡᠯ ᠰᠤᠷᠤᠯᠭ᠎ᠠ ᠪᠠᠨ ᠭᠠᠷᠭᠠᠭᠤᠨ ᠳᠤ ᠨᠢ ᠬᠠᠶᠠᠭᠰᠠᠨ ᠨᠠᠮ᠎ᠠ ᠶᠢ ᠠᠷᠭᠠᠳᠠᠵᠤ ᠨᠢᠭᠡ᠂ ᠠᠭᠠᠰᠢᠯᠠᠵᠤ ᠨᠢᠭᠡ ᠦᠵᠡᠨ ᠠᠷᠭ᠎ᠠ ᠪᠠᠨ ᠪᠠᠷᠠᠵᠤ ᠪᠠᠶᠢᠭᠰᠠᠨ ᠰᠠᠨ᠃ ᠮᠠᠭᠤ ᠠᠪᠤ ᠶᠢ ᠪᠠᠨ ᠶᠠᠭᠠᠬᠢᠬᠤ ᠭᠡᠵᠦ ᠲᠡᠭᠡᠵᠦ ᠵᠣᠪᠠᠭᠠᠵᠤ ᠪᠠᠶᠢᠪᠠ ᠳ᠋ᠠ᠃ ᠨᠠᠶᠢᠵᠠ ᠬᠥᠪᠡᠭᠦᠨ ᠲᠡᠢ ᠮᠠᠨᠢ ᠠᠭᠤᠯᠵᠠᠬᠤ ᠭᠡᠵᠦ ᠲᠠᠰᠤᠭ ᠢᠶᠠᠷ ᠨᠢ ᠣᠴᠢᠬᠤ ᠳᠤ ᠲᠡᠷᠡ ᠬᠦᠦ ᠭᠠᠷᠤᠭᠠᠳ ᠯᠠ ᠴᠢᠪᠬᠠᠳᠠᠴᠢᠬᠠᠭᠰᠠᠨ ᠭᠡᠳᠡᠭ᠃ ᠬᠥᠭᠵᠢᠯᠲᠡᠢ ᠲᠡᠦᠬᠡ ᠪᠠᠶᠢᠭ᠎ᠠ ᠪᠢᠵᠡ᠃ ᠮᠠᠨ ᠤ ᠲᠣᠮᠣ ᠠᠬ᠎ᠠ ᠠᠷᠪᠠᠳᠤᠭᠠᠷ ᠠᠩᠭᠢ ᠳᠤ ᠪᠠᠶᠢᠬᠤ ᠳᠤ ᠪᠠᠨ ᠨᠠᠶᠢᠮᠠᠳᠤᠭᠠᠷ ᠠᠩᠬᠢ ᠶᠢᠨ ᠬᠠᠮᠤᠭ ᠤᠨ ᠴᠢᠷᠠᠶᠢᠯᠢᠭ ᠡᠩᠬᠡᠲᠤᠶᠠᠭ᠎ᠠ ᠭᠡᠳᠡᠭ ᠭᠣᠶᠣ ᠡᠭᠡᠴᠢ ᠶᠢ ᠭᠡᠷ ᠲᠦ ᠪᠡᠨ ᠳᠠᠭᠠᠭᠤᠯᠤᠭᠠᠳ ᠢᠷᠡᠵᠦ ᠪᠠᠶᠢᠭᠰᠠᠨ᠃ ᠲᠡᠷᠡ ᠡᠭᠡᠴᠢ ᠣᠳᠣ ᠮᠠᠨ ᠤ ᠲᠣᠮᠣ ᠪᠡᠷᠢ᠃ ᠪᠠᠭ᠎ᠠ ᠠᠬ᠎ᠠ ᠮᠠᠨᠢ ᠪᠠᠰᠠ 17 ᠍ ᠲᠠᠢ ᠳᠠᠭᠠᠨ ᠬᠣᠲᠠ ᠠᠴᠠ ᠮᠥᠩᠬᠡᠵᠢᠨ ᠨᠡᠷ᠎ᠡ ᠲᠡᠢ ᠲᠠᠨᠢᠬᠤ ᠦᠭᠡᠢ ᠥᠬᠢᠨ ᠳᠠᠭᠠᠭᠤᠯᠤᠭᠠᠳ ᠭᠡᠨᠡᠳᠲᠡ ᠱᠤᠤᠭᠢᠵᠤ ᠢᠷᠡᠭᠰᠡᠨ᠃ ᠲᠡᠷᠡ ᠥᠬᠢᠨ ᠣᠳᠣ ᠪᠠᠰᠠ ᠮᠠᠨ ᠤ ᠪᠡᠷᠢ᠃ ᠮᠠᠨ ᠤ ᠬᠢ ᠭᠡᠷ ᠪᠦᠯᠢ ᠳᠦ ᠪᠡᠨ ᠠᠪᠤᠭᠰᠠᠨ ᠬᠡᠨ ᠨᠢᠭᠡᠨ ᠢ ᠪᠤᠴᠠᠭᠠᠵᠤ ᠭᠠᠷᠭᠠᠬᠤ ᠳᠤᠷ᠎ᠠ ᠦᠭᠡᠢ᠂ ᠪᠦᠷ ᠶᠠᠭᠠᠬᠢᠶ᠎ᠠ ᠳ᠋ᠠ ᠭᠡᠮᠡᠷ ᠬᠠᠯᠠᠭᠤᠨ ᠨᠢᠯᠤᠭᠤᠨ ᠬᠠᠴᠢᠷᠬᠠᠯᠲᠠᠢ ᠭᠡᠷ ᠪᠦᠯᠢ᠃ ᠪᠢ ᠯᠠ ᠠᠪᠤ ᠶᠢ ᠪᠠᠨ ᠵᠣᠪᠠᠭᠠᠨ ᠪᠠᠶᠢᠵᠤ ᠭᠡᠷᠯᠡᠭᠡᠳ᠂ ᠬᠣᠵᠢᠮ ᠥᠩᠭᠡᠷᠡᠭᠰᠡᠨ ᠦ ᠬᠢ ᠨᠢ ᠳᠠᠷᠠᠭ᠎ᠠ ᠥᠬᠢᠨ ᠤ ᠬᠢ ᠪᠠᠨ ᠡᠴᠢᠭᠡ ᠡᠴᠡ ᠰᠠᠯᠵᠤ ᠣᠷᠬᠢᠭᠰᠠᠨ ᠶᠤᠮ᠃ ᠠᠪᠤ ᠮᠠᠨᠢ ᠨᠠᠮ᠎ᠠ ᠶᠢ ᠭᠡᠷᠯᠡᠬᠦ ᠳᠦ ᠨᠠᠰᠤᠨ ᠳᠤ ᠪᠠᠨ ᠮᠠᠭᠤᠳᠠᠵᠤ ᠦᠵᠡᠭᠡ ᠦᠭᠡᠢ ᠪᠡᠷ ᠢᠶᠡᠨ ᠨᠠᠳᠠ ᠲᠠᠢ ᠮᠠᠭᠤᠳᠠᠭᠰᠠᠨ᠃ ᠭᠡᠷᠯᠡᠬᠦ ᠭᠡᠵᠦ ᠪᠠᠶᠢᠭ᠎ᠠ ᠵᠠᠯᠠᠭᠤ ᠶᠢᠨ ᠮᠠᠨᠢ ᠡᠴᠢᠭᠡ ᠳᠡᠭᠡᠷ᠎ᠡ ᠦᠶ᠎ᠡ ᠳᠦ ᠲᠡᠮᠡᠭᠡᠨ ᠦ ᠬᠡᠷᠡᠭ ᠢᠶᠡᠷ ᠣᠷᠣᠨ ᠱᠣᠷᠣᠩ ᠳᠤ ᠣᠷᠣᠵᠤ ᠶᠠᠪᠤᠭᠰᠠᠨ ᠭᠡᠨ᠎ᠡ ᠡ᠃ ᠠᠪᠤ ᠲᠠᠰ ᠭᠦᠷᠡᠶᠢᠯ᠎ᠡ᠃ ᠪᠢ ᠶᠠᠭᠠᠬᠢᠭᠰᠠᠨ ᠴᠤ ᠲᠡᠷᠡᠨ ᠲᠡᠢ ᠬᠤᠳᠠ ᠤᠷᠤᠭ ᠪᠣᠯᠬᠤ ᠦᠭᠡᠢ᠃ ᠴᠢ ᠵᠢᠷ ᠦᠨ ᠨᠢᠭᠡ ᠮᠠᠯ ᠤᠨ ᠬᠤᠯᠠᠭᠠᠶᠢᠴᠢ ᠡᠴᠢᠭᠡ ᠲᠡᠢ ᠶᠠᠪᠤᠭ᠎ᠠ ᠦᠭᠡᠢ ᠭᠡᠳᠡᠭ ᠢᠶᠡᠨ ᠰᠠᠨᠠᠵᠤ ᠶᠠᠪᠤ ᠭᠡᠵᠦ ᠬᠡᠯᠡᠭᠡᠳ ᠭᠡᠳᠡᠶᠢᠭᠡᠳ ᠬᠡᠪᠲᠡᠴᠢᠬᠡᠭᠰᠡᠨ᠃ ᠪᠢ ᠴᠤ ᠭᠥᠵᠢᠭᠰᠡᠨ᠃ ᠲᠡᠭᠡᠪᠡᠯ ᠪᠢ ᠦᠬᠦᠯ᠎ᠡ ᠰᠢᠦ ᠭᠡᠳ ᠠᠭᠤᠯᠠ ᠤᠷᠤᠭᠤ ᠭᠦᠶᠦᠵᠦ᠂ ᠠᠷᠤ ᠠᠴᠠ ᠠᠪᠤ ᠮᠠᠨᠢ 《ᠲᠡᠭᠡ ᠡ ᠲᠡᠭᠡ᠂ ᠴᠢ ᠲᠡᠷᠡ ᠠᠶᠢᠯ ᠳᠤ ᠪᠠᠨ ᠣᠴᠢ᠃ ᠬᠠᠷᠢᠨ ᠪᠢ ᠲᠡᠷᠡ ᠲᠡᠮᠡᠭᠡᠨ ᠦ ᠬᠤᠯᠠᠭᠠᠶᠢᠴᠢ ᠲᠠᠢ ᠴᠢᠨᠢ ᠨᠢᠭᠡ ᠬᠣᠶᠢᠮᠣᠷ ᠰᠠᠭᠤᠨ᠎ᠠ ᠭᠡᠵᠦ ᠪᠢᠲᠡᠭᠡᠢ ᠪᠣᠳᠣᠭᠠᠷᠠᠢ》 ᠭᠡᠵᠦ ᠠᠷᠤ ᠠᠴᠠ ᠠᠷᠭ᠎ᠠ ᠪᠠᠨ ᠪᠠᠷᠠᠨ ᠬᠠᠰᠬᠢᠷᠴᠣ ᠪᠠᠶᠢᠭᠰᠠᠨ ᠨᠢ ᠣᠳᠣ ᠬᠠᠶᠠ ᠰᠠᠨᠠᠭᠳᠠᠵᠤ ᠳᠣᠲᠣᠷ ᠢ ᠮᠢᠨᠢ ᠰᠡᠮᠡᠯᠳᠡᠭ᠃ ᠤᠳᠠᠯ ᠦᠭᠡᠢ ᠪᠢ ᠬᠤᠷᠢᠮ ᠢᠶᠠᠨ ᠬᠢᠭᠰᠡᠨ᠃ ᠭᠡᠬᠦ ᠳᠦ ᠪᠡᠨ ᠠᠪᠤ ᠮᠠᠨᠢ ᠬᠡᠯᠡᠭᠰᠡᠨ ᠦᠭᠡ ᠪᠡᠷ ᠢᠶᠡᠨ ᠪᠣᠯᠵᠤ᠂ ᠭᠠᠭᠴᠠ ᠥᠬᠢᠨ ᠤ ᠬᠢ ᠪᠠᠨ ᠬᠤᠷᠢᠮ ᠳᠤ ᠢᠷᠡᠭᠡ ᠦᠭᠡᠢ᠃ ᠠᠪᠤ ᠠᠴᠠ ᠪᠠᠨ ᠵᠥᠷᠢᠵᠦ ᠪᠣᠯᠳᠠᠭ ᠦᠭᠡᠢ ᠣᠷᠴᠢᠯᠠᠩ ᠳᠤ ᠠᠩᠬ᠎ᠠ ᠤᠳᠠᠭ᠎ᠠ ᠪᠢ ᠲᠡᠭᠡᠵᠦ ᠵᠥᠷᠢᠭᠡᠳ ᠠᠮᠠ ᠪᠠᠷ ᠢᠶᠠᠨ ᠰᠢᠷᠣᠢ ᠡᠮᠬᠥᠨ ᠠᠮᠢᠳᠤᠷᠠᠯ ᠤᠨ ᠬᠠᠲᠠᠭᠤ ᠬᠥᠲᠥᠭᠦᠦ ᠳᠦ ᠠᠯᠠᠭᠠᠳᠠᠭᠤᠯᠵᠤ ᠦᠵᠡᠭᠰᠡᠨ᠃ ᠠᠷᠭ᠎ᠠ ᠪᠤᠶᠤ ᠰᠢᠬᠠᠭᠠᠨ ᠳᠤ ᠣᠷᠣᠭᠰᠠᠨ ᠲᠣᠮᠣ ᠠᠬ᠎ᠠ ᠮᠠᠨᠢ ᠨᠠᠶᠢᠷ ᠤᠨ ᠬᠣᠶᠢᠮᠣᠷ ᠰᠠᠭᠤᠭᠠᠳ  ᠴᠡᠴᠡᠭ ᠦᠨ ᠠᠨᠢᠷᠬᠠᠨ ᠠᠭᠤᠯᠠᠰ ᠳᠤᠮᠳᠠ ᠪᠠᠨ ᠴᠡᠩᠭᠡᠯ ᠦᠨ ᠰᠠᠶᠢᠬᠠᠨ ᠬᠥᠳᠡᠭᠡ ᠶᠤᠮ ᠠ ᠬᠥ ᠴᠡᠪᠡᠷᠬᠡᠨ ᠥᠬᠢᠳ ᠨᠢ ᠬᠠᠨᠢ ᠪᠣᠯᠤᠮᠠᠷ   ᠴᠡᠩᠭᠡᠭᠦᠨ ᠰᠠᠶᠢᠬᠠᠨ ᠨᠤᠲᠤᠭ ᠶᠤᠮ ᠠ ᠬᠥ ᠁ ᠭᠡᠳ ᠵᠢᠭᠠᠬᠠᠨ ᠭᠤᠨᠢᠭ ᠲᠠᠢ ᠳᠠᠭᠤᠯᠠᠵᠤ ᠰᠠᠭᠤᠭᠰᠠᠨ ᠲᠡᠷᠡ ᠡᠳᠦᠷ ᠮᠢᠨᠦ ᠠᠮᠢᠳᠤᠷᠠᠯ ᠤᠨ ᠬᠠᠮᠤᠭ ᠤᠨ ᠬᠠᠴᠢᠨ᠂ ᠣᠯᠠᠨ ᠵᠦᠢᠯ ᠲᠣᠳᠣᠷᠬᠠᠢ ᠪᠢᠰᠢ᠂ ᠶᠠᠭᠠᠬᠢᠬᠤ ᠡᠢᠬᠦ ᠶᠢᠨ ᠵᠠᠭᠤᠷ᠎ᠠ ᠦᠭᠡᠢ ᠮᠠᠨᠠᠨ ᠳᠤᠮᠳᠠ ᠥᠩᠭᠡᠷᠡᠭᠰᠡᠨ ᠮᠥᠴᠢ ᠦᠳ ᠰᠢᠭ ᠰᠠᠨᠠᠭᠳᠠᠳᠠᠭ᠃ ᠠᠪᠤ ᠮᠢᠨᠢ ᠨᠢᠭᠡ ᠯᠠ ᠡᠳᠦᠷ ᠠᠯᠠᠭ᠎ᠠ ᠪᠣᠯᠬᠤ ᠶᠢ ᠠᠩᠵᠠᠭᠠᠷᠠᠵᠤ ᠰᠠᠨᠠᠵᠤ ᠶᠠᠪᠤᠭ᠎ᠠ ᠦᠭᠡᠢ ᠠᠩᠭᠠᠷᠠᠢ ᠵᠠᠯᠠᠭᠤ ᠨᠠᠰᠤᠨ ᠤ ᠡᠳᠦᠷ ᠦᠳ ᠺᠢᠨᠣ᠋ ᠶᠤᠮ ᠰᠢᠭ᠂ ᠲᠡᠷᠲᠡᠭᠡ ᠣᠨ ᠵᠢᠯ ᠦᠳ ᠦᠨ ᠰᠠᠯᠬᠢᠨ ᠳᠤ ᠮᠠᠷᠲᠠᠭᠳᠠᠵᠤ ᠭᠡᠭᠡᠭᠳᠡᠭᠰᠡᠨ ᠳᠠᠭᠤᠤ ᠶᠤᠮ ᠰᠢᠭ᠃ ᠠᠪᠤ ᠳᠤ ᠪᠠᠨ ᠪᠢ ᠰᠢᠯᠦᠭ ᠪᠢᠴᠢᠵᠦ ᠦᠵᠡᠪᠡ᠃ ᠠᠪᠤ ᠳᠤ ᠪᠠᠨ ᠪᠢ ᠳᠠᠭᠤᠤ ᠵᠣᠬᠢᠶᠠᠵᠤ ᠦᠵᠡᠪᠡ᠃ ᠠᠪᠤ ᠳᠤ ᠪᠠᠨ ᠪᠢ ᠨᠣᠮ ᠵᠣᠷᠢᠭᠤᠯᠵᠤ ᠪᠢᠴᠢᠪᠡ᠃ ᠠᠪᠤ ᠶᠢ ᠪᠠᠨ ᠬᠠᠷᠢᠨ ᠡᠷᠭᠢᠵᠦ ᠦᠯᠦ ᠤᠯᠪᠠ᠃ ᠶᠠᠭ ᠡᠶᠢᠮᠦ ᠨᠠᠮᠤᠷ ᠢᠶᠠᠷ ᠠᠪᠤ ᠮᠢᠨᠢ ᠣᠳᠤᠭᠰᠠᠨ ᠶᠠᠭᠠᠬᠢᠭᠠᠳ ᠨᠠᠮᠤᠷ ᠢᠶᠠᠷ ᠪᠤᠴᠠᠭᠰᠠᠨ ᠢ ᠨᠢ ᠪᠣᠳᠣᠭᠠᠳ ᠪᠣᠳᠣᠭᠠᠳ ᠣᠯᠳᠠᠭ ᠦᠭᠡᠢ ᠡᠬᠢᠯᠡᠭᠡᠳ ᠮᠣᠳᠣᠳ ᠰᠢᠷᠠᠯᠠᠭᠰᠠᠨ ᠡᠨᠳᠡ ᠲᠡᠨᠳᠡ ᠦᠭᠡᠢ ᠨᠠᠪᠴᠢ ᠬᠡᠶᠢᠰᠦᠭᠰᠡᠨ ᠳᠠᠷᠠᠭ᠎ᠠ ᠨᠢ ᠰᠢᠪᠠᠭᠤᠳ ᠤᠬᠢᠯᠠᠯᠳᠤᠵᠤ᠂ ᠬᠢᠷᠠᠭᠤ ᠤᠨᠠᠭᠰᠠᠨ ᠳᠠᠩᠴᠢ ᠳ᠋ᠡ᠂ ᠥᠷᠯᠥᠭᠡ ᠰᠡᠷᠡᠬᠦ ᠶᠢᠨ ᠵᠠᠭᠤᠷ᠎ᠠ ᠳᠤ ᠣᠳᠣᠴᠢᠬᠠᠭᠰᠠᠨ ᠪᠠᠶᠢᠭᠰᠠᠨ ᠶᠠᠭ ᠡᠶᠢᠮᠦ ᠨᠠᠮᠤᠷ ᠢᠶᠠᠷ ᠠᠪᠤ ᠮᠢᠨᠢ ᠣᠳᠤᠭᠰᠠᠨ ᠶᠠᠭᠠᠬᠢᠭᠠᠳ ᠨᠠᠮᠤᠷ ᠢᠶᠠᠷ ᠪᠤᠴᠠᠭᠰᠠᠨ ᠢ ᠨᠢ ᠪᠣᠳᠣᠭᠠᠳ ᠪᠣᠳᠣᠭᠠᠳ ᠣᠯᠳᠠᠭ ᠦᠭᠡᠢ᠃ ᠡᠨᠡ ᠮᠢᠨᠦ ᠡᠴᠢᠭᠡ ᠳᠦ ᠪᠡᠨ ᠵᠣᠷᠢᠭᠤᠯᠵᠤ ᠪᠢᠴᠢᠭᠰᠡᠨ ᠠᠩᠬᠠᠨ ᠤ ᠰᠢᠯᠦᠭ᠃ ᠠᠪᠤ ᠮᠠᠨᠢ ᠲᠡᠳᠬᠦᠪᠦᠷᠢ ᠳᠦ ᠪᠡᠨ ᠭᠠᠷᠤᠭᠰᠠᠨ ᠤ ᠬᠢ ᠪᠠᠨ ᠳᠠᠷᠠᠭ᠎ᠠ ᠠᠶᠢᠮᠠᠭ ᠤᠨ ᠲᠥᠪ ᠦᠨ ᠬᠠᠮᠤᠭ ᠤᠨ ᠠᠷᠤ ᠤᠷᠤᠭᠤ ᠨᠡᠭᠦᠵᠦ ᠢᠷᠡᠵᠦ ᠲᠥᠪᠬᠢᠨᠡᠭᠡᠳ ᠬᠡᠳᠦᠨ ᠬᠣᠨᠢ ᠲᠠᠢ᠂ ᠰᠠᠭᠠᠯᠢ ᠶᠢᠨ ᠦᠨᠢᠶ᠎ᠡ ᠲᠡᠢ᠂ ᠠᠴᠢ ᠨᠠᠷ ᠢᠶᠠᠨ ᠥᠰᠬᠡᠨ ᠠᠮᠠᠷ ᠵᠢᠮᠥᠷ ᠠᠮᠢᠳᠤᠷᠠᠭᠰᠠᠨ᠃ ᠠᠷᠠᠳᠴᠢᠯᠠᠭᠰᠠᠨ ᠬᠤᠪᠢᠰᠬᠠᠯ ᠭᠠᠷᠴᠤ᠂ ᠤᠯᠤᠰ ᠣᠷᠣᠨ ᠬᠢᠮᠤᠷᠠᠯ ᠳᠤ ᠠᠪᠲᠠᠭᠰᠠᠨ ᠲᠡᠷᠡ ᠦᠶ᠎ᠡ ᠳᠦ ᠠᠩᠬ᠎ᠠ ᠤᠳᠠᠭ᠎ᠠ ᠺᠠᠷᠲ ᠢᠶᠠᠷ ᠭᠤᠯᠢᠷ ᠠᠪᠴᠤ ᠢᠷᠡᠭᠡᠳ ᠠᠪᠤ ᠮᠠᠨᠢ 《ᠵᠠ ᠶᠠᠭᠠᠬᠢᠬᠤ ᠪᠤᠢ ᠮᠥᠩᠭᠥ ᠰᠢᠭ ᠠᠳᠠᠭ ᠤᠨ ᠪᠣᠬᠢᠷ ᠶᠠᠭᠤᠮ᠎ᠠ ᠪᠠᠶᠢᠬᠤ ᠦᠭᠡᠢ ᠭᠡᠵᠦ ᠪᠦᠬᠦ ᠨᠠᠰᠤ ᠪᠠᠷ ᠮᠢᠨᠢ ᠨᠣᠮᠯᠠᠵᠤ ᠨᠣᠮᠯᠠᠴᠢᠬᠠᠭᠠᠳ ᠣᠳᠣ ᠢᠩᠭᠢᠭᠡᠳ ᠨᠢᠭᠡ ᠯᠠ ᠡᠳᠦᠷ ᠮᠥᠩᠭᠥᠨ ᠦ ᠲᠥᠯᠥᠭᠡ ᠶᠠᠪᠤ ᠡ ᠭᠡᠳ ᠵᠥᠩ ᠳᠦ ᠨᠢ ᠬᠠᠶᠠᠴᠢᠬᠠᠳᠠᠭ ᠶᠤᠮ ᠪᠠᠶᠢᠵᠠᠢ᠃ ᠠᠮᠢᠳᠤ ᠶᠠᠪᠤᠬᠤ ᠳᠤ ᠶᠡᠬᠡ ᠶᠠᠭᠤᠮ᠎ᠠ ᠦᠵᠡᠨ᠎ᠡ ᠭᠡᠳᠡᠭ ᠡᠨᠡ ᠳ᠋ᠡ》 ᠭᠡᠵᠦ ᠪᠣᠳᠣᠯᠭᠠᠰᠢᠷᠠᠨ ᠬᠡᠯᠡᠵᠦ ᠪᠠᠶᠢᠭᠰᠠᠨ ᠨᠢ ᠰᠠᠨᠠᠭᠠᠨ ᠠᠴᠠ ᠭᠠᠷᠳᠠᠭ ᠦᠭᠡᠢ᠃ ᠢᠩᠭᠢᠭᠡᠳ ᠡᠴᠢᠭᠡ ᠮᠠᠨᠢ ᠨᠠᠰᠤ ᠪᠠᠨ ᠨᠡᠯᠢᠶᠡᠨ ᠶᠠᠪᠤᠴᠢᠬᠠᠭᠰᠠᠨ ᠦᠶ᠎ᠡ ᠳᠦ ᠠᠮᠢᠳᠤᠷᠠᠯ ᠳᠤ ᠪᠠᠨ ᠠᠬᠢᠨ ᠨᠢᠭᠡ ᠰᠢᠨ᠎ᠡ ᠦᠶ᠎ᠡ ᠶᠢ ᠵᠣᠷᠢᠮᠠᠭᠬᠠᠨ ᠡᠬᠢᠯᠡᠭᠦᠯᠵᠦ ᠪᠠᠶᠢᠯ᠎ᠠ᠃ ᠳᠠᠷᠤᠭ᠎ᠠ ᠳᠠᠭᠠᠭᠠᠮᠠᠯ ᠶᠠᠪᠤᠭᠰᠠᠨ ᠠᠪᠤ ᠮᠢᠨᠢ ᠡᠶᠢᠨ ᠬᠣᠨᠢ ᠬᠤᠷᠠᠭ᠎ᠠ᠂ ᠦᠬᠡᠷ ᠲᠤᠭᠤᠯ ᠲᠠᠢ ᠬᠥᠭᠡᠭᠡᠴᠡᠯᠳᠥᠬᠦ ᠰᠣᠨᠢᠨ ᠠᠵᠢᠯ ᠳᠤ ᠰᠢᠮᠡᠳᠦᠨ ᠣᠷᠣᠭᠰᠠᠨ ᠶᠤᠮ ᠳ᠋ᠠ᠃ ᠬᠣᠨᠢ ᠨᠢ ᠣᠪᠣᠭ᠎ᠠ ᠥᠰᠦᠭᠰᠡᠨ᠃ ᠡᠴᠢᠭᠡ ᠮᠠᠨᠢ ᠪᠠᠷᠢᠵᠤ ᠠᠪᠤᠭᠰᠠᠨ ᠶᠠᠭᠤᠮ᠎ᠠ ᠪᠠᠨ ᠵᠦᠭᠡᠷ ᠨᠢᠭᠡ ᠠᠶᠠᠯᠠᠭᠤᠯᠵᠤ ᠪᠠᠶᠢᠳᠠᠭ ᠢᠳᠡᠪᠬᠢ ᠦᠭᠡᠢ ᠬᠦᠮᠦᠨ ᠪᠢᠰᠢ᠃ ᠬᠥᠳᠡᠯᠭᠡᠵᠦ᠂ ᠵᠦᠯᠭᠦᠵᠦ᠂ ᠬᠥᠭᠵᠢᠭᠦᠯᠵᠦ ᠪᠠᠶᠢᠳᠠᠭ ᠵᠦᠭᠡᠷ ᠰᠠᠭᠤᠳᠠᠭ ᠦᠭᠡᠢ ᠬᠤᠷᠳᠤ ᠲᠠᠢ ᠬᠦᠮᠦᠨ ᠪᠠᠶᠢᠭᠰᠠᠨ᠃ ᠵᠠᠭᠤᠭᠠᠳ ᠬᠣᠨᠢ ᠲᠠᠢ᠂ ᠠᠶᠯ ᠲᠠᠢ ᠡᠭᠡᠯᠵᠢᠯᠡᠵᠦ ᠬᠣᠨᠢᠨ ᠳᠤ ᠶᠠᠪᠤᠳᠠᠭ ᠲᠡᠶᠢᠮᠦ ᠨᠢᠭᠡ ᠠᠵᠢᠯ ᠲᠠᠢ᠂ ᠬᠠᠶᠠ ᠬᠦᠷᠡᠩ ᠮᠣᠷᠢ ᠪᠠᠨ ᠤᠨᠤᠭᠠᠳ ᠲᠥᠪ ᠣᠷᠣᠨ᠎ᠠ᠃ ᠰᠣᠨᠢᠨ ᠬᠡᠪᠯᠡᠯ᠂ ᠰᠢᠬᠢᠷ ᠵᠢᠮᠢᠰ ᠲᠡᠭᠡᠭᠡᠵᠦ ᠢᠷᠡᠨ᠎ᠡ᠃ ᠲᠡᠷᠡ ᠦᠶ᠎ᠡ ᠳᠦ ᠪᠢ ᠣᠶᠤᠲᠠᠨ ᠪᠠᠶᠢᠯ᠎ᠠ᠃ ᠨᠢᠭᠡ ᠬᠠᠪᠤᠷ ᠨᠠᠳᠠ ᠳᠤ ᠮᠠᠭᠤ ᠮᠡᠳᠡᠭᠡ ᠢᠷᠡᠯ᠎ᠡ᠃ ᠠᠪᠤ ᠶᠢᠨ ᠴᠢᠨᠢ ᠬᠣᠲᠠ ᠲᠠᠢ ᠬᠣᠨᠢ ᠤᠷᠤᠭᠤ ᠭᠠᠯ ᠣᠷᠣᠭᠠᠳ ᠰᠦᠢᠳ ᠪᠣᠯᠵᠤ ᠭᠡᠨ᠎ᠡ ᠡ ᠭᠡᠪᠡ᠃ ᠤᠲᠠᠰᠤ ᠪᠠᠷ ᠶᠠᠷᠢᠪᠠ᠃ ᠠᠴᠢ ᠨᠠᠷ ᠢᠶᠠᠨ ᠭᠠᠯ ᠳᠤ ᠡᠷᠭᠦᠴᠢᠬᠡᠭᠡ ᠦᠭᠡᠢ ᠠᠪᠴᠤ ᠭᠠᠷᠤᠯ᠎ᠠ᠃ ᠬᠣᠨᠢ ᠶᠠᠭᠠᠬᠢᠬᠤ ᠪᠤᠢ ᠳ᠋ᠡ ᠁ ᠭᠡᠰᠬᠢᠭᠡᠳ ᠠᠪᠤ ᠶᠢᠨ ᠳᠠᠭᠤ ᠰᠤᠯᠠᠷᠠᠪᠠ᠃ ᠳᠠᠭᠤᠨ ᠤ ᠬᠢ ᠨᠢ ᠥᠩᠭᠡ ᠰᠢᠨᠠᠯᠵᠤ᠂ ᠭᠤᠨᠢᠭᠰᠠᠨ ᠢ ᠲᠦᠪᠡᠭ ᠦᠭᠡᠢ ᠢᠯᠡᠳᠬᠡᠨ᠎ᠡ᠃ ᠬᠣᠶᠠᠷ ᠮᠠᠭᠤ ᠪᠥᠭᠡᠰᠦ ᠶᠢᠨ ᠴᠢᠨᠡᠭᠡ ᠠᠴᠢ ᠲᠠᠢ ᠪᠠᠨ ᠬᠠᠪᠰᠠᠷᠭᠠᠨ ᠳᠤ ᠬᠣᠨᠢ ᠪᠠᠨ ᠠᠷᠠᠢ ᠭᠡᠵᠦ ᠬᠠᠰᠢᠭᠠᠳ ᠣᠷᠣᠵᠠᠢ᠃ ᠭᠡᠲᠡᠯ᠎ᠡ ᠭᠠᠳᠠᠭ᠎ᠠ ᠪᠥᠭᠡᠮ ᠬᠢᠩᠰᠢᠭᠦᠦ ᠬᠢᠷᠪᠤᠰᠤ᠂ ᠣᠷᠢᠯᠠᠭᠠᠨ ᠮᠠᠶᠢᠯᠠᠭᠠᠨ ᠭᠠᠷᠴᠠᠢ᠃ ᠭᠦᠶᠦᠭᠡᠳ ᠭᠠᠷᠲᠠᠯ᠎ᠠ ᠶᠠᠭᠠᠬᠢᠬᠤ ᠡᠢᠬᠦ ᠶᠢᠨ ᠵᠠᠭᠤᠷ᠎ᠠ ᠦᠭᠡᠢ ᠬᠠᠰᠢᠶ᠎ᠠ ᠲᠠᠢ ᠬᠣᠨᠢᠨ ᠳᠤ ᠨᠢ ᠭᠠᠯ ᠠᠪᠤᠯᠴᠠᠭᠠᠳ ᠳᠠᠭᠤᠰᠴᠣ ᠪᠠᠶᠢᠭᠰᠠᠨ ᠭᠡᠳᠡᠭ᠃ ᠬᠠᠮᠢᠭ᠎ᠠ ᠪᠠᠶᠢᠭᠰᠠᠨ ᠲᠡᠰᠢᠭ ᠰᠤᠮᠤᠨ ᠳᠤ ᠠᠵᠢᠯᠯᠠᠵᠤ ᠠᠮᠢᠳᠤᠷᠠᠵᠤ ᠪᠠᠶᠢᠭᠰᠠᠨ ᠲᠣᠮᠣ ᠠᠬ᠎ᠠ ᠮᠠᠨᠢ ᠳᠤᠭᠤᠯᠤᠭᠠᠳ ᠳᠠᠪᠬᠢᠨ ᠢᠷᠡᠵᠦ᠂ ᠦᠨᠡᠰᠦ ᠨᠤᠷᠮ᠎ᠠ᠂ ᠰᠢᠲᠠᠭᠰᠠᠨ ᠮᠠᠯ ᠤᠨ ᠰᠡᠭ ᠪᠦᠭᠦᠳᠡ ᠶᠢ ᠨᠢ ᠴᠡᠮᠴᠡᠶᠢᠲᠡᠯ᠎ᠡ ᠬᠤᠰᠤᠨ ᠠᠴᠢᠵᠤ ᠬᠣᠭ ᠤᠨ ᠴᠡᠭ ᠳᠡᠭᠡᠷ᠎ᠡ ᠠᠰᠬᠠᠵᠤ᠂ ᠬᠣᠶᠠᠷ ᠬᠣᠨᠣᠭ ᠤᠨ ᠳᠣᠲᠣᠷ᠎ᠠ ᠴᠣ ᠰᠢᠨ᠎ᠡ ᠬᠠᠰᠢᠶ᠎ᠠ ᠰᠠᠷᠠᠪᠴᠢ ᠪᠠᠷᠢᠨ᠂ ᠣᠷᠬᠣᠨ ᠤᠷᠤᠭᠤ ᠶᠠᠪᠤᠵᠤ ᠬᠣᠨᠢ ᠬᠤᠳᠠᠯᠳᠤᠨ ᠠᠪᠴᠢᠷᠠᠵᠤ᠂ ᠡᠴᠢᠭᠡ ᠶᠢᠨ ᠢᠶᠡᠨ ᠬᠣᠲᠠ ᠶᠢ ᠳᠦᠭᠦᠷᠭᠡᠵᠦ᠂ ᠭᠣᠣᠯ ᠢ ᠨᠢ ᠴᠠᠶᠢᠯᠭᠠᠵᠤ ᠪᠠᠶᠢᠭᠰᠠᠨ᠃ ᠡᠴᠢᠭᠡ ᠬᠥᠮᠦᠨ ᠳᠦ ᠰᠠᠶᠢᠨ ᠬᠦᠦ ᠲᠡᠢ ᠶᠠᠪᠤᠬᠤ ᠴᠡᠭᠡᠵᠢᠨ ᠦ ᠪᠠᠬᠠᠷᠬᠠᠯ᠃ ᠮᠠᠩᠨᠠᠢ ᠳᠤ ᠨᠢ ᠭᠡᠶᠢᠬᠦ ᠪᠠᠶᠠᠷ ᠤᠨ ᠣᠴᠢ ᠶᠤᠮ ᠪᠢᠯᠡ᠃ ᠬᠦᠦ ᠲᠡᠢ ᠡᠴᠢᠭᠡ ᠰᠢᠭ ᠳᠡᠯᠡᠬᠡᠢ ᠳᠦᠭᠦᠷᠡᠩ ᠬᠦᠮᠦᠨ ᠦᠭᠡᠢ᠃ ᠡᠨᠡ ᠶᠠᠪᠤᠳᠠᠯ ᠨᠠᠳᠠ ᠳᠤ ᠡᠶᠢᠮᠦ ᠯᠠ ᠵᠦᠢᠯ ᠢ ᠮᠡᠳᠡᠷᠡᠭᠦᠯᠦᠭᠰᠡᠨ᠃ ᠬᠠᠷᠢᠨ ᠬᠡᠳᠦ ᠬᠣᠨᠣᠭ ᠤᠨ ᠳᠠᠷᠠᠭ᠎ᠠ ᠠᠪᠤ ᠮᠠᠨᠢ ᠬᠣᠨᠢ ᠪᠠᠨ ᠰᠢᠲᠠᠭᠰᠠᠨ ᠠᠴᠠ ᠢᠯᠡᠭᠦᠦ ᠨᠢᠭᠡ ᠵᠦᠢᠯ ᠳᠦ ᠭᠣᠩᠰᠣᠶᠢᠵᠤ ᠪᠢᠯᠡ᠃ ᠲᠥᠷᠥ ᠶᠢᠨ ᠲᠥᠪ ᠬᠡᠪᠯᠡᠯ 《ᠠᠷᠠᠳ ᠤᠨ ᠡᠷᠬᠡ》 ᠳᠡᠭᠡᠷ᠎ᠡ ᠮᠠᠨ ᠤ ᠬᠣᠨᠢ ᠰᠢᠲᠠᠭᠰᠠᠨ ᠲᠤᠬᠠᠢ ᠮᠡᠳᠡᠭᠡ ᠭᠠᠷᠴᠠᠢ᠃ ᠠᠶᠢᠮᠠᠭ ᠤᠨ ᠲᠥᠪ ᠲᠦ ᠰᠠᠭᠤᠭ᠎ᠠ 《ᠠᠷᠠᠳ ᠤᠨ ᠡᠷᠬᠡ》 ᠍ ᠶᠢᠨ ᠰᠤᠷᠪᠤᠯᠵᠢᠯᠠᠭᠴᠢ ᠠᠬ᠎ᠠ ᠲᠥᠪ ᠤᠷᠤᠭᠤ ᠪᠡᠨ 《ᠬᠠᠯᠲᠠᠷ ᠴᠢᠷᠠᠶᠢᠲᠤ ᠠᠴᠠ ᠪᠣᠯᠵᠤ ᠬᠣᠲᠠ ᠲᠠᠢ ᠬᠣᠨᠢ ᠪᠠᠨ ᠰᠢᠲᠠᠭᠠᠵᠠᠢ》 ᠭᠡᠰᠡᠨ ᠭᠠᠷᠴᠠᠭ ᠲᠠᠢ ᠮᠡᠳᠡᠭᠡ ᠢᠯᠡᠭᠡᠭᠰᠡᠨ ᠪᠠᠶᠢᠵᠤ ᠪᠢᠯᠡ᠃ ᠲᠡᠷᠡ ᠦᠶ᠎ᠡ ᠳᠦ 《ᠬᠠᠯᠲᠠᠷ ᠴᠢᠷᠠᠶᠢᠲᠤ》 ᠭᠡᠭᠴᠢ ᠰᠠᠪᠤᠩ ᠤᠨ ᠳᠠᠭᠤᠤᠷᠢ ᠭᠠᠷᠴᠤ ᠬᠣᠲᠠ ᠳ᠋ᠤ ᠬᠦᠷᠲᠡᠯ᠎ᠡ ᠵᠠᠮ ᠤᠨ ᠬᠥᠳᠡᠯᠭᠡᠭᠡᠨ ᠵᠣᠭᠰᠣᠳᠠᠭ ᠪᠠᠶᠢᠭᠰᠠᠨ ᠴᠠᠭ᠃ ᠡᠨᠡ ᠶᠠᠪᠤᠳᠠᠯ ᠠᠴᠠ ᠪᠣᠯᠤᠭᠠᠳ ᠡᠴᠢᠭᠡ ᠮᠠᠨᠢ ᠨᠠᠮᠠᠢ ᠠᠮᠠᠷᠠᠯᠲᠠ ᠪᠠᠷ ᠣᠴᠢᠬᠤ ᠳᠤ 《ᠰᠡᠳᠬᠦᠯᠴᠢ ᠬᠦᠮᠦᠨ ᠭᠡᠵᠦ ᠬᠡᠨ ᠢ ᠬᠡᠯᠡᠬᠦ ᠪᠤᠢ》 ᠭᠡᠰᠡᠨ ᠶᠡᠷᠦᠩᠬᠡᠢ ᠠᠰᠠᠭᠤᠯᠲᠠ ᠲᠠᠯᠪᠢᠵᠤ ᠪᠠᠶᠢᠨ ᠪᠠᠶᠢᠨ ᠪᠦᠯᠲᠡᠭᠡᠨᠡᠭᠦᠯᠳᠡᠭ ᠰᠡᠨ᠃ ᠠᠮᠢᠳᠤᠷᠠᠯ ᠡ ᠭᠡᠵᠦ᠃ ᠠᠪᠤ ᠮᠠᠨᠢ ᠡᠨᠡ ᠶᠠᠪᠤᠳᠠᠯ ᠠᠴᠠ ᠬᠣᠶᠢᠰᠢ ᠬᠣᠶᠠᠷ ᠵᠢᠯ ᠦᠨ ᠳᠠᠷᠠᠭ᠎ᠠ ᠡᠯᠢᠭᠡᠨ ᠦ ᠬᠣᠣᠷᠲᠤ ᠬᠠᠪᠤᠳᠠᠷ ᠢᠶᠠᠷ ᠲᠩᠷᠢ ᠳᠦ ᠬᠠᠯᠢᠭᠰᠠᠨ ᠪᠢᠯᠡ᠃ ᠠᠪᠤ ᠶᠢ ᠮᠢᠨᠢ ᠬᠡᠪᠲᠡᠷᠢ ᠳᠦ ᠣᠷᠣᠬᠤ ᠳᠤ ᠨᠢᠭᠡᠨ ᠦᠶ᠎ᠡ ᠳᠦ ᠬᠠᠮᠲᠤ ᠳᠤ ᠪᠠᠨ ᠵᠢᠳᠬᠦᠵᠦ ᠶᠠᠪᠤᠭᠰᠠᠨ ᠶᠠᠮᠤᠨ ᠤ ᠬᠢ ᠨᠢ ᠰᠠᠶᠢᠳ ᠬᠦᠷᠲᠡᠯ᠎ᠡ ᠡᠷᠭᠢᠵᠦ ᠢᠷᠡᠵᠦ ᠪᠠᠶᠢᠯ᠎ᠠ᠃ ᠨᠠᠰᠤᠨ ᠲᠤᠷᠰᠢᠳᠠ ᠨᠢ ᠵᠢᠯᠣᠭᠣ ᠶᠢ ᠨᠢ ᠮᠤᠰᠬᠢᠭᠰᠠᠨ ᠵᠢᠯᠣᠭᠣᠴᠢ ᠨᠢ᠂ ᠡᠪᠦᠭᠡᠨ ᠪᠣᠯᠤᠭᠰᠠᠨ ᠮᠣᠨᠲ᠋ᠧᠷ ᠤᠳ ᠨᠢ᠂ ᠠᠵᠢᠯ ᠠᠯᠪᠠ ᠶᠢ ᠨᠢ ᠵᠠᠯᠭᠠᠭᠤᠯᠤᠨ ᠠᠪᠤᠭᠰᠠᠨ ᠳᠠᠷᠤᠭ᠎ᠠ ᠨᠠᠷ ᠭᠡᠳ ᠪᠦᠭᠦᠳᠡ ᠡᠷᠭᠢᠵᠦ ᠢᠷᠡᠵᠦ᠂ ᠲᠡᠳᠡ ᠰᠥᠨᠢᠵᠢᠨ ᠨᠠᠶᠢᠷᠯᠠᠵᠤ ᠡᠷᠳᠡᠨᠢ ᠪᠠᠪᠠᠢ ᠶᠢᠨ 《ᠡᠪᠦᠭᠡᠨ ᠰᠢᠪᠠᠭᠤ》 ᠰᠢᠭ ᠶᠠᠭᠤᠮ᠎ᠠ ᠪᠣᠯᠵᠤ ᠪᠠᠶᠢᠭᠰᠠᠨ᠃ ᠮᠢᠨᠦ ᠡᠴᠢᠭᠡ ᠵᠢᠷᠭᠠᠭᠰᠠᠨ ᠰᠢᠭ ᠵᠢᠷᠭᠠᠵᠤ᠂ ᠨᠠᠷᠭᠢᠭᠰᠠᠨ ᠰᠢᠭ ᠨᠠᠷᠭᠢᠵᠤ᠂ ᠪᠠᠰᠠ ᠭᠤᠨᠢᠭᠰᠠᠨ ᠰᠢᠭ ᠭᠤᠨᠢᠳᠠᠭ ᠡᠷ᠎ᠡ ᠬᠦᠮᠦᠨ ᠶᠠᠪᠤᠭᠰᠠᠨ᠃ ᠨᠠᠰᠤ ᠪᠠᠷᠠᠬᠤ ᠠᠴᠠ ᠪᠠᠨ ᠰᠠᠷ᠎ᠠ ᠶᠢᠨ ᠡᠮᠦᠨ᠎ᠡ ᠭᠠᠳᠠᠭ᠎ᠠ ᠭᠠᠷᠭᠠᠭᠤᠯᠤᠭᠠᠳ ᠵᠦᠯᠭᠡᠨ ᠳᠡᠭᠡᠷ᠎ᠡ ᠲᠩᠷᠢ ᠰᠢᠷᠲᠡᠨ ᠤᠳᠠᠭᠠᠨ ᠬᠡᠪᠲᠡᠵᠦ ᠪᠢᠯᠡ᠃ ᠨᠢᠭᠡ ᠬᠠᠷᠠᠭᠰᠠᠨ ᠥᠷᠭᠡᠨ ᠰᠢᠨᠠ ᠶᠢ ᠨᠢ ᠳᠠᠭᠠᠨ ᠨᠢᠯᠪᠤᠰᠤ ᠨᠢ ᠴᠢᠮᠡᠭᠡ ᠦᠭᠡᠢ ᠤᠷᠤᠰᠴᠣ ᠪᠠᠶᠢᠭᠰᠠᠨ᠃ ᠳᠡᠷᠭᠡᠳᠡ ᠨᠢ ᠣᠴᠢᠭᠠᠳ ᠰᠠᠭᠤᠲᠠᠯ᠎ᠠ 《ᠬᠦᠮᠦᠨ ᠭᠡᠳᠡᠭ ᠠᠮᠢᠲᠠᠨ ᠴᠢᠨᠢ ᠪᠠᠷᠠᠵᠤ ᠢᠳᠡᠬᠦ ᠶᠢᠨ ᠠᠷᠭ᠎ᠠ ᠦᠭᠡᠢ ᠰᠢᠨᠤᠯ ᠲᠠᠢ ᠠᠮᠢᠲᠠᠨ ᠪᠠᠶᠢᠳᠠᠭ ᠶᠤᠮ ᠪᠠᠶᠢᠨ᠎ᠠ᠃ ᠣᠳᠣ ᠪᠣᠯᠤᠭᠰᠠᠨ᠂ ᠬᠠᠨᠤᠭᠰᠠᠨ ᠭᠡᠵᠦ ᠬᠡᠴᠢᠨᠡᠨ ᠪᠣᠳᠣᠭᠠᠳ ᠬᠣᠷᠭᠣᠳᠠᠬᠤ ᠰᠡᠳᠬᠢᠯ ᠯᠠ ᠳᠡᠶᠢᠯᠦᠭᠡᠳ ᠪᠠᠶᠢᠳᠠᠭ ᠶᠤᠮ ᠪᠠᠶᠢᠨ᠎ᠠ》 ᠭᠡᠵᠦ ᠰᠢᠪᠡᠨᠡᠵᠦ ᠪᠢᠯᠡ᠃ ᠠᠪᠤ ᠮᠠᠨᠢ ᠠᠮᠢᠳᠤᠷᠠᠯ ᠳᠤ ᠬᠠᠶᠢᠷᠠᠲᠠᠢ ᠬᠦᠮᠦᠨ ᠪᠠᠶᠢᠯ᠎ᠠ᠃ ᠠᠭᠤᠯᠠᠨ ᠤ ᠴᠢᠯᠠᠭᠤ ᠬᠠᠭᠠᠯᠤᠮ᠎ᠠ ᠡᠷ᠎ᠡ ᠬᠦᠮᠦᠨ ᠦ ᠭᠤᠨᠢᠭ ᠢ ᠢᠩᠭᠢᠵᠦ ᠪᠢ ᠬᠠᠯᠠᠭᠤᠨ ᠡᠩᠭᠡᠷ ᠡᠴᠡ ᠨᠢ ᠮᠡᠳᠡᠷᠡᠵᠤ ᠥᠰᠦᠭᠰᠡᠨ ᠪᠢᠯᠡ᠃ ᠨᠡᠭᠦᠳᠡᠯ ᠦᠨ ᠣᠯᠠᠨ ᠰᠢᠪᠠᠭᠤᠳ ᠨᠢ ᠨᠠᠭᠤᠷ ᠢᠶᠠᠨ ᠨᠢᠭᠡ᠂ ᠲᠣᠭᠣᠷᠢᠮ ᠢᠶᠠᠨ ᠨᠢᠭᠡ ᠡᠷᠭᠢᠯ᠎ᠡ ᠳ᠋ᠡ ᠨᠤᠲᠤᠭ ᠤᠨ ᠬᠡᠳᠦᠨ ᠪᠤᠭᠤᠷᠤᠯ ᠠᠴᠠ ᠪᠠᠨ ᠪᠢ ᠨᠢᠭᠤᠭᠳᠠᠵᠤ ᠨᠢᠭᠡ᠂ ᠵᠡᠭᠦᠭᠳᠡᠵᠦ ᠨᠢᠭᠡ ᠤᠬᠢᠯᠠᠯ᠎ᠠ ᠳ᠋ᠠ᠃ ᠡᠴᠢᠭᠡ ᠮᠢᠨᠢ ᠢᠩᠭᠢᠵᠦ ᠳᠠᠭᠤᠤ ᠲᠠᠢ ᠬᠠᠮᠲᠤ ᠳᠣᠲᠣᠷ᠎ᠠ ᠮᠢᠨᠢ ᠣᠷᠣᠰᠢᠨ ᠪᠠᠶᠢᠳᠠᠭ᠃ ᠡᠴᠢᠭᠡ ᠮᠢᠨᠢ ᠢᠩᠭᠢᠵᠦ ᠨᠠᠮᠤᠷ ᠲᠠᠢ ᠬᠠᠮᠲᠤ ᠵᠢᠷᠦᠬᠡᠨ ᠳᠤᠮᠳᠠᠭᠤᠷ ᠤᠷᠤᠰᠤᠨ ᠪᠠᠶᠢᠳᠠᠭ᠃ ᠲᠩᠷᠢ ᠮᠢᠨᠢ ᠨᠠᠳᠠ ᠳᠤ ᠡᠶᠢᠮᠦ ᠡᠴᠢᠭᠡ ᠵᠠᠶᠠᠭᠠᠯᠭᠠᠭᠰᠠᠨ ᠳᠤ ᠪᠠᠶᠠᠷᠯᠠᠯ᠎ᠠ᠃ ᠡᠭᠦᠨ ᠦ ᠲᠠᠨᠢ ᠲᠥᠯᠥᠭᠡ ᠪᠢ ᠦᠷᠭᠦᠯᠵᠢ ᠲᠠᠨ ᠳᠤ ᠲᠠᠯᠠᠷᠬᠠᠨ᠎ᠠ᠃

2        1       

                             13847524386      211429899@qq.com      13847524386   QQ  211429899 蒙ICP备17002503号-1