  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1787075
   1251

ᠣ᠊ ∙ ᠬᠣᠩᠭᠣᠷᠵᠤᠯᠠ᠄ ᠰᠡᠳᠬᠦᠯᠴᠢ ᠪᠤᠰᠤᠳ ᠠᠴᠠ ᠳᠠᠪᠠᠭᠤ ᠡᠷᠬᠡ ᠦᠭᠡᠢ ᠶᠢ ᠶᠠᠫᠣᠨ ᠳᠤ ᠪᠠᠶᠢᠩᠭᠤ ᠰᠠᠨᠠᠭᠤᠯᠳᠠᠭ

ᠣ᠊ ∙ ᠬᠣᠩᠭᠣᠷᠵᠤᠯᠠ᠄ ᠰᠡᠳᠬᠦᠯᠴᠢ ᠪᠤᠰᠤᠳ ᠠᠴᠠ ᠳᠠᠪᠠᠭᠤ ᠡᠷᠬᠡ ᠦᠭᠡᠢ ᠶᠢ ᠶᠠᠫᠣᠨ ᠳᠤ ᠪᠠᠶᠢᠩᠭᠤ ᠰᠠᠨᠠᠭᠤᠯᠳᠠᠭ
        4681     
2018-09-29 14:13    
发表于:内蒙古
ᠣ᠊ ∙ ᠬᠣᠩᠭᠣᠷᠵᠤᠯᠠ᠄ ᠰᠡᠳᠬᠦᠯᠴᠢ ᠪᠤᠰᠤᠳ ᠠᠴᠠ ᠳᠠᠪᠠᠭᠤ ᠡᠷᠬᠡ ᠦᠭᠡᠢ ᠶᠢ ᠶᠠᠫᠣᠨ ᠳᠤ ᠪᠠᠶᠢᠩᠭᠤ ᠰᠠᠨᠠᠭᠤᠯᠳᠠᠭ ᠶᠠᠫᠣᠨ ᠳᠤ ᠪᠠᠨ ᠨᠡᠶᠢᠲᠡ ᠭᠤᠷᠪᠠᠨ ᠮᠤᠵᠢ ᠶᠢᠨ 11 ᠰᠠᠶ᠎ᠠ ᠬᠥᠮᠦᠨ ᠳ᠋ᠤ ᠡᠹᠢᠷ ᠢᠶᠡᠨ ᠬᠦᠷᠭᠡᠳᠡᠭ᠂ ᠶᠠᠫᠣᠨ ᠤ ᠬᠠᠮᠤᠭ ᠤᠨ ᠠᠩᠬᠠᠨ ᠤ ᠠᠷᠠᠯᠵᠢᠶᠠᠨ ᠤ ᠲᠧᠯᠧᠢᠰ ᠪᠣᠯᠬᠤ 《Nippon TV》 ᠍ ᠦᠨ ᠰᠦᠯᠵᠢᠶᠡᠨ ᠳᠦ ᠪᠠᠭᠲᠠᠳᠠᠭ 《CHUKYO》 ᠲᠧᠯᠧᠢᠰ ᠲᠦ ᠠᠵᠢᠯᠯᠠᠳᠠᠭ ᠮᠣᠩᠭᠣᠯ ᠪᠦᠰᠡᠭᠦᠢ ᠣ᠊ ∙ ᠬᠣᠩᠭᠣᠷᠵᠤᠯᠠ ᠲᠠᠢ ᠶᠠᠷᠢᠯᠴᠠᠯ᠎ᠠ᠃ ᠲᠡᠭᠦᠨ ᠲᠡᠢ ᠶᠠᠫᠣᠨ ᠤ ᠬᠡᠪᠯᠡᠯ ᠮᠡᠳᠡᠭᠡᠯᠡᠯ ᠦᠨ ᠬᠢᠨ ᠦ ᠭᠣᠣᠯᠴᠢᠯᠠᠨ ᠠᠩᠬᠠᠷᠳᠠᠭ ᠵᠦᠢᠯᠡᠰ ᠪᠣᠯᠤᠨ ᠬᠤᠪᠢ ᠬᠦᠮᠦᠨ ᠦ ᠬᠢ ᠨᠢ ᠠᠵᠢᠯ᠂ ᠮᠡᠷᠭᠡᠵᠢᠯ ᠦᠨ ᠺᠠᠷᠢᠶᠧᠷ ᠤᠨ ᠲᠠᠯ᠎ᠠ ᠪᠠᠷ ᠰᠣᠨᠢᠷᠬᠠᠯᠲᠠᠢ ᠶᠠᠷᠢᠶ᠎ᠠ ᠥᠷᠨᠢᠭᠦᠯᠦᠭᠰᠡᠨ ᠶᠤᠮ᠃ ᠶᠠᠫᠣᠨ ᠤ ᠬᠡᠪᠯᠡᠯ ᠮᠡᠳᠡᠭᠡᠯᠡᠯ ᠦᠨ ᠰᠠᠯᠪᠤᠷᠢ ᠳᠤ 10 ᠭᠠᠷᠤᠢ ᠵᠢᠯ ᠠᠵᠢᠯᠯᠠᠯ᠎ᠠ᠂ ᠣᠳᠣ ᠮᠣᠩᠭᠣᠯ ᠳᠤ ᠪᠠᠨ ᠣᠴᠢᠨ᠎ᠠ ᠃ -ᠰᠠᠶᠢᠨ ᠪᠠᠶᠢᠨ᠎ᠠ ᠤᠤ᠃ ᠶᠠᠷᠢᠯᠴᠠᠯᠭ᠎ᠠ ᠶᠢᠨ ᠤᠷᠢᠯᠭ᠎ᠠ ᠬᠦᠯᠢᠶᠡᠵᠦ ᠠᠪᠤᠭᠰᠠᠨ ᠲᠠᠨ ᠳᠤ ᠪᠠᠶᠠᠷᠯᠠᠯ᠎ᠠ᠃ ᠲᠠᠨ ᠤ ᠬᠤᠪᠢ ᠳᠤ ᠶᠠᠫᠣᠨ ᠤᠯᠤᠰ ᠤᠨ ᠬᠡᠪᠯᠡᠯ ᠮᠡᠳᠡᠭᠡᠯᠡᠯ ᠦᠨ ᠰᠠᠯᠪᠤᠷᠢ ᠳᠤ ᠲᠡᠷᠡ ᠳᠤᠮᠳᠠ ᠪᠠᠨ ᠶᠠᠫᠣᠨ ᠤ ᠲᠣᠮᠣᠬᠠᠨ ᠲᠧᠯᠧᠢᠰ ᠪᠣᠯᠬᠤ 《CHUKYO》 ᠍ ᠳᠦ ᠨᠠᠶᠢᠷᠠᠭᠤᠯᠤᠭᠴᠢ ᠪᠠᠷ ᠠᠵᠢᠯᠯᠠᠳᠠᠭ ᠭᠡᠰᠡᠨ᠃ ᠬᠣᠶᠠᠭᠤᠯᠠ ᠪᠠᠨ ᠲᠠᠨ ᠤ ᠠᠵᠢᠯ᠂ ᠮᠡᠷᠭᠡᠵᠢᠯ ᠦᠨ ᠺᠠᠷᠢᠶᠧᠷ ᠤᠨ ᠲᠠᠯ᠎ᠠ ᠪᠠᠷ ᠶᠠᠷᠢᠶ᠎ᠠ ᠪᠠᠨ ᠡᠬᠢᠯᠡᠭᠦᠯᠦᠶ᠎ᠡ︖ -ᠰᠠᠶᠢᠨ ᠪᠠᠶᠢᠨ᠎ᠠ ᠤᠤ᠃ ᠥᠪᠡᠷ ᠦᠨ ᠢᠶᠡᠨ ᠠᠵᠢᠯ ᠤᠨ ᠲᠠᠯ᠎ᠠ ᠪᠠᠷ ᠶᠠᠷᠢᠬᠤ ᠠᠴᠠ ᠡᠮᠦᠨ᠎ᠡ ᠶᠠᠫᠣᠨ ᠤ ᠲᠧᠯᠧᠢᠰ ᠦᠨ ᠰᠠᠯᠪᠤᠷᠢ ᠶᠢᠨ ᠲᠠᠯ᠎ᠠ ᠪᠠᠷ ᠶᠡᠷᠦᠩᠬᠡᠢ ᠣᠶᠢᠯᠠᠭᠠᠯᠲᠠ ᠥᠭᠬᠦ ᠬᠡᠷᠡᠭᠲᠡᠢ ᠪᠠᠶᠢᠬᠤ᠃ ᠶᠠᠫᠣᠨ ᠤ ᠭᠠᠵᠠᠷ ᠨᠤᠲᠤᠭ ᠤᠨ ᠬᠡᠮᠵᠢᠶ᠎ᠡ ᠮᠣᠩᠭᠣᠯ ᠤᠨ ᠳᠥᠷᠪᠡᠨ ᠦ ᠨᠢᠭᠡᠲᠡᠢ ᠲᠡᠩᠴᠡᠬᠦ ᠪᠣᠯ ᠬᠦᠮᠦᠨ ᠠᠮᠠ ᠨᠢ ᠮᠠᠨ ᠤ ᠬᠢ ᠠᠴᠠ ᠣᠶᠢᠷᠠᠯᠴᠠᠭ᠎ᠠ ᠪᠠᠷ 40 ᠳᠠᠬᠢᠨ ᠶᠡᠬᠡ ᠪᠤᠶᠤ 127 ᠰᠠᠶ᠎ᠠ ᠃ 127 ᠰᠠᠶ᠎ᠠ ᠬᠦᠮᠦᠨ ᠦ ᠳᠤᠮᠳᠠ ᠨᠢᠭᠡ ᠣᠯᠠᠨ ᠨᠡᠶᠢᠲᠡ ᠶᠢᠨ ᠲᠧᠯᠸᠢᠰ ᠪᠠᠶᠢᠳᠠᠭ ᠨᠢ ᠮᠣᠩᠭᠣᠯᠴᠤᠳ ᠤᠨ ᠰᠠᠶᠢᠨ ᠮᠡᠳᠡᠬᠦ NHK ᠰᠤᠪᠠᠭ ᠶᠤᠮ᠃ ᠬᠠᠷᠢᠨ ᠠᠷᠠᠯᠵᠢᠶᠠᠨ ᠤ ᠲᠧᠯᠧᠢᠰ ᠦᠨ ᠲᠠᠪᠤᠨ ᠲᠣᠮᠣ ᠰᠦᠯᠵᠢᠶ᠎ᠡ ᠪᠤᠢ᠃ ᠮᠢᠨᠦ ᠬᠤᠪᠢ ᠳᠤ ᠶᠠᠫᠣᠨ ᠤ ᠬᠠᠮᠤᠭ ᠤᠨ ᠠᠩᠬᠠᠨ ᠤ ᠠᠷᠠᠯᠵᠢᠶᠠᠨ ᠤ ᠲᠧᠯᠸᠢᠰ ᠪᠣᠯᠬᠤ 《Nippon TV》 ᠍ ᠦᠨ ᠰᠦᠯᠵᠢᠶᠡᠨ ᠳᠦ ᠪᠠᠭᠲᠠᠳᠠᠭ 《CHUKYO》 ᠲᠧᠯᠧᠢᠰ ᠲᠦ ᠠᠵᠢᠯᠯᠠᠳᠠᠭ᠃ Nippon TV ᠍ ᠦᠨ ᠰᠦᠯᠵᠢᠶᠡᠨ ᠳᠦ ᠥᠪᠡᠷ ᠥᠪᠡᠷᠰᠡᠳ ᠦᠨ ᠣᠷᠣᠨ ᠨᠤᠲᠤᠭ ᠲᠤ ᠡᠹᠢᠷ ᠢᠶᠡᠨ ᠰᠠᠴᠤᠳᠠᠭ ᠨᠡᠶᠢᠲᠡ 28 ᠲᠧᠯᠧᠢᠰ ᠪᠠᠭᠲᠠᠳᠠᠭ ᠠᠴᠠ ᠮᠠᠨ ᠤ ᠬᠢ ᠬᠠᠮᠤᠷᠬᠤ ᠭᠠᠵᠠᠷ ᠨᠤᠲᠤᠭ᠂ ᠬᠦᠮᠦᠨ ᠠᠮᠠ ᠶᠢᠨ ᠬᠡᠮᠵᠢᠶ᠎ᠡ ᠪᠡᠷ ᠢᠶᠡᠨ ᠭᠤᠷᠪᠠᠳᠤᠭᠠᠷ ᠲᠤ ᠣᠷᠣᠳᠠᠭ᠃ ᠮᠠᠨ ᠤ ᠲᠧᠯᠸᠢᠰ ᠶᠠᠫᠣᠨ ᠳᠤ ᠪᠠᠨ ᠨᠡᠶᠢᠲᠡ ᠭᠤᠷᠪᠠᠨ ᠮᠤᠵᠢ ᠶᠢᠨ 11 ᠰᠠᠶ᠎ᠠ ᠬᠥᠮᠦᠨ ᠳ᠋ᠦ ᠡᠹᠢᠷ ᠢᠶᠡᠨ ᠬᠦᠷᠭᠡᠳᠡᠭ᠂ ᠢᠷᠡᠬᠦ ᠵᠢᠯ ᠪᠠᠶᠢᠭᠤᠯᠤᠭᠳᠠᠭᠰᠠᠨ ᠤ 50 ᠵᠢᠯ ᠦᠨ ᠣᠢ ᠪᠠᠨ ᠲᠡᠮᠳᠡᠭᠯᠡᠬᠦ ᠭᠡᠵᠦ ᠪᠠᠶᠢᠭ᠎ᠠ᠃ ᠮᠢᠨᠦ ᠬᠤᠪᠢ ᠳᠤ᠂ ᠮᠡᠳᠡᠭᠡᠨ ᠦ ᠠᠯᠪᠠᠨ ᠳᠤ ᠨᠠᠶᠢᠷᠠᠭᠤᠯᠤᠭᠴᠢ᠂ ᠰᠤᠷᠪᠤᠯᠵᠢᠯᠠᠭᠴᠢ ᠪᠠᠷ ᠠᠵᠢᠯᠯᠠᠳᠠᠭ᠃ ᠡᠳᠦᠷ ᠲᠤᠲᠤᠮ ᠤᠨ ᠪᠣᠭᠣᠨᠢ ᠮᠡᠳᠡᠭᠡ᠂ ᠰᠤᠷᠪᠤᠯᠵᠢᠯᠠᠭ᠎ᠠ ᠨᠤᠭᠤᠳ ᠠᠴᠠ ᠡᠬᠢᠯᠡᠭᠡᠳ ᠪᠦᠷᠢᠨ ᠬᠡᠮᠵᠢᠶᠡᠨ ᠦ ᠪᠠᠷᠢᠮᠲᠠᠲᠤ ᠨᠡᠪᠲᠡᠷᠡᠭᠦᠯᠭᠡ ᠶᠢᠨ ᠨᠠᠶᠢᠷᠠᠭᠤᠯᠤᠭᠴᠢ ᠪᠠᠷ ᠠᠵᠢᠯᠯᠠᠳᠠᠭ᠃ ᠮᠡᠳᠡᠭᠡᠨ ᠦ ᠠᠯᠪᠠᠨ ᠤ ᠨᠠᠶᠢᠷᠠᠭᠤᠯᠤᠭᠴᠢ ᠨᠢ ᠥᠪᠡᠷ ᠢᠶᠡᠨ ᠰᠤᠷᠪᠤᠯᠵᠢᠯᠠᠭ᠎ᠠ ᠪᠠᠨ ᠬᠢᠭᠡᠳ᠂ ᠵᠣᠬᠢᠶᠠᠯ ᠢᠶᠠᠨ ᠭᠠᠷᠭᠠᠭᠠᠳ᠂ ᠲᠧᠺᠰᠲ ᠢᠶᠡᠨ ᠪᠢᠴᠢᠭᠡᠳ᠂ ᠡᠪᠯᠡᠭᠦᠯᠦᠭᠡᠳ᠂ ᠡᠹᠢᠷ ᠲᠦ ᠭᠠᠷᠭᠠᠬᠤ ᠳᠤ ᠪᠡᠯᠡᠨ ᠪᠣᠯᠭᠠᠳᠠᠭ᠃ ᠰᠤᠷᠪᠤᠯᠵᠢᠯᠠᠭ᠎ᠠ ᠳᠤ ᠶᠠᠪᠤᠬᠤ ᠳᠤ ᠪᠠᠨ ᠶᠡᠬᠡᠩᠬᠢ ᠳᠦ ᠪᠡᠨ ᠣᠫᠧᠷᠠᠲ᠋ᠣᠷ᠂ ᠳᠠᠭᠤᠨ ᠤ ᠣᠫᠧᠷᠠᠲ᠋ᠣᠷ ᠳᠠᠭᠠᠭᠤᠯᠵᠤ ᠶᠠᠪᠤᠳᠠᠭ ᠴᠤ᠂ ᠥᠪᠡᠷ ᠢᠶᠡᠨ ᠵᠢᠷᠤᠭ ᠢᠶᠠᠨ ᠠᠪᠤᠭᠠᠳ ᠶᠠᠪᠤᠬᠤ ᠦᠶ᠎ᠡ ᠴᠤ ᠪᠤᠢ᠃ ᠮᠡᠷᠭᠡᠵᠢᠯ ᠦᠨ ᠡᠪᠯᠡᠭᠦᠯᠦᠭᠴᠢ ᠲᠡᠢ ᠬᠠᠮᠲᠤ ᠠᠵᠢᠯᠯᠠᠬᠤ ᠠᠴᠠ ᠭᠠᠳᠠᠨ᠎ᠠ ᠥᠪᠡᠷᠰᠡᠳ ᠢᠶᠡᠨ ᠡᠪᠯᠡᠭᠦᠯᠭᠡ ᠪᠡᠨ ᠬᠢᠬᠦ ᠲᠣᠬᠢᠶᠠᠯᠳᠤᠯ ᠴᠤ ᠶᠡᠬᠡ ᠪᠠᠶᠢᠳᠠᠭ᠃ -ᠦᠢᠯᠡᠳᠪᠦᠷᠢᠯᠡᠯ ᠲᠧᠭᠨᠣᠯᠣᠭᠢ ᠥᠨᠳᠥᠷ ᠬᠥᠭᠵᠢᠭᠰᠡᠨ ᠣᠷᠣᠨ ᠳᠤ ᠥᠪᠡᠷ ᠦᠨ ᠪᠠᠶᠢᠷᠢ ᠰᠠᠭᠤᠷᠢ ᠪᠠᠨ ᠣᠯᠵᠤ ᠲᠣᠮᠣᠬᠠᠨ ᠺᠣᠮᠫᠠᠨᠢ ᠲᠡᠷᠡ ᠳᠤᠮᠳᠠ ᠪᠠᠨ ᠬᠡᠪᠯᠡᠯ ᠮᠡᠳᠡᠭᠡᠯᠡᠯ ᠦᠨ ᠰᠠᠯᠪᠤᠷᠢ ᠳᠤ ᠠᠵᠢᠯᠯᠠᠨ᠎ᠠ ᠭᠡᠳᠡᠭ ᠠᠮᠠᠷ ᠦᠭᠡᠢ ᠰᠢᠦ ᠳ᠋ᠡ᠃ ᠶᠠᠫᠣᠨ ᠳᠤ ᠪᠠᠨ ᠨᠡᠶᠢᠲᠡ ᠭᠤᠷᠪᠠᠨ ᠮᠤᠵᠢ ᠶᠢᠨ 11 ᠰᠠᠶ᠎ᠠ ᠬᠥᠮᠦᠨ ᠳ᠋ᠦ ᠡᠹᠢᠷ ᠢᠶᠡᠨ ᠬᠦᠷᠭᠡᠳᠡᠭ᠂ 50 ᠵᠢᠯ ᠦᠨ ᠲᠡᠦᠬᠡ ᠲᠡᠢ ᠲᠣᠮᠣᠬᠠᠨ ᠲᠧᠯᠸᠢᠰ ᠲᠦ ᠠᠵᠢᠯᠯᠠᠬᠤ ᠪᠣᠯᠤᠭᠰᠠᠨ ᠲᠡᠦᠬᠡ ᠡᠴᠡ ᠪᠡᠨ ᠬᠤᠪᠢᠶᠠᠯᠴᠠᠬᠤ ᠦᠭᠡᠢ ᠤᠤ︖ -ᠶᠠᠫᠣᠨ ᠳᠤ ᠠᠭᠠᠷ ᠤᠨ ᠳᠣᠯᠭᠢᠶᠠᠨ ᠢᠶᠠᠷ ᠡᠹᠢᠷ ᠢᠶᠡᠨ ᠰᠠᠴᠤᠳᠠᠭ᠂ ᠥᠭᠡᠷ᠎ᠡ ᠪᠡᠷ ᠬᠡᠯᠡᠪᠡᠯ ᠠᠶᠢᠯ ᠪᠣᠯᠭᠠᠨ ᠳᠤ ᠵᠠᠪᠠᠯ ᠲᠠᠯᠪᠢᠭᠳᠠᠭᠰᠠᠨ ᠪᠠᠶᠢᠳᠠᠭ ᠠᠨᠲ᠋ᠧᠨ ᠤ ᠱᠤᠭᠤᠮ ᠲᠠᠢ ᠵᠢᠷᠤᠭᠲᠤ ᠪᠠᠨ ᠬᠣᠯᠪᠤᠭᠠᠳ ᠯᠠ ᠰᠢᠭᠤᠳ ᠦᠨ᠎ᠡ ᠲᠥᠯᠦᠪᠦᠷᠢ ᠦᠭᠡᠢ ᠦᠵᠡᠵᠦ ᠪᠣᠯᠳᠠᠭ ᠠᠷᠠᠯᠵᠢᠶᠠᠨ ᠤ ᠲᠧᠯᠧᠢᠰ ᠣᠷᠣᠨ ᠳᠠᠶᠠᠭᠠᠷ 120 ᠣᠷᠴᠢᠮ ᠪᠠᠶᠢᠳᠠᠭ᠃ ᠰᠡᠭᠦᠯ ᠦᠨ ᠵᠢᠯ ᠦᠳ ᠲᠦ ᠢᠨᠲ᠋ᠧᠷᠨᠡᠲ ᠦᠨ ᠬᠤᠷᠳᠤ ᠲᠠᠢ ᠬᠥᠭᠵᠢᠯ ᠡᠴᠡ ᠰᠢᠯᠲᠠᠭᠠᠯᠠᠭᠠᠳ ᠲᠧᠯᠸᠢᠰ ᠦᠨ ᠣᠷᠴᠢᠨ ᠨᠥᠬᠥᠴᠡᠯ ᠨᠡᠯᠢᠶᠡᠨ ᠥᠭᠡᠷᠡᠴᠢᠯᠡᠭᠳᠡᠵᠦ ᠪᠠᠶᠢᠭ᠎ᠠ ᠴᠤ᠂ ᠵᠠᠯᠠᠭᠤᠴᠤᠳ ᠤᠨ ᠬᠤᠪᠢ ᠳᠤ ᠲᠧᠯᠸᠢᠰ ᠦᠨ ᠠᠵᠢᠯ ᠨᠡᠷ᠎ᠡ ᠬᠦᠨᠳᠦᠲᠡᠢ᠂ ᠪᠣᠱᠤᠭ᠎ᠠ ᠥᠨᠳᠥᠷ ᠲᠡᠢ ᠬᠡᠪ ᠢᠶᠡᠷ ᠪᠠᠶᠢᠭ᠎ᠠ ᠨᠢ ᠠᠵᠢᠭᠯᠠᠭᠳᠠᠳᠠᠭ᠃ ᠲᠧᠯᠸᠢᠰ ᠲᠦ ᠠᠵᠢᠯ ᠳᠤ ᠣᠷᠣᠬᠤ ᠶᠢᠨ ᠲᠤᠯᠠᠳᠠ ᠬᠡᠳᠦ ᠬᠡᠳᠦᠨ ᠱᠠᠲᠤᠨ ᠤ ᠰᠢᠯᠭᠠᠯᠲᠠ ᠥᠭᠴᠦ᠂ ᠨᠡᠯᠢᠶᠡᠨ ᠣᠯᠠᠨ ᠰᠢᠯᠭᠠᠭᠤᠷ ᠢ ᠳᠠᠪᠬᠤ ᠬᠡᠷᠡᠭᠲᠡᠢ ᠪᠣᠯᠳᠠᠭ᠃ ᠭᠡᠬᠦ ᠳᠦ ᠪᠡᠨ ᠲᠧᠯᠸᠢᠰ ᠦᠨ ᠰᠡᠳᠬᠦᠯᠴᠢ᠂ ᠨᠠᠶᠢᠷᠠᠭᠤᠯᠤᠭᠴᠢ᠂ ᠨᠡᠪᠲᠡᠷᠡᠭᠦᠯᠦᠭᠴᠢ ᠪᠣᠯᠬᠤ ᠶᠢᠨ ᠲᠤᠯᠠᠳᠠ ᠵᠠᠪᠠᠯ ᠲᠤᠬᠠᠢ ᠶᠢᠨ ᠴᠢᠭᠯᠡᠯ ᠦᠨ ᠰᠤᠷᠭᠠᠭᠤᠯᠢ ᠶᠢ ᠲᠡᠭᠦᠰᠦᠭᠰᠡᠨ ᠪᠠᠶᠢᠬᠤ ᠱᠠᠭᠠᠷᠳᠠᠯᠭ᠎ᠠ ᠦᠭᠡᠢ ᠪᠠᠶᠢᠳᠠᠭ᠃ ᠲᠡᠭᠦᠰᠦᠭᠰᠡᠨ ᠶᠡᠬᠡ ᠰᠤᠷᠭᠠᠭᠤᠯᠢ ᠶᠢᠨ ᠨᠡᠷ᠎ᠡ ᠬᠦᠨᠳᠦ ᠵᠡᠷᠭᠡ ᠡᠴᠡ ᠭᠠᠳᠠᠨ᠎ᠠ ᠬᠠᠮᠤᠭ ᠤᠨ ᠭᠣᠣᠯ ᠨᠢ ᠲᠤᠬᠠᠢ ᠶᠢᠨ ᠬᠦᠮᠦᠨ ᠦ ᠬᠤᠪᠢ ᠬᠦᠮᠦᠨ ᠦ ᠬᠥᠭᠵᠢᠯ᠂ ᠬᠠᠨᠳᠤᠯᠭ᠎ᠠ᠂ ᠵᠠᠩ ᠰᠤᠷᠲᠠᠬᠤᠨ ᠵᠡᠷᠭᠡ ᠶᠢ ᠬᠠᠷᠠᠭᠠᠯᠵᠠᠨ ᠦᠵᠡᠳᠡᠭ᠃ ᠮᠡᠷᠭᠡᠵᠢᠯ ᠦᠨ ᠮᠡᠳᠡᠯᠭᠡ ᠴᠢᠳᠠᠪᠤᠷᠢ ᠶᠢᠨ ᠬᠤᠪᠢ ᠳᠤ ᠪᠣᠯ ᠠᠵᠢᠯ ᠳᠤ ᠠᠪᠤᠭᠰᠠᠨ ᠬᠣᠶᠢᠨ᠎ᠠ ᠪᠠᠨ ᠺᠣᠮᠫᠠᠨᠢ ᠠᠴᠠ ᠵᠢᠭᠠᠵᠤ ᠰᠤᠷᠭᠠᠵᠤ᠂ ᠳᠠᠳᠤᠯᠭᠠᠵᠢᠭᠤᠯᠤᠭᠠᠳ ᠶᠠᠪᠤᠳᠠᠭ᠃ ᠮᠢᠨᠦ ᠬᠤᠪᠢ ᠳᠤ ᠶᠡᠬᠡ ᠰᠣᠨᠢᠨ ᠲᠣᠬᠢᠶᠠᠯᠳᠤᠯ ᠢᠶᠠᠷ᠂ ᠮᠠᠰᠢ ᠤᠷᠲᠤ᠂ ᠲᠣᠭᠣᠷᠢᠭᠤ ᠵᠠᠮ ᠲᠤᠭᠤᠯᠵᠤ ᠪᠠᠶᠢᠵᠤ ᠡᠨᠡ ᠲᠧᠯᠸᠢᠰ ᠲᠦ ᠠᠵᠢᠯᠯᠠᠬᠤ ᠪᠠᠷ ᠪᠣᠯᠤᠭᠰᠠᠨ᠃ ᠤᠯᠠᠭᠠᠨᠪᠠᠭᠠᠲᠤᠷ ᠬᠣᠲᠠ ᠳ᠋ᠤ ᠲᠥᠷᠦᠵᠥ ᠥᠰᠦᠭᠰᠡᠨ᠂ ᠨᠣᠮ᠂ ᠵᠢᠷᠤᠭᠲᠤ᠂ ᠺᠢᠨᠣᠨ ᠳᠤ ᠶᠠᠭᠤ ᠶᠠᠭᠤᠨ ᠠᠴᠠ ᠢᠯᠡᠭᠦᠦ ᠳᠤᠷᠠᠲᠠᠢ ᠬᠡᠦᠬᠡᠳ ᠪᠠᠶᠢᠯ᠎ᠠ᠃ ᠪᠠᠭ᠎ᠠ ᠳᠤ ᠪᠠᠨ ᠰᠡᠳᠬᠦᠯᠴᠢ ᠪᠣᠯᠬᠤ ᠶᠢ ᠮᠥᠷᠦᠭᠡᠳᠳᠡᠭ ᠪᠠᠶᠢᠭᠰᠠᠨ᠂ ᠠᠷᠪᠠᠨ ᠵᠢᠯ ᠢᠶᠡᠨ ᠲᠡᠭᠦᠰᠬᠦ ᠦᠶ᠎ᠡ ᠳ᠋ᠡᠭᠡᠨ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠺᠢᠨᠣ᠋ ᠨᠠᠶᠢᠷᠠᠭᠤᠯᠤᠭᠴᠢ ᠶᠢᠨ ᠠᠩᠭᠢ ᠶᠢ ᠰᠣᠨᠢᠷᠬᠠᠵᠤ ᠪᠠᠶᠢᠭᠰᠠᠨ ᠴᠤ᠂ ᠠᠶᠢᠯ ᠤᠨ ᠲᠣᠮᠣ ᠬᠡᠦᠬᠡᠳ ᠪᠣᠯᠬᠣᠷ ᠠᠷᠤ ᠭᠡᠷ ᠲᠦ ᠪᠡᠨ ᠨᠡᠮᠡᠷᠢ ᠪᠣᠯᠬᠤ ᠡᠭᠦᠳᠡᠨ ᠡᠴᠡ ᠪᠡᠨ ᠢᠯᠡᠭᠦᠦ 《ᠢᠷᠡᠭᠡᠳᠦᠢ ᠲᠡᠢ》 ᠭᠡᠳ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠣᠯᠠᠨ ᠤᠯᠤᠰ ᠤᠨ ᠬᠠᠷᠢᠯᠴᠠᠭᠠᠨ ᠤ ᠰᠤᠷᠭᠠᠭᠤᠯᠢ ᠳᠤ ᠡᠯᠰᠡᠭᠰᠡᠨ᠃ ᠲᠡᠭᠡᠭᠡᠳ 2002 ᠣᠨ ᠳᠤ ᠶᠠᠫᠣᠨ ᠤ ᠪᠣᠯᠪᠠᠰᠤᠷᠠᠯ ᠤᠨ ᠶᠠᠮᠤᠨ ᠤ ᠰᠢᠯᠭᠠᠯᠲᠠ ᠳᠤ ᠲᠡᠩᠴᠡᠭᠡᠳ᠂ ᠨᠢᠭᠡ ᠵᠢᠯ ᠦᠨ ᠲᠡᠳᠬᠦᠯᠭᠡᠳᠦ ᠬᠥᠲᠥᠯᠪᠦᠷᠢ ᠪᠡᠷ ᠶᠠᠫᠣᠨ ᠤ ᠬᠠᠮᠤᠭ ᠤᠨ ᠡᠷᠲᠡᠨ ᠦ᠂ ᠨᠡᠷ᠎ᠡ ᠬᠦᠨᠳᠦᠲᠡᠢ ᠥᠬᠢᠳ ᠤᠨ ᠰᠤᠷᠭᠠᠭᠤᠯᠢ ᠨᠤᠭᠤᠳ ᠤᠨ ᠨᠢᠭᠡ ᠪᠣᠯᠬᠤ ᠣᠴᠢᠨᠣᠮᠢᠰᠦ ᠶᠡᠬᠡ ᠰᠤᠷᠭᠠᠭᠤᠯᠢ ᠳᠤ ᠣᠴᠢᠵᠤ ᠰᠤᠷᠤᠯᠴᠠᠭᠰᠠᠨ᠃ ᠶᠠᠫᠣᠨ ᠳᠤ ᠠᠩᠬ᠎ᠠ ᠢᠷᠡᠭᠡᠳ ᠬᠠᠮᠤᠭ ᠤᠨ ᠰᠣᠨᠢᠷᠬᠠᠯᠲᠠᠢ ᠰᠠᠶᠢᠬᠠᠨ ᠰᠠᠨᠠᠭᠳᠠᠭᠰᠠᠨ ᠵᠦᠢᠯᠡᠰ ᠦᠨ ᠨᠢᠭᠡ ᠨᠢ ᠲᠧᠯᠸᠢᠰ ᠦᠨ ᠬᠥᠲᠥᠯᠪᠦᠷᠢ ᠨᠦᠭᠦᠳ᠃ ᠢᠯᠠᠩᠭᠤᠶ᠎ᠠ ᠮᠡᠳᠡᠭᠡ ᠮᠡᠳᠡᠭᠡᠯᠡᠯ ᠦᠨ ᠬᠥᠲᠥᠯᠪᠦᠷᠢ᠂ ᠪᠠᠷᠢᠮᠲᠠᠲᠤ ᠨᠡᠪᠲᠡᠷᠡᠭᠦᠯᠭᠡ ᠨᠦᠭᠦᠳ ᠨᠢ ᠮᠠᠨ ᠤ ᠬᠢ ᠠᠴᠠ ᠶᠡᠬᠡ ᠥᠭᠡᠷ᠎ᠡ᠂ ᠰᠣᠨᠢᠷᠬᠠᠯᠲᠠᠢ᠂ ᠥᠭᠭᠦᠭᠡᠵᠢ ᠲᠡᠢ ᠰᠠᠨᠠᠭᠳᠠᠭᠰᠠᠨ᠃ ᠶᠡᠷᠦᠩᠬᠡᠢ ᠳᠦ ᠪᠡᠨ ᠶᠠᠫᠣᠨ ᠤ ᠲᠧᠯᠸᠢᠰ ᠦᠨ ᠰᠠᠯᠪᠤᠷᠢ ᠳᠤ ᠠᠩᠬ᠎ᠠ ᠳᠤᠷᠠᠯᠠᠭᠰᠠᠨ ᠨᠢ ᠡᠨᠡ ᠦᠶ᠎ᠡ᠃ ᠭᠡᠬᠦ ᠳᠦ ᠪᠡᠨ ᠲᠤᠬᠠᠢ ᠶᠢᠨ ᠦᠶ᠎ᠡ ᠳᠦ ᠥᠪᠡᠷ ᠢᠶᠡᠨ ᠡᠨᠡ ᠰᠠᠯᠪᠤᠷᠢ ᠳᠤ ᠠᠵᠢᠯᠯᠠᠨ᠎ᠠ ᠭᠡᠵᠦ ᠣᠭᠲᠣ ᠪᠣᠳᠣᠭ᠎ᠠ ᠦᠭᠡᠢ ᠯᠠ ᠳ᠋ᠡ᠃ ᠲᠡᠭᠡᠭᠡᠳ ᠮᠣᠩᠭᠣᠯ ᠳᠤ ᠪᠤᠴᠠᠵᠤ ᠣᠴᠢᠨ ᠰᠤᠷᠭᠠᠭᠤᠯᠢ ᠪᠠᠨ ᠲᠡᠭᠦᠰᠦᠭᠡᠳ ᠣᠯᠠᠨ ᠤᠯᠤᠰ ᠤᠨ ᠡᠳ᠋ ᠍ ᠦᠨ ᠵᠠᠰᠠᠭ ᠤᠨ ᠴᠢᠭᠯᠡᠯ ᠢᠶᠡᠷ ᠮᠠᠭᠢᠰᠲ᠋ᠷ ᠲᠤ ᠰᠤᠷᠴᠤ ᠪᠠᠶᠢᠲᠠᠯ᠎ᠠ 2005 ᠣᠨ ᠳᠤ ᠣᠳᠣ ᠮᠢᠨᠦ ᠠᠮᠢᠳᠤᠷᠠᠵᠤ ᠪᠠᠶᠢᠭ᠎ᠠ ᠨᠠᠭᠤᠶᠠ ᠬᠣᠲᠠ ᠣᠷᠴᠢᠮ ᠳᠤ ᠬᠠᠭᠠᠰ ᠵᠢᠯ ᠦᠨ ᠲᠤᠷᠰᠢ ᠣᠯᠠᠨ ᠤᠯᠤᠰ ᠤᠨ EXPO ᠵᠣᠬᠢᠶᠠᠨ ᠪᠠᠶᠢᠭᠤᠯᠤᠭᠳᠠᠵᠤ᠂ ᠮᠣᠩᠭᠣᠯ ᠤᠨ ᠲᠠᠯ᠎ᠠ ᠶᠢᠨ ᠣᠷᠴᠢᠭᠤᠯᠤᠭᠴᠢ᠂ ᠲᠠᠶᠢᠯᠪᠤᠷᠢᠯᠠᠭᠴᠢ ᠪᠠᠷ ᠠᠵᠢᠯᠯᠠᠬᠤ ᠪᠣᠯᠤᠮᠵᠢ ᠣᠯᠳᠠᠭᠰᠠᠨ ᠶᠤᠮ᠃ ᠡᠨᠡ ᠦᠶ᠎ᠡ ᠪᠡᠷ ᠦᠵᠡᠰᠬᠦᠯᠡᠩ ᠳᠡᠭᠡᠷ᠎ᠡ ᠶᠠᠫᠣᠨ ᠤ ᠲᠧᠯᠸᠢᠰ ᠦᠨ ᠬᠢᠨ ᠰᠤᠷᠪᠤᠯᠵᠢᠯᠠᠭ᠎ᠠ᠂ ᠵᠢᠷᠤᠭ ᠠᠪᠤᠯᠲᠠ ᠪᠠᠷ ᠶᠡᠬᠡ ᠢᠷᠡᠳᠡᠭ ᠪᠠᠶᠢᠭᠰᠠᠨ᠃ ᠲᠤᠬᠠᠢ ᠶᠢᠨ ᠦᠶ᠎ᠡ ᠳᠦ ᠲᠡᠳᠡᠨ ᠦ ᠠᠵᠢᠯ ᠶᠡᠬᠡ ᠭᠣᠶᠣ ᠬᠠᠷᠠᠭᠳᠠᠭᠠᠳ᠂ ᠶᠡᠷᠦ ᠡᠴᠡ ᠪᠡᠨ ᠯᠠ ᠶᠠᠫᠣᠨ ᠤ ᠲᠧᠯᠸᠢᠰ ᠲᠦ ᠶᠠᠮᠠᠷ ᠴᠤ ᠬᠠᠮᠢᠶ᠎ᠠ ᠦᠭᠡᠢ ᠠᠵᠢᠯ ᠬᠢᠶ᠎ᠡ ᠭᠡᠵᠦ ᠰᠢᠢᠳᠥᠭᠰᠡᠨ᠃ ᠲᠡᠭᠡᠵᠦ ᠰᠢᠢᠳᠬᠦ ᠡᠴᠡ ᠪᠡᠨ ᠡᠮᠦᠨ᠎ᠡ ᠥᠪᠡᠷ ᠦᠨ ᠢᠶᠡᠨ ᠬᠦᠰᠡᠯ ᠮᠥᠷᠥᠭᠡᠳᠦᠯ ᠭᠡᠬᠦ ᠡᠴᠡ ᠪᠡᠨ ᠢᠯᠡᠭᠦᠦ ᠲᠡᠢ ᠪᠡᠷ ᠭᠡᠷ ᠪᠦᠯᠢ᠂ ᠠᠪᠤ ᠡᠵᠢ ᠳᠦ ᠪᠡᠨ ᠨᠡᠮᠡᠷᠢ ᠲᠡᠢ᠂ ᠠᠬᠤᠢ ᠠᠮᠢᠳᠤᠷᠠᠯ ᠳᠤ ᠬᠡᠷᠡᠭ ᠲᠡᠢ ᠠᠵᠢᠯ᠂ ᠮᠡᠷᠭᠡᠵᠢᠯ ᠬᠢᠬᠦ ᠬᠡᠷᠡᠭᠲᠡᠢ ᠭᠡᠵᠦ ᠪᠣᠳᠣᠵᠤ ᠶᠠᠪᠤᠭᠰᠠᠨ᠃ ᠬᠠᠷᠢᠨ ᠶᠠᠭ ᠯᠠ ᠡᠨᠡ ᠰᠠᠯᠪᠤᠷᠢ ᠳᠤ ᠠᠵᠢᠯᠯᠠᠶ᠎ᠠ ᠭᠡᠵᠦ ᠰᠢᠢᠳᠬᠦ ᠲᠡᠷᠡ ᠦᠶ᠎ᠡ ᠳᠦ ᠳᠡᠭᠦᠦ ᠨᠠᠷ ᠮᠠᠨᠢ ᠴᠤ ᠠᠷᠠᠢ ᠲᠣᠮᠣ ᠪᠣᠯᠤᠭᠰᠠᠨ ᠪᠠᠶᠢᠭᠰᠠᠨ ᠶᠤᠮ᠃ ᠲᠡᠶᠢᠮᠦ ᠡᠴᠡ ᠯᠠ ᠥᠪᠡᠷ ᠦᠨ ᠢᠶᠡᠨ ᠬᠠᠮᠤᠭ ᠤᠨ ᠶᠡᠬᠡ ᠰᠣᠨᠢᠷᠬᠠᠵᠤ ᠪᠠᠶᠢᠭ᠎ᠠ ᠵᠦᠢᠯ ᠢ ᠣᠳᠣ ᠯᠠ ᠬᠢᠭᠡᠳ ᠦᠵᠡᠶ᠎ᠡ ᠭᠡᠵᠦ ᠪᠣᠳᠣᠭᠰᠠᠨ ᠨᠢ ᠲᠡᠷᠡ᠃ ᠢᠩᠭᠢᠭᠡᠳ ᠰᠤᠳᠤᠯᠤᠭᠠᠳ ᠦᠵᠡᠭᠰᠡᠨ ᠴᠢᠨᠢ᠂ ᠣᠳᠣ ᠶᠢᠨ ᠠᠵᠢᠯᠯᠠᠵᠤ ᠪᠠᠶᠢᠭ᠎ᠠ 《CHUKYO》 ᠲᠧᠯᠸᠢᠰ ᠦᠨ ᠮᠡᠳᠡᠭᠡᠨ ᠦ ᠠᠯᠪᠠᠨ ᠳᠤ ᠴᠠᠭ ᠤᠨ ᠠᠵᠢᠯᠲᠠᠨ ᠰᠢᠯᠭᠠᠷᠠᠭᠤᠯᠵᠤ ᠠᠪᠴᠤ ᠪᠠᠶᠢᠨ᠎ᠠ ᠭᠡᠰᠡᠨ ᠰᠤᠷᠠᠭ ᠭᠠᠷᠬᠤ ᠪᠠᠷ ᠨᠢ ᠣᠴᠢᠭᠠᠳ ᠰᠢᠯᠭᠠᠭᠤᠯᠤᠭᠰᠠᠨ ᠴᠢᠨᠢ ᠲᠡᠩᠴᠡᠭᠰᠡᠨ᠃ ᠪᠠᠶᠢᠩᠭᠤ ᠶᠢᠨ ᠠᠵᠢᠯ ᠪᠢᠰᠢ᠂ ᠡᠳᠦᠷ ᠲᠦ 5-6 ᠴᠠᠭ᠂ ᠡᠰᠡᠪᠡᠯ ᠰᠥᠨᠢ ᠡᠹᠢᠷ ᠦᠨ ᠲᠤᠰᠠᠯᠠᠬᠤ ᠬᠢᠳᠡᠭ ᠴᠠᠭ ᠤᠨ ᠠᠵᠢᠯ ᠯᠠ ᠳ᠋ᠠ᠃ ᠭᠤᠷᠪᠠᠨ ᠵᠢᠯ ᠠᠵᠢᠯᠯᠠᠭᠰᠠᠨ᠃ ᠡᠨᠡ ᠬᠤᠭᠤᠴᠠᠭᠠᠨ ᠳᠤ ᠪᠠᠷᠢᠮᠲᠠᠲᠤ ᠨᠡᠪᠲᠡᠷᠡᠭᠦᠯᠭᠡ ᠶᠢᠨ ᠨᠠᠶᠢᠷᠠᠭᠤᠯᠤᠭᠴᠢ ᠮᠡᠷᠭᠡᠵᠢᠯ ᠢᠶᠡᠷ ᠳᠠᠪᠬᠤᠷ ᠰᠤᠷᠤᠯᠴᠠᠵᠤ ᠲᠡᠭᠦᠰᠦᠭᠡᠳ ᠠᠯᠪᠠᠨ ᠶᠣᠰᠣᠭᠠᠷ ᠦᠨᠳᠦᠰᠦᠨ ᠠᠵᠢᠯᠲᠠᠨ ᠪᠣᠯᠤᠭᠰᠠᠨ ᠳ᠋ᠠ᠃ ᠶᠡᠷᠦ ᠨᠢ ᠴᠠᠭ ᠤᠨ ᠠᠵᠢᠯᠲᠠᠨ ᠠᠴᠠ ᠢᠩᠭᠢᠵᠦ ᠵᠢᠩᠬᠢᠯᠡᠭᠰᠡᠨ ᠲᠣᠬᠢᠶᠠᠯᠳᠤᠯ ᠶᠡᠬᠡ ᠬᠣᠪᠣᠷ ᠪᠠᠶᠢᠳᠠᠭ ᠶᠤᠮ ᠪᠢᠯᠡ᠃ ᠮᠢᠨᠦ ᠬᠤᠪᠢ ᠳᠤ ᠭᠤᠷᠪᠠᠨ ᠵᠢᠯ ᠥᠪᠡᠷ ᠢ ᠪᠡᠨ ᠶᠡᠬᠡ ᠳᠠᠶᠢᠴᠢᠯᠠᠵᠤ ᠠᠵᠢᠯᠯᠠᠭᠰᠠᠨ ᠨᠢ ᠲᠣᠳᠣᠷᠬᠠᠢ ᠬᠡᠮᠵᠢᠶᠡᠨ ᠳᠦ ᠦᠨᠡᠯᠡᠭᠳᠡᠭᠰᠡᠨ ᠪᠠᠶᠢᠬᠤ ᠭᠡᠵᠦ ᠪᠣᠳᠣᠳᠠᠭ᠃ -ᠬᠦᠮᠦᠨ ᠦ ᠠᠮᠢᠳᠤᠷᠠᠯ ᠤᠨ ᠲᠤᠬᠠᠢ ᠪᠠᠷᠢᠮᠲᠠᠲᠤ ᠨᠡᠪᠲᠡᠷᠡᠭᠦᠯᠭᠡ ᠨᠦᠭᠦᠳ ᠬᠢᠳᠡᠭ ᠭᠡᠵᠦ ᠪᠠᠶᠢᠭᠰᠠᠨ᠃ ᠨᠡᠪᠲᠡᠷᠡᠭᠦᠯᠭᠡ ᠶᠢᠨ ᠢᠶᠡᠨ ᠲᠤᠬᠠᠢ ᠶᠠᠷᠢᠬᠤ ᠦᠭᠡᠢ ᠤᠤ᠃ ᠬᠠᠮᠤᠭ ᠤᠨ ᠰᠡᠭᠦᠯ ᠳᠦ ᠪᠡᠯᠡᠳᠬᠡᠭᠰᠡᠨ ᠲᠣᠮᠣᠬᠠᠨ ᠨᠡᠪᠲᠡᠷᠡᠭᠦᠯᠭᠡ ᠲᠠᠨᠢ ᠶᠠᠭᠤ ᠪᠠᠶᠢᠪᠠ︖ -ᠳᠡᠭᠡᠷ᠎ᠡ ᠬᠡᠯᠡᠭᠰᠡᠨᠴᠢᠯᠡᠨ᠂ ᠡᠳᠦᠷ ᠲᠤᠲᠤᠮ ᠤᠨ ᠪᠣᠭᠣᠨᠢ ᠦᠢᠯᠡ ᠶᠠᠪᠤᠳᠠᠯ ᠤᠨ ᠮᠡᠳᠡᠭᠡ᠂ ᠠᠷᠠᠢ ᠢᠯᠡᠭᠦᠦ ᠤᠷᠲᠤ ᠬᠡᠮᠵᠢᠶ᠎ᠡ ᠲᠡᠢ ᠲᠤᠰᠬᠠᠢ ᠰᠤᠷᠪᠤᠯᠵᠢᠯᠠᠭ᠎ᠠ ᠨᠤᠭᠤᠳ ᠭᠡᠳ ᠣᠯᠠᠨ ᠲᠥᠷᠥᠯ ᠦᠨ ᠮᠡᠳᠡᠭᠡ᠂ ᠮᠡᠳᠡᠭᠡᠯᠡᠯ ᠪᠡᠯᠡᠳᠬᠡᠳᠡᠭ᠃ ᠲᠡᠷᠡ ᠳᠤᠮᠳᠠ ᠠᠴᠠ ᠨᠠᠶᠢᠷᠠᠭᠤᠯᠤᠭᠴᠢ ᠬᠦᠮᠦᠨ ᠦ ᠬᠤᠪᠢ ᠳᠤ ᠬᠠᠮᠤᠭ ᠤᠨ ᠰᠣᠨᠢᠷᠬᠠᠯᠲᠠᠢ ᠰᠠᠶᠢᠬᠠᠨ ᠬᠢᠷᠢᠨ᠎ᠡ ᠬᠠᠮᠤᠭ ᠤᠨ ᠬᠡᠴᠡᠭᠦᠦ ᠠᠵᠢᠯ ᠪᠣᠯ ᠪᠠᠷᠢᠮᠲᠠᠲᠤ ᠨᠡᠪᠲᠡᠷᠡᠭᠦᠯᠭᠡ ᠪᠠᠶᠢᠳᠠᠭ᠃ ᠪᠠᠷᠢᠮᠲᠠᠲᠤ ᠨᠡᠪᠲᠡᠷᠡᠭᠦᠯᠭᠡ ᠨᠢ ᠪᠣᠳᠠᠲᠤ ᠪᠠᠶᠢᠳᠠᠯ ᠢ ᠦᠵᠡᠭᠴᠢᠳ ᠲᠦ ᠬᠦᠷᠭᠡᠳᠡᠭ ᠭᠡᠳᠡᠭ ᠢᠶᠡᠷ ᠢᠶᠡᠨ ᠮᠡᠳᠡᠭᠡ ᠲᠡᠢ ᠲᠥᠰᠲᠡᠢ ᠴᠤ᠂ ᠤᠷᠠᠨ ᠪᠦᠲᠦᠭᠡᠯᠴᠢ ᠪᠤᠶᠤ ᠤᠭ ᠨᠡᠪᠲᠡᠷᠡᠭᠦᠯᠭᠡ ᠶᠢᠨ ᠨᠠᠶᠢᠷᠠᠭᠤᠯᠤᠭᠴᠢ ᠶᠢᠨ ᠦᠵᠡᠯ ᠰᠠᠨᠠᠭ᠎ᠠ᠂ ᠶᠢᠷᠲᠢᠨᠴᠦ ᠶᠢ ᠦᠵᠡᠬᠦ ᠦᠵᠡᠯ ᠲᠤᠰᠬᠠᠭᠳᠠᠳᠠᠭ ᠢᠶᠠᠷ ᠢᠶᠠᠨ ᠮᠡᠳᠡᠭᠡᠨ ᠡᠴᠡ ᠢᠯᠭᠠᠭ᠎ᠠ ᠲᠠᠢ᠃ ᠥᠭᠡᠷ᠎ᠡ ᠪᠡᠷ ᠬᠡᠯᠡᠪᠡᠯ᠂ ᠨᠡᠶᠢᠭᠡᠮ ᠤᠨ ᠡᠶᠢᠮᠦ ᠨᠢᠭᠡ ᠠᠰᠠᠭᠤᠳᠠᠯ ᠪᠠᠶᠢᠨ᠎ᠠ᠂ ᠡᠰᠡᠪᠡᠯ ᠡᠶᠢᠮᠦ ᠨᠢᠭᠡ ᠬᠦᠮᠦᠨ ᠪᠠᠶᠢᠨ᠎ᠠ᠂ ᠡᠨᠡ ᠠᠰᠠᠭᠤᠳᠠᠯ᠂ ᠡᠨᠡ ᠬᠦᠮᠦᠨ ᠢ ᠨᠠᠶᠢᠷᠠᠭᠤᠯᠤᠭᠴᠢ ᠮᠢᠨᠦ ᠨᠢᠳᠦ ᠪᠡᠷ ᠬᠠᠷᠠᠭᠠᠳ᠂ 《ᠪᠢ》 ᠭᠡᠳᠡᠭ ᠰᠢᠭᠦᠯᠲᠡᠭᠦᠷ ᠢᠶᠡᠷ ᠣᠷᠣᠭᠤᠯᠤᠭᠠᠳ ᠭᠠᠷᠭᠠᠬᠤ ᠳᠤ ᠢᠩᠭᠢᠵᠦ ᠬᠠᠷᠠᠭᠳᠠᠵᠤ ᠪᠠᠶᠢᠨ᠎ᠠ ᠭᠡᠵᠦ ᠦᠵᠡᠭᠴᠢᠳ ᠲᠦ ᠬᠦᠷᠭᠡᠨ᠎ᠡ ᠭᠡᠰᠡᠨ ᠦᠭᠡ ᠶᠤᠮ᠃ ᠬᠠᠮᠤᠭ ᠤᠨ ᠰᠡᠭᠦᠯ ᠳᠦ᠂ ᠬᠣᠣᠷᠲᠤ ᠬᠠᠪᠤᠳᠠᠷ ᠲᠠᠢ ᠡᠵᠢ ᠨᠠᠷ ᠤᠨ ᠲᠤᠬᠠᠢ ᠨᠡᠪᠲᠡᠷᠡᠭᠦᠯᠭᠡ ᠪᠡᠯᠡᠳᠬᠡᠭᠰᠡᠨ᠃ ᠳᠣᠯᠣᠭᠠᠨ ᠰᠠᠷ᠎ᠠ ᠶᠢᠨ ᠲᠤᠷᠰᠢ ᠬᠣᠶᠠᠷ ᠡᠮᠡᠭᠲᠡᠢ ᠶᠢ ᠰᠤᠷᠪᠤᠯᠵᠢᠯᠠᠵᠤ᠂ ᠬᠣᠣᠷᠲᠤ ᠬᠠᠪᠤᠳᠠᠷ ᠢᠶᠠᠷ ᠡᠪᠡᠳᠴᠢᠯᠡᠭᠰᠡᠨ ᠬᠦᠮᠦᠰ᠂ ᠲᠡᠷᠡ ᠳᠤᠮᠳᠠ ᠪᠠᠨ᠂ ᠡᠵᠢ ᠨᠠᠷ ᠲᠤ ᠶᠠᠮᠠᠷ ᠠᠰᠠᠭᠤᠳᠠᠯ ᠲᠤᠯᠭᠠᠷᠠᠳᠠᠭ ᠲᠤᠬᠠᠢ ᠰᠤᠷᠪᠤᠯᠵᠢᠯᠠᠭ᠎ᠠ ᠪᠡᠯᠡᠳᠬᠡᠭᠰᠡᠨ᠃ ᠮᠡᠳᠡᠭᠡᠵᠢ ᠨᠡᠪᠲᠡᠷᠡᠭᠦᠯᠭᠡ ᠶᠢᠨ ᠬᠣᠶᠠᠷ ᠪᠠᠭᠠᠲᠤᠷ ᠳᠡᠭᠡᠷ᠎ᠡ ᠪᠡᠨ ᠡᠳᠦᠷ ᠪᠣᠯᠭᠠᠨ ᠣᠴᠢᠬᠤ ᠦᠭᠡᠢ ᠯᠠ ᠳ᠋ᠡ᠃ ᠶᠡᠷᠦᠩᠬᠡᠢ ᠳᠦ ᠪᠡᠨ ᠮᠡᠳᠡᠭᠡᠨ ᠦ ᠨᠠᠶᠢᠷᠠᠭᠤᠯᠤᠭᠴᠢᠳ ᠠᠵᠢᠯ ᠤᠨ ᠭᠷᠠᠹᠢᠺ ᠤᠨ ᠳᠠᠭᠠᠤ ᠳᠣᠯᠣᠭ᠎ᠠ ᠬᠣᠨᠣᠭ ᠤᠨ 2-4 ᠡᠳᠦᠷ ᠵᠠᠪᠠᠯ ᠲᠤᠬᠠᠢ ᠶᠢᠨ ᠡᠳᠦᠷ ᠦᠨ ᠮᠡᠳᠡᠭᠡ ᠰᠤᠷᠪᠤᠯᠵᠢᠯᠠᠭ᠎ᠠ ᠳᠤ ᠶᠠᠪᠤᠬᠤ ᠶᠣᠰᠣᠲᠠᠢ᠃ ᠬᠠᠷᠢᠨ ᠪᠤᠰᠤᠳ ᠴᠠᠭ ᠢᠶᠠᠷ ᠨᠢ ᠥᠪᠡᠷ ᠦᠨ ᠢᠶᠡᠨ ᠰᠣᠨᠢᠷᠬᠠᠭᠰᠠᠨ ᠰᠡᠳᠦᠪ ᠪᠣᠯᠤᠨ ᠨᠡᠪᠲᠡᠷᠡᠭᠦᠯᠭᠡ ᠳᠡᠭᠡᠷ᠎ᠡ ᠪᠡᠨ ᠠᠵᠢᠯᠯᠠᠳᠠᠭ᠃ ᠲᠡᠶᠢᠮᠦ ᠡᠴᠡ 14 ᠬᠣᠨᠣᠭ ᠲᠤ ᠨᠢᠭᠡ ᠤᠳᠠᠭ᠎ᠠ ᠣᠴᠢᠭᠠᠳ᠂ ᠠᠮᠢᠳᠤᠷᠠᠯ ᠠᠬᠤᠢ᠂ ᠪᠣᠳᠣᠯ ᠰᠠᠨᠠᠭᠠᠨ ᠳᠤ ᠨᠢ ᠭᠠᠷᠴᠤ ᠪᠠᠶᠢᠭ᠎ᠠ ᠥᠭᠡᠷᠡᠴᠢᠯᠡᠯᠲᠡ᠂ ᠦᠢᠯᠡ ᠶᠠᠪᠤᠳᠠᠯ ᠤᠳ ᠢ ᠰᠤᠷᠪᠤᠯᠵᠢᠯᠠᠵᠤ ᠪᠠᠶᠢᠭᠰᠠᠨ᠃ ᠬᠦᠮᠦᠨ ᠦ ᠬᠤᠪᠢ ᠶᠢᠨ ᠠᠮᠢᠳᠤᠷᠠᠯ᠂ ᠡᠳᠦᠷ ᠲᠤᠲᠤᠮ ᠤᠨ ᠠᠬᠤᠢ ᠳᠣᠲᠣᠷ᠎ᠠ ᠺᠠᠮᠧᠷ ᠲᠠᠢ ᠪᠠᠨ ᠣᠷᠣᠵᠤ᠂ ᠣᠯᠠᠨ ᠰᠠᠶ᠎ᠠ ᠬᠦᠮᠦᠨ ᠦᠵᠡᠬᠦ ᠨᠡᠪᠲᠡᠷᠡᠭᠦᠯᠭᠡ ᠪᠣᠯᠭᠠᠵᠤ ᠰᠠᠴᠤᠨ᠎ᠠ ᠭᠡᠳᠡᠭ ᠠᠰᠤᠷᠤ ᠶᠡᠬᠡ ᠬᠠᠷᠢᠭᠤᠴᠠᠯᠭ᠎ᠠ ᠲᠠᠢ ᠠᠵᠢᠯ ᠪᠠᠶᠢᠳᠠᠭ᠃ ᠤᠷᠠᠨ ᠪᠦᠲᠦᠭᠡᠯᠴᠢ ᠶᠢᠨ ᠪᠢᠴᠢᠬᠠᠨ ᠠᠯᠳᠠᠭ᠎ᠠ᠂ ᠠᠩᠵᠠᠭᠠᠷᠠᠵᠤ ᠬᠠᠶᠢᠬᠤᠷᠤᠯ ᠦᠭᠡᠢ ᠪᠢᠴᠢᠭᠰᠡᠨ ᠲᠧᠺᠰᠲ᠂ ᠰᠡᠳᠬᠢᠯ ᠦᠭᠡᠢ ᠪᠠᠶᠢᠳᠠᠯ ᠠᠴᠠ ᠪᠣᠯᠵᠤ ᠲᠤᠬᠠᠢ ᠶᠢᠨ ᠬᠦᠮᠦᠨ ᠪᠣᠯᠤᠨ ᠠᠰᠠᠭᠤᠳᠠᠯ ᠢ ᠪᠠᠶᠢᠭ᠎ᠠ ᠠᠴᠠ ᠨᠢ ᠥᠭᠡᠷ᠎ᠡ ᠪᠡᠷ ᠨᠡᠶᠢᠭᠡᠮ ᠳᠦ ᠬᠠᠷᠠᠭᠤᠯᠬᠤ ᠠᠶᠤᠯ ᠲᠠᠢ ᠪᠠᠶᠢᠳᠠᠭ᠃ ᠨᠡᠪᠲᠡᠷᠡᠭᠦᠯᠭᠡ ᠶᠢᠨ ᠪᠠᠭᠠᠲᠤᠷ ᠲᠡᠷᠡ ᠪᠦᠬᠦ ᠡᠷᠡᠰᠳᠡᠯ ᠢ ᠭᠠᠳᠠᠷᠯᠠᠵᠤ ᠪᠠᠶᠢᠭ᠎ᠠ ᠬᠢᠷᠢᠨ᠎ᠡ ᠺᠠᠮᠧᠷᠠ ᠶᠢᠨ ᠳᠤᠷᠠᠨ ᠤ ᠡᠮᠦᠨ᠎ᠡ ᠬᠤᠪᠢ ᠶᠢᠨ ᠠᠮᠢᠳᠤᠷᠠᠯ᠂ ᠪᠣᠳᠣᠯ ᠰᠡᠳᠬᠢᠯ ᠢᠶᠡᠨ ᠳᠡᠯᠭᠡᠬᠦ ᠶᠢ ᠵᠥᠪᠰᠢᠶᠡᠷᠡᠨ᠎ᠡ ᠭᠡᠳᠡᠭ ᠪᠣᠯ ᠮᠠᠰᠢ ᠲᠣᠮᠣ ᠢᠲᠡᠭᠡᠯ ᠪᠠᠶᠢᠳᠠᠭ᠃ ᠲᠡᠶᠢᠮᠦ ᠡᠴᠡ ᠲᠡᠷᠡ ᠢᠲᠡᠭᠡᠯ ᠢ ᠴᠢᠳᠠᠯ ᠤᠨ ᠢᠶᠠᠨ ᠬᠢᠷᠢ ᠪᠡᠷ ᠳᠠᠭᠠᠭᠠᠬᠤ ᠶᠢ ᠯᠠ ᠪᠣᠳᠣᠵᠤ ᠠᠵᠢᠯᠯᠠᠳᠠᠭ᠃ ᠡᠨᠡ ᠤᠳᠠᠭ᠎ᠠ ᠶᠢᠨ ᠨᠡᠪᠲᠡᠷᠡᠭᠦᠯᠭᠡ ᠶᠢᠨ ᠶᠠᠪᠤᠴᠠ ᠳᠤ᠂ ᠰᠤᠷᠪᠤᠯᠵᠢᠯᠠᠵᠤ ᠪᠠᠶᠢᠭᠰᠠᠨ ᠨᠢᠭᠡ ᠡᠮᠡᠭᠲᠡᠢ ᠮᠠᠨᠢ ᠨᠡᠪᠲᠡᠷᠡᠭᠦᠯᠭᠡ ᠭᠠᠷᠬᠤ ᠠᠴᠠ ᠳᠣᠯᠣᠭ᠎ᠠ ᠬᠣᠨᠣᠭ ᠤᠨ ᠡᠮᠦᠨ᠎ᠡ ᠭᠤᠷᠪᠠᠨ ᠬᠡᠦᠬᠡᠳ᠂ ᠭᠡᠷ ᠪᠦᠯᠢ ᠪᠡᠨ 《ᠣᠷᠬᠢᠭᠠᠳ》 ᠬᠣᠷᠸ᠎ᠠ ᠶᠢᠨ ᠮᠥᠩᠬᠡ ᠪᠤᠰᠤ ᠶᠢ ᠦᠵᠡᠭᠦᠯᠦᠭᠰᠡᠨ ᠲᠡᠷᠡ ᠦᠶ᠎ᠡ ᠳᠦ ᠮᠠᠰᠢ ᠬᠡᠴᠡᠭᠦᠦ ᠪᠠᠶᠢᠭᠰᠠᠨ᠃ ᠡᠶᠢᠮᠦ ᠬᠡᠴᠡᠭᠦᠦ ᠦᠶ᠎ᠡ ᠳᠦ ᠨᠢ ᠡᠨᠡ ᠭᠡᠷ ᠪᠦᠯᠢ᠂ ᠦᠷ᠎ᠡ ᠬᠡᠦᠬᠡᠳ ᠦᠳ ᠤᠷᠤᠭᠤ ᠺᠠᠮᠧᠷ ᠤᠨ ᠳᠤᠷᠠᠨ ᠱᠠᠭᠠᠶᠢᠭᠠᠳ ᠰᠠᠭᠤᠵᠤ ᠪᠠᠶᠢᠳᠠᠭ ᠵᠥᠪ ᠦᠦ᠂ ᠪᠤᠷᠤᠭᠤ ᠤᠤ ᠭᠡᠵᠦ ᠪᠣᠳᠣᠭᠳᠠᠭᠰᠠᠨ᠃ ᠥᠪᠡᠷ ᠲᠡᠢ ᠪᠡᠨ ᠶᠡᠬᠡ ᠵᠥᠷᠢᠴᠡᠯᠳᠦᠭᠰᠡᠨ᠃ ᠭᠡᠬᠦ ᠳᠦ ᠪᠡᠨ ᠦᠯᠡᠳᠡᠭᠰᠡᠨ ᠠᠷᠤ ᠭᠡᠷ ᠨᠢ ᠨᠠᠳᠠ ᠳᠤ ᠢᠲᠡᠭᠡᠵᠦ᠂ ᠨᠡᠪᠲᠡᠷᠡᠭᠦᠯᠭᠡ ᠪᠡᠨ ᠦᠷᠭᠦᠯᠵᠢᠯᠡᠭᠦᠯᠬᠦ ᠶᠢ ᠵᠥᠪᠰᠢᠶᠡᠷᠡᠭᠰᠡᠨ᠃ ᠨᠡᠪᠲᠡᠷᠡᠭᠦᠯᠭᠡ ᠭᠠᠷᠤᠭᠰᠠᠨ ᠤ ᠳᠠᠷᠠᠭ᠎ᠠ ᠠᠳᠠᠯᠢ ᠨᠥᠬᠥᠴᠡᠯ ᠪᠠᠶᠢᠳᠠᠯ ᠲᠠᠢ ᠣᠯᠠᠨ ᠬᠦᠮᠦᠰ ᠡᠴᠡ ᠥᠪᠡᠷᠰᠡᠳ ᠦᠨ ᠬᠢ ᠨᠢ ᠠᠰᠠᠭᠤᠳᠠᠯ ᠢ ᠣᠯᠠᠨ ᠨᠡᠶᠢᠲᠡ ᠳᠦ ᠬᠦᠷᠭᠡᠭᠰᠡᠨ ᠳᠦ ᠲᠠᠯᠠᠷᠬᠠᠯ᠎ᠠ ᠭᠡᠰᠡᠨ ᠵᠤᠷᠪᠤᠰ ᠵᠠᠬᠢᠳᠠᠯ ᠤᠳ ᠢᠷᠡᠭᠰᠡᠨ᠃ ᠲᠡᠭᠡᠬᠦ ᠳᠦ ᠯᠠ᠂ ᠪᠠᠭ᠎ᠠ ᠴᠤ ᠭᠡᠰᠡᠨ ᠬᠥᠮᠦᠨ ᠳ᠋ᠤ ᠬᠡᠷᠡᠭ ᠲᠡᠢ ᠵᠦᠢᠯ ᠬᠢᠭᠰᠡᠨ ᠪᠠᠶᠢᠨ᠎ᠠ ᠳ᠋ᠠ ᠭᠡᠵᠦ ᠪᠣᠳᠣᠭᠠᠳ ᠲᠠᠢ᠌ᠳᠬᠤᠷᠠᠭᠰᠠᠨ᠃ ᠪᠠᠷᠢᠮᠲᠠᠲᠤ ᠨᠡᠪᠲᠡᠷᠡᠭᠦᠯᠭᠡ ᠶᠢᠨ ᠨᠢᠭᠡ ᠰᠣᠨᠢᠷᠬᠠᠯᠲᠠᠢ ᠲᠠᠯ᠎ᠠ ᠨᠢ ᠤᠷᠠᠨ ᠰᠠᠶᠢᠬᠠᠨ ᠤ ᠺᠢᠨᠣ᠋ ᠪᠣᠯᠤᠨ ᠴᠡᠩᠭᠡᠭᠡᠨᠳᠦ ᠨᠡᠪᠲᠡᠷᠡᠭᠦᠯᠭᠡ ᠲᠡᠢ ᠠᠳᠠᠯᠢ ᠤᠷᠢᠳᠴᠢᠯᠠᠭᠰᠠᠨ ᠵᠣᠬᠢᠶᠠᠯ ᠭᠡᠵᠦ ᠪᠠᠶᠢᠳᠠᠭ ᠦᠭᠡᠢ᠃ ᠨᠠᠶᠢᠷᠠᠭᠤᠯᠤᠭᠴᠢ ᠰᠤᠷᠪᠤᠯᠵᠢᠯᠠᠭ᠎ᠠ ᠪᠠᠨ ᠦᠷᠭᠦᠯᠵᠢᠯᠡᠭᠦᠯᠦᠩᠭᠡᠨ᠂ ᠳᠠᠭᠤᠰᠬᠠᠭᠠᠳ᠂ ᠡᠪᠯᠡᠭᠦᠯᠦᠩᠭᠡᠨ ᠠᠰᠠᠭᠤᠳᠠᠯ ᠤᠨ ᠭᠣᠣᠯ ᠶᠠᠭᠤᠨ ᠳᠤ ᠪᠠᠶᠢᠭᠰᠠᠨ ᠢ᠂ ᠶᠠᠭᠤ ᠶᠢ ᠶᠠᠭᠠᠬᠢᠵᠤ ᠢᠯᠡᠷᠬᠡᠶᠢᠯᠡᠬᠦ ᠪᠡᠨ ᠪᠠᠶᠢᠩᠭᠤ ᠠᠩᠵᠠᠭᠠᠷᠠᠵᠤ᠂ ᠪᠣᠳᠣᠵᠤ ᠪᠠᠶᠢᠳᠠᠭ᠃ ᠮᠠᠰᠢ ᠰᠣᠨᠢᠷᠬᠠᠯᠲᠠᠢ ᠬᠢᠷᠢᠨ᠎ᠡ ᠵᠢᠩᠬᠢᠨᠢ ᠴᠢᠮᠦᠭᠡ ᠳᠤᠮᠳᠠᠯᠠᠮᠠᠷ ᠠᠵᠢᠯ᠃ ᠳᠤᠮᠳᠠᠴᠢ ᠪᠠᠷ ᠬᠠᠭᠠᠰ ᠵᠢᠯ ᠡᠴᠡ ᠪᠦᠲᠦᠨ ᠵᠢᠯ ᠰᠤᠷᠪᠤᠯᠵᠢᠯᠠᠵᠤ᠂ ᠣᠯᠠᠨ ᠠᠷᠪᠠᠨ ᠴᠠᠭ ᠪᠢᠴᠢᠯᠭᠡ ᠬᠢᠵᠦ ᠪᠠᠶᠢᠵᠤ ᠨᠢᠭᠡ ᠴᠠᠭ ᠤᠨ ᠪᠠᠷᠢᠮᠲᠠᠲᠤ ᠨᠡᠪᠲᠡᠷᠡᠭᠦᠯᠭᠡ ᠪᠦᠲᠦᠳᠡᠭ᠃ -ᠵᠠᠯᠠᠭᠤ ᠬᠥᠮᠦᠨ ᠳ᠋ᠤ ᠦᠯᠢᠭᠡᠷ ᠳᠠᠭᠤᠷᠢᠶᠠᠯ ᠢᠶᠡᠨ ᠠᠪᠳᠠᠭ ᠬᠦᠮᠦᠨ ᠭᠡᠵᠦ ᠪᠠᠶᠢᠳᠠᠭ ᠳ᠋ᠠ᠃ ᠲᠠᠨ ᠤ ᠦᠯᠢᠭᠡᠷ ᠳᠠᠭᠤᠷᠢᠶᠠᠯ ᠢᠶᠡᠨ ᠠᠪᠳᠠᠭ ᠬᠦᠮᠦᠨ ᠬᠡᠨ ᠪᠤᠢ︖ -ᠪᠢ ᠶᠡᠬᠡ ᠰᠣᠨᠢᠷᠬᠠᠯᠲᠠᠢ᠂ ᠰᠠᠶᠢᠬᠠᠨ ᠬᠦᠮᠦᠰ ᠲᠡᠢ ᠬᠠᠮᠲᠤ ᠠᠵᠢᠯᠯᠠᠳᠠᠭ᠃ ᠳᠡᠭᠡᠷ᠎ᠡ ᠡᠴᠡ ᠨᠢ ᠰᠤᠷᠪᠤᠯᠵᠢᠯᠠᠭ᠎ᠠ ᠪᠠᠷ ᠳᠠᠮᠵᠢᠭᠤᠯᠤᠭᠠᠳ ᠮᠠᠰᠢ ᠣᠯᠠᠨ ᠮᠤᠨᠳᠠᠭ ᠬᠦᠮᠦᠨ ᠲᠡᠢ ᠲᠠᠨᠢᠯ ᠪᠣᠯᠳᠠᠭ᠃ ᠮᠤᠨᠳᠠᠭ ᠭᠡᠳᠡᠭ ᠨᠢ ᠵᠥᠪᠬᠡᠨ ᠥᠨᠳᠥᠷ ᠠᠯᠪᠠᠨ ᠲᠤᠰᠢᠶᠠᠯᠲᠠᠨ᠂ ᠣᠯᠠᠨ ᠤ ᠲᠠᠨᠢᠯ ᠬᠦᠮᠦᠰ ᠢ ᠬᠡᠯᠡᠵᠦ ᠪᠠᠶᠢᠭ᠎ᠠ ᠶᠤᠮ ᠪᠢᠰᠢ ᠰᠢᠦ᠃ ᠦᠨᠡᠬᠡᠷ ᠠᠮᠢᠳᠤᠷᠠᠯ ᠤᠨ ᠵᠥᠪ ᠪᠤᠷᠤᠭᠤ ᠶᠢ ᠣᠯᠵᠤ ᠬᠠᠷᠠᠭᠰᠠᠨ᠂ ᠠᠷᠪᠢᠨ ᠲᠤᠷᠰᠢᠯᠭ᠎ᠠ ᠮᠡᠳᠡᠯᠭᠡ ᠲᠡᠢ᠂ ᠰᠠᠶᠢᠬᠠᠨ ᠰᠡᠳᠬᠢᠯ ᠲᠡᠢ᠂ ᠬᠥᠳᠡᠯᠮᠦᠷᠢᠴᠢ ᠭᠡᠳ ᠣᠯᠠᠨ ᠰᠠᠶᠢᠬᠠᠨ ᠬᠦᠮᠦᠨ ᠲᠡᠢ ᠡᠳᠦᠷ ᠪᠦᠷᠢ ᠰᠢᠨ᠎ᠡ ᠪᠡᠷ ᠲᠠᠨᠢᠯᠴᠠᠵᠤ ᠪᠠᠶᠢᠳᠠᠭ᠃ ᠡᠨᠡ ᠪᠣᠯ ᠬᠢᠵᠦ ᠪᠠᠶᠢᠭ᠎ᠠ ᠠᠵᠢᠯ ᠤᠨ ᠮᠠᠨᠢ ᠨᠢᠭᠡ ᠰᠠᠶᠢᠬᠠᠨ ᠲᠠᠯ᠎ᠠ ᠨᠢ᠃ ᠲᠡᠷᠡ ᠣᠯᠠᠨ ᠬᠦᠮᠦᠰ ᠡᠴᠡ ᠰᠠᠶᠢᠨ ᠰᠠᠶᠢᠬᠠᠨ ᠢ ᠨᠢ ᠣᠯᠵᠤ ᠬᠠᠷᠠᠵᠤ᠂ ᠥᠪᠡᠷ ᠦᠨ ᠢᠶᠡᠨ ᠬᠡᠮᠵᠢᠶᠡᠨ ᠳᠦ ᠰᠠᠶᠢᠨ ᠢ ᠨᠢ ᠰᠤᠷᠣᠭᠠᠳ ᠠᠪᠬᠤ ᠶᠢ ᠬᠢᠴᠢᠶᠡᠳᠡᠭ᠃ ᠬᠠᠷᠢᠨ᠂ ᠬᠡᠨ ᠨᠢᠭᠡᠨ ᠢ ᠰᠣᠬᠣᠷ ᠢᠶᠠᠷ ᠳᠠᠭᠤᠷᠢᠶᠠᠵᠤ ᠪᠤᠶᠤ ᠲᠠᠬᠢᠨ ᠰᠢᠲᠦᠳᠡᠭ ᠦᠭᠡᠢ᠃ ᠪᠢ ᠥᠪᠡᠷ ᠢ ᠪᠡᠨ ᠰᠣᠨᠣᠰᠬᠤ ᠶᠢ ᠮᠠᠰᠢ ᠶᠡᠬᠡ ᠬᠢᠴᠢᠶᠡᠳᠡᠭ᠃ ᠥᠪᠡᠷ ᠦᠨ ᠢᠶᠡᠨ ᠦᠵᠡᠯ ᠪᠣᠳᠣᠯ᠂ ᠰᠡᠳᠬᠢᠯ᠂ ᠰᠡᠷᠡᠯ ᠮᠡᠳᠡᠷᠡᠮᠵᠢ ᠳᠦ ᠲᠤᠯᠭᠠᠭᠤᠷᠢᠯᠠᠵᠤ ᠠᠯᠢᠪᠠ ᠰᠢᠢᠳᠪᠦᠷᠢ ᠨᠦᠭᠦᠳ ᠢ ᠭᠠᠷᠭᠠᠬᠤ ᠶᠢ ᠬᠢᠴᠢᠶᠡᠳᠡᠭ᠃ -ᠠᠮᠢᠳᠤᠷᠠᠯ ᠳᠤ ᠪᠠᠨ ᠠᠪᠴᠤ ᠪᠠᠶᠢᠭᠰᠠᠨ ᠬᠠᠮᠤᠭ ᠤᠨ ᠰᠠᠶᠢᠨ ᠵᠥᠪᠯᠡᠯᠭᠡ ᠲᠠᠨᠢ ᠶᠠᠭᠤ ᠪᠠᠶᠢᠭᠰᠠᠨ ᠪᠤᠢ︖ -ᠡᠮᠡᠭᠡ ᠮᠠᠨᠢ 《ᠰᠠᠨᠠᠭ᠎ᠠ ᠵᠥᠪ ᠪᠣᠯ ᠵᠠᠶᠠᠭ᠎ᠠ ᠵᠥᠪ》 ᠭᠡᠵᠦ ᠦᠷᠭᠦᠯᠵᠢ ᠵᠠᠬᠢᠳᠠᠭ ᠪᠠᠶᠢᠭᠰᠠᠨ᠃ ᠲᠡᠶᠢᠮᠦ ᠳᠦ ᠪᠡᠨ ᠴᠤ ᠡᠮᠡᠭᠡ ᠶᠢᠨ ᠢᠶᠡᠨ ᠰᠤᠷᠭᠠᠯ ᠢᠶᠠᠷ ᠠᠯᠢᠪᠠ ᠵᠦᠢᠯ ᠢ ᠵᠥᠪ ᠰᠡᠳᠬᠢᠯ ᠢᠶᠡᠷ ᠬᠢᠬᠦ ᠶᠢ ᠬᠢᠴᠢᠶᠡᠳᠡᠭ᠃ ᠴᠢᠩ ᠰᠡᠳᠬᠢᠯ ᠭᠡᠬᠦ ᠣᠷᠣᠴᠠ ᠣᠷᠣᠭᠰᠠᠨ ᠦᠢᠯᠡᠰ ᠪᠦᠬᠦᠨ ᠪᠦᠲᠦᠮᠵᠢᠲᠡᠢ ᠪᠠᠶᠢᠳᠠᠭ᠃ ᠡᠨᠡ ᠮᠢᠨᠦ ᠠᠮᠢᠳᠤᠷᠠᠯ ᠳᠤ ᠪᠠᠨ ᠪᠠᠷᠢᠮᠲᠠᠯᠠᠵᠤ ᠶᠠᠪᠤᠳᠠᠭ ᠵᠠᠷᠴᠢᠮ ᠪᠣᠯᠤᠭᠰᠠᠨ᠃ ᠬᠠᠷᠢᠨ ᠠᠵᠢᠯ ᠮᠡᠷᠭᠡᠵᠢᠯ ᠦᠨ ᠬᠤᠪᠢ ᠳᠤ ᠠᠪᠤᠭᠰᠠᠨ ᠬᠠᠮᠤᠭ ᠤᠨ ᠰᠠᠶᠢᠨ ᠵᠥᠪᠯᠡᠯᠭᠡ ᠭᠡᠪᠡᠯ᠂ ᠠᠩᠬ᠎ᠠ ᠠᠵᠢᠯ ᠳᠤ ᠣᠷᠣᠭᠠᠳ ᠤᠳᠠᠭ᠎ᠠ ᠦᠭᠡᠢ ᠪᠠᠶᠢᠬᠤ ᠳᠤ ᠬᠠᠮᠲᠤ ᠠᠵᠢᠯᠯᠠᠳᠠᠭ ᠠᠬᠠᠮᠠᠳ ᠰᠡᠳᠬᠦᠯᠴᠢ᠂ ᠨᠠᠶᠢᠷᠠᠭᠤᠯᠤᠭᠴᠢ ᠮᠠᠨᠢ ᠰᠢᠨ᠎ᠡ ᠰᠤᠷᠪᠤᠯᠵᠢᠯᠠᠭᠴᠢ ᠨᠠᠷ ᠲᠤ ᠵᠣᠷᠢᠭᠤᠯᠵᠤ ᠡᠶᠢᠮᠦ ᠨᠢᠭᠡ ᠦᠭᠡ ᠬᠡᠯᠡᠭᠰᠡᠨ ᠨᠢ ᠶᠡᠬᠡ ᠲᠣᠳᠣ ᠦᠯᠡᠳᠡᠵᠡᠢ᠃《ᠰᠡᠳᠬᠦᠯᠴᠢ᠂ ᠰᠤᠷᠪᠤᠯᠵᠢᠯᠠᠭᠴᠢ ᠭᠡᠳᠡᠭ ᠪᠣᠯ ᠣᠨᠴᠠᠭᠠᠢ ᠡᠷᠬᠡ ᠲᠡᠢ ᠠᠵᠢᠯ ᠪᠢᠰᠢ᠃ ᠲᠠ ᠨᠠᠷ ᠫᠠᠷᠯᠠᠮᠧᠨᠲ ᠤᠨ ᠭᠡᠰᠢᠭᠦᠳ ᠰᠢᠭ ᠠᠷᠠᠳ ᠲᠦᠮᠡᠨ ᠡᠴᠡ ᠰᠣᠩᠭᠣᠭᠳᠠᠭᠰᠠᠨ ᠬᠦᠮᠦᠨ ᠪᠢᠰᠢ᠃ ᠨᠡᠶᠢᠭᠡᠮ ᠤᠨ ᠰᠠᠶᠢᠨ ᠰᠠᠶᠢᠬᠠᠨ ᠤ ᠲᠥᠯᠥᠭᠡ᠂ ᠪᠤᠰᠤᠳ ᠤᠨ ᠮᠡᠳᠡᠬᠦ ᠡᠷᠬᠡ ᠶᠢᠨ ᠲᠥᠯᠥᠭᠡ ᠠᠵᠢᠯᠯᠠᠭᠠᠳ ᠥᠭᠭᠦᠭᠡᠴᠢ ᠭᠡᠵᠦ ᠬᠡᠨ ᠴᠤ ᠴᠢᠮ᠎ᠠ ᠠᠴᠠ ᠭᠤᠶᠤᠭ᠎ᠠ ᠦᠭᠡᠢ᠃ ᠥᠪᠡᠷ ᠦᠨ ᠳᠤᠷ᠎ᠠ ᠰᠣᠨᠢᠷᠬᠠᠯ ᠢᠶᠠᠷ ᠡᠨᠡ ᠠᠵᠢᠯ ᠢ ᠬᠢᠵᠦ ᠶᠠᠪᠤᠭ᠎ᠠ ᠪᠠᠨ ᠪᠠᠶᠢᠩᠭᠤ ᠰᠠᠨᠠ᠃ ᠠᠷᠠᠳ ᠲᠦᠮᠡᠨ ᠦ ᠡᠮᠦᠨ᠎ᠡ ᠡᠴᠡ ᠰᠢᠳᠤᠷᠭᠤ ᠶᠣᠰᠣᠨ ᠤ ᠲᠥᠯᠥᠭᠡ ᠲᠡᠮᠡᠴᠡᠭᠴᠢ ᠣᠨᠴᠠᠭᠠᠢ ᠨᠢᠭᠡᠨ ᠭᠡᠳᠡᠭ ᠲᠡᠨᠡᠭ ᠲᠣᠳᠣᠷᠬᠠᠶᠢᠯᠠᠯᠲᠠ ᠥᠪᠡᠷᠲᠡᠭᠡᠨ ᠵᠡᠭᠦᠯ ᠦᠭᠡᠢ ᠪᠤᠰᠤᠳ ᠤᠨ ᠯᠠ ᠠᠳᠠᠯᠢ ᠡᠮᠦᠨᠡᠬᠢ ᠠᠵᠢᠯ ᠢᠶᠠᠨ ᠰᠠᠶᠢᠨ ᠬᠢᠬᠦ ᠳᠦ ᠯᠠ ᠠᠩᠬᠠᠷ》 ᠭᠡᠰᠡᠨ᠃ ᠲᠤᠬᠠᠢ ᠶᠢᠨ ᠦᠶ᠎ᠡ ᠳᠦ ᠶᠠᠭᠠᠬᠢᠭᠠᠳ ᠢᠩᠭᠢᠵᠦ ᠬᠡᠯᠡᠭᠰᠡᠨ ᠢ ᠨᠢ ᠤᠬᠠᠵᠤ ᠤᠶᠢᠯᠠᠭᠠᠬᠤ ᠭᠡᠵᠦ ᠶᠡᠬᠡ ᠪᠣᠳᠣᠭᠰᠠᠨ᠃ ᠬᠠᠭᠠᠨ ᠰᠢᠷᠡᠭᠡ ᠶᠢ ᠠᠪᠤᠩᠭᠤᠲᠠ ᠪᠠᠨ ᠯᠠ ᠬᠣᠷᠸ᠎ᠠ ᠶᠢᠨ ᠬᠠᠮᠤᠭ ᠪᠣᠯᠬᠤ᠂ ᠪᠥᠲᠥᠬᠦ ᠦᠭᠡᠢ ᠶᠢ ᠵᠠᠰᠠᠵᠤ ᠵᠠᠯᠠᠷᠠᠭᠤᠯᠤᠨ᠎ᠠ ᠬᠡᠮᠡᠨ ᠰᠡᠳᠬᠢᠵᠦ᠂ ᠨᠢᠭᠡ ᠬᠡᠰᠡᠭ ᠲᠦ ᠪᠡᠨ ᠯᠠ ᠦᠵᠡᠳᠡᠭ《ᠵᠠᠯᠠᠭᠤ ᠬᠠᠭᠠᠳ ᠤᠨ ᠡᠪᠡᠳᠴᠢᠨ》 ᠍ ᠲᠡᠢ ᠠᠳᠠᠯᠢ 《ᠵᠠᠯᠠᠭᠤ ᠰᠡᠳᠬᠦᠯᠴᠢᠳ ᠦᠨ ᠡᠪᠡᠳᠴᠢᠨ》 ᠭᠡᠵᠦ ᠪᠠᠶᠢᠳᠠᠭ ᠪᠣᠯᠪᠠ ᠤᠤ᠃ ᠴᠤᠬᠤᠮ ᠯᠠ ᠥᠪᠡᠷ ᠢ ᠪᠡᠨ ᠠᠷᠠᠳ ᠲᠦᠮᠡᠨ ᠦ ᠡᠯᠴᠢ ᠬᠡᠮᠡᠨ ᠰᠡᠳᠬᠢᠬᠦ ᠶᠢᠨ ᠵᠡᠷᠭᠡᠴᠡᠭᠡ ᠨᠡᠶᠢᠲᠡ ᠶᠢᠨ ᠡᠷᠬᠡ ᠠᠰᠢᠭ ᠪᠣᠯᠤᠨ ᠰᠢᠳᠤᠷᠭᠤ ᠶᠣᠰᠣᠨ ᠤ ᠲᠥᠯᠥᠭᠡ ᠶᠠᠪᠤᠭᠴᠢ ᠪᠤᠰᠤᠳ ᠠᠴᠠ ᠳᠠᠪᠠᠭᠤ ᠡᠷᠬᠡ ᠲᠡᠢ ᠬᠡᠮᠡᠨ ᠲᠥᠭᠡᠷᠢᠯᠳᠦᠬᠦ ᠠᠶᠤᠯᠲᠠᠢ ᠡᠪᠡᠳᠴᠢᠨ᠃ ᠡᠨᠡ ᠡᠪᠡᠳᠴᠢᠨ ᠢᠶᠡᠷ ᠡᠪᠡᠳᠦᠴᠢᠬᠡᠬᠦ ᠦᠭᠡᠢ ᠶᠢᠨ ᠲᠤᠯᠠᠳᠠ ᠣᠳᠣ ᠴᠤ ᠳᠡᠭᠡᠷᠡᠬᠢ ᠦᠭᠡ ᠶᠢ ᠪᠠᠶᠢᠩᠭᠤ ᠰᠠᠨᠠᠵᠤ ᠶᠠᠪᠤᠳᠠᠭ᠃ -ᠠᠮᠢᠳᠤᠷᠠᠯ ᠳᠤ ᠪᠠᠨ ᠠᠪᠴᠤ ᠪᠠᠶᠢᠭᠰᠠᠨ ᠬᠠᠮᠤᠭ ᠤᠨ ᠲᠣᠮᠣ ᠪᠦᠲᠦᠯ ᠦᠭᠡᠢᠳᠡᠯ᠂ ᠰᠤᠷᠭᠠᠮᠵᠢ ᠲᠠᠨᠢ ᠶᠠᠭᠤ ᠪᠤᠢ︖ -ᠣᠳᠣ ᠪᠣᠳᠣᠬᠤ ᠳ᠋ᠤ᠂ ᠶᠠᠫᠣᠨ ᠳᠤ ᠰᠤᠷᠬᠤ ᠪᠠᠷ ᠠᠩᠬ᠎ᠠ ᠢᠷᠡᠴᠢᠬᠡᠭᠡᠳ ᠣᠯᠠᠨ ᠨᠡᠶᠢᠲᠡ ᠶᠢᠨ ᠠᠵᠢᠯ ᠳᠤ ᠣᠷᠣᠯᠴᠠᠬᠤ ᠳᠤ ᠪᠠᠨ ᠶᠡᠬᠡ ᠬᠣᠢᠷᠭᠤ ᠪᠠᠶᠢᠭᠰᠠᠨ᠃ ᠦᠨᠡᠨ ᠳᠦ ᠪᠡᠨ ᠪᠣᠯ᠂ ᠵᠣᠷᠢᠭᠤᠳᠠ ᠴᠠᠭ ᠭᠠᠷᠭᠠᠨ ᠣᠯᠠᠨ ᠨᠡᠶᠢᠲᠡ ᠶᠢᠨ ᠠᠵᠢᠯ ᠳᠤ ᠣᠷᠣᠯᠴᠠᠵᠤ᠂ ᠪᠤᠰᠤᠳ ᠤᠨ ᠲᠥᠯᠥᠭᠡ ᠶᠠᠮᠠᠷ ᠨᠢᠭᠡ ᠵᠦᠢᠯ ᠬᠢᠬᠦ ᠨᠢ ᠲᠤᠬᠠᠢ ᠶᠢᠨ ᠬᠥᠮᠦᠨ ᠳ᠋ᠤ ᠪᠡᠨ᠂ ᠴᠢᠨᠠᠭᠰᠢᠯᠠᠭᠠᠳ ᠡᠷᠭᠢᠭᠡᠳ ᠥᠪᠡᠷ ᠲᠦ ᠮᠠᠨᠢ ᠴᠤ ᠮᠠᠰᠢ ᠰᠠᠶᠢᠨ ᠢᠶᠠᠷ ᠨᠥᠯᠦᠭᠡᠯᠡᠳᠡᠭ ᠭᠡᠳᠡᠭ ᠢ ᠬᠣᠵᠢᠮ ᠯᠠ ᠣᠶᠢᠯᠠᠭᠠᠭᠰᠠᠨ᠃ - ᠬᠣᠷᠢᠨ ᠨᠢᠭᠡᠳᠦᠭᠡᠷ ᠵᠠᠭᠤᠨ ᠳᠤ ᠵᠠᠯᠠᠭᠤ ᠬᠦᠮᠦᠨ ᠦ ᠭᠣᠣᠯ ᠥᠷᠢᠰᠦᠯᠳᠡᠬᠦ ᠴᠢᠳᠠᠪᠤᠷᠢ ᠶᠢ ᠲᠠ ᠶᠠᠭᠤ ᠭᠡᠵᠦ ᠲᠣᠳᠣᠷᠬᠠᠶᠢᠯᠠᠬᠤ ᠪᠤᠢ᠃ ᠲᠠᠨ ᠤ ᠬᠤᠪᠢ ᠳᠤ ᠶᠠᠮᠠᠷ ᠴᠢᠭᠯᠡᠯ ᠳᠦ ᠥᠪᠡᠷ ᠢ ᠪᠡᠨ ᠢᠯᠡᠭᠦᠦ ᠲᠡᠢ ᠬᠥᠭᠵᠢᠭᠦᠯᠵᠦ ᠪᠠᠶᠢᠨ᠎ᠠ ᠪᠤᠢ︖ -ᠠᠯᠢᠪᠠ ᠠᠯᠪᠠᠨ ᠪᠠᠶᠢᠭᠤᠯᠤᠯᠭ᠎ᠠ ᠶᠢᠨ ᠴᠠᠭᠠᠨ᠎ᠠ ᠴᠤ ᠲᠡᠷᠡ᠂ ᠤᠯᠤᠰ ᠣᠷᠣᠨ ᠤ ᠴᠠᠭᠠᠨ᠎ᠠ ᠴᠤ ᠲᠡᠷᠡ ᠬᠦᠮᠦᠨ ᠯᠠ ᠪᠠᠶᠢᠳᠠᠭ᠃ ᠠᠯᠢᠪᠠ ᠨᠢᠭᠡ ᠤᠯᠤᠰ ᠣᠷᠣᠨ ᠲᠠᠢ᠂ ᠠᠯᠪᠠᠨ ᠭᠠᠵᠠᠷ ᠲᠠᠢ ᠭᠡᠷ᠎ᠡ ᠬᠡᠯᠡᠴᠡᠯ ᠬᠢᠬᠦ ᠭᠡᠳ ᠣᠴᠢᠬᠤ ᠳᠤ ᠲᠡᠨᠳᠡ ᠬᠦᠮᠦᠨ ᠯᠠ ᠲᠥᠯᠦᠭᠡᠯᠡᠵᠦ ᠪᠠᠶᠢᠳᠠᠭ᠃ ᠲᠡᠶᠢᠮᠦ ᠡᠴᠡ ᠬᠦᠮᠦᠨ ᠲᠡᠢ ᠬᠠᠷᠢᠯᠴᠠᠬᠤ ᠴᠢᠳᠠᠪᠤᠷᠢ ᠬᠠᠮᠤᠭ ᠤᠨ ᠴᠢᠬᠤᠯᠠ ᠳᠤ ᠲᠣᠭᠠᠴᠠᠭᠳᠠᠬᠤ ᠶᠣᠰᠣᠲᠠᠢ ᠭᠡᠵᠦ ᠪᠣᠳᠣᠳᠠᠭ᠃ ᠭᠡᠬᠦ ᠳᠦ ᠪᠡᠨ ᠥᠩᠭᠡᠨ ᠲᠠᠯ᠎ᠠ ᠶᠢᠨ ᠰᠤᠶᠤᠯ ᠲᠠᠢ ᠪᠠᠶᠢᠳᠠᠯ᠂ ᠰᠠᠶᠢᠬᠠᠨ ᠦᠭᠡ ᠬᠡᠯᠡᠯᠭᠡ ᠡᠴᠡ ᠭᠠᠳᠠᠨ᠎ᠠ ᠬᠠᠮᠤᠭ ᠤᠨ ᠴᠢᠬᠤᠯᠠ ᠨᠢ ᠬᠠᠷᠢᠯᠴᠠᠭᠴᠢ ᠶᠢᠨ ᠢᠶᠠᠨ ᠪᠠᠶᠢᠷᠢ ᠰᠠᠭᠤᠷᠢ ᠠᠴᠠ ᠠᠰᠠᠭᠤᠳᠠᠯ ᠢ ᠬᠠᠷᠠᠬᠤ ᠴᠢᠳᠠᠪᠤᠷᠢ᠂ ᠬᠢᠬᠦ ᠶᠢ ᠬᠢᠴᠢᠶᠡᠬᠦ ᠰᠡᠳᠬᠢᠯ ᠭᠡᠵᠦ ᠪᠣᠳᠣᠳᠠᠭ᠃ ᠢᠩᠭᠢᠭᠡᠳ ᠬᠡᠯᠡᠴᠢᠬᠡᠪᠡᠯ ᠡᠨᠡ ᠬᠦᠮᠦᠨ ᠦ ᠰᠡᠳᠬᠢᠯ ᠢ ᠡᠮᠵᠡᠭᠯᠡᠭᠦᠯᠴᠢᠬᠦ ᠪᠤᠢ᠂ ᠢᠩᠭᠢᠭᠡᠳ ᠬᠢᠴᠢᠬᠡᠪᠡᠯ ᠡᠨᠡ ᠬᠦᠮᠦᠨ ᠪᠠᠶᠠᠷᠯᠠᠬᠤ ᠪᠠᠶᠢᠬᠤ ᠵᠡᠷᠭᠡ ᠪᠡᠷ ᠨᠥᠭᠥᠭᠡ ᠬᠥᠮᠦᠨ ᠢᠶᠡᠨ ᠪᠣᠳᠣᠵᠤ ᠬᠠᠷᠢᠯᠴᠠᠵᠤ ᠪᠠᠶᠢᠪᠠᠯ ᠠᠵᠢᠯ ᠬᠡᠷᠡᠭ ᠴᠤ ᠲᠡᠷᠡ᠂ ᠠᠶᠢᠯ ᠭᠡᠷ ᠦᠨ ᠠᠮᠢᠳᠤᠷᠠᠯ ᠴᠤ ᠲᠡᠷᠡ ᠡᠪᠲᠡᠢ ᠨᠠᠶᠢᠷᠲᠠᠢ᠂ ᠪᠦᠲᠦᠮᠵᠢᠲᠡᠢ ᠰᠠᠶᠢᠬᠠᠨ ᠪᠠᠶᠢᠨ᠎ᠠ ᠭᠡᠵᠦ ᠪᠣᠳᠣᠳᠠᠭ᠃ -ᠲᠠᠨ ᠤ ᠠᠵᠢᠯ ᠤᠨ ᠣᠨᠴᠠᠯᠠᠬᠤ ᠠᠷᠭ᠎ᠠ ᠪᠠᠷᠢᠯ᠂ ᠴᠠᠭ ᠬᠡᠮᠨᠡᠬᠦ ᠠᠷᠭ᠎ᠠ ᠶᠠᠭᠤ ᠪᠤᠢ︖ -ᠬᠡᠪᠯᠡᠯ ᠮᠡᠳᠡᠭᠡᠯᠡᠯ ᠦᠨ ᠰᠠᠯᠪᠤᠷᠢ ᠳᠤ ᠠᠵᠢᠯᠯᠠᠨ᠎ᠠ ᠭᠡᠳᠡᠭ ᠥᠨᠳᠥᠷ ᠬᠤᠷᠳᠤ ᠲᠠᠢ ᠬᠢᠷᠢᠨ᠎ᠡ ᠠᠩᠬᠠᠷᠤᠯ ᠲᠠᠢ᠂ ᠨᠢᠭᠲᠠ ᠠᠵᠢᠯᠯᠠᠬᠤ ᠶᠢ ᠱᠠᠭᠠᠷᠳᠠᠳᠠᠭ᠃ ᠨᠠᠶᠢᠷᠠᠭᠤᠯᠤᠭᠴᠢ ᠬᠦᠮᠦᠨ ᠭᠡᠳᠡᠭ ᠰᠤᠷᠪᠤᠯᠵᠢᠯᠠᠭ᠎ᠠ ᠡᠬᠢᠯᠡᠭᠰᠡᠨ ᠯᠠ ᠪᠣᠯ᠂ ᠰᠤᠷᠪᠤᠯᠵᠢᠯᠠᠭ᠎ᠠ ᠠᠪᠴᠤ ᠪᠠᠶᠢᠭ᠎ᠠ ᠬᠦᠮᠦᠨ ᠲᠡᠢ ᠪᠡᠨ ᠬᠠᠷᠢᠴᠠᠬᠤ ᠠᠴᠠ ᠭᠠᠳᠠᠨ᠎ᠠ ᠵᠢᠷᠤᠭᠯᠠᠭᠠᠴᠢ᠂ ᠳᠠᠭᠤᠨ ᠤ ᠣᠫᠧᠷᠠᠲ᠋ᠣᠷ᠂ ᠡᠪᠯᠡᠭᠦᠯᠦᠭᠴᠢ ᠭᠡᠳ ᠪᠠᠭ ᠤᠨ ᠬᠦᠮᠦᠰ ᠢ ᠤᠳᠤᠷᠢᠳᠤᠨ ᠵᠣᠬᠢᠶᠠᠨ ᠪᠠᠶᠢᠭᠤᠯᠵᠤ᠂ ᠨᠥᠬᠥᠴᠡᠯ ᠪᠠᠶᠢᠳᠠᠯ ᠢ ᠵᠥᠪ ᠳ᠋ᠦᠩᠨᠡᠵᠦ᠂ ᠪᠣᠭᠣᠨᠢ ᠬᠤᠭᠤᠴᠠᠭᠠᠨ ᠳᠤ ᠣᠯᠠᠨ ᠰᠢᠢᠳᠪᠦᠷᠢ ᠭᠠᠷᠭᠠᠬᠤ ᠬᠡᠷᠡᠭᠲᠡᠢ ᠪᠣᠯᠳᠠᠭ᠃ ᠬᠦᠯᠢᠶᠡᠵᠦ ᠪᠠᠶᠢᠭᠠᠷᠠᠢ᠂ ᠵᠢᠭᠠᠬᠠᠨ ᠪᠣᠳᠣᠶ᠎ᠠ ᠭᠡᠵᠦ ᠬᠡᠯᠡᠭᠡᠳ ᠵᠣᠭᠰᠣᠭᠠᠬᠤ ᠶᠢᠨ ᠠᠷᠭ᠎ᠠ ᠦᠭᠡᠢ᠃ ᠲᠡᠶᠢᠮᠦ ᠡᠴᠡ᠂ ᠤᠷᠢᠳᠴᠢᠯᠠᠭᠰᠠᠨ ᠪᠡᠯᠡᠳᠬᠡᠯ᠂ ᠪᠠᠶᠢᠩᠭᠤ ᠶᠢᠨ ᠳᠠᠰᠬᠠᠯ ᠮᠠᠰᠢ ᠴᠢᠬᠤᠯᠠ ᠪᠠᠶᠢᠳᠠᠭ᠃ ᠮᠡᠳᠡᠭᠡᠵᠢ ᠰᠤᠷᠪᠤᠯᠵᠢᠯᠠᠭ᠎ᠠ ᠪᠣᠯᠭᠠᠨ ᠤ ᠡᠮᠦᠨ᠎ᠡ᠂ ᠴᠠᠭ ᠯᠠ ᠭᠠᠷᠪᠠᠯ ᠲᠤᠬᠠᠢ ᠶᠢᠨ ᠠᠰᠠᠭᠤᠳᠠᠯ᠂ ᠬᠦᠮᠦᠨ ᠦ ᠲᠠᠯ᠎ᠠ ᠪᠠᠷ ᠪᠣᠯᠤᠮᠵᠢᠲᠤ ᠪᠦᠬᠦ ᠬᠠᠶᠢᠯᠲᠠ ᠶᠢ ᠬᠢᠵᠦ᠂ ᠰᠤᠳᠤᠯᠵᠤ ᠪᠡᠯᠡᠳᠬᠦ ᠱᠠᠭᠠᠷᠳᠠᠯᠭ᠎ᠠ ᠲᠠᠢ ᠪᠣᠯᠳᠠᠭ᠃ ᠥᠭᠡᠷ᠎ᠡ ᠪᠡᠷ ᠬᠡᠯᠡᠪᠡᠯ ᠭᠡᠷ ᠦᠨ ᠳᠠᠭᠠᠭᠠᠯᠭᠠᠪᠤᠷᠢ ᠪᠠᠨ ᠰᠠᠶᠢᠨ ᠬᠢᠬᠦ ᠶᠢ ᠬᠢᠴᠢᠶᠡᠳᠡᠭ᠃ ᠲᠡᠭᠦᠨ ᠡᠴᠡ ᠭᠠᠳᠠᠨ᠎ᠠ᠂ ᠪᠠᠶᠢᠩᠭᠤ ᠶᠢᠨ ᠪᠡᠯᠡᠳᠬᠡᠯ ᠲᠡᠢ ᠪᠠᠶᠢᠬᠤ ᠶᠢᠨ ᠲᠤᠯᠠᠳᠠ ᠰᠣᠨᠢᠨ ᠶᠡᠬᠡ ᠤᠩᠰᠢᠳᠠᠭ᠃ ᠶᠠᠫᠣᠨ ᠳᠤ ᠴᠤ ᠭᠡᠰᠡᠨ ᠮᠣᠩᠭᠣᠯ ᠲᠠᠢ ᠠᠳᠠᠯᠢ ᠢᠨᠲ᠋ᠧᠷᠨᠡᠲ ᠰᠠᠶᠢᠲ ᠤᠳ ᠠᠴᠠ ᠯᠠ ᠮᠡᠳᠡᠭᠡᠯᠡᠯ ᠢᠶᠡᠨ ᠠᠪᠳᠠᠭ ᠵᠠᠯᠠᠭᠤᠴᠤᠳ ᠶᠡᠬᠡᠰᠴᠥ ᠪᠠᠶᠢᠭ᠎ᠠ ᠴᠤ ᠡᠳᠦᠷ ᠲᠤᠲᠤᠮ ᠤᠨ ᠰᠣᠨᠢᠨ ᠡᠬᠢ ᠰᠤᠷᠪᠤᠯᠵᠢ ᠪᠣᠯᠳᠠᠭ ᠬᠦᠴᠦᠲᠡᠢ᠂ ᠴᠢᠨᠠᠷᠲᠠᠢ ᠬᠡᠪ ᠢᠶᠡᠷ ᠪᠠᠶᠢᠭᠰᠠᠭᠠᠷ ᠯᠠ ᠪᠠᠶᠢᠭ᠎ᠠ᠃ ᠰᠣᠨᠢᠨ ᠤ ᠬᠤᠪᠢ ᠳᠤ ᠮᠡᠳᠡᠭᠡᠯᠡᠯ ᠦᠨ ᠰᠠᠶᠢᠲ ᠠᠴᠠ ᠢᠯᠭᠠᠭᠳᠠᠬᠤ ᠣᠨᠴᠠᠯᠢᠭ ᠨᠢ᠂ ᠨᠡᠶᠢᠲᠡᠯᠡᠯ ᠶᠠᠷᠢᠯᠴᠠᠯᠭ᠎ᠠ ᠨᠤᠭᠤᠳ ᠬᠡᠳᠦᠢ ᠬᠡᠮᠵᠢᠶ᠎ᠡ ᠲᠡᠢ ᠶᠠᠮᠠᠷ ᠨᠢᠭᠤᠷ ᠲᠤ ᠭᠠᠷᠤᠭᠰᠠᠨ ᠢ ᠨᠢᠭᠡ ᠬᠠᠷᠠᠭᠠᠳ ᠯᠠ ᠲᠤᠬᠠᠢ ᠶᠢᠨ ᠮᠡᠳᠡᠭᠡ ᠶᠢ ᠳᠡᠯᠭᠡᠷᠡᠭᠦᠯᠵᠦ ᠲᠤᠮᠤᠷᠠᠭᠤᠯᠬᠤ ᠡᠰᠡᠬᠦ᠂ ᠴᠢᠬᠤᠯᠠ ᠡᠰᠡᠬᠦ ᠶᠢ ᠮᠡᠳᠡᠵᠦ ᠪᠣᠯᠳᠠᠭ᠃ ᠳᠡᠭᠡᠷ᠎ᠡ ᠡᠴᠡ ᠨᠢ᠂ ᠢᠨᠲ᠋ᠧᠷᠨᠡᠲ ᠢᠶᠡᠷ ᠬᠦᠮᠦᠨ ᠵᠥᠪᠬᠡᠨ ᠥᠪᠡᠷ ᠦᠨ ᠢᠶᠡᠨ ᠰᠣᠨᠢᠷᠬᠠᠭᠰᠠᠨ ᠵᠦᠢᠯ ᠢ ᠯᠠ ᠣᠯᠵᠤ ᠤᠩᠰᠢᠬᠤ ᠬᠠᠨᠳᠤᠯᠭ᠎ᠠ ᠶᠡᠬᠡ ᠪᠠᠶᠢᠳᠠᠭ᠃ ᠲᠡᠭᠡᠭᠰᠡᠨ ᠢᠶᠡᠷ ᠮᠡᠳᠡᠭᠡᠯᠡᠯ ᠥᠷᠥᠭᠡᠰᠦᠭᠡᠯ ᠪᠣᠯᠬᠤ ᠠᠶᠤᠯᠲᠠᠢ᠃ ᠭᠡᠲᠡᠯ᠎ᠡ ᠰᠣᠨᠢᠨ ᠡᠷᠭᠢᠭᠦᠯᠵᠦ ᠪᠠᠶᠢᠬᠤ ᠳᠤ᠂ ᠡᠮᠦᠨ᠎ᠡ ᠨᠢ ᠰᠣᠨᠢᠷᠬᠠᠳᠠᠭ ᠦᠭᠡᠢ᠂ ᠮᠡᠳᠡᠳᠡᠭ ᠦᠭᠡᠢ ᠪᠠᠶᠢᠭᠰᠠᠨ ᠰᠢᠨ᠎ᠡ ᠰᠡᠳᠦᠪ᠂ ᠮᠡᠳᠡᠭᠡᠯᠡᠯ ᠦᠳ ᠲᠡᠢ ᠤᠴᠠᠷᠠᠬᠤ ᠮᠠᠭᠠᠳᠯᠠᠯ ᠶᠡᠬᠡᠰᠳᠡᠭ᠃ ᠲᠡᠶᠢᠮᠦ ᠡᠴᠡ ᠥᠷᠯᠥᠭᠡ ᠠᠵᠢᠯ ᠳᠡᠭᠡᠷ᠎ᠡ ᠪᠡᠨ ᠢᠷᠡᠭᠡᠳ ᠯᠠ ᠬᠠᠮᠤᠭ ᠤᠨ ᠲᠦᠷᠦᠭᠦᠨ ᠳᠦ 10 ᠮᠢᠨᠦ᠋ᠲ ᠣᠷᠴᠢᠮ ᠵᠠᠷᠤᠴᠠᠭᠤᠯᠤᠭᠠᠳ ᠪᠦᠬᠦ ᠰᠣᠨᠢᠨ ᠢ ᠭᠠᠷᠴᠠᠭᠯᠠᠳᠠᠭ᠃ ᠵᠥᠪᠬᠡᠨ ᠭᠠᠷᠴᠠᠭᠯᠠᠬᠤ ᠳᠤ ᠯᠠ ᠨᠡᠶᠢᠭᠡᠮ ᠳᠦ ᠥᠨᠥᠳᠥᠷ ᠶᠠᠮᠠᠷ ᠰᠡᠳᠦᠪ ᠦᠳ ᠶᠠᠮᠠᠷ ᠲᠥᠪᠰᠢᠨ ᠳᠦ ᠶᠠᠷᠢᠭᠳᠠᠵᠤ ᠪᠠᠶᠢᠭ᠎ᠠ ᠨᠢ ᠶᠡᠷᠦᠩᠬᠡᠢ ᠳᠦ ᠪᠡᠨ ᠪᠠᠭᠴᠠᠭᠠᠯᠠᠭᠳᠠᠭᠠᠳ ᠢᠷᠡᠳᠡᠭ᠃ ᠲᠡᠭᠡᠭᠡᠳ ᠯᠠᠪᠰᠢᠷᠠᠭᠤᠯᠵᠤ ᠤᠩᠰᠢᠮᠠᠷ ᠪᠠᠶᠢᠭ᠎ᠠ ᠨᠡᠶᠢᠲᠡᠯᠡᠯ ᠶᠠᠷᠢᠯᠴᠠᠯᠭ᠎ᠠ ᠨᠤᠭᠤᠳ ᠤᠨ ᠢᠶᠠᠨ ᠵᠢᠷᠤᠭ ᠢ ᠭᠠᠷ ᠤᠲᠠᠰᠤ ᠪᠠᠷ ᠢᠶᠠᠨ ᠠᠪᠴᠢᠬᠠᠭᠠᠳ ᠳᠠᠷᠠᠭ᠎ᠠ ᠨᠢ ᠴᠠᠭ ᠭᠠᠷᠤᠭᠰᠠᠨ ᠦᠶ᠎ᠡ ᠳᠦ ᠤᠩᠰᠢᠴᠢᠬᠠᠳᠠᠭ ᠶᠤᠮ᠃ ᠭᠡᠬᠦ ᠳᠦ ᠪᠡᠨ ᠲᠠᠨ ᠤ ᠬᠢ ᠰᠢᠭ ᠮᠡᠳᠡᠭᠡᠯᠡᠯ ᠦᠨ ᠰᠠᠶᠢᠲ ᠤᠳ ᠢ ᠦᠭᠡᠶᠢᠰᠬᠡᠭᠡ ᠦᠭᠡᠢ ᠰᠢᠦ᠃ ᠠᠯᠢ ᠠᠯᠢᠨ ᠳᠤ ᠨᠢ ᠳᠠᠪᠠᠭᠤ ᠪᠠᠰᠠ ᠳᠤᠲᠠᠭᠳᠠᠯ ᠲᠠᠢ ᠲᠠᠯ᠎ᠠ ᠪᠠᠶᠢᠭ᠎ᠠ᠃ -ᠰᠡᠳᠬᠦᠯ ᠵᠦᠢ᠂ ᠬᠡᠪᠯᠡᠯ ᠮᠡᠳᠡᠭᠡᠯᠡᠯ ᠦᠨ ᠡᠭᠦᠷᠭᠡ ᠶᠢ ᠲᠠ ᠶᠠᠭᠤ ᠭᠡᠵᠦ ᠬᠠᠷᠠᠳᠠᠭ ᠪᠤᠢ᠃ ᠶᠠᠫᠣᠨ ᠤ ᠬᠡᠪᠯᠡᠯ ᠮᠡᠳᠡᠭᠡᠯᠡᠯ ᠦᠨ ᠬᠡᠷᠡᠭᠰᠡᠯ ᠦᠳ ᠰᠡᠳᠬᠦᠯ ᠵᠦᠢ ᠶᠢᠨ ᠡᠭᠦᠷᠭᠡ ᠪᠡᠨ ᠬᠢᠷᠢ ᠵᠡᠷᠭᠡ ᠰᠠᠶᠢᠨ ᠪᠡᠶᠡᠯᠡᠭᠦᠯᠵᠦ ᠴᠢᠳᠠᠳᠠᠭ ᠪᠤᠢ᠃ ᠮᠥᠨ ᠲᠤᠰ ᠰᠠᠯᠪᠤᠷᠢ ᠶᠢ ᠮᠣᠩᠭᠣᠯ ᠲᠠᠢ ᠬᠠᠷᠢᠴᠠᠭᠤᠯᠵᠤ ᠬᠠᠷᠠᠵᠤ ᠪᠠᠶᠢᠭᠰᠠᠨ ᠤᠤ︖ -ᠠᠷᠠᠳᠴᠢᠯᠠᠭᠰᠠᠨ ᠨᠡᠶᠢᠭᠡᠮ ᠳᠦ ᠬᠡᠪᠯᠡᠯ ᠮᠡᠳᠡᠭᠡᠯᠡᠯ ᠦᠨ ᠦᠨᠳᠦᠰᠦᠨ ᠡᠭᠦᠷᠭᠡ ᠪᠣᠯ ᠠᠷᠠᠳ ᠢᠷᠭᠡᠳ ᠦᠨ ᠮᠡᠳᠡᠬᠦ ᠡᠷᠬᠡ ᠶᠢ ᠬᠠᠩᠭᠠᠬᠤ᠂ ᠥᠭᠡᠷ᠎ᠡ ᠪᠡᠷ ᠬᠡᠯᠡᠪᠡᠯ ᠮᠡᠳᠡᠭᠡᠯᠡᠯ ᠣᠯᠭᠣᠬᠤ ᠶᠠᠪᠤᠳᠠᠯ᠃ ᠲᠡᠷᠡ ᠳᠤᠮᠳᠠ ᠪᠠᠨ ᠲᠧᠯᠸᠢᠰ ᠢ ᠲᠣᠪᠴᠢᠬᠠᠨ᠂ ᠡᠩ ᠦᠨ ᠢᠶᠡᠷ ᠬᠡᠯᠡᠪᠡᠯ ᠨᠡᠶᠢᠲᠡ ᠶᠢᠨ ᠥᠮᠴᠢ ᠪᠣᠯᠬᠤ ᠳᠣᠯᠭᠢᠶᠠᠨ ᠢ ᠠᠰᠢᠭᠯᠠᠵᠤ ᠪᠠᠶᠢᠭ᠎ᠠ ᠶᠢᠨ ᠢᠶᠠᠨ ᠬᠤᠪᠢ ᠳᠤ ᠮᠡᠳᠡᠭᠡᠯᠡᠯ ᠢᠶᠡᠷ ᠳᠠᠮᠵᠢᠭᠤᠯᠤᠨ ᠨᠡᠶᠢᠭᠡᠮ ᠤᠨ ᠰᠠᠶᠢᠨ ᠰᠠᠶᠢᠬᠠᠨ ᠤ ᠲᠥᠯᠥᠭᠡ ᠦᠢᠯᠡᠴᠢᠯᠡᠬᠦ ᠦᠨᠳᠦᠰᠦᠨ ᠡᠭᠦᠷᠭᠡ ᠲᠡᠢ᠃ ᠤᠯᠤᠰ ᠠᠴᠠ ᠰᠠᠩᠬᠦᠵᠢᠵᠦ᠂ ᠢᠷᠭᠡᠳ ᠡᠴᠡ ᠬᠤᠷᠢᠶᠠᠮᠵᠢ ᠠᠪᠳᠠᠭ ᠣᠯᠠᠨ ᠨᠡᠶᠢᠲᠡ ᠶᠢᠨ ᠲᠧᠯᠸᠢᠰ ᠴᠤ ᠪᠠᠢ᠂ ᠵᠠᠷ ᠰᠤᠷᠲᠠᠯᠴᠢᠯᠠᠭᠠᠨ ᠤ ᠠᠰᠢᠭ ᠢᠶᠠᠷ ᠰᠠᠩᠬᠦᠵᠢᠳᠡᠭ ᠠᠷᠠᠯᠵᠢᠶᠠᠨ ᠤ ᠬᠢ ᠴᠤ ᠪᠠᠢ ᠢᠯᠭᠠᠭ᠎ᠠ ᠦᠭᠡᠢ᠃ ᠶᠠᠫᠣᠨ ᠤ ᠲᠧᠯᠸᠢᠰ ᠦᠳ ᠦᠨ ᠬᠤᠪᠢ ᠳᠤ ᠡᠨᠡ ᠡᠭᠦᠷᠭᠡ ᠪᠡᠨ ᠬᠠᠷᠢᠴᠠᠩᠭᠤᠢ ᠰᠠᠶᠢᠨ ᠪᠡᠶᠡᠯᠡᠭᠦᠯᠳᠡᠭ ᠭᠡᠵᠦ ᠪᠣᠳᠣᠵᠤ ᠪᠠᠶᠢᠨ᠎ᠠ᠃ ᠶᠠᠭᠠᠬᠢᠭᠠᠳ ᠭᠡᠪᠡᠯ ᠲᠡᠳᠡ ᠬᠠᠤᠯᠢ ᠡᠷᠬᠡ ᠵᠦᠢ᠂ ᠬᠠᠮᠤᠭ ᠤᠨ ᠭᠣᠣᠯ ᠨᠢ᠂ ᠰᠠᠩᠬᠦᠦ ᠶᠢᠨ ᠬᠤᠪᠢ ᠳᠤ ᠪᠦᠷᠢᠨ ᠡᠷᠬᠡ ᠴᠢᠯᠦᠭᠡ ᠲᠡᠢ ᠪᠠᠶᠢᠳᠠᠭ᠃ ᠬᠡᠨ ᠨᠢᠭᠡᠨ ᠤᠯᠤᠰ ᠲᠥᠷᠥᠴᠢ᠂ ᠶᠠᠮᠠᠷ ᠨᠢᠭᠡ ᠬᠦᠴᠦᠨ ᠦ ᠲᠥᠯᠥᠭᠡᠯᠡᠯ ᠡᠴᠡ ᠳᠠᠷᠤᠮᠲᠠ ᠰᠢᠬᠠᠯᠲᠠ ᠢᠷᠡᠭᠰᠡᠨ ᠲᠣᠬᠢᠶᠠᠯᠳᠤᠯ ᠳᠤ ᠭᠠᠩᠬᠤᠯ ᠦᠭᠡᠢ ᠰᠥᠷᠦᠵᠦ ᠵᠣᠭᠰᠣᠬᠤ ᠴᠢᠳᠠᠪᠤᠷᠢ ᠲᠠᠢ ᠪᠠᠶᠢᠳᠠᠭ᠃ ᠡᠨᠡ ᠰᠠᠩᠬᠦᠦ ᠶᠢᠨ ᠡᠷᠬᠡ ᠴᠢᠯᠦᠭᠡ ᠬᠡᠷᠬᠢᠨ ᠬᠠᠩᠭᠠᠭᠳᠠᠳᠠᠭ ᠪᠤᠢ ᠭᠡᠪᠡᠯ᠂ ᠶᠠᠫᠣᠨ ᠳᠤ ᠨᠢᠭᠡ ᠡᠹᠢᠷ ᠦᠨ ᠪᠥᠰᠡ ᠳᠦ ᠦᠢᠯᠡ ᠠᠵᠢᠯᠯᠠᠭ᠎ᠠ ᠶᠠᠪᠤᠭᠤᠯᠳᠠᠭ ᠠᠷᠠᠯᠵᠢᠶᠠᠨ ᠤ ᠲᠧᠯᠸᠢᠰ ᠦᠨ ᠲᠣᠭ᠎ᠠ ᠲᠠᠪᠤ ᠠᠴᠠ ᠬᠡᠲᠦᠷᠡᠳᠡᠭ ᠦᠭᠡᠢ᠃ ᠢᠩᠭᠢᠭᠰᠡᠨ ᠢᠶᠡᠷ ᠲᠧᠯᠸᠢᠰ ᠨᠢᠭᠡ ᠪᠦᠷᠢ ᠳᠦ ᠨᠣᠭᠳᠠᠬᠤ ᠵᠠᠷ ᠰᠤᠷᠲᠠᠯᠴᠢᠯᠠᠭᠠᠨ ᠤ ᠠᠰᠢᠭ ᠦᠢᠯᠡ ᠠᠵᠢᠯᠯᠠᠭ᠎ᠠ ᠪᠠᠨ ᠬᠡᠪ ᠦᠨ ᠦᠷᠭᠦᠯᠵᠢᠯᠡᠭᠦᠯᠬᠦ ᠳᠦ ᠪᠦᠷᠢᠨ ᠬᠦᠷᠦᠯᠴᠡᠬᠦ ᠪᠡᠷ ᠪᠠᠶᠢᠳᠠᠭ᠃ ᠮᠥᠨ᠂ ᠠᠩᠬᠠᠨ ᠠᠴᠠ ᠪᠠᠨ ᠯᠠ ᠠᠷᠠᠯᠵᠢᠶᠠᠨ ᠤ ᠲᠧᠯᠸᠢᠰ ᠭᠡᠳᠡᠭ ᠨᠢ ᠬᠡᠨ ᠨᠢᠭᠡᠨ ᠪᠢᠽᠢᠨ᠋ᠧᠰᠮᠡᠨ᠂ ᠤᠯᠤᠰ ᠲᠦᠷᠥᠴᠢ ᠬᠠᠯᠠᠭᠠᠰᠤᠨ ᠤ ᠮᠥᠩᠭᠥ ᠪᠡᠷ ᠢᠶᠡᠨ ᠪᠣᠰᠬᠠᠬᠤ ᠪᠣᠯᠤᠮᠵᠢ ᠦᠭᠡᠢ ᠶᠡᠬᠡ ᠵᠠᠷᠤᠳᠠᠯ ᠲᠠᠢ ᠪᠠᠶᠢᠭᠤᠯᠤᠭᠳᠠᠬᠤ ᠪᠠᠷ ᠪᠣᠳᠣᠵᠤ ᠳᠦᠷᠢᠮ ᠵᠢᠷᠤᠮ ᠳᠤ ᠪᠠᠨ ᠲᠤᠰᠬᠠᠭᠰᠠᠨ ᠪᠠᠶᠢᠳᠠᠭ᠃ ᠲᠡᠷᠡ ᠶᠡᠬᠡ ᠮᠥᠩᠭᠥ ᠶᠢ ᠲᠣᠮᠣᠬᠠᠨ ᠰᠠᠩᠬᠦᠦ ᠶᠢᠨ ᠂ ᠭᠷᠦᠶᠢᠫ ᠦᠳ ᠬᠤᠪᠢ ᠨᠡᠶᠢᠯᠡᠭᠦᠯᠵᠦ ᠭᠠᠷᠭᠠᠭᠰᠠᠨ ᠪᠠᠶᠢᠳᠠᠭ ᠤᠴᠢᠷ ᠺᠣᠮᠫᠠᠨᠢ ᠶᠢᠨ ᠵᠠᠰᠠᠭᠯᠠᠯ ᠰᠠᠶᠢᠲᠠᠢ᠂ ᠰᠢᠯ ᠤᠨ ᠳᠠᠩᠰᠠ ᠲᠠᠢ᠂ ᠢᠯᠡ ᠲᠣᠳᠣ ᠦᠢᠯᠡ ᠠᠵᠢᠯᠯᠠᠭ᠎ᠠ ᠡᠷᠬᠢᠯᠡᠬᠦ ᠲᠠᠭᠠᠲᠠᠢ ᠨᠥᠬᠥᠴᠡᠯ ᠪᠣᠯᠳᠠᠭ᠃ ᠬᠠᠷᠢᠨ ᠮᠣᠩᠭᠣᠯ ᠳᠤ ᠪᠦᠬᠦ ᠵᠦᠢᠯ ᠡᠰᠡᠷᠭᠦ ᠪᠡᠷ ᠢᠶᠡᠨ ᠪᠠᠶᠢᠭ᠎ᠠ ᠶᠢ ᠨᠠᠳᠠ ᠪᠠᠷ ᠬᠡᠯᠡᠭᠦᠯᠦᠯᠲᠡ ᠦᠭᠡᠢ ᠪᠦᠬᠦ ᠬᠦᠮᠦᠨ ᠮᠡᠳᠡᠵᠦ ᠪᠠᠶᠢᠭ᠎ᠠ ᠠᠰᠠᠭᠤᠳᠠᠯ᠃ ᠡᠭᠦᠨ ᠢ ᠬᠡᠷᠬᠢᠨ᠂ ᠶᠠᠭᠠᠬᠢᠵᠤ ᠰᠠᠶᠢᠵᠢᠷᠠᠭᠤᠯᠬᠤ ᠲᠠᠯ᠎ᠠ ᠪᠠᠷ ᠪᠡᠯᠡᠨ ᠵᠣᠷ ᠮᠡᠳᠡᠬᠦ ᠦᠭᠡᠢ ᠴᠤ᠂ ᠶᠠᠭᠤᠨ ᠲᠦᠷᠦᠭᠦᠨ ᠳᠦ ᠬᠠᠤᠯᠢ᠂ ᠡᠷᠬᠡ ᠵᠦᠢ ᠶᠢᠨ ᠵᠣᠬᠢᠴᠠᠭᠤᠯᠤᠯᠲᠠ᠂ ᠰᠠᠯᠪᠤᠷᠢ ᠪᠠᠶᠢᠭᠤᠯᠤᠯᠭ᠎ᠠ ᠨᠤᠭᠤᠳ ᠤᠨ ᠬᠠᠮᠲᠤ ᠶᠢᠨ ᠠᠵᠢᠯᠯᠠᠭᠠᠨ ᠠᠴᠠ ᠯᠠ ᠪᠦᠬᠦ ᠵᠦᠢᠯ ᠡᠬᠢᠯᠡᠬᠦ ᠪᠣᠯᠪᠠ ᠤᠤ ᠭᠡᠵᠦ ᠪᠣᠳᠣᠵᠤ ᠪᠠᠶᠢᠨ᠎ᠠ᠃ -ᠮᠣᠩᠭᠣᠯ ᠳᠤ ᠬᠡᠦᠬᠡᠳ ᠦᠨ ᠬᠦᠴᠦᠷᠬᠡᠶᠢᠯᠡᠯ᠂ ᠬᠡᠦᠬᠡᠳ ᠠᠯᠠᠭ᠎ᠠ ᠪᠣᠯᠤᠭᠰᠠᠨ ᠭᠡᠳ ᠠᠶᠤᠮᠰᠢᠭᠲᠠᠢ ᠬᠡᠷᠡᠭ ᠦᠳ ᠠᠷᠤ ᠠᠷᠤ ᠠᠴᠠ ᠪᠠᠨ ᠭᠠᠷᠴᠤ ᠪᠠᠶᠢᠨ᠎ᠠ᠃ ᠲᠠᠨ ᠤ ᠪᠣᠳᠣᠯ ᠢᠶᠠᠷ᠂ ᠡᠨᠡ ᠠᠰᠠᠭᠤᠳᠠᠯ ᠳᠤ ᠬᠡᠪᠯᠡᠯ ᠮᠡᠳᠡᠭᠡᠯᠡᠯ ᠦᠨ ᠰᠠᠯᠪᠤᠷᠢ ᠶᠠᠮᠠᠷ ᠡᠭᠦᠷᠭᠡ ᠲᠡᠢ ᠤᠷᠤᠯᠴᠠᠬᠤ ᠶᠣᠰᠣᠲᠠᠢ ᠪᠤᠢ᠃ ᠶᠠᠫᠣᠨ ᠳᠤ ᠡᠨᠡ ᠲᠠᠯ᠎ᠠ ᠪᠠᠷ ᠶᠠᠮᠠᠷ ᠲᠤᠷᠰᠢᠯᠭ᠎ᠠ ᠪᠠᠶᠢᠳᠠᠭ ᠪᠤᠢ︖ -ᠡᠨᠳᠡ ᠶᠡᠷᠦ ᠨᠢ ᠠᠯᠢᠪᠠ ᠨᠢᠭᠡ ᠬᠡᠷᠡᠭ ᠭᠠᠷᠤᠯ᠎ᠠ ᠭᠡᠬᠦ ᠳᠦ ᠬᠡᠪᠯᠡᠯ ᠮᠡᠳᠡᠭᠡᠯᠡᠯ ᠦᠨ ᠰᠠᠯᠪᠤᠷᠢ ᠶᠢᠨ ᠬᠢᠨ ᠲᠤᠬᠠᠢ ᠶᠢᠨ ᠠᠰᠠᠭᠤᠳᠠᠯ ᠨᠢ ᠵᠥᠪᠬᠡᠨ ᠨᠢᠭᠡ ᠬᠤᠪᠢ ᠬᠦᠮᠦᠨ᠂ ᠪᠠᠶᠢᠭᠤᠯᠤᠯᠭ᠎ᠠ ᠶᠢᠨ ᠠᠰᠠᠭᠤᠳᠠᠯ ᠶᠤᠮ ᠤᠤ ᠡᠰᠡᠪᠡᠯ ᠪᠦᠷ ᠲᠣᠮᠣ᠂ ᠰᠢᠰᠲ᠋ᠧᠮ ᠦᠨ ᠳᠣᠭᠣᠯᠳᠠᠯ ᠠᠴᠠ ᠡᠭᠦᠰᠦᠭᠰᠡᠨ ᠠᠰᠠᠭᠤᠳᠠᠯ ᠶᠤᠮ ᠤᠤ ᠭᠡᠳᠡᠭ ᠢ ᠬᠠᠮᠤᠭ ᠤᠨ ᠲᠦᠷᠦᠭᠦᠨ ᠳᠦ ᠠᠩᠬᠠᠷᠴᠤ ᠦᠵᠡᠳᠡᠭ᠃ ᠵᠢᠱᠢᠶᠡᠯᠡᠪᠡᠯ᠂ ᠰᠠᠶ᠋ᠢᠬᠠᠨ ᠮᠣᠩᠭᠣᠯ ᠳᠤ ᠭᠠᠷᠤᠭᠰᠠᠨ ᠬᠡᠦᠬᠡᠳ ᠦᠨ ᠬᠦᠴᠦᠷᠬᠡᠶᠢᠯᠡᠯ ᠦᠨ ᠬᠡᠷᠡᠭ ᠲᠡᠢ ᠠᠳᠠᠯᠢ ᠨᠥᠬᠥᠴᠡᠯ ᠶᠠᠫᠣᠨ ᠳᠤ ᠡᠭᠦᠰᠦᠯ᠎ᠡ ᠭᠡᠬᠦ ᠳᠦ᠂ ᠬᠡᠨ ᠨᠢᠭᠡ ᠭᠡᠮᠲᠦ ᠬᠡᠷᠡᠭᠲᠡᠨ ᠢ ᠪᠤᠷᠤᠭᠤᠳᠬᠠᠭᠠᠳ ᠰᠢᠭᠦᠭᠡᠳ ᠵᠣᠭᠰᠣᠬᠤ ᠪᠢᠰᠢ᠂ ᠳᠠᠷᠠᠭ᠎ᠠ ᠶᠢᠨ ᠬᠣᠬᠢᠷᠠᠭᠴᠢ ᠭᠡᠵᠦ ᠪᠠᠶᠢᠯᠭᠠᠬᠤ ᠦᠭᠡᠢ ᠶᠢᠨ ᠲᠤᠯᠠᠳᠠ᠂ ᠲᠣᠭᠲᠠᠯᠴᠠᠭᠠᠨ ᠤ ᠬᠢ ᠪᠠᠨ ᠬᠤᠪᠢ ᠳᠤ ᠶᠠᠭᠤ ᠶᠢ ᠰᠠᠶᠢᠵᠢᠷᠠᠭᠤᠯᠬᠤ ᠬᠡᠷᠡᠭᠲᠡᠢ ᠶᠢ ᠵᠣᠭᠰᠣᠯᠲᠠ ᠦᠭᠡᠢ ᠡᠷᠢᠵᠦ ᠬᠠᠶᠢᠵᠤ᠂ ᠬᠣᠯᠪᠣᠭᠳᠠᠬᠤ ᠪᠠᠶᠢᠭᠤᠯᠤᠯᠭ᠎ᠠ ᠨᠤᠭᠤᠳ ᠲᠤ ᠨᠥᠯᠥᠭᠡᠯᠡᠬᠦ ᠶᠢ ᠬᠢᠴᠢᠶᠡᠳᠡᠭ ᠭᠡᠰᠡᠨ ᠦᠭᠡ᠃ ᠰᠠᠶ᠋ᠢᠬᠠᠨ ᠡᠬᠡ ᠣᠷᠣᠨ ᠳᠤ ᠮᠠᠨᠢ ᠣᠯᠠᠨ ᠠᠭᠤᠯᠠᠴᠢᠨ ᠤ ᠠᠯᠲᠠᠨ ᠠᠮᠠ ᠶᠢ ᠠᠪᠴᠤ ᠣᠳᠤᠭᠰᠠᠨ ᠣᠰᠣᠯ ᠭᠠᠷᠤᠭᠰᠠᠨ᠃ ᠡᠨᠡ ᠦᠶ᠎ᠡ ᠪᠡᠷ ᠮᠣᠩᠭᠣᠯ ᠤᠨ ᠬᠡᠪᠯᠡᠯ ᠮᠡᠳᠡᠭᠡᠯᠡᠯ ᠦᠨ ᠬᠢᠨ ᠦ ᠬᠠᠨᠳᠤᠯᠭ᠎ᠠ ᠶᠢ ᠬᠠᠷᠠᠭᠠᠳ ᠭᠤᠷᠪᠠᠨ ᠵᠢᠯ ᠦᠨ ᠡᠮᠦᠨ᠎ᠡ ᠶᠠᠫᠣᠨ ᠳᠤ ᠪᠣᠯᠤᠭᠰᠠᠨ ᠥᠭᠡᠷ᠎ᠡ ᠨᠢᠭᠡ ᠲᠣᠮᠣ ᠣᠰᠣᠯ ᠢ ᠡᠨᠳᠡᠬᠢ ᠶᠢᠨ ᠬᠡᠪᠯᠡᠯ ᠮᠡᠳᠡᠭᠡᠯᠡᠯ ᠦᠨ ᠬᠢᠨ ᠬᠡᠷᠬᠢᠨ ᠰᠤᠷᠪᠤᠯᠵᠢᠯᠠᠵᠤ᠂ ᠮᠡᠳᠡᠭᠡᠯᠡᠵᠦ ᠪᠠᠶᠢᠭᠰᠠᠨ ᠲᠠᠯ᠎ᠠ ᠪᠠᠷ ᠥᠪᠡᠷ ᠦᠨ ᠡᠷᠬᠡ ᠦᠭᠡᠢ ᠰᠠᠨᠠᠭᠰᠠᠨ᠃ 2014 ᠣᠨ ᠤ ᠶᠢᠰᠦᠳᠦᠭᠡᠷ ᠰᠠᠷ᠎ᠠ ᠳᠤ ᠶᠠᠫᠣᠨ ᠤ ᠲᠥᠪ ᠬᠡᠰᠡᠭ ᠲᠦ ᠣᠷᠣᠰᠢᠳᠠᠭ ᠣᠨᠲ᠋ᠠᠬᠡ ᠭᠠᠯᠲᠤ ᠠᠭᠤᠯᠠ ᠳᠡᠯᠪᠡᠷᠡᠬᠦ ᠦᠶ᠎ᠡ ᠪᠡᠷ ᠲᠤᠬᠠᠢ ᠶᠢᠨ ᠭᠠᠵᠠᠷ ᠲᠤ ᠠᠮᠠᠷᠠᠵᠤ᠂ ᠵᠤᠭᠠᠯᠠᠵᠤ ᠶᠠᠪᠤᠭᠰᠠᠨ 63 ᠬᠦᠮᠦᠨ ᠡᠩᠳᠡᠭᠰᠡᠨ᠃ ᠣᠰᠣᠯ ᠠᠴᠠ ᠬᠣᠶᠢᠰᠢ ᠣᠯᠠᠨ ᠬᠣᠨᠣᠭ ᠤᠨ ᠲᠤᠷᠰᠢ ᠮᠡᠳᠡᠭᠡ ᠰᠤᠷᠪᠤᠯᠵᠢᠯᠠᠭ᠎ᠠ ᠲᠠᠰᠤᠷᠠᠯᠲᠠ ᠦᠭᠡᠢ ᠦᠷᠭᠦᠯᠵᠢᠯᠡᠭᠰᠡᠨ᠃ ᠣᠰᠣᠯ ᠠᠴᠠ ᠠᠮᠢᠳᠤ ᠦᠯᠡᠳᠡᠭᠰᠡᠨ ᠬᠦᠮᠦᠨ ᠪᠤᠢ ᠡᠰᠡᠬᠦ᠂ ᠠᠪᠤᠷᠠᠵᠤ ᠴᠢᠳᠠᠬᠤ ᠡᠰᠡᠬᠦ᠂ ᠳᠡᠯᠪᠡᠷᠡᠯᠲᠡ ᠶᠢᠨ ᠰᠢᠯᠲᠠᠭᠠᠨ᠂ ᠬᠣᠯᠪᠣᠭᠳᠠᠬᠤ ᠪᠠᠶᠢᠭᠤᠯᠤᠯᠭ᠎ᠠ ᠨᠤᠭᠤᠳ ᠤᠨ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ ᠬᠠᠩᠭᠠᠯᠲᠠᠲᠠᠢ ᠪᠠᠶᠢᠭᠰᠠᠨ ᠡᠰᠡᠬᠦ ᠲᠠᠯ᠎ᠠ ᠪᠠᠷ ᠰᠤᠷᠪᠤᠯᠵᠢᠯᠠᠵᠤ ᠮᠡᠳᠡᠭᠡᠯᠡᠵᠦ ᠪᠠᠶᠢᠭᠰᠠᠨ᠃ ᠮᠢᠨᠦ ᠬᠤᠪᠢ ᠳᠤ᠂ ᠣᠨᠲ᠋ᠠᠬᠡ ᠶᠢᠨ ᠳᠡᠯᠪᠡᠷᠡᠯᠲᠡ ᠶᠢᠨ ᠦᠶ᠎ᠡ ᠪᠡᠷ ᠶᠠᠫᠣᠨ ᠤ ᠬᠡᠪᠯᠡᠯ ᠮᠡᠳᠡᠭᠡᠯᠡᠯ ᠦᠨ ᠬᠢᠨ ᠦ ᠭᠣᠣᠯᠴᠢᠯᠠᠨ ᠠᠩᠬᠠᠷᠳᠠᠭ ᠬᠣᠶᠠᠷ ᠵᠦᠢᠯ ᠢ ᠠᠩᠵᠠᠭᠠᠷᠠᠵᠤ᠂ ᠣᠶᠢᠯᠠᠭᠠᠵᠤ ᠠᠪᠤᠭᠰᠠᠨ ᠃ ᠡᠬᠢᠨ ᠦ ᠬᠢ ᠨᠢ᠂ ᠲᠣᠭ᠎ᠠ ᠶᠢ ᠲᠣᠭ᠎ᠠ ᠴᠢᠭ ᠢᠶᠡᠷ ᠨᠢ ᠦᠯᠡᠳᠡᠭᠡᠬᠦ ᠦᠭᠡᠢ ᠭᠡᠰᠡᠨ ᠣᠷᠣᠯᠳᠤᠯᠭ᠎ᠠ᠃ ᠬᠡᠪᠯᠡᠯ ᠮᠡᠳᠡᠭᠡᠯᠡᠯ ᠦᠨ ᠬᠢᠨ 63 ᠶᠢ ᠲᠣᠭ᠎ᠠ ᠴᠢᠭ ᠢᠶᠡᠷ ᠨᠢ ᠦᠯᠡᠳᠡᠭᠡᠬᠦ ᠦᠭᠡᠢ ᠶᠢᠨ ᠲᠥᠯᠥᠭᠡ ᠠᠵᠢᠯᠯᠠᠵᠤ ᠪᠠᠶᠢᠭᠰᠠᠨ᠃ ᠣᠯᠠᠨ ᠰᠤᠷᠪᠤᠯᠵᠢᠯᠠᠭᠴᠢ ᠶᠢᠨ ᠲᠠᠰᠤᠷᠠᠯᠲᠠ ᠦᠭᠡᠢ ᠡᠷᠢᠯ ᠬᠠᠶᠢᠭᠤᠯ᠂ ᠰᠤᠷᠪᠤᠯᠵᠢᠯᠠᠭ᠎ᠠ ᠶᠢᠨ ᠦᠷ᠎ᠡ ᠳ᠋ᠦᠢᠩ ᠳᠦ 63 ᠭᠡᠳᠡᠭ ᠲᠣᠭ᠎ᠠ ᠡᠬᠢᠯᠡᠭᠡᠳ ᠬᠦᠮᠦᠰ ᠦᠨ ᠨᠡᠷᠡ ᠪᠣᠯᠤᠭᠰᠠᠨ᠃ ᠳᠠᠷᠠᠭ᠎ᠠ ᠨᠢ ᠠᠮᠢᠳᠤ ᠠᠬᠤᠢ ᠦᠶ᠎ᠡ ᠶᠢᠨ ᠬᠢ ᠨᠢ ᠵᠢᠷᠤᠭ᠂ ᠴᠢᠨᠠᠭᠰᠢᠯᠠᠭᠠᠳ ᠣᠶᠢᠷ᠎ᠠ ᠲᠣᠭᠣᠷᠢᠨ ᠤ ᠬᠢᠨ᠂ ᠲᠠᠨᠢᠯ ᠤᠳ ᠤᠨ ᠬᠢ ᠨᠢ ᠲᠡᠳᠡᠨ ᠦ ᠲᠤᠬᠠᠢ ᠶᠠᠷᠢᠶ᠎ᠠ ᠪᠣᠯᠵᠤ 《ᠠᠮᠢᠯᠠᠭᠰᠠᠨ》᠃ ᠡᠨᠡ ᠪᠦᠬᠦᠨ ᠦ ᠳ᠋ᠦᠢᠩ ᠳᠦ 63 ᠭᠡᠳᠡᠭ ᠲᠣᠭ᠎ᠠ ᠨᠡᠷ᠎ᠡ ᠲᠡᠢ ᠤᠰᠤ ᠲᠠᠢ᠂ ᠶᠠᠪᠤᠭᠰᠠᠨ ᠮᠥᠷ ᠲᠡᠢ᠂ ᠬᠦᠰᠡᠭᠰᠡᠨ ᠮᠥᠷᠥᠭᠡᠳᠦᠯ ᠲᠡᠢ᠂ ᠬᠡᠨ ᠨᠢᠭᠡᠨ ᠦ ᠬᠠᠨᠢ᠂ ᠬᠡᠨ ᠨᠢᠭᠡᠨ ᠦ ᠦᠷ᠎ᠡ᠂ ᠬᠡᠨ ᠨᠢᠭᠡᠨ ᠦ ᠠᠪᠤ ᠡᠵᠢ ᠪᠠᠶᠢᠭᠰᠠᠨ 63 ᠬᠦᠮᠦᠨ ᠪᠣᠯᠵᠤ ᠬᠤᠪᠢᠷᠠᠭᠰᠠᠨ᠃ ᠡᠨᠡ ᠪᠦᠬᠦᠨ ᠦ ᠦᠷ᠎ᠡ ᠳ᠋ᠦᠢᠩ ᠳᠦ ᠦᠵᠡᠭᠴᠢᠳ ᠶᠠᠭ ᠯᠠ ᠥᠪᠡᠷ ᠲᠡᠢ ᠨᠢ ᠠᠳᠠᠯᠢᠬᠠᠨ ᠵᠢᠷ ᠦᠨ ᠬᠦᠮᠦᠰ ᠲᠡᠨᠳᠡ ᠠᠮᠢ ᠪᠠᠨ ᠠᠯᠳᠠᠭᠰᠠᠨ ᠢ ᠮᠡᠳᠡᠷᠡᠵᠥ᠂ ᠲᠡᠳᠡᠨ ᠦ ᠣᠷᠣᠨ ᠳᠤ ᠥᠪᠡᠷ ᠢᠶᠡᠨ ᠴᠤ ᠪᠠᠶᠢᠵᠤ ᠪᠣᠯᠬᠤ ᠪᠠᠶᠢᠭᠰᠠᠨ ᠢ ᠣᠶᠢᠯᠠᠭᠠᠭᠰᠠᠨ᠃ ᠲᠡᠳᠡ ᠶᠠᠭᠠᠬᠢᠭᠠᠳ ᠠᠮᠢ ᠪᠠᠨ ᠠᠯᠳᠠᠬᠤ ᠪᠣᠯᠪᠠ᠂ ᠶᠠᠭᠠᠬᠢᠪᠠᠯ ᠠᠮᠢᠳᠤ ᠭᠠᠷᠴᠤ ᠪᠣᠯᠬᠤ ᠪᠠᠶᠢᠭᠰᠠᠨ ᠵᠡᠷᠭᠡ ᠳᠦ ᠠᠩᠬᠠᠷᠤᠯ ᠢᠶᠠᠨ ᠬᠠᠨᠳᠤᠭᠤᠯᠵᠤ ᠡᠬᠢᠯᠡᠭᠰᠡᠨ᠃ ᠢᠩᠭᠢᠭᠰᠡᠨ ᠢᠶᠡᠷ ᠳᠠᠷᠠᠭ᠎ᠠ ᠨᠢ ᠥᠪᠡᠷ ᠢᠶᠡᠨ ᠴᠤ ᠭᠡᠰᠡᠨ ᠠᠭᠤᠯᠠᠨ ᠳᠤ ᠠᠪᠠᠷᠢᠬᠤ ᠳᠤ ᠪᠠᠨ ᠢᠯᠡᠭᠦᠦ ᠠᠩᠬᠠᠷᠤᠯᠲᠠᠢ᠂ ᠢᠯᠡᠭᠦᠦ ᠪᠡᠯᠡᠳᠬᠡᠯ ᠲᠡᠢ ᠶᠠᠪᠤᠬᠤ ᠶᠣᠰᠣᠲᠠᠢ ᠶᠤᠮ ᠪᠠᠶᠢᠨ᠎ᠠ ᠭᠡᠳᠡᠭ ᠢ ᠣᠶᠢᠯᠠᠭᠠᠵᠤ ᠪᠠᠶᠢᠭ᠎ᠠ ᠨᠢ ᠠᠩᠵᠠᠭᠠᠷᠠᠭᠳᠠᠭᠰᠠᠨ᠃ ᠲᠤᠬᠠᠢ ᠶᠢᠨ ᠠᠶᠠᠯᠠᠯ ᠤᠨ ᠪᠠᠭ ᠢ ᠬᠠᠷᠢᠭᠤᠴᠠᠭᠰᠠᠨ ᠪᠠᠶᠢᠭᠤᠯᠤᠯᠭ᠎ᠠ ᠳᠤ ᠴᠤ ᠣᠯᠠᠨ ᠨᠡᠶᠢᠲᠡ ᠶᠢᠨ ᠵᠦᠭ ᠡᠴᠡ ᠢᠷᠡᠬᠦ ᠱᠠᠭᠠᠷᠳᠠᠯᠭ᠎ᠠ ᠶᠡᠬᠡᠰᠦᠨ᠎ᠡ᠃ ᠡᠭᠦᠨ ᠦ ᠬᠦᠴᠦᠡ ᠳ᠋ᠤ᠂ ᠬᠣᠯᠪᠣᠭᠳᠠᠬᠤ ᠳᠦᠷᠢᠮ ᠵᠢᠷᠤᠮ ᠤᠯᠠᠮ ᠰᠠᠶᠢᠵᠢᠷᠠᠭᠰᠠᠨ ᠭᠡᠵᠦ ᠪᠣᠯᠤᠨ᠎ᠠ᠃ ᠥᠭᠡᠷ᠎ᠡ ᠨᠢᠭᠡ ᠴᠢᠬᠤᠯᠠ ᠵᠦᠢᠯ ᠨᠢ ᠬᠡᠪᠯᠡᠯ ᠮᠡᠳᠡᠭᠡᠯᠡᠯ ᠦᠨ ᠬᠢᠨ ᠦ ᠣᠢ ᠰᠠᠨᠠᠮᠵᠢ᠃ ᠣᠨᠲ᠋ᠠᠬᠡ ᠭᠠᠯᠲᠤ ᠠᠭᠤᠯᠠᠰ ᠳᠡᠯᠪᠡᠷᠡᠭᠰᠡᠨ ᠡᠴᠡ ᠬᠣᠶᠢᠰᠢ ᠭᠤᠷᠪᠠᠨ ᠵᠢᠯ ᠪᠣᠯᠵᠤ ᠪᠠᠶᠢᠨ᠎ᠠ᠃ ᠭᠤᠷᠪᠠ ᠳᠠᠬᠢ ᠵᠢᠯ ᠦᠨ ᠣᠢ ᠳᠡᠭᠡᠷ᠎ᠡ ᠨᠢ ᠮᠠᠨ ᠤ ᠲᠧᠯᠸᠢᠰ ᠠᠮᠢ ᠪᠠᠨ ᠠᠯᠳᠠᠭᠰᠠᠳ ᠤᠨ ᠠᠷᠤ ᠭᠡᠷ ᠦᠨ ᠬᠢᠨ ᠦ ᠣᠳᠣ ᠶᠢᠨ ᠪᠠᠶᠢᠳᠠᠯ᠂ ᠭᠠᠯᠲᠤ ᠠᠭᠤᠯᠠ ᠶᠢᠨ ᠳᠡᠯᠪᠡᠷᠡᠯᠲᠡ ᠡᠴᠡ ᠡᠭᠦᠰᠬᠦ ᠬᠣᠬᠢᠷᠠᠯ ᠢ ᠪᠠᠭᠠᠰᠬᠠᠬᠤ ᠶᠢᠨ ᠲᠤᠯᠠᠳᠠ ᠤᠯᠤᠰ ᠠᠴᠠ ᠶᠠᠮᠠᠷ ᠠᠷᠭ᠎ᠠ ᠬᠡᠮᠵᠢᠶ᠎ᠡ ᠠᠪᠤᠭᠰᠠᠨ ᠲᠠᠯ᠎ᠠ ᠪᠠᠷ ᠲᠤᠰᠬᠠᠢ ᠰᠤᠷᠪᠤᠯᠵᠢᠯᠠᠭ᠎ᠠ ᠪᠡᠯᠡᠳᠬᠡᠵᠦ ᠭᠠᠷᠭᠠᠭᠰᠠᠨ᠃ ᠡᠶᠢᠮᠦ ᠮᠠᠶ᠋ᠢᠭ ᠤᠨ ᠨᠡᠪᠲᠡᠷᠡᠭᠦᠯᠭᠡ ᠰᠤᠷᠪᠤᠯᠵᠢᠯᠠᠭ᠎ᠠ ᠶᠢ ᠳᠡᠯᠪᠡᠷᠡᠯᠲᠡ ᠪᠣᠯᠤᠭᠰᠠᠨ ᠠᠴᠠ ᠬᠣᠶᠢᠰᠢ ᠨᠢᠭᠡ ᠰᠠᠷ᠎ᠠ᠂ ᠭᠤᠷᠪᠠᠨ ᠰᠠᠷ᠎ᠠ᠂ ᠨᠢᠭᠡ ᠵᠢᠯ᠂ ᠬᠣᠶᠠᠷ ᠵᠢᠯ ᠦᠨ ᠣᠢ ᠪᠠᠷ ᠴᠤ ᠪᠡᠯᠡᠳᠴᠦ ᠭᠠᠷᠭᠠᠨ᠂ ᠢᠷᠭᠡᠳ ᠲᠦ ᠠᠭᠤᠯᠠᠨ ᠳᠤ ᠠᠪᠠᠷᠢᠬᠤ ᠳᠤ ᠪᠠᠨ ᠠᠮᠢ ᠨᠠᠰᠤ ᠪᠠᠨ ᠬᠡᠷᠬᠢᠨ ᠠᠶᠤᠯ ᠳᠤ ᠣᠷᠣᠭᠤᠯᠬᠤ ᠦᠭᠡᠢ ᠪᠠᠶᠢᠬᠤ ᠲᠠᠯ᠎ᠠ ᠪᠠᠷ᠂ ᠬᠣᠯᠪᠣᠭᠳᠠᠬᠤ ᠪᠠᠶᠢᠭᠤᠯᠤᠯᠭ᠎ᠠ ᠨᠤᠭᠤᠳ ᠲᠤ ᠵᠣᠬᠢᠬᠤ ᠠᠷᠭ᠎ᠠ ᠬᠡᠮᠵᠢᠶ᠎ᠡ ᠨᠦᠭᠦᠳ ᠢ ᠠᠪᠬᠤ᠂ ᠳᠦᠷᠢᠮ ᠵᠢᠷᠤᠮ ᠢᠶᠠᠨ ᠰᠠᠶᠢᠵᠢᠷᠠᠭᠤᠯᠬᠤ ᠲᠠᠯ᠎ᠠ ᠪᠠᠷ ᠰᠠᠨᠠᠭᠤᠯᠵᠤ ᠶᠠᠷᠢᠭᠰᠠᠭᠠᠷ ᠢᠷᠡᠭᠰᠡᠨ᠃ ᠪᠤᠰᠤᠳ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠴᠤ ᠮᠥᠨ ᠠᠳᠠᠯᠢ ᠡᠨᠡ ᠰᠡᠳᠦᠪ ᠢᠶᠡᠷ ᠵᠣᠷᠢᠯᠭ᠎ᠠ ᠨᠢᠭᠡᠲᠡᠢ ᠪᠡᠷ᠂ ᠭᠡᠬᠦ ᠳᠦ ᠪᠡᠨ ᠥᠭᠡᠷ᠎ᠡ ᠥᠨᠴᠥᠭ ᠢᠶᠡᠷ ᠠᠰᠠᠭᠤᠳᠠᠯ ᠢ ᠬᠥᠨᠳᠡᠵᠦ ᠪᠠᠶᠢᠭᠰᠠᠨ᠃ ᠶᠠᠫᠣᠨ ᠳᠤ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠨᠤᠭᠤᠳ ᠳᠠᠷᠠᠭ᠎ᠠ ᠶᠢᠨ ᠠᠶᠤᠯ᠂ ᠣᠰᠣᠯ ᠡᠨᠳᠡᠯ ᠡᠴᠡ ᠰᠡᠷᠭᠡᠶᠢᠯᠡᠬᠦ ᠳᠦ ᠡᠶᠢᠮᠦ ᠮᠠᠶ᠋ᠢᠭ ᠢᠶᠠᠷ ᠠᠵᠢᠯᠯᠠᠳᠠᠭ ᠶᠤᠮ ᠪᠢᠯᠡ᠃ -ᠲᠠᠨ ᠤ ᠠᠯᠤᠰ ᠤᠨ ᠬᠠᠷᠠᠭ᠎ᠠ᠂ ᠣᠶᠢᠷ᠎ᠠ ᠶᠢᠨ ᠲᠠᠪᠤᠨ ᠵᠢᠯ ᠦᠨ ᠵᠣᠷᠢᠯᠭ᠎ᠠ᠂ ᠲᠥᠯᠥᠪᠯᠡᠭᠡ ᠶᠠᠭᠤ ᠪᠤᠢ︖ -ᠪᠢ ᠤᠳᠠᠬᠤ ᠦᠭᠡᠢ ᠮᠣᠩᠭᠣᠯ ᠤᠷᠤᠭᠤ ᠪᠠᠨ ᠪᠤᠴᠠᠨ᠎ᠠ ᠭᠡᠵᠦ ᠪᠣᠳᠣᠵᠤ ᠪᠠᠶᠢᠭ᠎ᠠ᠃ ᠡᠨᠳᠡ ᠮᠡᠳᠡᠭᠡᠵᠢ ᠳᠤᠷᠠᠲᠠᠢ ᠠᠵᠢᠯ ᠢᠶᠠᠨ ᠬᠢᠭᠡᠳ᠂ ᠪᠣᠯᠤᠮᠵᠢ ᠶᠢᠨ ᠦᠨᠡᠯᠡᠭᠳᠡᠭᠡᠳ᠂ ᠭᠡᠷ ᠪᠦᠯᠢ ᠪᠡᠷ ᠢᠶᠡᠨ ᠲᠠᠶᠢᠪᠤᠩ᠂ ᠡᠷᠡᠭᠦᠯ ᠤᠷᠴᠢᠨ ᠳᠤ ᠠᠮᠢᠳᠤᠷᠠᠵᠤ ᠪᠠᠶᠢᠭ᠎ᠠ ᠴᠤ ᠲᠡᠷᠡ ᠪᠦᠬᠦᠨ ᠡᠴᠡ ᠢᠯᠡᠭᠦᠦ ᠲᠡᠢ ᠬᠠᠷᠢᠬᠤ ᠰᠢᠯᠲᠠᠭᠠᠨ ᠪᠠᠶᠢᠭ᠎ᠠ᠃ ᠲᠡᠷᠡ ᠨᠢ ᠬᠡᠦᠬᠡᠳ ᠢᠶᠡᠨ ᠮᠣᠩᠭᠣᠯ ᠳᠤ ᠥᠰᠬᠡᠬᠦ᠃ ᠪᠢ ᠬᠣᠶᠠᠷ ᠵᠢᠯ ᠦᠨ ᠡᠮᠦᠨ᠎ᠡ ᠰᠤᠷᠭᠠᠭᠤᠯᠢ ᠳᠡᠭᠡᠷ᠎ᠡ ᠪᠡᠨ ᠭᠠᠳᠠᠭᠤᠷᠬᠠᠭᠳᠠᠭᠰᠠᠨ ᠠᠴᠠ ᠪᠣᠯᠵᠤ ᠠᠮᠢ ᠪᠠᠨ ᠬᠣᠣᠷᠯᠠᠭᠰᠠᠨ᠂ ᠠᠮᠢ ᠪᠠᠨ ᠬᠣᠣᠷᠯᠠᠬᠤ ᠶᠢ ᠣᠷᠣᠯᠳᠤᠭᠰᠠᠨ ᠬᠡᠦᠬᠡᠳ ᠦᠳ ᠦᠨ ᠲᠠᠯ᠎ᠠ ᠪᠠᠷ ᠰᠤᠷᠪᠤᠯᠵᠢᠯᠠᠭᠰᠠᠨ᠃ ᠳᠥᠩᠭᠡᠵᠢ 10᠂ 11 ᠨᠠᠰᠤᠲᠠᠢ ᠬᠡᠦᠬᠡᠳ ᠦᠳ ᠰᠤᠷᠭᠠᠭᠤᠯᠢ ᠳᠡᠭᠡᠷ᠎ᠡ ᠪᠡᠨ ᠭᠠᠳᠠᠭᠤᠷᠬᠠᠭᠳᠠᠵᠤ ᠮᠠᠰᠢ ᠬᠦᠨᠳᠦ ᠪᠠᠶᠢᠳᠠᠯ ᠳᠤ ᠣᠷᠣᠭᠰᠠᠨ ᠴᠤ ᠲᠡᠭᠦᠨ ᠢ ᠪᠡᠨ ᠠᠪᠤ ᠡᠵᠢ ᠳᠦ ᠪᠡᠨ ᠬᠡᠯᠡᠵᠦ ᠴᠢᠳᠠᠯ ᠦᠭᠡᠢ ᠠᠮᠢ ᠪᠠᠨ ᠬᠤᠤᠷᠯᠠᠬᠤ ᠰᠣᠩᠭᠣᠯᠲᠠ ᠬᠢᠵᠦ ᠪᠠᠶᠢᠭ᠎ᠠ ᠶᠢ ᠰᠤᠷᠪᠤᠯᠵᠢᠯᠠᠭᠠᠳ ᠶᠡᠬᠡ ᠴᠣᠴᠢᠷᠳᠠᠭᠰᠠᠨ᠃ ᠨᠡᠪᠲᠡᠷᠡᠭᠦᠯᠭᠡ ᠶᠢᠨ ᠳᠠᠷᠠᠭ᠎ᠠ ᠮᠣᠩᠭᠣᠯ ᠤᠷᠤᠭᠤ ᠶᠠᠪᠤᠵᠤ᠂ ᠬᠥᠳᠡᠭᠡᠨ ᠦ ᠬᠡᠦᠬᠡᠳ᠂ ᠲᠡᠳᠡᠨ ᠦ ᠠᠬᠤᠢ ᠪᠠᠶᠢᠳᠠᠯ ᠢ ᠰᠤᠷᠪᠤᠯᠵᠢᠯᠠᠭᠰᠠᠨ ᠶᠤᠮ᠃ ᠲᠡᠷᠡ ᠦᠶ᠎ᠡ ᠳᠦ ᠯᠠ ᠮᠣᠩᠭᠣᠯᠴᠤᠳ ᠪᠢᠳᠡ ᠭᠡᠷ ᠪᠦᠯᠢ ᠪᠡᠨ ᠮᠠᠰᠢ ᠶᠡᠬᠡ ᠬᠠᠶᠢᠷᠠᠯᠠᠳᠠᠭ᠂ ᠬᠠᠮᠢᠶᠠᠲᠠᠨ ᠰᠠᠳᠤᠨ ᠠᠬ᠎ᠠ ᠳᠡᠭᠦᠦ ᠪᠡᠷ ᠢᠶᠡᠨ ᠬᠡᠦᠬᠡᠳ ᠦᠳ ᠢᠶᠡᠨ ᠥᠰᠬᠡᠳᠡᠭ᠂ ᠬᠠᠯᠠᠭᠤᠨ ᠳᠣᠲᠣᠨᠣ᠂ ᠰᠡᠳᠬᠢᠯ ᠦᠨ ᠲᠡᠩᠬᠡᠭᠡ ᠲᠡᠢ ᠬᠦᠮᠦᠰ ᠶᠤᠮ ᠪᠠᠶᠢᠨ᠎ᠠ ᠭᠡᠳᠡᠭ ᠢ ᠶᠡᠬᠡ ᠲᠣᠳᠣ ᠪᠠᠷ ᠣᠯᠵᠤ ᠬᠠᠷᠠᠭᠰᠠᠨ᠃ ᠨᠥᠬᠥᠷ ᠪᠢᠳᠡ ᠬᠣᠶᠠᠷ ᠴᠤ ᠭᠡᠰᠡᠨ ᠥᠪᠡᠷᠰᠡᠳ ᠢᠶᠡᠨ ᠲᠡᠶᠢᠮᠦ ᠭᠡᠷ ᠪᠦᠯᠢ ᠳᠦ ᠥᠰᠦᠭᠰᠡᠨ᠃ ᠲᠡᠶᠢᠮᠦ ᠡᠴᠡ ᠲᠡᠷᠡ ᠰᠠᠶᠢᠬᠠᠨ ᠬᠦᠮᠦᠰ ᠦᠨ ᠳᠡᠷᠭᠡᠳᠡ ᠬᠡᠦᠬᠡᠳ ᠢᠶᠡᠨ ᠥᠰᠬᠡᠬᠦ ᠬᠡᠷᠡᠭᠲᠡᠢ ᠶᠤᠮ ᠪᠠᠶᠢᠨ᠎ᠠ ᠭᠡᠵᠦ ᠪᠣᠳᠣᠭᠰᠠᠨ᠃ ᠮᠡᠳᠡᠭᠡᠵᠢ᠂ ᠡᠨᠡ ᠪᠣᠯ ᠬᠤᠪᠢ ᠬᠦᠮᠦᠨ ᠦ ᠰᠣᠩᠭᠣᠯᠲᠠ᠃ ᠶᠠᠫᠣᠨ ᠳᠤ ᠬᠡᠦᠬᠡᠳ ᠢᠶᠡᠨ ᠥᠰᠬᠡᠯ᠎ᠡ ᠭᠡᠳ ᠪᠦᠭᠦᠳᠡ ᠬᠦᠢᠲᠡᠨ ᠬᠠᠬᠢᠷ᠂ ᠭᠡᠷ ᠪᠦᠯᠢ ᠡᠴᠡ ᠪᠡᠨ ᠨᠢᠭᠤᠷ ᠪᠤᠷᠤᠭᠤᠯᠠᠭᠰᠠᠨ ᠬᠦᠮᠦᠨ ᠪᠣᠯᠤᠨ᠎ᠠ ᠭᠡᠰᠡᠨ ᠦᠭᠡ ᠪᠢᠰᠢ ᠯᠠ ᠳ᠋ᠡ᠃ ᠶᠠᠫᠣᠨ ᠨᠤᠭᠤᠳ ᠴᠤ ᠪᠦᠭᠦᠳᠡ ᠲᠡᠶᠢᠮᠦ ᠭᠡᠰᠡᠨ ᠦᠭᠡ ᠪᠢᠰᠢ᠃ ᠶᠠᠫᠣᠨ ᠳᠤ ᠬᠡᠦᠬᠡᠳ ᠦᠳ ᠢᠶᠡᠨ ᠮᠠᠰᠢ ᠰᠠᠶᠢᠬᠠᠨ ᠥᠰᠬᠡᠭᠡᠳ ᠶᠠᠪᠤᠵᠤ ᠪᠠᠶᠢᠭ᠎ᠠ ᠮᠣᠩᠭᠣᠯ ᠠᠪᠤ ᠡᠵᠢ ᠣᠯᠠᠨ ᠪᠠᠶᠢᠭ᠎ᠠ᠃ ᠬᠠᠮᠢᠭ᠎ᠠ ᠴᠤ ᠭᠡᠰᠡᠨ ᠰᠠᠶᠢᠨ᠂ ᠮᠠᠭᠤ ᠬᠣᠯᠢᠯᠳᠤᠨ ᠪᠠᠶᠢᠳᠠᠭ ᠤᠨ ᠠᠳᠠᠯᠢ ᠭᠡᠷ ᠪᠦᠯᠢ ᠳᠦ ᠪᠡᠨ ᠬᠠᠶᠢᠷᠠᠲᠠᠢ᠂ ᠰᠡᠳᠬᠢᠯ ᠦᠨ ᠲᠡᠩᠬᠡᠭᠡ ᠲᠡᠢ ᠶᠠᠫᠣᠨ ᠬᠦᠮᠦᠨ ᠴᠤ ᠣᠯᠠᠨ ᠪᠠᠶᠢᠭ᠎ᠠ᠃ ᠬᠠᠷᠢᠨ ᠨᠥᠬᠥᠷ ᠪᠢᠳᠡ ᠬᠣᠶᠠᠷ ᠤᠨ ᠬᠤᠪᠢ ᠳᠤ ᠪᠣᠯ ᠡᠨᠡ ᠨᠢ ᠨᠥᠬᠥᠴᠡᠯ ᠪᠠᠶᠢᠳᠠᠯ ᠠᠴᠠ ᠰᠢᠯᠲᠠᠭᠠᠯᠠᠵᠤ ᠮᠠᠨ ᠤ ᠭᠡᠷ ᠪᠦᠯᠢ ᠶᠢᠨ ᠯᠠ ᠭᠠᠷᠭᠠᠭᠰᠠᠨ ᠰᠢᠢᠳᠪᠦᠷᠢ ᠭᠡᠬᠦ ᠦᠦ ᠳ᠋ᠡ᠃ ᠲᠡᠶᠢᠮᠦ ᠡᠴᠡ᠂ ᠤᠳᠠᠬᠤ ᠦᠭᠡᠢ ᠮᠣᠩᠭᠣᠯ ᠳᠤ ᠣᠴᠢᠭᠠᠳ ᠶᠠᠭᠤᠨ ᠲᠦᠷᠦᠭᠦᠨ ᠳᠦ ᠤᠷᠴᠢᠨ ᠳᠤ ᠪᠠᠨ ᠪᠤᠴᠠᠭᠠᠳ ᠬᠤᠷᠳᠤᠨ ᠳᠠᠰᠴᠣ᠂ ᠨᠡᠶᠢᠭᠡᠮ ᠳᠦ ᠪᠡᠨ ᠬᠥᠯ ᠢᠶᠡᠨ ᠣᠯᠬᠤ ᠶᠢ ᠬᠦᠰᠡᠵᠦ ᠪᠠᠶᠢᠨ᠎ᠠ᠃ ᠶᠠᠮᠠᠷ ᠠᠵᠢᠯ ᠬᠢᠬᠦ ᠪᠡᠨ ᠣᠳᠣᠬᠠᠨ ᠳᠤ ᠪᠠᠨ ᠰᠠᠶᠢᠨ ᠰᠢᠢᠳᠥᠭᠡ ᠦᠭᠡᠢ ᠪᠠᠶᠢᠭ᠎ᠠ ᠴᠤ᠂ ᠡᠨᠳᠡ ᠠᠵᠢᠯᠯᠠᠭᠰᠠᠨ 10 ᠭᠠᠷᠤᠢ ᠵᠢᠯ ᠦᠨ ᠬᠤᠭᠤᠴᠠᠭᠠᠨ ᠳᠤ ᠣᠯᠵᠤ ᠠᠪᠤᠭᠰᠠᠨ ᠲᠤᠷᠰᠢᠯᠭ᠎ᠠ᠂ ᠬᠠᠨᠳᠤᠯᠭ᠎ᠠ᠂ ᠴᠢᠳᠠᠪᠤᠷᠢ ᠮᠠᠨᠢ ᠵᠥᠪ ᠵᠠᠮ ᠳᠤ ᠬᠥᠲᠥᠯᠦᠨ᠎ᠡ ᠭᠡᠳᠡᠭ ᠲᠦ ᠢᠲᠡᠭᠡᠯ ᠲᠡᠢ ᠪᠠᠶᠢᠭ᠎ᠠ᠃ -ᠡᠮᠡᠭᠲᠡᠢ ᠬᠦᠮᠦᠨ ᠦ ᠬᠤᠪᠢ ᠳᠤ ᠠᠵᠢᠯ ᠠᠮᠢᠳᠤᠷᠠᠯ ᠤᠨ ᠺᠠᠷᠢᠶᠸᠷ ᠢᠶᠠᠨ ᠬᠡᠷᠬᠢᠨ ᠲᠡᠩᠴᠡᠪᠦᠷᠢᠲᠡᠢ ᠠᠪᠴᠤ ᠶᠠᠪᠤᠳᠠᠭ ᠪᠤᠢ᠃ ᠡᠵᠢ ᠬᠥᠮᠦᠨ ᠤ ᠬᠢ ᠪᠡᠨ ᠬᠤᠪᠢ ᠳᠤ ᠲᠠᠨ ᠤ ᠬᠡᠦᠬᠡᠳ ᠢᠶᠡᠨ ᠬᠦᠮᠦᠵᠢᠭᠦᠯᠬᠦ ᠠᠷᠭ᠎ᠠ ᠪᠠᠷᠢᠯ ᠲᠠᠨᠢ ᠶᠠᠭᠤ ᠪᠤᠢ᠃ ᠶᠡᠷᠦ ᠨᠢ ᠶᠠᠫᠣᠨ ᠤᠯᠤᠰ ᠤᠨ ᠢᠷᠡᠭᠡᠳᠦᠢ ᠪᠣᠯᠤᠭᠰᠠᠨ ᠬᠡᠦᠬᠡᠳ ᠢ ᠠᠪᠤ᠂ ᠡᠵᠢ᠂ ᠰᠤᠷᠭᠠᠭᠤᠯᠢ ᠴᠡᠴᠡᠷᠯᠢᠭ ᠨᠢ ᠬᠡᠷᠬᠢᠨ ᠬᠦᠮᠦᠵᠢᠭᠦᠯᠳᠡᠭ ᠪᠤᠢ︖ -ᠡᠨᠳᠡ ᠠᠵᠢᠯ ᠤᠨ ᠠᠴᠢᠶᠠᠯᠠᠯ᠂ ᠡᠷᠡᠭᠲᠡᠶᠢᠴᠦᠳ ᠦᠨ ᠠᠷᠤ ᠭᠡᠷ ᠦᠨ ᠠᠵᠢᠯ ᠳᠤ ᠤᠷᠤᠯᠴᠠᠬᠤ ᠣᠷᠣᠯᠴᠠᠭ᠎ᠠ ᠪᠠᠭ᠎ᠠ ᠪᠠᠶᠢᠳᠠᠭ ᠠᠴᠠ ᠰᠢᠯᠲᠠᠭᠠᠯᠠᠵᠤ ᠡᠮᠡᠭᠲᠡᠢ ᠬᠦᠮᠦᠨ ᠬᠡᠦᠬᠡᠳ ᠲᠥᠷᠦᠭᠦᠯᠦᠭᠰᠡᠨ ᠯᠠ ᠪᠣᠯ ᠦᠢᠯᠡ ᠶᠠᠪᠤᠳᠠᠯ ᠤᠨ ᠲᠡᠷᠢᠭᠦᠨ ᠹᠷᠣᠨᠲ ᠪᠠᠶᠢᠬᠤ ᠪᠣᠯᠤᠮᠵᠢ ᠡᠷᠡᠰ ᠪᠠᠭᠠᠰᠳᠠᠭ᠃ ᠵᠢᠱᠢᠶ᠎ᠡ ᠨᠢ᠂ ᠮᠠᠨ ᠤ ᠮᠡᠳᠡᠭᠡᠨ ᠦ ᠠᠯᠪᠠᠨ ᠤ 100 ᠣᠷᠴᠢᠮ ᠤᠷᠠᠨ ᠪᠦᠲᠦᠭᠡᠯᠴᠢ ᠳᠤᠮᠳᠠ ᠬᠡᠦᠬᠡᠳ ᠲᠡᠢ ᠬᠢᠷᠢᠨ᠎ᠡ ᠪᠦᠲᠦᠨ ᠴᠠᠭ ᠢᠶᠠᠷ ᠠᠵᠢᠯᠯᠠᠭᠠᠳ ᠶᠠᠪᠤᠵᠤ ᠪᠠᠶᠢᠭ᠎ᠠ ᠭᠠᠭᠴᠠ ᠯᠠ ᠡᠮᠡᠭᠲᠡᠢ ᠪᠠᠶᠢᠭ᠎ᠠ ᠨᠢ ᠪᠢ᠃ ᠨᠥᠬᠥᠷ ᠮᠠᠨᠢ ᠪᠦᠬᠦ ᠲᠠᠯ᠎ᠠ ᠪᠠᠷ ᠮᠢᠨᠦ ᠠᠵᠢᠯ ᠢ ᠳᠡᠮᠵᠢᠳᠡᠭ᠃ ᠨᠠᠳᠠ ᠠᠴᠠ ᠡᠷᠲᠡ ᠠᠵᠢᠯ ᠨᠢ ᠲᠠᠷᠬᠠᠳᠠᠭ ᠤᠴᠢᠷ ᠠᠴᠠ ᠬᠡᠦᠬᠡᠳ ᠢᠶᠡᠨ ᠴᠡᠴᠡᠷᠯᠢᠭ᠂ ᠰᠤᠷᠭᠠᠭᠤᠯᠢ ᠠᠴᠠ ᠨᠢ ᠠᠪᠤᠭᠠᠳ᠂ ᠬᠣᠭᠣᠯᠠ ᠤᠮᠳᠠ ᠶᠢ ᠨᠢ ᠬᠢᠵᠦ ᠥᠭᠭᠦᠭᠡᠳ᠂ ᠥᠬᠢᠨ ᠢᠶᠡᠨ ᠪᠤᠮᠪᠠᠶᠢᠯᠭᠠᠭᠠᠳ ᠯᠠ ᠰᠠᠭᠤᠵᠤ ᠪᠠᠶᠢᠳᠠᠭ ᠶᠤᠮ᠃ ᠨᠥᠬᠥᠷ ᠦᠨ ᠮᠠᠨᠢ ᠳᠡᠮᠵᠢᠯᠭᠡ ᠪᠠᠶᠢᠭ᠎ᠠ ᠦᠭᠡᠢ ᠪᠣᠯ ᠪᠢ ᠬᠡᠵᠢᠶ᠎ᠡ ᠴᠤ ᠳᠤᠷᠠᠲᠠᠢ ᠠᠵᠢᠯ ᠢᠶᠠᠨ ᠬᠢᠵᠦ ᠴᠢᠳᠠᠬᠤ ᠦᠭᠡᠢ ᠪᠠᠶᠢᠭᠰᠠᠨ᠃ ᠬᠡᠦᠬᠡᠳ ᠦᠨ ᠬᠦᠮᠦᠵᠢᠯ ᠦᠨ ᠬᠤᠪᠢ ᠳᠤ᠂ ᠶᠠᠫᠣᠨ ᠳᠤ 《ᠬᠡᠦᠬᠡᠳ ᠲᠦ ᠪᠡᠨ ᠨᠢᠷᠤᠭᠤ ᠶᠢ ᠪᠠᠨ ᠬᠠᠷᠠᠭᠤᠯᠵᠤ ᠥᠰᠬᠡᠬᠦ ᠶᠣᠰᠣᠲᠠᠢ》 ᠭᠡᠳᠡᠭ ᠮᠡᠷᠭᠡᠨ ᠦᠭᠡ ᠪᠠᠶᠢᠳᠠᠭ᠃ ᠥᠭᠡᠷ᠎ᠡ ᠪᠡᠷ ᠬᠡᠯᠡᠪᠡᠯ᠂ ᠥᠪᠡᠷ ᠦᠨ ᠪᠡᠶ᠎ᠡ ᠪᠡᠷ ᠦᠯᠢᠭᠡᠷᠯᠡᠵᠦ ᠥᠰᠬᠡᠬᠦ ᠶᠣᠰᠣᠲᠠᠢ ᠭᠡᠰᠡᠨ ᠦᠭᠡ᠃ ᠪᠢᠳᠡ ᠬᠣᠶᠠᠷ ᠴᠤ ᠪᠠᠰᠠ ᠡᠨᠡ ᠵᠠᠷᠴᠢᠮ ᠢᠶᠠᠷ ᠬᠡᠦᠬᠡᠳ ᠢᠶᠡᠨ ᠬᠦᠮᠦᠵᠢᠭᠦᠯᠬᠦ ᠶᠢ ᠬᠢᠴᠢᠶᠡᠵᠦ ᠪᠠᠶᠢᠭ᠎ᠠ᠃ ᠬᠡᠦᠬᠡᠳ ᠢᠶᠡᠨ《ᠬᠦᠮᠦᠨ ᠡᠴᠡ ᠳᠤᠲᠠᠬᠤ ᠦᠭᠡᠢ ᠬᠦᠮᠦᠨ》 ᠪᠢᠰᠢ᠂ ᠬᠦᠮᠦᠨ ᠰᠢᠭ ᠬᠦᠮᠦᠨ᠂ ᠥᠪᠡᠷ ᠢ ᠪᠡᠨ ᠪᠣᠯᠤᠨ ᠪᠤᠰᠤᠳ ᠢ ᠬᠠᠶᠢᠷᠠᠯᠠᠳᠠᠭ ᠬᠦᠮᠦᠨ ᠪᠣᠯᠭᠠᠬᠤ ᠶᠤᠮᠰᠠᠨ ᠯᠠ ᠭᠡᠵᠦ ᠪᠣᠳᠣᠵᠤ᠂ ᠬᠢᠴᠢᠶᠡᠳᠡᠭ᠃ ᠶᠠᠫᠣᠨ ᠤ ᠴᠡᠴᠡᠷᠯᠢᠭ ᠰᠤᠷᠭᠠᠭᠤᠯᠢ ᠨᠤᠭᠤᠳ ᠬᠡᠦᠬᠡᠳ ᠢ ᠪᠤᠰᠤᠳ ᠲᠤ ᠲᠦᠪᠡᠭ ᠤᠳᠤᠬᠤ ᠦᠭᠡᠢ᠂ ᠭᠡᠬᠦ ᠳᠦ ᠪᠡᠨ ᠪᠤᠰᠤᠳ ᠲᠠᠢ ᠨᠢᠭᠡᠳᠴᠦ ᠴᠢᠳᠠᠳᠠᠭ ᠬᠦᠮᠦᠨ ᠪᠣᠯᠭᠠᠬᠤ ᠳᠤ ᠶᠡᠬᠡ ᠠᠩᠬᠠᠷᠳᠠᠭ ᠶᠤᠮ ᠰᠢᠭ ᠰᠠᠨᠠᠭᠳᠠᠳᠠᠭ᠃ ᠲᠦᠮᠡᠲᠦ ᠰᠢᠨ᠎ᠡ ᠬᠥᠷᠪᠡᠭᠦᠯᠪᠡ

1        0       

                             13847524386      211429899@qq.com      13847524386   QQ  211429899 蒙ICP备17002503号-1