  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1786946
   1251

ᠴᠠᠭᠠᠨ ᠭᠠ ᠶᠢᠨ ᠠᠴᠢ ᠲᠤᠰᠠ

ᠮᠠᠨ ᠤ ᠮᠣᠩᠭᠣᠯᠴᠤᠳ ᠴᠠᠭᠠᠨ ᠭᠠ ᠶᠢ ᠬᠣᠭᠣᠯᠠ ᠬᠦᠨᠡᠰᠦᠨ ᠳᠦ ᠪᠡᠨ ᠲᠡᠳᠦᠶᠢᠯᠡᠨ ᠶᠡᠬᠡ ᠬᠡᠷᠡᠭᠯᠡᠭᠡᠳ ᠪᠠᠶᠢᠳᠠᠭ ᠦᠭᠡᠢ᠃ ᠠᠽᠢᠶ᠎ᠠ ᠶᠢᠨ ᠵᠠᠷᠢᠮ ᠦᠨᠳᠦᠰᠦᠲᠡᠨ ᠶᠠᠫᠣᠨᠴᠤᠳ᠂ ᠰᠣᠯᠣᠩᠭᠣᠰ ᠤᠳ᠂ ᠬᠢᠲᠠᠳ ᠤᠳ ᠡᠨᠡ ᠨᠣᠭᠣᠭ᠎ᠠ ᠶᠢ ᠡᠳᠦᠷ ᠪᠦᠷᠢ ᠶᠢᠨ ᠢᠶᠡᠨ ᠬᠣᠭᠣᠯᠠᠨ ᠤ ᠬᠡᠷᠡᠭᠴᠡᠭᠡ ᠪᠣᠯᠭᠠᠭᠰᠠᠨ ᠪᠠᠶᠢᠳᠠᠭ᠃ ᠲᠡᠳᠡᠭᠡᠷ ᠣᠷᠣᠨ ᠤ ᠬᠦᠮᠦᠨ ᠠᠷᠠᠳ ᠤᠨ ᠤᠷᠲᠤ ᠨᠠᠰᠤᠯᠠᠳᠠᠭ ᠲᠤ ᠴᠠᠭᠠᠨ ᠭᠠᠨ ᠤ ᠡᠭᠦᠷᠭᠡ ᠮᠠᠰᠢ ᠶᠡᠬᠡ ᠭᠡᠰᠡᠨ ᠰᠤᠳᠤᠯᠭ᠎ᠠ ᠪᠠᠶᠢᠳᠠᠭ ᠶᠤᠮ ᠪᠠᠶᠢᠨ᠎ᠠ᠃
        8619     
2018-10-02 16:57    
发表于:内蒙古
ᠮᠠᠨ ᠤ ᠮᠣᠩᠭᠣᠯᠴᠤᠳ ᠴᠠᠭᠠᠨ ᠭᠠ ᠶᠢ ᠬᠣᠭᠣᠯᠠ ᠬᠦᠨᠡᠰᠦᠨ ᠳᠦ ᠪᠡᠨ ᠲᠡᠳᠦᠶᠢᠯᠡᠨ ᠶᠡᠬᠡ ᠬᠡᠷᠡᠭᠯᠡᠭᠡᠳ ᠪᠠᠶᠢᠳᠠᠭ ᠦᠭᠡᠢ᠃ ᠠᠽᠢᠶ᠎ᠠ ᠶᠢᠨ ᠵᠠᠷᠢᠮ ᠦᠨᠳᠦᠰᠦᠲᠡᠨ ᠶᠠᠫᠣᠨᠴᠤᠳ᠂ ᠰᠣᠯᠣᠩᠭᠣᠰ ᠤᠳ᠂ ᠬᠢᠲᠠᠳ ᠤᠳ ᠡᠨᠡ ᠨᠣᠭᠣᠭ᠎ᠠ ᠶᠢ ᠡᠳᠦᠷ ᠪᠦᠷᠢ ᠶᠢᠨ ᠢᠶᠡᠨ ᠬᠣᠭᠣᠯᠠᠨ ᠤ ᠬᠡᠷᠡᠭᠴᠡᠭᠡ ᠪᠣᠯᠭᠠᠭᠰᠠᠨ ᠪᠠᠶᠢᠳᠠᠭ᠃ ᠲᠡᠳᠡᠭᠡᠷ ᠣᠷᠣᠨ ᠤ ᠬᠦᠮᠦᠨ ᠠᠷᠠᠳ ᠤᠨ ᠤᠷᠲᠤ ᠨᠠᠰᠤᠯᠠᠳᠠᠭ ᠲᠤ ᠴᠠᠭᠠᠨ ᠭᠠᠨ ᠤ ᠡᠭᠦᠷᠭᠡ ᠮᠠᠰᠢ ᠶᠡᠬᠡ ᠭᠡᠰᠡᠨ ᠰᠤᠳᠤᠯᠭ᠎ᠠ ᠪᠠᠶᠢᠳᠠᠭ ᠶᠤᠮ ᠪᠠᠶᠢᠨ᠎ᠠ᠃ ᠴᠠᠭᠠᠨ ᠭᠠ ᠨᠢ ᠬᠣᠭᠣᠯᠠᠨ ᠳᠤ ᠰᠠᠶᠢᠬᠠᠨ ᠠᠮᠲᠠᠯᠠᠭᠴᠢ ᠪᠣᠯᠬᠤ ᠶᠢᠨ ᠵᠡᠷᠭᠡᠴᠡᠭᠡ ᠣᠯᠠᠨ ᠲᠥᠷᠥᠯ ᠦᠨ ᠢᠳᠡ ᠰᠢᠳᠢ ᠲᠡᠢ ᠤᠷᠭᠤᠮᠠᠯ ᠠᠵᠢ᠃ ᠴᠠᠭᠠᠨ ᠭᠠ ᠨᠢ ᠰᠠᠷᠨᠠᠢ ᠰᠢᠭ ᠤᠯᠠᠭᠠᠨ ᠶᠠᠭᠠᠨ ᠴᠡᠴᠡᠭ ᠲᠡᠢ ᠣᠯᠠᠨ ᠨᠠᠰᠤᠲᠤ ᠮᠣᠳᠣᠯᠢᠭ ᠤᠷᠭᠤᠮᠠᠯ᠃ ᠡᠮᠦᠨᠡᠲᠦ ᠠᠽᠢᠶ᠎ᠠ ᠠᠴᠠ ᠭᠠᠷᠤᠯᠲᠠᠢ ᠡᠨᠡ ᠤᠷᠭᠤᠮᠠᠯ ᠬᠢᠲᠠᠳ ᠤᠨ ᠬᠣᠶᠢᠳᠣ᠂ ᠡᠮᠦᠨᠡᠲᠦ ᠳᠤᠮᠳᠠ ᠬᠡᠰᠡᠭ ᠦᠨ ᠨᠤᠲᠤᠭ ᠢᠶᠠᠷ ᠶᠡᠬᠡᠳᠡ ᠤᠷᠭᠤᠳᠠᠭ ᠪᠣᠯ ᠶᠠᠮᠠᠢ᠌ᠺᠠ᠂ ᠨᠢᠭᠧᠷ᠂ ᠭᠠᠢᠲ ᠵᠡᠷᠭᠡ ᠬᠠᠯᠠᠭᠤᠨ ᠣᠷᠣᠨ ᠨᠤᠭᠤᠳ ᠲᠤ ᠪᠠᠰᠠ ᠤᠷᠭᠤᠳᠠᠭ ᠠᠵᠡᠢ᠃ ᠬᠣᠣᠷᠳᠠᠯᠭ᠎ᠠ ᠲᠠᠶᠢᠯᠬᠤ᠂ ᠰᠡᠷᠢᠭᠦᠨ ᠢ ᠳᠠᠷᠤᠬᠤ᠂ ᠭᠡᠳᠡᠰᠦ ᠭᠦᠶᠦᠯᠭᠡᠬᠦ ᠶᠢ ᠵᠣᠭᠰᠣᠬᠤ ᠴᠢᠳᠠᠯᠲᠠᠢ ᠪᠣᠯᠬᠣᠷ ᠬᠢᠲᠠᠳ ᠤᠨ ᠠᠷᠠᠳ ᠲᠦᠮᠡᠨ ᠡᠷᠲᠡᠨ ᠡᠴᠡ ᠡᠮ ᠳᠦ ᠣᠷᠣᠭᠤᠯᠵᠤ᠂ 《ᠳᠣᠨᠣᠳ ᠤᠨ ᠰᠢᠳᠢᠲᠦ ᠡᠮ》 ᠭᠡᠵᠦ ᠨᠡᠷᠡᠯᠡᠳᠡᠭ᠃ ᠪᠠᠰᠠ 《ᠴᠠᠭᠠᠨ ᠭᠠ ᠵᠠᠭᠤᠨ ᠡᠪᠡᠳᠴᠢᠨ ᠢ ᠠᠨᠠᠭᠠᠳᠠᠭ》 ᠭᠡᠰᠡᠨ ᠦᠭᠡ ᠴᠤ ᠤᠯᠠᠮᠵᠢᠯᠠᠭᠳᠠᠵᠤ ᠢᠷᠡᠵᠡᠢ᠃ ᠴᠠᠭᠠᠨ ᠭᠠᠨ ᠤ ᠢᠳᠡ ᠰᠢᠳᠢ ᠶᠢᠨ ᠲᠠᠯ᠎ᠠ ᠪᠠᠷ ᠬᠢᠲᠠᠳ ᠤᠨ ᠰᠠᠶᠢᠲ ᠨᠤᠭᠤᠳ ᠲᠤ ᠪᠢᠴᠢᠭᠰᠡᠨ ᠢ ᠰᠣᠨᠢᠷᠬᠠᠯ᠎ᠠ᠃ ᠵᠤᠨ ᠤ ᠬᠠᠯᠠᠭᠤᠨ ᠳᠤ ᠴᠠᠭᠠᠨ ᠭᠠ ᠶᠢ ᠢᠳᠡᠬᠦ ᠶᠤᠮ ᠤᠤ ᠬᠠᠲᠠᠭᠠᠭᠰᠠᠨ ᠴᠠᠭᠠᠨ ᠭᠠ ᠶᠢ ᠴᠠᠢ ᠲᠠᠢ ᠬᠠᠨᠳᠠᠯᠠᠵᠤ ᠤᠤᠭᠤᠪᠠᠯ ᠪᠠᠺᠲ᠋ᠧᠷᠢ ᠶᠢ ᠡᠰᠡᠷᠭᠥᠴᠡᠨ᠂ ᠬᠠᠯᠠᠭᠤᠨ ᠢ ᠬᠥᠭᠡᠭᠡᠵᠦ᠂ ᠲᠠᠷᠢᠬᠢ ᠲᠣᠯᠣᠭᠠᠢ ᠶᠢ ᠰᠡᠷᠭᠦᠭᠡᠳᠡᠭ᠃ ᠲᠣᠭᠲᠠᠮᠠᠯ ᠬᠡᠷᠡᠭᠯᠡᠵᠦ ᠳᠠᠳᠪᠠᠯ ᠶᠠᠳᠠᠷᠠᠬᠤ᠂ ᠲᠠᠮᠢᠷ ᠠᠯᠳᠠᠬᠤ᠂ ᠬᠣᠭᠣᠯᠠᠨ ᠳᠤ ᠳᠤᠷ᠎ᠠ ᠦᠭᠡᠢ ᠪᠣᠯᠬᠤ᠂ ᠨᠣᠶᠢᠷ ᠬᠤᠯᠵᠢᠬᠤ᠂ ᠬᠠᠪᠤᠩᠨᠠᠬᠤ ᠶᠢ ᠵᠣᠬᠢᠴᠠᠭᠤᠯᠵᠤ ᠴᠢᠳᠠᠳᠠᠭ ᠶᠤᠮ ᠪᠠᠶᠢᠨ᠎ᠠ᠃ ᠬᠣᠭᠣᠯᠠ ᠢᠳᠡᠬᠦ ᠦᠶ᠎ᠡ ᠳ᠋ᠡᠭᠡᠨ ᠬᠡᠳᠦᠨ ᠵᠦᠰᠦᠮ ᠴᠠᠭᠠᠨ ᠭᠠ ᠬᠡᠷᠡᠭᠯᠡᠪᠡᠯ᠂ ᠬᠣᠭᠣᠯᠠᠨ ᠤ ᠳᠤᠷᠠᠰᠢᠯ ᠢ ᠨᠡᠮᠡᠭᠳᠡᠭᠦᠯᠳᠡᠭ ᠪᠥᠭᠡᠳ ᠬᠣᠳᠣᠭᠣᠳᠣᠨ ᠳᠤ ᠰᠠᠶᠢᠨ᠂ ᠴᠠᠭᠠᠨ ᠭᠠ ᠲᠠᠢ ᠤᠰᠤ ᠪᠠᠷ ᠠᠮᠠ ᠪᠠᠨ ᠵᠠᠶᠢᠯᠠᠬᠤ ᠳᠤ ᠠᠮᠠᠨ ᠤ ᠡᠪ ᠦᠭᠡᠢ ᠦᠨᠦᠷ ᠢ ᠠᠷᠢᠯᠭᠠᠵᠤ᠂ ᠰᠢᠳᠦᠨ ᠦ ᠤᠭ ᠤᠨ ᠦᠷᠪᠢᠰᠦᠯ ᠢ ᠡᠮᠴᠢᠯᠡᠬᠦ ᠳᠦ ᠴᠤ ᠦᠷ᠎ᠡ ᠳ᠋ᠦ᠋ᠢᠩ ᠲᠡᠢ ᠭᠡᠨ᠎ᠡ᠃ ᠴᠠᠭᠠᠨ ᠭᠠ ᠶᠢ ᠬᠣᠭᠣᠯᠠ ᠬᠦᠨᠡᠰᠦᠨ ᠳᠦ ᠪᠡᠨ ᠬᠡᠷᠡᠭᠯᠡᠬᠦ ᠳᠦ ᠪᠡᠨ ᠬᠠᠯᠢᠰᠤᠯᠠᠳᠠᠭ ᠦᠭᠡᠢ ᠶᠤᠮ ᠪᠠᠶᠢᠨ᠎ᠠ᠃ ᠭᠠᠨ ᠤ ᠬᠠᠯᠢᠰᠤ ᠨᠢ ᠬᠥᠯᠥᠰᠥ ᠭᠠᠳᠠᠭᠰᠢᠯᠠᠭᠤᠯᠬᠤ᠂ ᠨᠠᠷᠠᠰᠢᠬᠤ ᠠᠴᠠ ᠰᠡᠷᠭᠡᠶᠢᠯᠡᠬᠦ ᠡᠴᠡ ᠭᠠᠳᠠᠨ᠎ᠠ ᠡᠯᠢᠭᠡ ᠪᠣᠯᠤᠨ ᠬᠣᠭᠣᠯᠠ ᠰᠢᠩᠭᠡᠭᠡᠬᠦ ᠡᠷᠬᠡᠲᠡᠨ ᠢ ᠬᠠᠮᠠᠭᠠᠯᠠᠬᠤ᠂ ᠰᠢᠭᠡᠰᠦ ᠭᠠᠳᠠᠭᠰᠢᠯᠠᠭᠤᠯᠬᠤ ᠵᠡᠷᠭᠡ ᠳᠦ ᠮᠠᠰᠢ ᠰᠠᠶᠢᠨ ᠡᠮ ᠪᠣᠯᠳᠠᠭ᠃ ᠡᠨᠡ ᠤᠷᠭᠤᠮᠠᠯ ᠴᠢᠰᠤᠨ ᠤ ᠡᠷᠭᠢᠯᠲᠡ ᠶᠢ ᠰᠠᠶᠢᠵᠢᠷᠠᠭᠤᠯᠳᠠᠭ ᠤᠴᠢᠷ ᠠᠴᠠ ᠭᠠᠷ ᠬᠥᠯ ᠨᠢ ᠦᠷᠭᠦᠯᠵᠢ ᠳᠠᠭᠠᠷᠠᠳᠠᠭ ᠬᠦᠮᠦᠰ ᠲᠣᠭᠲᠠᠮᠠᠯ ᠬᠡᠷᠡᠭᠯᠡᠬᠦ ᠬᠡᠷᠡᠭᠲᠡᠢ᠃ ᠮᠥᠨ ᠵᠠᠬ᠎ᠠ ᠶᠢᠨ ᠰᠤᠳᠠᠰᠤ ᠶᠢ ᠲᠡᠯᠡᠳᠡᠭ᠂ ᠴᠢᠰᠤ ᠰᠢᠩᠭᠡᠯᠡᠳᠡᠭ ᠴᠢᠨᠠᠷ ᠨᠢ ᠳᠠᠷᠤᠯᠲᠠ ᠶᠡᠬᠡ ᠲᠡᠢ ᠬᠦᠮᠦᠰ ᠲᠦ ᠲᠣᠬᠢᠷᠠᠬᠤ ᠲᠡᠳᠦᠢ ᠦᠭᠡᠢ ᠲᠣᠯᠣᠭᠠᠢ ᠶᠢᠨ ᠡᠪᠡᠳᠦᠯᠲᠡ ᠶᠢ ᠨᠠᠮᠳᠠᠭᠠᠳᠠᠭ ᠪᠣᠯ ᠪᠦᠬᠦ ᠲᠥᠷᠥᠯ ᠦᠨ ᠰᠢᠯᠲᠠᠭᠠᠨ ᠳᠤ ᠳᠣᠲᠣᠷ᠎ᠠ ᠮᠠᠭᠤᠬᠠᠶᠢᠷᠠᠯ ᠳᠤ᠂ ᠪᠥᠭᠡᠯᠵᠢᠯᠲᠡ ᠶᠢ ᠨᠠᠮᠳᠠᠭᠠᠳᠠᠭ ᠨᠢ ᠣᠯᠠᠨ ᠲᠣᠭᠠᠨ ᠤ ᠰᠤᠳᠤᠯᠭᠠᠨ ᠨᠤᠭᠤᠳ ᠢᠶᠠᠷ ᠪᠠᠲᠤᠯᠠᠭᠳᠠᠵᠠᠢ᠃ ᠴᠡᠷ ᠬᠣᠪᠬᠣᠯᠵᠤ᠂ ᠬᠥᠯᠦᠷᠡᠭᠡᠳᠡᠭ ᠤᠴᠢᠷ ᠠᠴᠠ ᠬᠠᠨᠢᠶᠠᠳᠤ ᠲᠣᠮᠣᠭᠤᠨ ᠤ ᠦᠶ᠎ᠡ ᠳᠦ ᠬᠡᠷᠡᠭᠯᠡᠨ᠎ᠡ᠃ ᠦᠷᠪᠢᠰᠦᠯ ᠦᠨ ᠡᠰᠡᠷᠭᠥ ᠬᠦᠴᠦᠲᠡᠢ ᠦᠢᠯᠡᠴᠢᠯᠡᠭᠡ ᠲᠡᠢ ᠤᠴᠢᠷ ᠠᠴᠠ ᠦᠶ᠎ᠡ ᠮᠥᠴᠢᠨ ᠦ ᠡᠪᠡᠳᠴᠢᠨ ᠨᠦᠭᠦᠳ ᠦᠨ ᠦᠶ᠎ᠡ ᠳᠦ ᠪᠠᠰᠠ ᠬᠡᠷᠡᠭᠯᠡᠳᠡᠭ᠃ ᠡᠮᠡᠭᠲᠡᠶᠢᠴᠦᠳ ᠦᠨ ᠰᠠᠷ᠎ᠠ ᠶᠢᠨ ᠲᠡᠮᠳᠡᠭ ᠦᠨ ᠦᠶ᠎ᠡ ᠶᠢᠨ ᠡᠪᠡᠳᠦᠯᠲᠡ ᠶᠢ ᠴᠤ ᠨᠠᠮᠳᠠᠭᠠᠳᠠᠭ ᠶᠤᠮ ᠪᠠᠶᠢᠨ᠎ᠠ᠃ ᠴᠠᠭᠠᠨ ᠭᠠᠨ ᠤ ᠦᠨᠳᠦᠰᠦ ᠨᠢ ᠬᠣᠳᠣᠭᠣᠳᠣ ᠲᠠᠢ ᠠᠳᠠᠯᠢᠬᠠᠨ ᠬᠡᠯᠪᠡᠷᠢ ᠲᠡᠢ᠃ ᠡᠨᠡ ᠨᠣᠭᠣᠭᠠᠨ ᠤ ᠨᠢᠭᠡ ᠠᠴᠢ ᠬᠣᠯᠪᠣᠭᠳᠠᠯ ᠨᠢ ᠬᠣᠭᠣᠯᠠ ᠰᠢᠩᠭᠡᠭᠡᠬᠦ ᠦᠢᠯᠡᠴᠢᠯᠡᠭᠡ ᠲᠡᠢ᠃ ᠬᠣᠣᠷᠳᠠᠯᠭ᠎ᠠ ᠲᠠᠶᠢᠯᠳᠠᠭ᠃ ᠲᠡᠶᠢᠮᠦ ᠡᠴᠡ ᠬᠢᠲᠠᠳ ᠤᠳ 2000 ᠵᠢᠯ ᠦᠨ ᠡᠮᠦᠨ᠎ᠡ ᠡᠴᠡ ᠴᠠᠭᠠᠨ ᠭᠠ ᠶᠢ ᠬᠣᠳᠣᠭᠣᠳᠣ ᠠᠨᠠᠭᠠᠬᠤ᠂ ᠳᠠᠯᠠᠢ ᠶᠢᠨ ᠡᠪᠡᠳᠴᠢᠨ ᠦ ᠡᠰᠡᠷᠭᠥ ᠥᠷᠭᠡᠨ ᠬᠡᠷᠡᠭᠯᠡᠭᠰᠡᠭᠡᠷ ᠢᠷᠡᠵᠡᠢ᠃ ᠰᠡᠭᠦᠯ ᠦᠨ ᠦᠶ᠎ᠡ ᠳᠦ ᠴᠠᠭᠠᠨ ᠭᠠ ᠶᠢ ᠠᠽᠢᠶ᠎ᠠ ᠶᠢᠨ ᠣᠷᠣᠨ ᠨᠤᠭᠤᠳ ᠠᠴᠠ ᠭᠠᠳᠠᠨ᠎ᠠ ᠳᠡᠯᠡᠬᠡᠢ ᠶᠢᠨ ᠪᠤᠰᠤᠳ ᠣᠷᠣᠨ ᠨᠤᠭᠤᠳ ᠲᠤ ᠴᠤ ᠥᠷᠭᠡᠨ ᠬᠡᠷᠡᠭᠯᠡᠳᠡᠭ ᠪᠣᠯᠤᠭᠠᠳ ᠪᠠᠶᠢᠭ᠎ᠠ ᠨᠢ ᠲᠡᠭᠦᠨ ᠦ ᠠᠨᠠᠭᠠᠬᠤ ᠤᠪᠠᠳᠢᠰ ᠢ ᠢᠯᠡᠭᠦᠦ ᠲᠠᠨᠢᠵᠤ ᠮᠡᠳᠡᠭᠰᠡᠨ ᠦ ᠬᠢ ᠪᠠᠶᠢᠬᠤ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠮᠢᠨᠧᠰᠣᠲ᠋ᠳᠠ ᠶᠢᠨ ᠶᠡᠬᠡ ᠰᠤᠷᠭᠠᠭᠤᠯᠢ ᠶᠢᠨ ᠡᠷᠳᠡᠮᠲᠡᠳ ᠴᠠᠭᠠᠨ ᠬᠤᠯᠤᠭᠠᠨ᠎ᠠ ᠶᠢ ᠴᠠᠭᠠᠨ ᠭᠠᠨ ᠠᠴᠠ ᠭᠠᠷᠭᠠᠵᠤ ᠠᠪᠤᠭᠰᠠᠨ ᠬᠢᠮᠢ ᠶᠢᠨ ᠪᠣᠳᠠᠰ ᠢᠶᠠᠷ ᠲᠠᠷᠢᠬᠤ ᠳᠤ ᠰᠢᠯᠤᠭᠤᠨ ᠭᠡᠳᠡᠰᠦᠨ ᠦ ᠬᠠᠪᠤᠳᠠᠷ ᠤᠨ ᠡᠰ ᠪᠠᠭᠤᠷᠠᠭᠰᠠᠨ ᠨᠢ ᠲᠣᠭᠲᠠᠭᠠᠭᠳᠠᠵᠠᠢ᠃ ᠴᠠᠭᠠᠨ ᠭᠠ ᠨᠢ ᠳᠠᠷᠠᠭᠠᠬᠢ ᠡᠪᠡᠳᠴᠢᠨ ᠨᠦᠭᠦᠳ ᠲᠦ ᠬᠡᠷᠡᠭᠲᠡᠢ ᠪᠣᠯᠬᠤ ᠶᠢ ᠠᠨᠠᠭᠠᠬᠤ ᠶᠢᠨ ᠡᠷᠳᠡᠮᠲᠡᠳ ᠲᠣᠭᠲᠠᠭᠠᠵᠠᠢ᠃ 1.ᠥᠨᠳᠡᠭᠡᠪᠴᠢᠨ ᠦ ᠬᠣᠣᠷᠲᠤ ᠬᠠᠪᠤᠳᠠᠷ ᠤᠨ ᠡᠮᠴᠢᠯᠡᠭᠡᠨ ᠳᠦ 2. ᠪᠦᠳᠦᠭᠦᠨ ᠭᠡᠳᠡᠰᠦᠨ ᠦ ᠬᠣᠣᠷᠲᠤ ᠬᠠᠪᠤᠳᠠᠷ ᠠᠴᠠ ᠤᠷᠢᠳᠴᠢᠯᠠᠨ ᠰᠡᠷᠭᠡᠶᠢᠯᠡᠬᠦ ᠳᠦ 3. ᠵᠢᠷᠮᠦᠰᠦᠨ ᠦ ᠡᠷᠲᠡ ᠦᠶ᠎ᠡ ᠶᠢᠨ ᠬᠣᠣᠷᠳᠠᠯᠭᠠᠨ ᠳᠤ 4. ᠳᠠᠯᠠᠢ ᠶᠢᠨ ᠡᠪᠡᠳᠴᠢᠨ ᠪᠤᠶᠤ ᠤᠨᠤᠭ᠎ᠠ ᠮᠠᠰᠢᠨ᠂ ᠣᠩᠭᠣᠴᠠᠨ ᠳᠤ ᠪᠦᠭᠡᠯᠵᠢᠵᠦ ᠳᠣᠲᠣᠷ᠎ᠠ ᠮᠠᠭᠤᠬᠠᠶᠢᠷᠠᠬᠤ ᠳ᠋ᠤ 5. ᠡᠪᠡᠳᠴᠢᠨ ᠨᠠᠮᠳᠠᠭᠠᠬᠤ ᠪᠣᠯᠤᠨ ᠦᠷᠪᠢᠰᠦᠯ᠂ ᠰᠢᠷᠬᠠᠨ ᠳᠤ 6. ᠰᠢᠷ᠎ᠠ ᠬᠥᠭᠡᠷᠦᠬᠦ ᠳᠦ 7. ᠰᠢᠬᠢᠷ ᠦᠨ ᠰᠢᠵᠢᠩ ᠡᠪᠡᠳᠴᠢᠨ ᠦ ᠦᠶ᠎ᠡ ᠳᠦ ᠪᠥᠭᠡᠷᠡᠨ ᠦ ᠦᠢᠯᠡ ᠠᠵᠢᠯᠯᠠᠭ᠎ᠠ ᠮᠠᠭᠤᠳᠠᠬᠤ ᠠᠴᠠ ᠤᠷᠢᠳᠴᠢᠯᠠᠨ ᠰᠡᠷᠭᠡᠶᠢᠯᠡᠬᠦ ᠳᠦ 8.ᠲᠣᠯᠣᠭᠠᠢ ᠬᠦᠴᠦᠲᠡᠢ ᠡᠪᠡᠳᠬᠦ᠂ ᠲᠠᠯᠠᠯᠠᠵᠤ ᠡᠪᠡᠳᠬᠦ ᠳᠦ 9. ᠰᠠᠷ᠎ᠠ ᠶᠢᠨ ᠲᠡᠮᠳᠡᠭ ᠦᠨ ᠦᠶ᠎ᠡ ᠳ᠋ᠡᠬᠢ ᠪᠠᠵᠠᠯᠲᠠ ᠡᠪᠡᠳᠦᠯᠲᠡ ᠶᠢ ᠨᠠᠮᠵᠢᠭᠠᠬᠤ 10. ᠬᠠᠨᠢᠶᠠᠳᠤ ᠲᠣᠮᠣᠭᠤᠨ ᠠᠴᠠ ᠤᠷᠢᠳᠴᠢᠯᠠᠨ ᠰᠡᠷᠭᠡᠶᠢᠯᠡᠳᠡᠭ ᠪᠠᠶᠢᠨ᠎ᠠ ᠬᠡᠷᠬᠢᠨ ᠬᠡᠷᠡᠭᠯᠡᠬᠦ ᠪᠤᠢ ᠴᠠᠭᠠᠨ ᠭᠠ ᠶᠢ ᠪᠦᠬᠦ ᠲᠥᠷᠥᠯ ᠦᠨ ᠬᠣᠭᠣᠯᠠ ᠬᠦᠨᠡᠰᠦᠨ ᠳᠦ ᠬᠡᠷᠭᠡᠯᠡᠳᠡᠭ ᠴᠤ ᠴᠠᠶᠢᠨ ᠳᠤ ᠬᠢᠵᠦ ᠤᠤᠭᠤᠪᠠᠯ ᠢᠯᠡᠭᠦᠦ ᠬᠢᠯᠪᠠᠷ᠃ ᠥᠪᠡᠷ ᠦᠨ ᠬᠦᠰᠡᠭᠰᠡᠨ ᠬᠡᠮᠵᠢᠶ᠎ᠡ ᠪᠡᠷ ᠭᠠᠨ ᠠᠴᠠ ᠲᠠᠰᠤᠯᠵᠤ ᠠᠪᠤᠭᠠᠳ 10-20 ᠮᠢᠨᠦ᠋ᠲ ᠪᠤᠴᠠᠯᠭᠠᠭᠠᠳ ᠰᠢᠭᠦᠵᠦ ᠵᠥᠭᠡᠢ ᠶᠢᠨ ᠪᠠᠯ ᠨᠢᠮᠪᠡᠭᠡ ᠶᠢᠨ ᠰᠢᠭᠦᠰᠦ ᠲᠡᠢ ᠬᠣᠯᠢᠵᠤ ᠤᠤᠭᠤᠨ᠎ᠠ᠃ ᠡᠳᠦᠷ ᠲᠦ 0.5—1.0 ᠭᠷᠠᠮ ᠢᠶᠠᠷ ᠬᠡᠷᠡᠭᠯᠡᠵᠦ ᠪᠠᠶᠢᠬᠤ ᠳᠤ ᠲᠤᠰᠠᠲᠠᠢ᠃ ᠮᠥᠨ 1 ᠯᠢᠲ᠋ᠷ ᠤᠰᠤᠨ ᠳᠤ 10 ᠭᠷᠠᠮ ᠴᠠᠭᠠᠨ ᠭᠠ ᠪᠠᠨ ᠬᠢᠵᠦ ᠪᠤᠴᠠᠯᠭᠠᠭᠠᠳ ᠸᠠᠨᠨ ᠲᠠᠢ ᠤᠰᠤᠨ ᠳᠤ ᠬᠢᠵᠦ ᠣᠷᠣᠪᠠᠯ ᠶᠠᠳᠠᠷᠠᠭᠠᠨ ᠳᠤ ᠲᠤᠰᠠᠲᠠᠢ ᠭᠡᠳᠡᠭ ᠃ ᠴᠠᠭᠠᠨ ᠭᠠ ᠶᠢ ᠬᠠᠯᠠᠭᠤᠨ ᠤᠰᠤ ᠪᠠᠷ ᠵᠢᠭᠤᠷᠠᠭᠠᠳ᠂ ᠲᠣᠯᠣᠭᠠᠢ᠂ ᠨᠢᠷᠤᠭᠤᠨ ᠤ ᠡᠪᠡᠳᠴᠢᠨ ᠨᠠᠮᠳᠠᠭᠠᠬᠤ᠂ ᠭᠡᠮᠲᠦᠯ᠂ ᠰᠢᠷᠪᠦᠰᠦ ᠰᠤᠨᠬᠤ ᠵᠡᠷᠭᠡ ᠡᠪᠡᠳᠴᠢᠨ ᠦ ᠦᠶ᠎ᠡ ᠳᠦ ᠬᠡᠷᠡᠭᠯᠡᠳᠡᠭ᠃ ᠡᠮᠴᠢᠯᠡᠭᠡᠨ ᠦ ᠵᠣᠷᠢᠯᠭ᠎ᠠ ᠪᠠᠷ ᠬᠡᠷᠡᠭᠯᠡᠬᠦ ᠬᠢᠲᠠᠳ ᠤᠨ ᠤᠯᠠᠮᠵᠢᠯᠠᠯᠲᠤ ᠡᠮᠴᠢᠯᠡᠭᠡᠨ ᠳᠦ ᠣᠯᠠᠨ ᠵᠦᠢᠯ ᠦᠨ ᠡᠮ ᠦᠨ ᠨᠠᠶᠢᠷᠠᠯᠭᠠᠨ ᠳᠤ ᠴᠠᠭᠠᠨ ᠭᠠ ᠶᠢ ᠣᠷᠣᠭᠤᠯᠵᠤ ᠬᠡᠷᠡᠭᠯᠡᠭᠰᠡᠭᠡᠷ ᠢᠷᠡᠭᠰᠡᠨ ᠪᠠ ᠠᠹᠷᠢᠺᠠ ᠲᠢᠪ ᠦᠨ ᠬᠢᠨ᠂ ᠪᠠᠷᠠᠭᠤᠨ ᠢᠨᠳᠢᠶᠠᠨᠴᠤᠳ ᠶᠠᠩᠵᠤ ᠪᠦᠷᠢ ᠶᠢᠨ ᠡᠪᠡᠳᠴᠢᠨ ᠤ ᠡᠮᠴᠢᠯᠡᠬᠡ ᠳᠦ ᠡᠨᠡ ᠤᠷᠭᠤᠮᠠᠯ ᠤᠨ ᠦᠨᠳᠦᠰᠦ ᠶᠢ ᠬᠡᠷᠡᠭᠯᠡᠭᠰᠡᠭᠡᠷ ᠢᠷᠡᠵᠡᠢ᠃ ᠭᠷᠧᠺ ᠦᠨ ᠡᠮᠴᠢ ᠭᠠᠯᠧᠨ ᠴᠠᠭᠠᠨ ᠭᠠ ᠶᠢ ᠪᠡᠶ᠎ᠡ ᠶᠢ ᠴᠡᠪᠡᠷᠰᠢᠭᠦᠯᠬᠦ᠂ ᠲᠡᠩᠴᠡᠪᠦᠷᠢᠵᠢᠭᠦᠯᠬᠦ ᠵᠣᠷᠢᠯᠭ᠎ᠠ ᠪᠠᠷ ᠬᠡᠷᠡᠭᠯᠡᠵᠦ ᠪᠠᠶᠢᠪᠠ᠃ ᠬᠢᠲᠠᠳ ᠤᠳ ᠴᠠᠭᠠᠨ ᠭᠠ ᠶᠢ ᠬᠣᠳᠣᠭᠣᠳᠣ ᠡᠪᠡᠳᠬᠦ᠂ ᠰᠠᠭᠤᠯᠭᠠᠬᠤ᠂ ᠳᠣᠲᠣᠷ᠎ᠠ ᠮᠠᠭᠤᠬᠠᠶᠢᠷᠠᠬᠤ᠂ ᠤᠷᠪᠠᠬᠤ ᠲᠠᠬᠤᠯ ᠪᠠᠭᠲᠠᠷᠠᠭ᠎ᠠ᠂ ᠵᠢᠷᠦᠬᠡᠨ ᠦ ᠡᠪᠡᠳᠴᠢᠨ ᠠᠭᠤᠰᠭᠢᠨ ᠤ ᠡᠪᠡᠳᠴᠢᠨ ᠨᠦᠭᠦᠳ᠂ ᠰᠢᠳᠦ ᠡᠪᠡᠳᠬᠦ᠂ ᠬᠡᠷᠥᠬᠦ ᠡᠪᠡᠳᠴᠢᠨ ᠤ ᠦᠶ᠎ᠡ ᠨᠦᠭᠦᠳ ᠲᠦ ᠬᠡᠷᠡᠭᠯᠡᠭᠰᠡᠭᠡᠷ ᠢᠷᠡᠭᠰᠡᠨ ᠪᠠᠶᠢᠨ᠎ᠠ᠃ ᠮᠥᠨ ᠡᠨᠡᠳᠬᠡᠭ ᠦᠨ ᠠᠦ᠋ᠷᠸᠧᠳᠢ ᠶᠢᠨ ᠡᠮᠴᠢᠯᠡᠭᠡᠨ ᠳᠦ ᠴᠠᠭᠠᠨ ᠭᠠ ᠶᠢ ᠬᠣᠳᠣᠭᠣᠳᠣ ᠭᠡᠳᠡᠰᠦᠨ ᠦ ᠠᠵᠢᠯᠯᠠᠭ᠎ᠠ ᠶᠢ ᠰᠠᠶᠢᠵᠢᠷᠠᠭᠤᠯᠬᠤ᠂ ᠰᠠᠭᠤᠯᠭᠠᠬᠤ ᠶᠢ ᠳᠠᠷᠤᠬᠤ᠂ ᠴᠡᠷ ᠬᠣᠪᠬᠣᠯᠬᠤ᠂ ᠵᠠᠬ᠎ᠠ ᠶᠢᠨ ᠴᠢᠰᠤᠨ ᠤ ᠡᠷᠭᠢᠯᠲᠡ ᠶᠢ ᠰᠠᠶᠢᠵᠢᠷᠠᠭᠤᠯᠬᠤ᠂ ᠦᠷᠪᠢᠰᠦᠯ ᠳᠠᠷᠤᠬᠤ᠂ ᠬᠠᠪᠤᠩ ᠬᠥᠭᠡᠭᠡᠬᠦ ᠮᠡᠲᠦ ᠳᠦ ᠮᠥᠨ ᠬᠡᠷᠡᠭᠯᠡᠭᠰᠡᠭᠡᠷ ᠢᠷᠡᠭᠰᠡᠨ᠃ ᠠᠮᠧᠷᠢᠺᠠ ᠳᠤ ᠴᠤ ᠪᠠᠰᠠ ᠮᠠᠰᠢᠨ ᠲᠡᠷᠭᠡ᠂ ᠨᠢᠰᠬᠦ ᠣᠩᠭᠣᠴᠠ᠂ ᠤᠰᠤᠨ ᠣᠩᠭᠣᠴᠠᠨ ᠳᠤ ᠰᠠᠭᠤᠬᠤ ᠦᠶ᠎ᠡ ᠳᠦ ᠭᠠᠷᠳᠠᠭ ᠳᠣᠲᠣᠷ᠎ᠠ ᠮᠠᠭᠤᠬᠠᠶᠢᠷᠠᠬᠤ᠂ ᠪᠥᠭᠡᠯᠵᠢᠬᠦ ᠲᠣᠬᠢᠶᠠᠯᠳᠤᠯ ᠢ ᠳᠠᠪᠠᠬᠤ ᠶᠢᠨ ᠲᠤᠯᠠᠳᠠ ᠥᠷᠭᠡᠨ ᠬᠡᠷᠡᠭᠯᠡᠳᠡᠭ᠃ ᠬᠣᠳᠣᠭᠣᠳᠣ ᠭᠡᠳᠡᠰᠦ ᠡᠪᠡᠳᠬᠦ ᠳᠦ᠄ ᠴᠠᠭᠠᠨ ᠭᠠᠨ ᠳᠤ ᠪᠠᠶᠢᠳᠠᠭ ᠵᠠᠷᠢᠮ ᠪᠣᠳᠠᠰ ᠤᠳ ᠨᠢ ᠬᠣᠭᠣᠯᠠ ᠰᠢᠩᠭᠡᠴᠡ ᠶᠢ ᠢᠳᠡᠪᠬᠢᠵᠢᠭᠦᠯᠵᠦ᠂ ᠭᠡᠳᠡᠰᠦᠨ ᠦ ᠭᠦᠷᠪᠡᠯᠵᠡᠬᠦ ᠬᠥᠳᠡᠯᠭᠡᠭᠡᠨ ᠢ ᠰᠠᠶᠢᠵᠢᠷᠠᠭᠤᠯᠬᠤ ᠪᠠ ᠥᠳᠬᠡᠨ ᠬᠠᠳᠠᠬᠤ ᠳᠤ ᠲᠤᠰᠠᠲᠠᠢ ᠪᠠᠶᠢᠳᠠᠭ᠃ ᠡᠭᠦᠨ ᠡᠴᠡ ᠭᠠᠳᠠᠨ᠎ᠠ ᠴᠠᠭᠠᠨ ᠭᠠ ᠶᠢ ᠨᠢᠭᠡ ᠭᠷᠠᠮ ᠢᠶᠠᠷ ᠤᠷᠢᠳᠴᠢᠯᠠᠨ ᠬᠡᠷᠡᠭᠯᠡᠬᠦ ᠳᠦ ᠮᠡᠰᠡ ᠵᠠᠰᠠᠯ ᠤᠨ ᠳᠠᠷᠠᠭ᠎ᠠ ᠭᠠᠷᠳᠠᠭ ᠪᠥᠭᠡᠯᠵᠢᠬᠦ᠂ ᠳᠣᠲᠣᠷ᠎ᠠ ᠡᠪᠭᠦᠶᠢᠷᠡᠬᠦ ᠲᠣᠬᠢᠶᠠᠯᠳᠤᠯ ᠢ ᠡᠷᠡᠰ ᠪᠠᠭᠠᠰᠬᠠᠵᠤ ᠪᠠᠶᠢᠵᠠᠢ᠃ ᠮᠥᠨ ᠵᠢᠷᠮᠦᠰᠦᠨ ᠦ ᠬᠣᠣᠷᠳᠠᠯᠭ᠎ᠠ ᠶᠢᠨ ᠦᠶ᠎ᠡ ᠳᠦ 250 ᠮᠢᠯᠯᠢᠭᠷᠠᠮ ᠨᠤᠨᠲᠠᠭ ᠴᠠᠭᠠᠨ ᠭᠠ ᠶᠢ ᠡᠳᠦᠷ ᠲᠦ 4 ᠤᠳᠠᠭ᠎ᠠ ᠤᠤᠭᠤᠯᠭᠠᠵᠤ᠂ 4 ᠡᠳᠦᠷ ᠬᠡᠷᠡᠭᠯᠡᠬᠦ ᠳᠦ ᠳᠣᠲᠣᠷ ᠡᠪᠭᠦᠶᠢᠷᠬᠡᠵᠦ ᠪᠥᠭᠡᠯᠵᠢᠬᠦ ᠨᠢ ᠨᠠᠮᠳᠠᠳᠠᠭ᠃ ᠦᠶ᠎ᠡ ᠮᠥᠴᠢ᠂ ᠦᠷᠪᠢᠰᠦᠯ ᠳᠠᠷᠤᠬᠤ᠄ ᠦᠶ᠎ᠡ ᠮᠥᠴᠢᠨ ᠦ ᠡᠪᠡᠳᠴᠢᠨ ᠦ ᠦᠶ᠎ᠡ ᠶᠢᠨ ᠡᠪᠡᠳᠴᠦ ᠬᠠᠪᠤᠳᠴᠤ ᠦᠷᠪᠢᠰᠬᠦ᠂ ᠬᠥᠳᠡᠯᠭᠡᠭᠡᠨ ᠬᠢᠵᠠᠭᠠᠷᠯᠠᠭᠳᠠᠬᠤ ᠳᠤ ᠪᠣᠯᠤᠨ ᠡᠯᠳᠡᠪ ᠦᠷᠪᠢᠰᠦᠯ ᠦᠨ ᠭᠠᠷᠤᠯ ᠲᠠᠢ ᠡᠪᠡᠳᠴᠢᠨ ᠦ ᠦᠶ᠎ᠡ ᠳᠦ ᠬᠡᠷᠡᠭᠯᠡᠬᠦ ᠳᠦ ᠲᠤᠰᠠᠲᠠᠢ ᠲᠡᠳᠦᠢ ᠦᠭᠡᠢ ᠭᠠᠵᠢ ᠨᠥᠯᠥᠭᠡ ᠢᠯᠡᠷᠡᠬᠦ ᠨᠢ ᠬᠣᠪᠣᠷ ᠪᠠᠶᠢᠳᠠᠭ᠃ 5 ᠭᠷᠠᠮ ᠰᠢᠨ᠎ᠡ ᠴᠠᠭᠠᠨ ᠭᠠ ᠪᠤᠶᠤ ᠬᠠᠲᠠᠭᠠᠵᠤ ᠨᠤᠨᠲᠠᠭᠯᠠᠭᠰᠠᠨ ᠭᠠ ᠶᠢ 0.5-1.0 ᠭᠷᠠᠮ ᠲᠤᠩ ᠢᠶᠡᠷ ᠬᠡᠷᠡᠭᠯᠡᠬᠦ ᠳ᠋ᠤ ᠦᠶ᠎ᠡ ᠮᠥᠴᠢᠨ ᠦ ᠦᠷᠪᠢᠰᠦᠯ ᠦᠨ ᠦᠶ᠎ᠡ ᠶᠢᠨ ᠬᠠᠪᠤᠳᠴᠤ ᠡᠪᠡᠳᠬᠦ ᠨᠢ ᠡᠷᠡᠰ ᠪᠠᠭᠠᠰᠬᠠᠵᠤ ᠪᠠᠶᠢᠵᠠᠢ᠃ ᠡᠶᠢᠮᠦ ᠪᠠᠶᠢᠳᠠᠯ ᠢᠶᠠᠷ 3 ᠰᠠᠷ᠎ᠠ ᠶᠢᠨ ᠲᠤᠷᠰᠢ ᠬᠡᠷᠡᠭᠯᠡᠬᠦ ᠳᠦ ᠮᠠᠰᠢ ᠰᠠᠶᠢᠨ ᠦᠷ᠎ᠡ ᠳ᠋ᠦᠢᠩ ᠥᠭᠳᠡᠭ ᠢ ᠰᠤᠳᠤᠯᠤᠭᠠᠴᠢᠳ ᠲᠣᠭᠲᠠᠭᠠᠭᠰᠠᠨ ᠪᠠᠶᠢᠨ᠎ᠠ᠃ ᠨᠢᠶᠠᠨ ᠤ ᠡᠰᠡᠷᠭᠥ᠄ ᠴᠠᠭᠠᠨ ᠭᠠ ᠪᠣᠯ ᠨᠢᠶᠠᠨ ᠤ ᠡᠰᠡᠷᠭᠥ ᠬᠦᠴᠦᠲᠡᠢ ᠦᠢᠯᠡᠴᠢᠯᠡᠳᠡᠭ ᠪᠠ ᠮᠥᠭᠥᠨᠴᠢᠷ ᠦᠳ ᠦᠨ ᠡᠰᠡᠷᠭᠥ ᠦᠢᠯᠡᠴᠢᠯᠡᠭᠡ ᠶᠢ ᠦᠵᠡᠭᠦᠯᠳᠡᠭ᠃ ᠴᠠᠭᠠᠨ ᠭᠠ ᠨᠢ ᠡᠯᠳᠡᠪ ᠨᠢᠶᠠᠨ ᠨᠤᠭᠤᠳ ᠤᠨ ᠦᠷᠡᠵᠢᠯ ᠢ ᠰᠤᠯᠠᠷᠠᠭᠤᠯᠳᠠᠭ ᠪᠥᠭᠡᠳ ᠬᠠᠪᠤᠳᠠᠷ ᠡᠭᠦᠰᠬᠦ ᠳᠦ ᠨᠥᠯᠦᠭᠡᠯᠡᠳᠡᠭ ᠮᠥᠭᠥᠨᠴᠢᠷ ᠦᠨ ᠡᠰᠡᠷᠭᠥ ᠰᠠᠶᠢᠨ ᠦᠢᠯᠡᠴᠢᠯᠡᠳᠡᠭ ᠪᠣᠯᠬᠤ ᠨᠢ ᠪᠠᠲᠤᠯᠠᠭᠳᠠᠵᠠᠢ᠃ ᠵᠢᠷᠦᠬᠡ ᠰᠤᠳᠠᠰᠤ᠂ ᠳᠠᠷᠤᠯᠲᠠ ᠪᠠᠭᠤᠷᠠᠭᠤᠯᠬᠤ᠄ ᠬᠢᠲᠠᠳ ᠤᠨ ᠤᠯᠠᠮᠵᠢᠯᠠᠯᠲᠤ ᠡᠮᠴᠢᠯᠡᠭᠡᠨ ᠳᠦ ᠴᠠᠭᠠᠨ ᠭᠠ ᠶᠢ ᠪᠡᠶ᠎ᠡ ᠶᠢᠨ ᠰᠢᠩᠭᠡᠨ ᠦ ᠰᠣᠯᠢᠯᠴᠠᠭ᠎ᠠ ᠶᠢ ᠰᠠᠶᠢᠵᠢᠷᠠᠭᠤᠯᠬᠤ ᠵᠣᠷᠢᠯᠭ᠎ᠠ ᠪᠠᠷ ᠥᠷᠭᠡᠨ ᠬᠡᠷᠡᠭᠯᠡᠳᠡᠭ᠃ ᠴᠠᠭᠠᠨ ᠭᠠ ᠪᠣᠯ ᠴᠢᠰᠤ ᠰᠢᠩᠭᠡᠯᠡᠵᠦ᠂ ᠵᠢᠷᠦᠬᠡ ᠰᠡᠷᠭᠦᠭᠡᠬᠦ ᠦᠢᠯᠡᠴᠢᠯᠡᠭᠡ ᠲᠡᠢ ᠲᠤᠯᠠ ᠴᠢᠰᠤᠨ ᠤ ᠡᠷᠭᠢᠯᠲᠡ ᠶᠢ ᠰᠠᠶᠢᠵᠢᠷᠠᠭᠤᠯᠳᠠᠭ᠃ ᠢᠩᠭᠢᠵᠦ ᠴᠢᠰᠤᠨ ᠤ ᠡᠷᠭᠢᠯᠲᠡ ᠰᠠᠶᠢᠵᠢᠷᠠᠬᠤ ᠨᠢ ᠡᠰ ᠦᠨ ᠪᠣᠳᠠᠰ ᠤᠨ ᠰᠣᠯᠢᠯᠴᠠᠭ᠎ᠠ ᠶᠢ ᠰᠠᠶᠢᠵᠢᠷᠠᠭᠤᠯᠵᠤ᠂ ᠡᠳ᠋ ᠡᠷᠬᠡᠲᠡᠨ ᠦ ᠴᠣᠴᠢᠷᠠᠯ ᠢ ᠪᠠᠭᠠᠰᠬᠠᠵᠤ ᠲᠠᠶᠢᠪᠤᠰᠢᠷᠠᠭᠤᠯᠳᠠᠭ᠃ ᠴᠢᠰᠤᠨ ᠤ ᠳᠠᠷᠤᠯᠲᠠ ᠶᠢ ᠪᠠᠭᠤᠷᠠᠭᠤᠯᠬᠤ ᠠᠴᠠ ᠭᠠᠳᠠᠨ᠎ᠠ ᠵᠢᠷᠦᠬᠡᠨ ᠦ ᠠᠴᠢᠶᠠᠯᠠᠯ ᠢ ᠪᠠᠭᠠᠰᠬᠠᠳᠠᠭ᠃ ᠲᠣᠯᠣᠭᠠᠢ ᠶᠢᠨ ᠡᠪᠡᠳᠴᠢᠨ ᠳᠦ᠄ ᠮᠥᠨ ᠴᠠᠭᠠᠨ ᠭᠠ ᠶᠢ ᠬᠣᠭᠣᠯᠠ ᠤᠮᠳᠠᠨ ᠤ ᠵᠦᠢᠯ ᠡᠴᠡ ᠪᠡᠶ᠎ᠡ ᠳᠦ ᠦᠯᠡᠳᠡᠭᠰᠡᠨ ᠾᠣᠯᠧᠰᠲᠷᠣᠯ ᠤᠨ ᠬᠡᠮᠵᠢᠶ᠎ᠡ ᠶᠢ ᠪᠠᠭᠤᠷᠠᠭᠤᠯᠳᠠᠭ᠂ ᠪᠡᠶ᠎ᠡ ᠳᠦ ᠤᠴᠠᠷᠠᠭᠰᠠᠨ ᠢᠰᠦᠯᠳᠦᠯ ᠢ ᠪᠠᠭᠠᠰᠬᠠᠵᠤ᠂ ᠬᠥᠭᠰᠢᠷᠡᠯᠲᠡ ᠶᠢᠨ ᠡᠰᠡᠷᠭᠥ ᠦᠢᠯᠡᠴᠢᠯᠡᠭᠡ ᠲᠡᠢ ᠪᠣᠯᠬᠤ ᠶᠢ ᠰᠠᠶ᠋ᠢᠬᠠᠨ ᠤ ᠰᠤᠳᠤᠯᠭ᠎ᠠ ᠨᠤᠭᠤᠳ ᠨᠣᠲᠠᠯᠠᠭᠠᠳ ᠪᠠᠶᠢᠨ᠎ᠠ᠃ ᠴᠠᠭᠠᠨ ᠭᠠᠨ ᠤ ᠨᠤᠨᠲᠠᠭ ᠢ (500-600 ᠮᠢᠯᠯᠢᠭᠷᠠᠮ) ᠲᠣᠯᠣᠭᠠᠢ ᠲᠠᠯᠠᠯᠠᠨ ᠡᠪᠡᠳᠬᠦ ᠡᠪᠡᠳᠴᠢᠨ ᠦ ᠬᠦᠨᠳᠦ ᠬᠡᠯᠪᠡᠷᠢ ᠶᠢᠨ ᠦᠶ᠎ᠡ ᠳᠦ 4 ᠴᠠᠭ ᠤᠨ ᠵᠠᠢ ᠲᠠᠢ 3-4 ᠡᠳᠦᠷ ᠤᠤᠭᠤᠵᠤ ᠬᠡᠷᠡᠭᠯᠡᠬᠦ ᠳᠦ ᠡᠨᠡ ᠡᠪᠡᠳᠴᠢᠨ ᠦ ᠰᠢᠨᠠᠯᠤᠭ᠎ᠠ ᠶᠢ ᠳᠠᠷᠤᠳᠠᠭ ᠪᠣᠯᠬᠤ ᠶᠢ ᠰᠤᠳᠤᠯᠭ᠎ᠠ ᠪᠠᠷ ᠨᠣᠲᠠᠯᠠᠭᠰᠠᠨ ᠪᠠᠶᠢᠨ᠎ᠠ᠃ ᠴᠠᠭᠠᠨ ᠭᠠ ᠨᠢ ᠬᠥᠮᠦᠨ ᠳ᠋ᠤ ᠶᠠᠮᠠᠷᠴᠤ ᠬᠣᠣᠷ ᠨᠥᠯᠦᠭᠡ ᠦᠭᠡᠢ ᠬᠦᠨᠡᠰᠦᠨ ᠦ ᠪᠦᠲᠦᠭᠡᠭᠳᠡᠬᠦᠨ ᠪᠥᠭᠡᠳ ᠬᠣᠭᠣᠯᠠ ᠬᠦᠨᠡᠰᠦᠨ ᠳᠦ ᠪᠡᠨ ᠬᠡᠷᠡᠭᠯᠡᠵᠦ ᠪᠠᠶᠢᠬᠤ ᠳᠤ ᠯᠠ ᠬᠦᠮᠦᠨ ᠦ ᠡᠷᠡᠭᠦᠯ ᠮᠡᠨᠳᠦ ᠳᠦ ᠠᠴᠢ ᠲᠤᠰᠠ ᠪᠠᠨ ᠥᠭᠴᠦ ᠪᠠᠶᠢᠳᠠᠭ ᠤᠷᠭᠤᠮᠠᠯ ᠶᠤᠮ ᠪᠠᠶᠢᠨ᠎ᠠ᠃

4        0       

                             13847524386      211429899@qq.com      13847524386   QQ  211429899 蒙ICP备17002503号-1