ᠪ ∙ ᠣᠶᠢᠳᠣᠪ ︽ ᠭᠠᠷ ᠤᠨ ᠲᠠᠪᠤᠨ ᠬᠤᠷᠤᠭᠤᠨ 》 ᠤ ᠱᠠᠭᠳᠠᠷ ᠢ ᠭᠠᠭᠴᠠᠭᠠᠷᠳᠠᠯ ᠡᠴᠡ ᠴᠢᠯᠥᠭᠡᠯᠡᠭᠰᠡᠨ ᠲᠡᠮᠳᠡᠭᠯᠡᠯ
ᠪ ∙ ᠣᠶᠢᠳᠣᠪ ︽ ᠭᠠᠷ ᠤᠨ ᠲᠠᠪᠤᠨ ᠬᠤᠷᠤᠭᠤᠨ 》 ᠤ ᠱᠠᠭᠳᠠᠷ ᠢ ᠭᠠᠭᠴᠠᠭᠠᠷᠳᠠᠯ ᠡᠴᠡ ᠴᠢᠯᠥᠭᠡᠯᠡᠭᠰᠡᠨ ᠲᠡᠮᠳᠡᠭᠯᠡᠯ
5069
2018-09-17 08:54
发表于:内蒙古
ᠪ ∙ ᠣᠶᠢᠳᠣᠪ ︽ ᠭᠠᠷ ᠤᠨ ᠲᠠᠪᠤᠨ ᠬᠤᠷᠤᠭᠤᠨ 》 ᠤ ᠱᠠᠭᠳᠠᠷ ᠢ ᠭᠠᠭᠴᠠᠭᠠᠷᠳᠠᠯ ᠡᠴᠡ ᠴᠢᠯᠥᠭᠡᠯᠡᠭᠰᠡᠨ ᠲᠡᠮᠳᠡᠭᠯᠡᠯ
ᠵᠠᠬ᠎ᠠ ᠵᠡᠭᠡᠯᠢ ᠪᠡᠨ ᠮᠡᠳᠡᠷᠡᠭᠡ ᠦᠭᠡᠢ᠂ ᠦᠢᠯᠡᠴᠢᠯᠡᠭᠦᠯᠦᠭᠴᠢ ᠪᠡᠨ ᠰᠣᠨᠣᠰᠤᠭ᠎ᠠ ᠦᠭᠡᠢ᠂ ᠰᠲ᠋ᠠᠨᠳᠠᠷᠲ ᠢᠶᠠᠨ ᠪᠠᠷᠢᠵᠤ ᠶᠠᠪᠤᠭ᠎ᠠ ᠦᠭᠡᠢ᠂ ᠲᠧᠭᠨᠣᠯᠣᠭᠢ ᠶᠢᠨ ᠰᠢᠨᠡᠴᠢᠯᠡᠯ ᠬᠢᠭᠡ ᠦᠭᠡᠢ ᠭᠡᠬᠦ ᠮᠡᠲᠦ ᠡᠨᠡᠬᠦ ᠳᠥᠷᠪᠡᠨ ᠵᠦᠢᠯ ᠢ ᠣᠷᠬᠢᠭᠳᠠᠭᠤᠯᠤᠭᠰᠠᠨ ᠢᠶᠠᠷ ᠶᠠᠮᠠᠷ ᠴᠤ ᠪᠢᠽᠢᠨ᠋ᠧᠰ ᠮᠥᠬᠦᠳᠡᠭ ᠶᠤᠮ ᠭᠡᠨ᠎ᠡ ᠯᠡ᠃ ᠺᠢᠨᠣ᠋ ᠤᠷᠠᠯᠢᠭ ᠴᠤ ᠢᠯᠭᠠᠭ᠎ᠠ ᠦᠭᠡᠢ᠃ ᠥᠨᠥ ᠴᠠᠭ ᠲᠤ ᠣᠯᠠᠨ ᠠᠷᠪᠠ ᠪᠠᠷ ᠢᠶᠠᠨ ᠬᠢᠭᠳᠡᠵᠦ ᠪᠤᠢ᠂ ᠮᠠᠭᠠᠳ ᠦᠭᠡᠢ ᠳᠣᠯᠣᠭ᠎ᠠ ᠬᠣᠨᠣᠭ ᠲᠤ ᠯᠠ ᠨᠢᠭᠡ ᠰᠢᠨ᠎ᠡ 《ᠺᠢᠨᠣᠨᠴᠢᠷ》ᠳᠡᠯᠭᠡᠴᠡᠨ ᠳᠦ ᠮᠡᠨᠳᠦᠯᠡᠭᠡᠳ ᠪᠠᠶᠢᠨ᠎ᠠ ᠤᠤ ᠭᠡᠯᠲᠡᠢ ᠪᠣᠯᠤᠭᠰᠠᠨ ᠮᠣᠩᠭᠣᠯ ᠺᠢᠨᠣ ᠨᠤᠭᠤᠳ ᠶᠠᠭ ᠡᠶᠢᠮᠦ ᠪᠠᠶᠢᠳᠠᠯ ᠢᠶᠠᠷ ᠮᠥᠬᠥᠵᠦ ᠪᠠᠶᠢᠨ᠎ᠠ᠃ ᠡᠶᠢᠮᠦ 《ᠺᠢᠨᠣᠨᠴᠢᠷ》 ᠍ ᠨᠤᠭᠤᠳ ᠢ ᠲᠣᠭᠤᠵᠤ ᠦᠵᠡᠵᠦ᠂ ᠲᠣᠭᠤᠵᠤ ᠰᠢᠭᠦᠮᠵᠢᠯᠡᠬᠦ ᠶᠢᠨ ᠴᠤ ᠬᠡᠷᠡᠭ ᠦᠭᠡᠢ᠃ ᠴᠠᠭ ᠤᠨ ᠭᠠᠷᠤᠵᠠ᠂ ᠪᠠᠰᠠ ᠪᠤᠬᠢᠨᠢᠳᠤᠬᠤ ᠶᠢᠨ ᠨᠡᠮᠡᠷᠢ᠃ ᠬᠠᠷᠢᠨ ᠡᠭᠦᠨ ᠦ ᠣᠷᠣᠨ ᠳᠤ ᠵᠠᠬᠢᠷᠭᠠᠳᠠᠯᠲᠠ ᠶᠢᠨ ᠦᠶ᠎ᠡ ᠶᠢᠨ ᠱᠧᠳᠧᠸᠷ ᠺᠢᠨᠣ ᠨᠤᠭᠤᠳ ᠢᠶᠠᠨ 《ᠮᠥᠯᠵᠢᠵᠦ》 ᠰᠠᠭᠤᠭᠰᠠᠨ ᠨᠢ ᠬᠠᠮᠢᠶ᠎ᠠ ᠦᠭᠡᠢ ᠳᠡᠭᠡᠷ᠎ᠡ᠃ ᠨᠡᠭᠡᠷᠡᠨ ᠬᠠᠭᠤᠴᠢᠨ ᠤ ᠵᠠᠷᠢᠮ ᠺᠢᠨᠣ ᠶᠢ ᠬᠡᠳᠦ ᠳᠠᠬᠢᠭᠠᠳ ᠦᠵᠡᠭᠰᠡᠨ ᠴᠤ ᠤᠶᠢᠳᠤᠮ ᠦᠭᠡᠢ᠂ ᠺᠢᠨᠣᠨ ᠤ ᠵᠠᠷᠢᠮ ᠭᠣᠣᠯ ᠪᠠᠭᠠᠲᠤᠷ ᠤᠳ ᠨᠢ ᠨᠡᠶᠢᠭᠡᠮ ᠰᠣᠯᠢᠭᠳᠠᠵᠤ᠂ ᠬᠦᠮᠦᠰ ᠦᠨ ᠦᠵᠡᠯ ᠪᠣᠳᠣᠯ ᠥᠭᠡᠷᠡᠴᠢᠯᠡᠭᠳᠡᠭᠰᠡᠨ ᠴᠤ ᠤᠯᠠᠮ ᠦᠨ᠎ᠡ ᠴᠡᠨ᠎ᠡ ᠲᠡᠢ ᠪᠣᠯᠵᠤ᠂ ᠦᠵᠡᠭᠴᠢ ᠲᠦᠮᠡᠨ ᠢ ᠳᠠᠬᠢᠨ ᠰᠢᠨ᠎ᠡ ᠮᠠᠶ᠋ᠢᠭ ᠢᠶᠠᠷ ᠤᠬᠠᠭᠠᠷᠠᠭᠤᠯᠵᠤ᠂ ᠰᠡᠬᠡᠭᠡᠷᠡᠭᠦᠯᠵᠦ ᠪᠠᠶᠢᠬᠤ ᠶᠢ ᠶᠠᠭᠠᠬᠢᠨ᠎ᠠ᠃ ᠵᠢᠱᠢᠶ᠎ᠡ ᠨᠢ 《ᠭᠠᠷ ᠤᠨ ᠲᠠᠪᠤᠨ ᠬᠤᠷᠤᠭᠤ》 ᠺᠢᠨᠣᠨ ᠤ ᠱᠠᠭᠳᠠᠷ ᠪᠠᠶᠢᠨ᠎ᠠ᠃ ᠰᠣᠴ ᠨᠡᠶᠢᠭᠡᠮ ᠤᠨ ᠦᠶ᠎ᠡ ᠳᠦ ᠱᠠᠭᠳᠠᠷ ᠪᠣᠯ ᠬᠠᠮᠤᠭ ᠤᠨ ᠶᠡᠬᠡ ᠪᠡᠷ ᠠᠳᠠ ᠦᠵᠡᠭᠳᠡᠵᠦ ᠪᠠᠶᠢᠭᠰᠠᠨ ᠮᠠᠭᠤ ᠲᠠᠯ᠎ᠠ ᠶᠢᠨ ᠪᠠᠭᠠᠲᠤᠷ᠃《ᠪᠠᠭᠠᠲᠤᠷ ᠠᠶᠤᠯ ᠳᠤ ᠤᠴᠠᠷᠠᠬᠤ》᠂ 《ᠪᠠᠭᠠᠲᠤᠷ ᠳᠤᠷ᠎ᠠ ᠪᠤᠯᠢᠶᠠᠮ᠎ᠠ᠂ ᠬᠦᠴᠦ ᠴᠢᠳᠠᠯ ᠲᠠᠢ ᠪᠠᠶᠢᠬᠤ》᠂ 《ᠪᠠᠭᠠᠲᠤᠷ ᠢᠯᠡᠳᠲᠡ ᠳᠤᠲᠠᠭᠳᠠᠯ ᠲᠠᠢ᠂ ᠰᠤᠯᠠ ᠲᠠᠯ᠎ᠠ ᠲᠠᠢ ᠪᠠᠶᠢᠬᠤ》᠂ 《ᠪᠠᠭᠠᠲᠤᠷ ᠦᠵᠡᠭᠴᠢᠳ ᠦᠨ ᠬᠠᠶᠢᠷ᠎ᠠ ᠶᠢ ᠲᠠᠲᠠᠬᠤ》 ᠭᠡᠬᠦ ᠮᠡᠲᠦ ᠡᠨᠡᠬᠦ ᠳᠥᠷᠪᠡᠨ ᠵᠠᠷᠴᠢᠮ ᠢ ᠳᠡᠯᠡᠬᠡᠢ ᠶᠢᠨ ᠰᠢᠯᠢᠳᠡᠭ ᠺᠢᠨᠣ ᠨᠤᠭᠤᠳ ᠬᠡᠷᠡᠭᠵᠢᠭᠦᠯᠦᠭᠰᠡᠭᠡᠷ ᠢᠷᠡᠵᠡᠢ᠃ ᠡᠬᠢᠨ ᠦ ᠭᠤᠷᠪᠠ ᠶᠢ ᠨᠢ ᠱᠠᠭᠳᠠᠷ ᠪᠦᠲᠦᠭᠡᠵᠦ ᠴᠢᠳᠠᠭᠰᠠᠨ᠃ ᠬᠠᠷᠢᠨ ᠲᠡᠷᠡ ᠦᠵᠡᠭᠴᠢᠳ ᠦᠨ ᠬᠠᠶᠢᠷ᠎ᠠ ᠶᠢ ᠲᠠᠲᠠᠵᠤ ᠴᠢᠳᠠᠭ᠎ᠠ ᠦᠭᠡᠢ ᠶᠤᠮ᠃ ᠱᠠᠭᠳᠠᠷ ᠤᠨ ᠭᠣᠣᠯ ᠠᠯᠳᠠᠭ᠎ᠠ ᠡᠨᠳᠡ ᠯᠠ ᠪᠠᠶᠢᠳᠠᠭ᠃ ᠡᠬᠡᠨᠡᠷ᠂ ᠲᠠᠪᠤᠨ ᠬᠡᠦᠬᠡᠳ ᠢᠶᠡᠨ ᠣᠷᠬᠢᠭᠠᠳ ᠴᠢᠷᠠᠶᠢᠯᠢᠭ ᠬᠡᠦᠬᠡᠨ ᠤᠷᠤᠭᠤ ᠲᠡᠮᠡᠦᠯᠦᠭᠰᠡᠨ ᠱᠠᠭᠳᠠᠷ ᠢ ᠬᠦᠮᠦᠨ ᠪᠣᠯᠭᠠᠨ ᠦᠵᠡᠨ ᠶᠠᠳᠠᠨ᠎ᠠ᠃ ᠭᠡᠪᠡᠴᠦ ᠴᠠᠭᠠᠳᠤ ᠹᠢᠯᠣᠰᠣᠹᠢ ᠤᠴᠢᠷ ᠢ ᠨᠢ ᠨᠠᠷᠢᠨ ᠤᠬᠠᠭᠠᠷᠠᠭᠰᠠᠨ ᠬᠥᠮᠦᠨ ᠳ᠋ᠤ ᠪᠣᠯ ᠱᠠᠭᠳᠠᠷ ᠮᠠᠨᠢ ᠲᠤᠶᠢᠯ ᠤᠨ ᠥᠷᠦᠪᠳᠦᠯᠲᠡᠢ ᠪᠡᠶ᠎ᠡ ᠬᠦᠮᠦᠨ ᠪᠣᠯᠵᠤ ᠬᠠᠷᠠᠭᠳᠠᠳᠠᠭ᠃ ᠶᠡᠷᠦ ᠡᠴᠡ ᠪᠡᠨ ᠱᠠᠭᠳᠠᠷ ᠪᠣᠯ ᠭᠠᠭᠴᠠᠭᠠᠷᠳᠠᠵᠤ ᠴᠥᠯᠢᠰᠲᠦᠭᠰᠡᠨ ᠡᠮᠭᠡᠨᠢᠯᠳᠦ ᠳᠦᠷᠢ᠃ ᠭᠡᠪᠡᠴᠦ ᠰᠣᠴ ᠨᠡᠶᠢᠭᠡᠮ ᠤᠨ ᠦᠶ᠎ᠡ ᠳᠦ ᠱᠠᠭᠳᠠᠷ ᠢ ᠬᠡᠨ ᠴᠤ ᠥᠷᠥᠪᠳᠥᠵᠦ ᠪᠠᠶᠢᠭᠰᠠᠨ ᠦᠭᠡᠢ᠃ ᠬᠠᠷᠢᠨ ᠥᠨᠥ ᠴᠠᠭ ᠲᠤ ᠱᠠᠭᠳᠠᠷ ᠢ ᠥᠮᠦᠭᠡᠯᠡᠵᠦ ᠬᠠᠮᠠᠭᠠᠯᠠᠭᠰᠠᠨ ᠪᠢᠴᠢᠯᠭᠡ ᠴᠠᠬᠢᠮ ᠶᠢᠷᠲᠢᠨᠴᠦ ᠪᠡᠷ ᠮᠡᠷ ᠰᠡᠷ ᠴᠤᠭᠤᠯᠵᠠᠬᠤ ᠪᠣᠯᠵᠠᠢ᠃ ᠵᠠᠷᠢᠮ ᠨᠢᠭᠡ ᠵᠢᠱᠢᠶ᠎ᠡ ᠶᠢ ᠳᠤᠷᠠᠳᠤᠶ᠎ᠠ᠃
ᠺᠢᠨᠣ᠋ ᠡᠬᠢᠯᠡᠬᠦ ᠳᠦ ᠬᠡᠦᠬᠡᠳ ᠪᠦᠷᠢ ᠥᠪᠡᠷ ᠥᠪᠡᠷ ᠦᠨ ᠢᠶᠡᠨ ᠶᠠᠭᠤᠮᠠᠰ ᠢ ᠬᠢᠵᠦ᠂ ᠪᠢᠲᠡᠭᠦᠬᠡᠨ ᠳᠦ ᠪᠡᠨ ᠪᠦᠭᠦᠳᠡ ᠪᠡᠷ ᠢᠶᠡᠨ ᠡᠵᠢ ᠠᠪᠤ ᠪᠠᠨ ᠬᠦᠯᠢᠶᠡᠵᠦ᠂ ᠳᠡᠭᠡᠪᠦᠷ ᠳᠡᠭᠡᠷ᠎ᠡ ᠨᠢᠭᠡ ᠨᠢ ᠳᠤᠷᠠᠨᠳᠠᠵᠤ᠂ ᠠᠦ᠋ᠲ᠋ᠣᠪᠦ᠋ᠰᠤᠨ ᠠᠴᠠ ᠪᠠᠭᠤᠮᠠᠭᠴᠠ ᠨᠢ 《ᠡᠵᠢ ᠡ᠂ ᠠᠪᠤ ᠡ︕》 ᠭᠡᠵᠦ ᠳᠠᠭᠤᠳᠠᠵᠠᠭᠠᠨ ᠤᠭᠲᠤᠳᠠᠭ᠃ ᠠᠦ᠋ᠲ᠋ᠣᠪᠦ᠋ᠰᠤᠨ ᠠᠴᠠ ᠪᠠᠭᠤᠮᠠᠭᠴᠠ ᠪᠠᠨ᠂
ᠳᠣᠯᠵᠢᠨ᠄ -ᠴᠢ ᠨᠠᠭᠠᠳᠤ ᠬᠠᠴᠢᠨ ᠶᠠᠭᠤᠮ᠎ᠠ ᠪᠠᠨ ᠤᠨᠤᠭ᠎ᠠ ᠪᠠᠨ ᠵᠠᠰᠠᠭᠰᠠᠨ ᠬᠣᠶᠢᠨᠠ ᠪᠠᠨ ᠯᠠ ᠠᠪᠬᠤ ᠦᠭᠡᠢ︕ ᠤᠯᠤᠰ ᠠᠮᠢᠲᠠᠨ ᠬᠦᠷᠲᠡᠯ᠎ᠡ ᠬᠠᠷᠠᠭᠠᠳ ᠶᠠᠪᠤᠭᠤᠯᠬᠤ ᠦᠭᠡᠢ ᠶᠤᠮ…
ᠱᠠᠭᠳᠠᠷ᠄ -ᠦᠭᠡᠢ ᠶᠠᠭᠠᠬᠢᠬᠤ ᠪᠤᠢ ᠳ᠋ᠡ᠂ ᠥᠭᠡᠷ᠎ᠡ ᠬᠦᠮᠦᠨ ᠠᠪᠴᠢᠬᠤ ᠪᠠᠶᠢᠬᠤ ᠭᠡᠵᠦ ᠶᠠᠭᠠᠷᠠᠭᠠᠳ…
ᠳᠣᠯᠵᠢᠨ᠄ -ᠬᠣᠭ ᠳᠡᠭᠡᠷ᠎ᠡ ᠪᠠᠶᠢᠭᠰᠠᠨ ᠴᠤ ᠠᠪᠬᠤ ᠦᠭᠡᠢ… ᠰᠣᠯᠢᠶ᠎ᠠ ᠲᠠᠢ ᠶᠤᠮ ᠰᠢᠭ ᠨᠣᠪᠰᠢ ᠴᠤᠭᠯᠠᠭᠤᠯᠤᠭᠠᠳ… (ᠱᠠᠭᠳᠠᠷ ᠥᠪᠡᠷ ᠢᠶᠡᠨ ᠬᠣᠶᠠᠷ ᠭᠠᠷ ᠲᠤ ᠪᠠᠨ ᠶᠠᠭᠤᠮ᠎ᠠ ᠪᠠᠷᠢᠭᠰᠠᠨ ᠶᠠᠪᠤᠭ᠎ᠠ ᠬᠢᠷᠢᠨ᠎ᠡ᠂ ᠡᠬᠡᠨᠡᠷ ᠦᠨ ᠢᠶᠡᠨ ᠪᠠᠷᠢᠭᠰᠠᠨ ᠶᠠᠭᠤᠮᠠᠨ ᠠᠴᠠ ᠬᠠᠮᠵᠢᠬᠤ ᠭᠡᠨ᠎ᠡ᠃ ᠳᠣᠯᠵᠢᠨ ᠥᠭᠭᠦ ᠦᠭᠡᠢ)
ᠱᠠᠭᠳᠠᠷ᠄ -ᠬᠡᠦᠬᠡᠳ ᠦᠳ ᠮᠠᠨᠢ ᠤᠷᠳᠤᠨ ᠤ ᠤᠯᠤᠰ ᠶᠠᠭᠤ ᠡᠳ᠋ᠯᠡᠵᠦ ᠬᠡᠷᠡᠭᠯᠡᠵᠦ ᠪᠠᠶᠢᠭᠰᠠᠨ ᠢ ᠦᠵᠡᠵᠦ᠂ ᠮᠡᠳᠡᠭ ᠯᠠ ᠳ᠋ᠡ…
ᠳᠣᠯᠵᠢᠨ᠄ -ᠵᠠ ᠵᠠ ᠵᠠ… ᠪᠦᠯᠢᠶᠡᠬᠡᠨ ᠮᠦᠽᠧᠢ ᠪᠠᠶᠢᠬᠤ ᠳᠤ ᠴᠢᠨᠢ…
ᠱᠠᠭᠳᠠᠷ᠄ -ᠬᠡᠦᠬᠡᠳ ᠦᠳ ᠲᠦ ᠮᠠᠨᠢ ᠬᠣᠵᠢᠮ ᠨᠢ ᠬᠡᠷᠡᠭᠲᠡᠢ ᠰᠢᠦ ᠳ᠋ᠡ᠂ ᠳᠣᠯᠵᠢᠨ ᠮᠢᠨᠢ…
ᠳᠣᠯᠵᠢᠨ᠄ -ᠬᠨ…
ᠬᠡᠦᠬᠡᠳ ᠦᠳ ᠤᠷᠤᠯᠳᠤᠨ ᠠᠪᠤ ᠳᠡᠭᠡᠷ᠎ᠡ ᠪᠡᠨ ᠣᠴᠢᠨ᠎ᠠ᠃ ᠠᠪᠤ ᠪᠠᠭ᠎ᠠ ᠬᠦᠦ ᠪᠡᠨ ᠲᠡᠪᠡᠷᠢᠨ ᠠᠪᠴᠤ ᠡᠷᠭᠦᠵᠦ ᠡᠷᠭᠢᠭᠦᠯᠦᠭᠡᠳ᠂ ᠡᠬᠢᠯᠡᠭᠡᠳ ᠬᠣᠶᠠᠷ ᠪᠠᠭ᠎ᠠ ᠪᠠᠨ᠂ ᠳᠠᠷᠠᠭ᠎ᠠ ᠨᠢ ᠲᠣᠮᠣ ᠦᠬᠢᠨ ᠢᠶᠡᠨ ᠦᠨᠦᠰᠴᠦ᠂ ᠠᠪᠴᠤ ᠢᠷᠡᠭᠰᠡᠨ ︽ᠬᠣᠭ ᠨᠣᠪᠰᠢ 》 ᠪᠠᠨ ᠦᠵᠡᠭᠦᠯᠦᠨ᠎ᠡ᠃ ᠬᠡᠦᠬᠡᠳ ᠦᠳ ᠶᠡᠬᠡᠳᠡ ᠪᠠᠶᠠᠷᠲᠠᠢ ᠪᠠᠶᠢᠨ᠎ᠠ᠃ ᠶᠠᠭᠠᠬᠢᠭᠠᠳ ᠡᠵᠢ ᠳᠦ ᠪᠡᠨ ᠦᠨᠦᠰᠦᠭᠦᠯᠬᠦ ᠦᠭᠡᠢ ᠪᠠᠶᠢᠭ᠎ᠠ ᠶᠤᠮ ᠪᠣᠯ︖ ᠰᠼᠧᠨ ᠰᠣᠯᠢᠭᠳᠠᠨ᠎ᠠ᠃ ᠱᠠᠭᠳ᠋ᠡᠷ ᠭᠡᠷ ᠦᠨ ᠢᠶᠡᠨ ᠬᠤᠪᠴᠠᠰᠤ ᠶᠢ ᠡᠮᠦᠰᠦᠨ᠂ ᠨᠢᠭᠤᠷ ᠭᠠᠷ ᠢᠶᠠᠨ ᠤᠭᠢᠶᠠᠭᠰᠠᠨ ᠪᠣᠯᠤᠯᠲᠠᠢ ᠠᠯᠴᠢᠭᠤᠷ ᠮᠥᠷᠦᠨ ᠳᠦ ᠪᠡᠨ ᠲᠣᠬᠣᠭᠰᠠᠨ ᠭᠡᠷ ᠡᠴᠡ ᠭᠠᠷᠴᠤ ᠢᠷᠡᠨ᠎ᠡ᠃ ᠬᠡᠦᠬᠡᠳ ᠦᠳ ᠲᠣᠭᠯᠠᠨ ᠪᠠᠶᠢᠨ᠎ᠠ᠃ ᠠᠪᠤ ᠬᠠᠯᠠᠭᠠᠰᠤᠨ ᠳᠤ ᠪᠠᠨ ᠭᠠᠷ ᠢᠶᠠᠨ ᠬᠢᠭᠡᠳ 《ᠬᠡᠦᠬᠡᠳ ᠦᠳ ᠡ᠂ ᠮᠢᠨᠦ ᠭᠠᠷ ᠲᠤ ᠶᠠᠭᠤ ᠪᠠᠶᠢᠭ᠎ᠠ ᠶᠢ ᠲᠠᠭᠠᠴᠠᠭᠠ⁉
ᠬᠦᠦ᠄ -ᠰᠢᠬᠢᠷ
ᠠᠪᠤ᠄ -ᠲᠠᠭᠠᠭᠰᠠᠨ ᠦᠭᠡᠢ᠃ ᠮᠠᠷᠭᠠᠰᠢ ᠦᠵᠡᠬᠦ ᠵᠥᠴᠦᠭᠡ ᠶᠢᠨ ᠪᠢᠯᠧᠲ᠃ ᠪᠥᠭᠥᠳᠡᠭᠡᠷ ᠢᠶᠡᠨ ᠶᠠᠪᠤᠨ᠎ᠠ ᠰᠢᠦ᠃ (ᠬᠡᠦᠬᠡᠳ ᠦᠳ ᠪᠠᠶᠠᠷᠯᠠᠯᠳᠤᠨ᠎ᠠ)
ᠱᠠᠭᠳᠠᠷ᠄ -ᠳᠣᠯᠣᠭᠠᠨ ᠪᠢᠯᠧᠲ ᠠᠪᠤᠭᠰᠠᠨ ᠢᠶᠡᠨ ᠴᠢᠮ᠎ᠠ ᠳᠤ ᠬᠡᠯᠡᠬᠦ ᠪᠡᠨ ᠮᠠᠷᠲᠠᠴᠢᠬᠠᠵᠤ…
ᠳᠣᠯᠵᠢᠨ᠄ -ᠠᠯᠢᠪ᠂ ᠭᠠᠷ ᠢᠶᠠᠨ ᠤᠭᠢᠶᠠ᠃ ᠬᠡᠦᠬᠡᠳ ᠦᠨ ᠶᠠᠭᠤᠮ᠎ᠠ ᠪᠠᠷ ᠶᠠᠭᠠᠬᠢᠬᠤ ᠪᠤᠢ ᠳ᠋ᠡ… ᠡᠳᠡ ᠨᠠᠷ ᠦᠵᠡᠨ᠎ᠡ ᠪᠢᠵᠡ᠃ ᠪᠢ ᠴᠢᠳᠠᠬᠤ ᠦᠭᠡᠢ ᠡ…
ᠮᠠᠷᠭᠠᠰᠢ ᠨᠢ ᠬᠡᠦᠬᠡᠯᠳᠡᠢ ᠶᠢᠨ ᠲᠢᠶᠠᠲ᠋ᠷ ᠲᠤ᠃ ᠫᠤᠱᠺᠢᠨ ᠤ 《ᠠᠯᠲᠠᠨ ᠵᠢᠭᠠᠰᠤᠨ ᠤ ᠦᠯᠢᠭᠡᠷ》 ᠬᠡᠦᠬᠡᠯᠳᠡᠢ ᠶᠢᠨ ᠵᠦᠴᠦᠭᠡ ᠲᠣᠭᠯᠠᠭᠳᠠᠵᠤ ᠪᠠᠶᠢᠨ᠎ᠠ᠃ ᠡᠨᠳᠡ ᠱᠠᠭᠳᠠᠷ ᠬᠣᠷᠯᠤ᠎ᠠ ᠶᠢ ᠠᠩᠬ᠎ᠠ ᠣᠯᠵᠤ ᠬᠠᠷᠠᠳᠠᠭ᠃
ᠱᠠᠭᠳᠠᠷ᠃ 40 ᠣᠷᠴᠢᠮ ᠨᠠᠰᠤᠨ ᠤ᠂ ᠥᠨᠳᠥᠷ ᠴᠠᠯᠢᠩ ᠲᠠᠢ ᠢᠨᠵᠧᠨᠧᠷ᠃ ᠬᠤᠪᠢᠨ ᠤ ᠮᠠᠰᠢᠨ ᠲᠠᠢ᠂ ᠲᠤᠬᠠᠢ ᠶᠢᠨ ᠦᠶ᠎ᠡ ᠳ᠋ᠡᠭᠡᠨ ᠯᠠ ᠨᠡᠷ᠎ᠡ ᠶᠢᠨ ᠬᠠᠭᠤᠳᠠᠰᠤ ᠲᠠᠢ᠂ ᠬᠡᠦᠬᠡᠳ ᠦᠳ ᠲᠡᠢ ᠪᠡᠨ ᠲᠣᠭᠯᠠᠳᠠᠭ᠂ ᠬᠥᠭᠵᠢᠯ᠂ ᠪᠣᠯᠪᠠᠰᠤᠷᠠᠯ᠂ ᠬᠦᠮᠦᠵᠢᠯ ᠳᠦ ᠨᠢ ᠠᠩᠬᠠᠷᠳᠠᠭ᠂ ᠺᠢᠨᠣ᠋᠂ ᠵᠦᠴᠦᠭᠡ ᠦᠵᠡᠭᠡᠰᠦᠲᠡᠢ᠂ ᠭᠡᠷ ᠦᠨ ᠠᠵᠢᠯ ᠲᠠᠢ᠂ ᠨᠥᠭᠥᠭᠡ ᠲᠠᠯ᠎ᠠ ᠪᠠᠷ ᠡᠷᠲᠡᠨ ᠦ ᠶᠠᠭᠤᠮᠠᠨ ᠤ ᠦᠨ᠎ᠡ ᠮᠡᠳᠡᠳᠡᠭ᠂ ᠣᠷᠣᠨ ᠭᠡᠷ ᠢᠶᠡᠨ ᠲᠥᠪᠬᠢᠨᠡᠭᠦᠯᠳᠡᠭ᠂ ᠠᠯᠪᠠᠨ ᠭᠠᠵᠠᠷ ᠢᠶᠠᠨ ᠨᠡᠷ᠎ᠡ ᠬᠦᠨᠳᠦᠲᠡᠢ᠂ ᠬᠦᠮᠦᠨ ᠲᠡᠢ ᠠᠮᠠ ᠬᠡᠯᠡ ᠪᠡᠨ ᠣᠯᠴᠢᠬᠠᠳᠠᠭ ᠨᠥᠬᠥᠷ᠃ ᠡᠨᠡ ᠪᠣᠯ ᠲᠡᠭᠦᠨ ᠦ ᠲᠠᠯ᠎ᠠ ᠪᠠᠷ ᠬᠥᠳᠡᠯᠦᠰᠢ ᠦᠭᠡᠢ ᠪᠠᠷᠢᠮᠲᠠ ᠨᠤᠭᠤᠳ᠃ ᠬᠠᠷᠢᠨ ᠱᠠᠭᠳᠠᠷ ᠤᠨ ᠠᠪᠠᠯᠢ ᠡᠬᠡᠨᠡᠷ ᠳᠣᠯᠵᠢᠨ ᠲᠡᠭᠦᠨ ᠢ ᠶᠠᠭᠠᠬᠢᠵᠤ ᠦᠨᠡᠯᠡᠪᠡ︖ ᠱᠠᠭᠳᠠᠷ ᠤᠨ ᠬᠦᠮᠦᠨ ᠡᠴᠡ ᠥᠷᠢᠰᠦᠨ ᠪᠠᠶᠢᠵᠤ ᠠᠪᠤᠭᠰᠠᠨ ᠡᠷᠲᠡᠨ ᠦ ᠡᠳ᠋ᠯᠡᠯ ᠳᠣᠯᠵᠢᠨ ᠦ ᠬᠢ ᠪᠠᠷ ᠪᠣᠯ 《ᠬᠠᠴᠢᠨ ᠶᠠᠭᠤᠮ᠎ᠠ》᠃ ᠥᠪᠡᠷ ᠢᠶᠡᠨ ᠴᠤ ᠪᠠᠷᠢᠵᠤ ᠶᠠᠪᠤᠭ᠎ᠠ ᠦᠭᠡᠢ ᠬᠢᠷᠢᠨ᠎ᠡ ᠬᠦᠮᠦᠰ ᠦᠨ ᠰᠤᠨᠵᠢᠵᠤ ᠬᠠᠷᠠᠭᠰᠠᠨ ᠬᠠᠷᠠᠴᠠᠨ ᠠᠴᠠ ᠲᠡᠷᠡ ᠲᠡᠭᠡᠭᠡᠷᠡᠰᠢᠶᠠᠵᠤ᠂ ᠢᠴᠢᠭᠰᠡᠨ ᠃
《ᠳᠣᠯᠣᠭᠠᠨ ᠪᠢᠯᠧᠲ ᠠᠪᠤᠭᠰᠠᠨ᠂ ᠪᠥᠭᠥᠳᠡᠭᠡᠷ ᠢᠶᠡᠨ ᠶᠠᠪᠤᠨ᠎ᠠ ᠰᠢᠦ︕》 ᠭᠡᠬᠦ ᠳᠦ 《ᠬᠡᠦᠬᠡᠳ ᠦᠨ ᠶᠠᠭᠤᠮ᠎ᠠ ᠪᠠᠷ ᠶᠠᠭᠠᠬᠢᠬᠤ ᠪᠤᠢ ᠳ᠋ᠡ… ᠲᠠ ᠨᠠᠷ ᠶᠠᠪᠤᠨ᠎ᠠ ᠪᠢᠵᠡ》 ᠭᠡᠵᠦ ᠳᠣᠯᠵᠢᠨ ᠠᠳᠠᠷᠠᠳᠠᠭ᠃ ᠶᠠᠭᠤᠲᠠᠢ ᠴᠤ ᠡᠨᠡ ᠪᠣᠯ ᠳᠣᠯᠵᠢᠨ ᠤ ᠨᠥᠬᠥᠷ ᠢᠶᠡᠨ ᠦᠨᠡᠯᠡᠵᠦ ᠪᠠᠶᠢᠭᠰᠠᠨ ᠦᠨᠡᠯᠡᠭᠡ᠃ ᠪᠠᠶᠢᠭ᠎ᠠ ᠠᠴᠠ ᠨᠢ ᠢᠯᠡᠭᠦᠦ ᠪᠢᠰᠢ ᠭᠡᠬᠦ ᠳᠦ ᠪᠠᠶᠢᠭ᠎ᠠ ᠪᠠᠷ ᠨᠢ ᠠᠷᠤ ᠭᠡᠷ ᠲᠦ ᠪᠡᠨ ᠦᠨᠡᠯᠡᠭᠳᠡᠬᠦ ᠦᠭᠡᠢ ᠪᠠᠶᠢᠭ᠎ᠠ ᠪᠠᠶᠢᠳᠠᠯ᠂ ᠨᠥᠬᠥᠷ ᠦᠨ ᠢᠶᠡᠨ ᠶᠢᠷᠲᠢᠨᠴᠦ ᠶᠢ ᠥᠷᠥᠭᠡᠯ ᠪᠤᠰᠤᠳ ᠤᠨ ᠦᠨᠡᠯᠡᠭᠡ ᠪᠡᠷ ᠦᠨᠡᠯᠡᠳᠡᠭ᠂ ᠰᠡᠴᠡᠷᠬᠡᠯ᠂ ᠪᠠᠰᠤᠮᠵᠢᠯᠠᠯ᠂ ᠦᠭᠡᠨ ᠳᠦ ᠨᠢ ᠣᠷᠣᠬᠤ ᠦᠭᠡᠢ ᠲᠡᠷᠰᠯᠡᠭᠰᠡᠨ ᠪᠠᠶᠢᠳᠠᠯ᠂ ᠳᠣᠷᠣᠮᠵᠢᠯᠠᠯ᠂ ᠦᠯᠦ ᠣᠶᠢᠰᠢᠶᠠᠯᠲᠠ ᠵᠡᠷᠭᠡ ᠨᠢ ᠪᠤᠰᠤᠳ ᠠᠴᠠ ᠢᠯᠡᠭᠦᠦ ᠪᠢᠰᠢ ᠭᠡᠬᠦ ᠳᠦ ᠪᠤᠰᠤᠳ ᠤᠨ ᠯᠠ ᠠᠳᠠᠯᠢ ᠡᠩ ᠦᠨ ᠨᠢᠭᠡᠨ ᠡᠷᠦᠬᠡ ᠶᠢᠨ ᠲᠡᠷᠢᠭᠦᠨ ᠢ ᠲᠠ ᠪᠢᠳᠡᠨ ᠦ ᠮᠡᠳᠡᠬᠦ᠂ ᠬᠥᠭᠡᠢ ᠶᠢᠨ ᠱᠠᠭᠳᠠᠷ ᠪᠣᠯᠭᠠᠨ ᠲᠥᠷᠦᠭᠦᠯᠳᠡᠭ ᠴᠤ ᠪᠠᠶᠢᠵᠤ ᠮᠡᠳᠡᠬᠦ ᠶᠤᠮ ᠭᠡᠬᠦ ᠮᠡᠲᠦ᠃
ᠡᠶᠢᠮᠦᠷᠬᠡᠦ ᠪᠠᠶᠢᠳᠠᠯ ᠢᠶᠠᠷ ᠵᠢᠰᠢᠬᠦ ᠨᠢ ᠮᠠᠭᠤ ᠦᠭᠡᠢ ᠪᠣᠯᠪᠠᠴᠤ ᠵᠢᠱᠢᠶ᠎ᠡ ᠠᠪᠬᠤ ᠳᠤ ᠰᠠᠶᠢᠨ ᠦᠭᠡᠢ ᠣᠯᠠᠨ ᠲᠣᠬᠢᠶᠠᠯᠳᠤᠯ ᠪᠤᠢ᠃ ᠢᠯᠠᠩᠭᠤᠶ᠎ᠠ ᠳᠣᠯᠵᠢᠨ ᠢ ᠨᠠᠰᠤ ᠪᠠᠷᠠᠭᠰᠠᠨ ᠤ ᠳᠠᠷᠠᠭ᠎ᠠ ᠳᠡᠭᠦᠦ ᠨᠠᠷ ᠤᠨ ᠢᠶᠠᠨ ᠠᠪᠤ ᠲᠠᠢ ᠪᠠᠶᠢᠬᠤ ᠡᠷᠬᠡ ᠶᠢ ᠠᠦ᠋ᠲ᠋ᠣᠮᠠᠲ ᠢᠶᠠᠷ ᠬᠠᠰᠤᠭᠰᠠᠨ ᠣᠮᠣᠭᠯᠠᠩ ᠰᠢᠵᠠᠷᠠᠭᠤᠨ ᠲᠣᠮᠣ ᠥᠬᠢᠨ ᠤ ᠬᠢ ᠨᠢ ᠭᠠᠷᠭᠠᠵᠤ ᠪᠤᠢ ᠠᠭᠠᠰᠢ ᠠᠷᠠᠨᠰᠢᠨ᠂ ᠲᠡᠭᠦᠨ ᠲᠡᠢ ᠡᠪ ᠵᠦᠢ ᠪᠡᠨ ᠣᠯᠤᠯᠴᠠᠬᠤ ᠭᠡᠳ ᠮᠥᠩᠭᠥ ᠰᠠᠷᠪᠠᠶᠢᠵᠤ᠂ ᠪᠠᠰᠠ ᠬᠣᠶᠠᠷ ᠪᠠᠭ᠎ᠠ ᠬᠦᠦ ᠪᠡᠨ ᠥᠪᠡᠷ ᠳᠡᠭᠡᠷ᠎ᠡ ᠪᠡᠨ ᠠᠪᠬᠤ ᠭᠡᠳ ᠶᠠᠳᠠᠵᠤ ᠪᠤᠢ ᠡᠴᠢᠭᠡ ᠬᠦᠮᠦᠨ ᠦ ᠭᠡᠮᠰᠢᠭᠰᠡᠨ ᠰᠡᠳᠬᠢᠯ᠂ ᠭᠠᠭᠴᠠ ᠥᠬᠢᠨ ᠤ ᠪᠠᠨ ᠬᠤᠷᠢᠮᠠᠨ ᠳᠡᠭᠡᠷ᠎ᠡ ᠴᠢᠯᠦᠭᠡᠲᠡᠢ ᠳᠠᠪᠬᠢᠭᠠᠳ ᠢᠷᠡᠵᠦ ᠴᠢᠳᠠᠬᠤ ᠦᠭᠡᠢ ᠣᠯᠠᠨ ᠠᠴᠠ ᠳᠦᠯᠢᠭᠡᠨᠡᠨ ᠪᠠᠶᠢᠭ᠎ᠠ ᠨᠢᠭᠤᠷ ᠪᠤᠷᠤᠭᠤᠯᠠᠭᠰᠠᠨ ᠬᠠᠷᠠᠴᠠ᠂ ᠰᠠᠶᠢᠬᠠᠨ ᠬᠡᠦᠬᠡᠨ ᠬᠣᠷᠯᠤ᠎ᠠ᠂ ᠲᠡᠭᠦᠨ ᠦ ᠳᠠᠭᠠᠪᠤᠷᠢ ᠥᠬᠢᠨ ᠬᠣᠶᠠᠷ ᠤᠨ ᠡᠪ ᠵᠦᠢ ᠶᠢ ᠤᠯᠬᠤ ᠭᠡᠳ ᠪᠦᠳᠡᠴᠢᠵᠦ ᠶᠠᠪᠤᠭ᠎ᠠ ᠬᠥᠭᠡᠷᠦᠬᠦᠢ ᠡᠷ᠎ᠡ ᠶᠢᠨ ᠥᠷᠦᠪᠳᠦᠯᠲᠡᠢ ᠪᠠᠶᠢᠳᠠᠯ ᠢ ᠬᠠᠷᠠᠭᠠᠳ ᠱᠠᠭᠳᠠᠷ ᠬᠡᠮᠡᠭᠴᠢ ᠶᠢ ᠵᠢᠭᠠᠬᠠᠨ ᠴᠤ ᠭᠡᠰᠡᠨ ᠥᠮᠥᠭᠡᠯᠡᠬᠦ ᠰᠡᠳᠬᠢᠯ ᠲᠥᠷᠦᠳᠡᠭ ᠶᠤᠮ᠃ ᠶᠡᠷᠦ ᠨᠢ ᠱᠠᠭᠳᠠᠷ ᠢ ᠥᠮᠦᠭᠡᠯᠡᠵᠦ ᠬᠠᠮᠠᠭᠠᠯᠠᠵᠤ ᠪᠣᠯᠬᠣᠷ ᠪᠢᠴᠢᠬᠠᠨ ᠦᠢᠯᠡ ᠶᠠᠪᠤᠳᠠᠯ ᠤᠳ ᠢ 《ᠭᠠᠷ ᠤᠨ ᠲᠠᠪᠤᠨ ᠬᠤᠷᠤᠭᠤ》 ᠺᠢᠨᠣᠨ ᠳᠤ ᠮᠡᠷ ᠰᠡᠷ ᠰᠢᠭᠢᠳᠬᠡᠵᠦ ᠥᠭᠭᠦᠭᠰᠡᠨ ᠪᠠᠶᠢᠳᠠᠭ ᠴᠤ ᠰᠣᠴ ᠨᠡᠶᠢᠭᠡᠮ ᠤᠨ ᠬᠦᠮᠦᠰ ᠱᠠᠭᠳᠠᠷ ᠢ ᠨᠢᠭᠡᠨᠲᠡ ᠮᠠᠭᠤ ᠲᠠᠯ᠎ᠠ ᠶᠢᠨ ᠪᠠᠭᠠᠲᠤᠷ ᠢᠶᠠᠷ ᠲᠥᠰᠦᠭᠡᠯᠡᠭᠰᠡᠭᠡᠷ ᠺᠢᠨᠣ ᠶᠢ ᠡᠬᠢᠨ ᠡᠴᠡ ᠨᠢ ᠳᠠᠭᠤᠰᠲᠠᠯ᠎ᠠ ᠦᠵᠡᠳᠡᠭ ᠪᠠᠶᠢᠭᠰᠠᠨ ᠪᠣᠯᠬᠣᠷ ᠳᠡᠭᠡᠷᠡᠬᠢ ᠪᠦᠬᠦᠨ ᠢ ᠠᠩᠵᠠᠭᠠᠷᠠᠬᠤ ᠰᠥᠬᠥᠭᠡ ᠪᠠᠶᠢᠭᠰᠠᠨ ᠦᠭᠡᠢ᠃ ᠬᠠᠷᠢᠨ ᠥᠨᠥ ᠴᠠᠭ ᠤᠨ ᠦᠵᠡᠭᠴᠢᠳ ᠪᠣᠯ ᠰᠦᠷᠡᠬᠡᠢ ᠠᠩᠵᠠᠭᠠᠷᠠᠳᠠᠭ ᠪᠣᠯᠤᠭᠰᠠᠨ ᠪᠠᠶᠢᠨ᠎ᠠ᠃ ᠵᠠᠷᠢᠮ ᠬᠦᠮᠦᠨ ᠳᠣᠯᠵᠢᠨ ᠳᠤ ᠪᠤᠷᠤᠭᠤ ᠥᠭᠭᠦᠭᠰᠡᠨ ᠴᠤ ᠪᠠᠶᠢᠬᠤ ᠰᠢᠭ᠃ 《ᠵᠠ ᠴᠢ ᠨᠥᠬᠥᠷ ᠲᠦ ᠪᠡᠨ ᠬᠠᠯᠠᠮᠵᠢᠲᠠᠢ᠂ ᠠᠮᠢᠨ ᠳᠤ ᠪᠠᠨ ᠠᠷᠠᠴᠢᠭᠠᠲᠠᠢ ᠴᠣᠭᠯᠢᠭ ᠶᠠᠪᠤᠬᠤ ᠦᠭᠡᠢ ᠪᠣᠯ 《ᠭᠠᠷ ᠤᠨ ᠲᠠᠪᠤᠨ ᠬᠤᠷᠤᠭᠤ》 ᠍ ᠤ ᠳᠣᠯᠵᠢᠨ ᠰᠢᠭ ᠪᠣᠯᠤᠨ᠎ᠠ ᠰᠢᠦ》 ᠭᠡᠵᠦ ᠤᠬᠠᠭᠠᠷᠠᠭᠤᠯᠵᠤ ᠰᠡᠬᠡᠭᠡᠷᠡᠭᠦᠯᠬᠦ ᠪᠣᠯ ᠡᠨᠡᠦᠬᠡᠨ ᠳᠦ᠃ ᠰᠣᠴ ᠨᠡᠶᠢᠭᠡᠮ ᠤᠨ ᠦᠶ᠎ᠡ ᠳᠦ ᠪᠣᠯ ᠳᠣᠯᠵᠢᠨ ᠰᠢᠭ ᠬᠡᠦᠬᠡᠨ ᠨᠦᠭᠦᠳ ᠶᠡᠬᠡ ᠯᠠ ᠪᠠᠷᠳᠠᠮ ᠪᠠᠶᠢᠳᠠᠭ ᠪᠠᠶᠢᠯ᠎ᠠ᠃《ᠲᠠᠪᠤ ᠶᠢᠨ ᠲᠠᠪᠤᠨ ᠬᠡᠦᠬᠡᠳ ᠢ ᠨᠢ ᠭᠠᠷᠭᠠᠭᠠᠳ ᠥᠭᠴᠢᠬᠡᠭᠰᠡᠨ ᠶᠤᠮ ᠴᠢᠨᠢ ᠡᠨᠡ ᠨᠠᠳᠠ ᠠᠴᠠ ᠬᠠᠮᠢᠭ᠎ᠠ ᠬᠣᠯᠠᠳᠠᠳᠠᠭ ᠶᠤᠮ᠃ ᠬᠡᠷᠪᠡ ᠥᠭᠡᠷ᠎ᠡ ᠬᠡᠦᠬᠡᠨ ᠤᠷᠤᠭᠤ ᠲᠡᠮᠡᠦᠯᠵᠦ ᠭᠡᠮᠡᠨ᠎ᠡ ᠲᠦᠮᠡᠨ ᠦ ᠰᠢᠪᠰᠢᠭ ᠪᠣᠯᠬᠤ ᠶᠤᠮ ᠴᠢᠨᠢ᠃ ᠨᠠᠮ ᠵᠠᠰᠠᠭ ᠨᠠᠮ᠎ᠠ ᠶᠢ ᠬᠠᠷᠠᠵᠤ ᠦᠵᠡᠬᠦ ᠶᠤᠮ ᠴᠢᠨᠢ》 ᠭᠡᠬᠦ ᠮᠠᠶ᠋ᠢᠭ ᠤᠨ ᠠᠭᠤᠷ ᠠᠮᠢᠰᠬᠤᠯ ᠨᠣᠶᠠᠯᠠᠵᠤ ᠪᠠᠶᠢᠪᠠ᠃ ᠭᠡᠪᠡᠴᠦ ᠠᠮᠢᠳᠤᠷᠠᠯ ᠭᠡᠳᠡᠭ ᠬᠠᠲᠠᠭᠤ᠂ ᠠᠯᠳᠠᠷᠠᠭᠰᠠᠨ ᠰᠡᠳᠬᠢᠯ ᠡᠮᠵᠡᠭ᠂ ᠳᠤᠮᠳᠠᠷᠠᠭᠰᠠᠨ ᠬᠠᠶᠢᠷ᠎ᠠ ᠬᠡᠪᠡᠷᠡᠭ᠂ ᠳᠤᠷᠠᠯᠠᠯ ᠭᠡᠳᠡᠭ ᠰᠣᠬᠣᠷ᠃ ᠥᠪᠡᠷ ᠢ ᠨᠢ ᠦᠯᠦ ᠬᠦᠨᠳᠦᠯᠡᠳᠡᠭ᠂ ᠠᠮᠢᠨ ᠳᠤ ᠪᠠᠨ ᠠᠷᠠᠴᠢᠭ᠎ᠠ ᠮᠠᠭᠤ ᠲᠠᠢ ᠡᠬᠡᠨᠡᠷ ᠲᠡᠢ ᠬᠦᠮᠦᠨ ᠬᠠᠮᠢᠭ᠎ᠠ ᠨᠢᠭᠡᠲᠡᠭᠡ ᠰᠠᠶᠢᠬᠠᠨ ᠪᠦᠰᠡᠭᠦᠢ ᠲᠡᠢ ᠤᠴᠠᠷᠠᠯ᠎ᠠ ᠭᠡᠬᠦ ᠳᠦ ᠰᠡᠳᠬᠢᠯ ᠠᠯᠳᠠᠷᠠᠬᠤ ᠦᠭᠡᠢ ᠭᠡᠰᠡᠨ ᠪᠠᠲᠤᠯᠠᠭ᠎ᠠ ᠪᠠᠶᠢᠬᠤ ᠦᠭᠡᠢ᠃《ᠰᠠᠶᠢᠬᠠᠨ ᠬᠠᠶᠢᠷ᠎ᠠ ᠭᠡᠵᠦ ᠪᠠᠶᠢᠳᠠᠭ ᠶᠤᠮ᠂ ᠣᠯᠳᠠᠪᠠᠯ ᠪᠤᠤ ᠠᠯᠳᠠᠭᠠᠷᠠᠢ》 ᠭᠡᠳᠡᠭ ᠠᠹᠣᠷᠢᠰᠮ ᠴᠤ ᠱᠠᠭᠳᠠᠷ ᠲᠤ ᠪᠠᠰᠠ ᠨᠥᠯᠥᠭᠡᠯᠡᠭᠡ ᠪᠢᠵᠡ᠃ ᠲᠡᠶᠢᠮᠦ ᠳᠦ ᠪᠡᠨ ᠴᠤ ᠱᠠᠭᠳᠠᠷ ᠪᠣᠯ ᠵᠣᠷᠢᠭ ᠲᠠᠢ ᠠᠯᠬᠤᠮ ᠬᠢᠭᠰᠡᠨ᠃ ᠴᠠᠭᠠᠨ᠎ᠠ ᠪᠠᠨ ᠨᠢᠭᠤᠴᠠ ᠠᠮᠠᠷᠠᠭ ᠲᠠᠢ ᠪᠠᠷ ᠡᠬᠡᠨᠡᠷ᠂ ᠬᠡᠦᠬᠡᠳ ᠢᠶᠡᠨ ᠬᠠᠭᠤᠷᠴᠤ ᠶᠠᠪᠤᠬᠤ ᠶᠢ ᠲᠡᠷᠡ ᠬᠦᠰᠡᠭᠡ ᠦᠭᠡᠢ᠃ ᠬᠠᠷᠢᠨ ᠢᠩᠭᠢᠵᠦ ᠶᠠᠪᠤᠳᠠᠭ ᠡᠷᠡᠴᠦᠳ ᠪᠣᠳᠠᠲᠤ ᠠᠮᠢᠳᠤᠷᠠᠯ ᠳᠡᠭᠡᠷ᠎ᠡ ᠮᠠᠰᠢ ᠣᠯᠠᠨ ᠪᠠᠶᠢᠳᠠᠭ ᠪᠥᠭᠡᠳ ᠲᠡᠳᠡ ᠪᠣᠯ ᠥᠩᠭᠡᠨ ᠲᠠᠯ᠎ᠠ ᠳᠤ ᠪᠠᠨ ᠭᠡᠮ ᠦᠭᠡᠢ ᠰᠠᠶᠢᠬᠠᠨ ᠮᠡᠲᠦ ᠬᠠᠷᠠᠭᠳᠠᠬᠤ ᠪᠣᠯᠪᠠᠴᠤ ᠴᠠᠭᠠᠨ᠎ᠠ ᠪᠠᠨ ᠪᠣᠯ ᠱᠠᠭᠳᠠᠷ ᠠᠴᠠ ᠳᠣᠯᠣᠭᠠᠨ ᠳᠣᠣᠷ᠎ᠠ ᠠᠮᠢᠲᠠᠳ᠃ ᠶᠡᠷᠦ ᠨᠢ ᠴᠤ ᠲᠡᠭᠡᠭᠡᠳ 《ᠳᠤᠷ᠎ᠠ ᠪᠣᠯ ᠰᠡᠳᠬᠢᠯ ᠦᠨ ᠬᠥᠳᠡᠯᠭᠡᠭᠡᠨ᠂ ᠲᠡᠪᠴᠢᠶᠡᠷᠢ ᠪᠣᠯ ᠲᠡᠭᠦᠨ ᠦ ᠴᠣᠣᠵᠢ》 ᠭᠡᠬᠦ ᠮᠠᠶ᠋ᠢᠭ ᠤᠨ ᠳᠠᠯᠠᠶᠢᠯᠭᠠᠯᠲᠠ ᠪᠠᠷ ᠱᠠᠭᠳᠠᠷ ᠰᠢᠭ ᠵᠧᠨᠲ᠋ᠧᠯᠮᠧᠨ ᠡᠷᠡᠴᠦᠳ ᠢ ᠨᠤᠨᠵᠢ ᠳᠣᠷᠣᠢ ᠡᠮᠡᠭᠲᠡᠢ ᠬᠦᠮᠦᠨ ᠣᠯᠠᠨ ᠵᠢᠯ ᠬᠠᠵᠠᠭᠤ ᠳᠤ ᠪᠠᠨ ᠠᠷᠭᠠᠮᠵᠢᠨ᠎ᠠ ᠭᠡᠳᠡᠭ ᠬᠡᠴᠡᠭᠦᠦ᠃ ᠲᠡᠶᠢᠮᠦ ᠡᠴᠡ ᠡᠶᠢᠮᠦ ᠲᠠᠪᠢᠯᠠᠩ ᠬᠦᠯᠢᠶᠡᠭᠰᠡᠨ ᠬᠡᠦᠬᠡᠨ ᠨᠦᠭᠦᠳ ᠵᠧᠺ ᠯᠣᠨᠳᠣᠩ ᠤᠨ 《ᠰᠠᠷᠠᠨ ᠬᠥᠨᠳᠡᠢ》 ᠵᠣᠬᠢᠶᠠᠯ ᠳᠤ ᠭᠠᠷᠳᠠᠭ ᠨᠢᠭᠡᠨ ᠪᠦᠰᠡᠭᠦᠢ ᠡᠴᠡ ᠰᠠᠨᠠᠭ᠎ᠠ ᠠᠪᠬᠤ ᠳᠤ ᠭᠡᠮ ᠦᠭᠡᠢ᠃ ᠲᠡᠷᠡ ᠪᠦᠰᠡᠭᠦᠢ ᠪᠣᠺᠰᠴᠢᠨ ᠨᠥᠬᠥᠷ ᠢᠶᠡᠨ ᠡᠭᠦᠷᠢᠳᠡ ᠬᠠᠵᠠᠭᠤ ᠳᠤ ᠪᠠᠨ ᠪᠠᠶᠢᠯᠭᠠᠬᠤ ᠶᠢᠨ ᠲᠤᠯᠠᠳᠠ ᠥᠪᠡᠷ ᠢ ᠪᠡᠨ ᠵᠦᠢᠯ ᠪᠦᠷᠢ ᠪᠡᠷ ᠳᠠᠶᠢᠴᠢᠯᠠᠬᠤ ᠶᠢᠨ ᠰᠠᠴᠠᠭᠤ ᠨᠥᠬᠥᠷ ᠲᠦ ᠪᠡᠨ ᠲᠠᠭᠠᠯᠠᠭᠳᠠᠬᠤ ᠭᠡᠳ ᠰᠥᠨᠢ ᠪᠣᠯᠭᠠᠨ ᠰᠢᠬᠠᠭᠤ ᠯᠠ ᠰᠢᠨ᠎ᠡ ᠳᠣᠲᠣᠭᠣᠵᠢ ᠡᠮᠦᠰᠳᠡᠭ᠃ ᠭᠡᠬᠦ ᠳᠦ ᠪᠡᠨ ᠮᠠᠨ ᠤ ᠮᠣᠩᠭᠣᠯ ᠤᠨ ᠨᠥᠬᠥᠴᠡᠯ ᠳᠦ ᠪᠣᠯ ᠰᠢᠨ᠎ᠡ᠂ ᠬᠠᠭᠤᠴᠢᠨ ᠳᠣᠲᠣᠭᠣᠵᠢ ᠰᠣᠨᠢᠨ ᠪᠢᠰᠢ ᠪᠠᠶᠢᠬᠤ᠃ ᠡᠷ᠎ᠡ ᠨᠢ ᠴᠤ ᠪᠠᠢ᠂ ᠡᠮ᠎ᠡ ᠨᠢ ᠴᠤ ᠪᠠᠢ᠂ ᠪᠡᠶ᠎ᠡ ᠪᠡᠶ᠎ᠡ ᠪᠠᠨ ᠡᠩᠬᠦᠷᠡᠶᠢᠯᠡᠵᠦ᠂ ᠬᠠᠯᠠᠮᠵᠢᠯᠠᠬᠤ ᠶᠢᠨ ᠲᠤᠯᠠᠳᠠ ᠳᠣᠲᠣᠭᠣᠵᠢ ᠪᠠᠨ ᠰᠣᠯᠢᠬᠤ ᠬᠡᠮᠵᠢᠶᠡᠨ ᠦ ᠵᠢᠵᠢᠭᠬᠡᠭᠡᠨ ᠬᠦᠴᠦᠨ ᠴᠢᠷᠮᠠᠶᠢᠯᠲᠠ ᠭᠠᠷᠭᠠᠬᠤ ᠲᠤᠬᠠᠢ ᠯᠠ ᠬᠡᠯᠡᠵᠦ ᠪᠠᠶᠢᠭ᠎ᠠ ᠶᠤᠮ᠃《ᠭᠠᠷ ᠤᠨ ᠲᠠᠪᠤᠨ ᠬᠤᠷᠤᠭᠤᠨ》 ᠍ ᠤ ᠰᠠᠶᠢᠬᠠᠨ ᠪᠦᠰᠡᠭᠦᠢ ᠬᠣᠷᠯᠤ᠎ᠠ 《ᠲᠡᠳᠡ ᠨᠠᠷ ᠨᠢ ᠱᠠᠭᠳᠠᠷ ᠲᠤ ᠠᠵᠠ ᠵᠢᠷᠭᠠᠯ ᠥᠭᠴᠦ ᠴᠢᠳᠠᠳᠠᠭ ᠦᠭᠡᠢ ᠪᠠᠶᠢᠭᠰᠠᠨ ᠶᠤᠮ》 ᠭᠡᠵᠦ ᠥᠬᠢᠨ ᠳᠤ ᠪᠠᠨ ᠬᠡᠯᠡᠳᠡᠭ᠃ ᠲᠡᠳᠡ ᠨᠠᠷ ᠭᠡᠳᠡᠭ ᠨᠢ ᠭᠡᠷ ᠪᠦᠯᠢ ᠶᠢ ᠨᠢ ᠬᠡᠯᠡᠵᠦ ᠪᠠᠶᠢᠨ᠎ᠠ᠃ ᠠᠩᠵᠠᠭᠠᠷᠠᠭᠰᠠᠨ ᠬᠥᠮᠦᠨ ᠳ᠋ᠤ ᠪᠣᠯ ᠡᠨᠡ ᠠᠶᠢᠬᠤᠪᠲᠤᠷ ᠦᠭᠡ᠃ ᠨᠡᠭᠡᠷᠡᠨ ᠴᠤ ᠱᠠᠭᠳᠠᠷ ᠦᠷ᠎ᠡ ᠬᠡᠦᠬᠡᠳ᠂ ᠬᠠᠨᠢ ᠢᠵᠢᠯ ᠢᠶᠡᠷ ᠥᠨᠢᠷ ᠥᠳᠬᠡᠨ ᠮᠡᠲᠦ ᠪᠣᠯᠪᠠᠴᠤ ᠬᠣᠶᠠᠷ ᠭᠡᠷ ᠪᠦᠯᠢ ᠶᠢᠨ ᠳᠤᠮᠳᠠ ᠬᠠᠴᠢᠨ ᠶᠡᠬᠡ ᠪᠡᠷ ᠭᠠᠭᠴᠠᠭᠠᠷᠳᠠᠨ᠎ᠠ᠃ ᠰᠠᠶᠢᠬᠠᠨ ᠬᠡᠦᠬᠡᠨ ᠲᠡᠢ ᠰᠠᠭᠤᠵᠤ ᠠᠵᠠ ᠵᠢᠷᠭᠠᠯ ᠢ ᠠᠮᠲᠠᠯᠠᠯᠠ ᠭᠡᠳ ᠨᠢᠭᠤᠷ ᠳᠦᠭᠦᠷᠡᠩ ᠢᠨᠢᠶᠡᠮᠰᠦᠭᠯᠡᠵᠦ ᠪᠠᠶᠢᠭᠰᠠᠨ ᠶᠠᠪᠤᠳᠠᠯ ᠦᠭᠡᠢ᠃ ᠳᠠᠩᠳᠠ ᠯᠠ ᠨᠢᠭᠡ ᠠᠶᠤᠭᠰᠠᠨ᠂ ᠬᠤᠯᠤᠭᠠᠭᠰᠠᠨ᠂ ᠢᠴᠢᠭᠰᠡᠨ᠂ ᠰᠠᠨᠠᠭ᠎ᠠ ᠨᠢ ᠵᠣᠪᠠᠭᠰᠠᠨ᠂ ᠬᠦᠮᠦᠨ ᠠᠮᠢᠲᠠᠨ ᠡᠴᠡ ᠨᠢᠭᠤᠷ ᠪᠤᠷᠤᠭᠤᠯᠠᠭᠰᠠᠨ᠂ ᠭᠠᠭᠴᠠᠭᠠᠷᠳᠠᠭᠰᠠᠨ ᠪᠠᠶᠢᠳᠠᠯ ᠠᠵᠢᠭᠯᠠᠭᠳᠠᠨ᠎ᠠ᠃
ᠵᠢᠷᠠᠭᠠᠳ ᠣᠨ ᠤ ᠦᠶ᠎ᠡ ᠳᠦ ᠪᠦᠲᠦᠭᠡᠭᠳᠡᠭᠰᠡᠨ 《ᠤᠯᠠᠭᠠᠨᠪᠠᠭᠠᠲᠤᠷ ᠲᠤ ᠪᠠᠶᠢᠭ᠎ᠠ ᠮᠢᠨᠦ ᠠᠪᠤ ᠳᠤ》 ᠬᠡᠮᠡᠬᠦ ᠺᠢᠨᠣᠨ ᠳᠤ ᠪᠦᠵᠢᠭ ᠲᠠᠨᠼ᠂ ᠨᠠᠷᠭᠢᠶᠠᠨ ᠴᠡᠩᠭᠡᠭᠡᠨ ᠡᠴᠡ ᠬᠣᠯᠠ ᠬᠥᠨᠳᠡᠢ ᠨᠢᠭᠡᠨ ᠵᠢᠯᠣᠭᠣᠴᠢ ᠡᠷ᠎ᠡ ᠴᠣᠭᠯᠢᠭ ᠰᠠᠶᠢᠬᠠᠨ ᠡᠬᠡᠨᠡᠷ ᠢᠶᠡᠨ ᠥᠭᠡᠷ᠎ᠡ ᠬᠥᠮᠦᠨ ᠳ᠋ᠤ ᠠᠯᠳᠠᠬᠤ ᠳᠥᠬᠦᠳᠡᠭ᠃ ᠮᠠᠭᠠᠳ ᠦᠭᠡᠢ ᠡᠨᠡᠬᠦ ᠳᠦᠷᠢ ᠲᠤᠬᠠᠢ ᠶᠢᠨ ᠦᠶ᠎ᠡ ᠶᠢᠨ ᠡᠷᠡᠴᠦᠳ ᠲᠦ ᠤᠬᠠᠭᠠᠷᠠᠯ ᠰᠡᠬᠡᠭᠡᠷᠡᠯ ᠥᠭᠭᠦᠭᠰᠡᠨ ᠪᠠᠶᠢᠬᠤ ᠲᠠᠯ᠎ᠠ ᠲᠠᠢ᠃ ᠡᠭᠦᠨ ᠰᠢᠭ 《ᠭᠠᠷ ᠤᠨ ᠲᠠᠪᠤᠨ ᠬᠤᠷᠤᠭᠤᠨ》 ᠍ ᠤ ᠱᠠᠭᠳᠠᠷ᠂ ᠳᠣᠯᠵᠢᠨ ᠨᠠᠷ ᠤᠨ ᠰᠠᠯᠵᠤ ᠰᠠᠷᠨᠢᠭᠰᠠᠨ ᠶᠠᠪᠤᠳᠠᠯ ᠠᠷᠠᠳᠴᠢᠯᠠᠯ᠂ ᠵᠠᠬ᠎ᠠ ᠵᠡᠭᠡᠯᠢ ᠶᠢᠨ ᠨᠡᠶᠢᠭᠡᠮ ᠳᠦ ᠬᠥᠯ ᠲᠠᠯᠪᠢᠭᠰᠠᠨ ᠣᠯᠠᠨ ᠠᠷᠪᠠᠨ ᠪᠦᠰᠡᠭᠦᠶᠢᠴᠦᠦᠯ ᠳᠦ ᠤᠬᠠᠭᠠᠷᠠᠯ ᠥᠭᠭᠦᠭᠰᠡᠨ ᠪᠣᠯᠬᠤ ᠨᠢ ᠠᠵᠢᠭᠯᠠᠭᠳᠠᠳᠠᠭ᠃ ᠶᠡᠷᠡᠭᠡᠳ ᠣᠨ ᠠᠴᠠ ᠥᠨᠥ ᠶᠢ ᠬᠦᠷᠲᠡᠯ᠎ᠡ ᠮᠠᠨ ᠤ ᠥᠬᠢᠳ᠂ ᠪᠦᠰᠡᠭᠦᠶᠢᠴᠦᠳ ᠳᠣᠣᠷ᠎ᠠ ᠪᠦᠷᠢᠨ᠎ᠡ ᠯᠠ ᠬᠢᠴᠢᠶᠡᠯ ᠰᠤᠷᠭᠠᠭᠤᠯᠢ᠂ ᠠᠵᠢᠯ ᠲᠥᠷᠥᠯ ᠡᠷᠬᠢᠯᠡᠭᠡᠳ ᠠᠮᠢᠨ ᠳᠤ ᠪᠠᠨ ᠲᠤᠩ ᠠᠷᠠᠴᠢᠭᠠᠲᠠᠢ᠂ ᠴᠣᠭᠯᠢᠭ ᠰᠡᠷᠭᠦᠯᠡᠩ ᠶᠠᠪᠤᠬᠤ ᠪᠣᠯᠤᠭᠰᠠᠨ ᠪᠥᠭᠡᠳ ᠬᠠᠷᠢᠨ ᠴᠤ ᠡᠰᠡᠷᠭᠦ ᠪᠡᠷ ᠢᠶᠡᠨ ᠠᠷᠢᠬᠢᠨ ᠳᠤ ᠳᠤᠷᠠᠲᠠᠢ᠂ ᠠᠵᠢᠯ ᠲᠥᠷᠥᠯ ᠦᠭᠡᠢ᠂ ᠤᠩᠬᠢᠶ᠎ᠠ ᠮᠠᠭᠤ ᠲᠠᠢ ᠣᠯᠠᠨ ᠠᠷᠪᠠᠨ ᠡᠷᠡᠴᠦᠳ ᠡᠬᠡᠨᠡᠷ ᠲᠦ ᠪᠡᠨ ᠬᠠᠶᠠᠭᠳᠠᠭᠰᠠᠨ ᠭᠠᠰᠢᠭᠤᠨ ᠲᠡᠦᠬᠡ ᠪᠤᠢ᠃ ᠮᠣᠩᠭᠣᠯ ᠥᠬᠢᠳ᠂ ᠪᠦᠰᠡᠭᠦᠶᠢᠴᠦᠳ ᠢᠩᠭᠢᠵᠦ ᠬᠤᠷᠴᠠᠯᠠᠭᠳᠠᠭᠰᠠᠨ᠃ ᠡᠭᠦᠨ ᠢ ᠺᠢᠨᠣ᠋ ᠤᠷᠠᠯᠢᠭ ᠤᠨ ᠬᠦᠴᠦ ᠭᠡᠵᠦ ᠬᠡᠯᠡᠬᠦ ᠦᠨᠳᠦᠰᠦ ᠲᠡᠢ᠃ ᠤᠴᠢᠷ ᠨᠢ 《ᠭᠠᠷ ᠤᠨ ᠲᠠᠪᠤᠨ ᠬᠤᠷᠤᠭᠤ》 ᠺᠢᠨᠣ᠋ ᠪᠣᠯ ᠪᠣᠳᠣᠷᠠᠯ᠂ ᠡᠮᠵᠡᠭᠯᠡᠯ᠂ ᠤᠬᠠᠭᠠᠷᠠᠯ᠂ ᠰᠡᠬᠡᠭᠡᠷᠡᠯ ᠳᠠᠭᠠᠭᠤᠯᠤᠭᠰᠠᠭᠠᠷ ᠮᠣᠩᠭᠣᠯᠴᠤᠳ ᠤᠨ ᠵᠢᠷᠦᠬᠡ ᠰᠡᠳᠬᠢᠯ ᠳᠤᠮᠳᠠᠭᠤᠷ ᠲᠤᠭᠤᠴᠢᠨ ᠭᠠᠷᠴᠤ ᠢᠷᠡᠭᠰᠡᠨ ᠰᠣᠳᠣ ᠪᠦᠲᠦᠭᠡᠯ᠃ ᠡᠳᠦᠭᠡ ᠴᠤ ᠬᠠᠭᠤᠴᠢᠷᠠᠭ᠎ᠠ ᠦᠭᠡᠢ᠂ ᠬᠠᠷᠢᠨ ᠴᠤ ᠱᠠᠭᠳᠠᠷ ᠤᠨ ᠳᠦᠷᠢ ᠰᠢᠨ᠎ᠡ ᠱᠠᠲᠤᠨ ᠳᠤ ᠭᠠᠷᠴᠤ ᠢᠷᠡᠵᠦ ᠪᠠᠶᠢᠨ᠎ᠠ᠃ ᠨᠡᠶᠢᠭᠡᠮ ᠰᠣᠯᠢᠭᠳᠠᠯ᠎ᠠ ᠴᠤ ᠦᠨ᠎ᠡ ᠴᠡᠨ᠎ᠡ ᠪᠡᠨ ᠠᠯᠳᠠᠭ᠎ᠠ ᠦᠭᠡᠢ᠂ ᠵᠣᠬᠢᠶᠠᠯ ᠤᠨ ᠪᠠᠭᠠᠲᠤᠷ ᠨᠢ ᠰᠢᠨᠡᠬᠡᠨ ᠨᠡᠶᠢᠭᠡᠮ ᠳᠦ ᠳᠠᠬᠢᠨ ᠰᠢᠨ᠎ᠡ ᠪᠡᠷ ᠠᠮᠢᠳᠤᠷᠠᠵᠤ᠂ ᠨᠢᠭᠡ ᠶᠣᠰᠣᠨ ᠳᠤ ᠪᠠᠨ ᠬᠤᠪᠢᠷᠠᠯ᠂ ᠠᠭᠤᠯᠤᠮᠵᠢ ᠰᠠᠶᠢᠲᠠᠢ᠂ ᠬᠤᠪᠢᠰᠤᠨ ᠥᠭᠡᠷᠡᠴᠢᠯᠡᠭᠳᠡᠵᠦ ᠪᠤᠢ ᠨᠥᠬᠥᠴᠡᠯ ᠪᠠᠶᠢᠳᠠᠯ ᠳᠤ ᠬᠤᠷᠳᠤᠨ ᠵᠣᠬᠢᠴᠠᠬᠤ ᠴᠢᠳᠠᠪᠤᠷᠢ ᠲᠠᠢ ᠪᠠᠨ ᠬᠠᠷᠠᠭᠤᠯᠤᠯ᠎ᠠ᠃ ᠦᠵᠡᠳᠡᠭ᠂ ᠰᠣᠨᠣᠰᠳᠠᠭ᠂ ᠠᠯᠠᠭ᠎ᠠ ᠲᠠᠰᠢᠳᠠᠭ᠂ ᠤᠷᠮ᠎ᠠ ᠵᠣᠷᠢᠭ ᠨᠢ ᠪᠠᠳᠠᠷᠠᠳᠠᠭ᠂ ᠡᠰᠡᠪᠡᠯ ᠠᠭᠤᠷ ᠴᠢᠬᠤᠯ ᠨᠢ ᠬᠦᠷᠪᠡᠯ ᠥᠨᠳᠡᠭᠡ ᠰᠢᠳᠡᠳᠡᠭ ᠦᠵᠡᠭᠴᠢᠳ ᠦᠭᠡᠢ ᠪᠡᠷ ᠺᠢᠨᠣ᠋ ᠭᠡᠳᠡᠭ ᠪᠣᠯ ᠶᠡᠷᠦ ᠳᠡᠭᠡᠨ ᠯᠠ ᠬᠣᠭᠣᠰᠣᠨ ᠰᠠᠷᠠᠪᠴᠢᠨ ᠤ ᠬᠠᠨᠠᠨ ᠳᠡᠭᠡᠷ᠎ᠡ ᠡᠷᠢᠶᠡᠯᠵᠢᠯᠡᠬᠦ ᠰᠡᠭᠦᠳᠡᠷ ᠲᠡᠳᠦᠢ ᠭᠡᠳᠡᠭ ᠪᠢᠵᠡ᠃《ᠭᠠᠷ ᠤᠨ ᠲᠠᠪᠤᠨ ᠬᠤᠷᠤᠭᠤ》 ᠺᠢᠨᠣ᠋ ᠪᠣᠯ ᠰᠣᠴᠢᠶᠠᠯᠢᠰᠲ᠂ ᠺᠠᠫᠲ᠋ᠠᠯᠢᠰᠲ ᠬᠣᠶᠠᠷ ᠨᠡᠶᠢᠭᠡᠮ ᠢ ᠳᠠᠮᠨᠠᠨ ᠣᠷᠣᠰᠢᠬᠤ ᠳᠤ ᠪᠠᠨ ᠦᠵᠡᠳᠡᠭ᠂ ᠰᠣᠨᠣᠰᠳᠠᠭ᠂ ᠠᠯᠠᠭ᠎ᠠ ᠲᠠᠰᠢᠳᠠᠭ ᠦᠵᠡᠭᠴᠢᠳ ᠢᠶᠡᠨ ᠣᠭᠲᠣᠬᠠᠨ ᠴᠤ ᠠᠯᠳᠠᠭ᠎ᠠ ᠦᠭᠡᠢ᠂ ᠥᠨᠳᠡᠭᠡ ᠰᠢᠳᠡᠭᠦᠯᠳᠡᠭ᠂ ᠪᠠᠰᠠ ᠥᠮᠥᠭᠡᠯᠡᠭᠦᠯᠵᠦ ᠬᠠᠮᠠᠭᠠᠯᠠᠭᠤᠯᠤᠭᠰᠠᠨ ᠱᠠᠭᠳᠠᠷ ᠲᠠᠢ ᠪᠠᠨ ᠴᠤᠭ ᠢᠷᠡᠭᠡᠳᠦᠢ ᠤᠷᠤᠭᠤ ᠴᠠᠬᠢᠯᠵᠤ ᠶᠠᠪᠤᠨ᠎ᠠ᠃ ᠡᠨᠳᠡ ᠯᠠ ᠴᠤᠬᠤᠮ ᠺᠢᠨᠣᠨ ᠤ ᠵᠣᠬᠢᠶᠠᠯᠴᠢ᠂ ᠨᠠᠶᠢᠷᠠᠭᠤᠯᠤᠭᠴᠢ᠂ ᠵᠦᠴᠦᠭᠡᠴᠢᠨ ᠬᠦᠮᠦᠨ ᠦ ᠠᠪᠢᠶᠠᠰ ᠪᠢᠯᠢᠭ᠂ ᠤᠷᠠᠨ ᠴᠢᠳᠠᠪᠤᠷᠢ ᠣᠷᠣᠰᠢᠨᠠᠮ᠃
0 0