  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1790478
   1251

ᠳᠤᠤᠭᠠᠷ ᠤᠨ ᠳᠤᠩᠭᠠᠷᠵᠢᠳ᠄ ᠦᠨᠳᠦᠰᠦᠨ ᠦ ᠬᠡᠯᠡ ᠪᠢᠴᠢᠭ ᠢᠶᠡᠨ ᠮᠡᠳᠡᠬᠦ ᠦᠭᠡᠢ ᠠᠪᠠᠰᠤ ᠬᠠᠭᠠᠰ ᠬᠦᠮᠦᠨ ᠪᠣᠯᠠᠢ

ᠳᠤᠤᠭᠠᠷ ᠤᠨ ᠳᠤᠩᠭᠠᠷᠵᠢᠳ᠄ ᠦᠨᠳᠦᠰᠦᠨ ᠦ ᠬᠡᠯᠡ ᠪᠢᠴᠢᠭ ᠢᠶᠡᠨ ᠮᠡᠳᠡᠬᠦ ᠦᠭᠡᠢ ᠠᠪᠠᠰᠤ ᠬᠠᠭᠠᠰ ᠬᠦᠮᠦᠨ ᠪᠣᠯᠠᠢ
        8892     
2018-10-30 20:11    
发表于:内蒙古
ᠳᠤᠤᠭᠠᠷ ᠤᠨ ᠳᠤᠩᠭᠠᠷᠵᠢᠳ᠄ ᠦᠨᠳᠦᠰᠦᠨ ᠦ ᠬᠡᠯᠡ ᠪᠢᠴᠢᠭ ᠢᠶᠡᠨ ᠮᠡᠳᠡᠬᠦ ᠦᠭᠡᠢ ᠠᠪᠠᠰᠤ ᠬᠠᠭᠠᠰ ᠬᠦᠮᠦᠨ ᠪᠣᠯᠠᠢ ᠮᠢᠭᠮᠠᠷ ᠤᠨ ᠰᠠᠷᠠᠭᠤᠯᠡᠷᠳᠡᠨᠢ ᠰᠣᠷ ᠪᠣᠯᠤᠭᠰᠠᠨ ᠰᠢᠯᠢᠳᠡᠭ ᠰᠡᠬᠡᠭᠡᠲᠡᠨ ᠡᠮᠡᠭᠲᠡᠢ ᠶᠢᠨ ᠤᠷᠢᠳᠤ ᠡᠮᠦᠨ᠎ᠡ ᠰᠤᠳᠤᠯᠭᠠᠨ ᠤ ᠡᠷᠭᠢᠯᠲᠡ ᠳᠦ ᠣᠷᠣᠭ᠎ᠠ ᠦᠭᠡᠢ ᠬᠣᠶᠠᠷ ᠪᠦᠲᠦᠭᠡᠯ ᠢ ᠲᠠᠨᠢᠯᠴᠠᠭᠤᠯᠬᠤ ᠶᠢᠨ ᠢᠯᠳᠠᠷ ᠭᠠᠶᠢᠬᠠᠨ ᠪᠢᠰᠢᠷᠡᠬᠦ ᠬᠢᠭᠡᠳ ᠥᠷᠥᠪᠳᠥᠨ ᠬᠠᠷᠠᠭᠤᠰᠬᠤ ᠬᠣᠣᠰᠯᠠᠭᠰᠠᠨ ᠡᠯᠢᠭᠡ ᠡᠮᠲᠡᠷᠡᠮ᠎ᠡ ᠲᠡᠦᠬᠡ ᠶᠢ ᠤᠩᠰᠢᠭᠴᠢ ᠠᠪᠠᠭᠠᠢ ᠲᠠᠢ ᠬᠤᠪᠢᠶᠠᠯᠴᠠᠨ᠎ᠠ᠃ ᠮᠣᠩᠭᠣᠯ ᠤᠨ ᠠᠩᠬᠠᠨ ᠤ ᠡᠮᠡᠭᠲᠡᠢ ᠬᠣᠰᠢᠭᠤ ᠳᠠᠷᠤᠭ᠎ᠠ᠂ ᠲᠥᠷᠥ ᠨᠡᠶᠢᠭᠡᠮ ᠤᠨ ᠨᠡᠷᠡᠲᠦ ᠵᠢᠳᠬᠦᠯᠲᠡᠨ᠂ ᠬᠡᠯᠡ ᠪᠢᠴᠢᠭ ᠦᠨ ᠪᠠᠭᠰᠢ᠂ ᠰᠣᠶᠣᠨ ᠭᠡᠭᠡᠷᠡᠭᠦᠯᠦᠭᠴᠢ᠂ ᠡᠮᠡᠭᠲᠡᠶᠢᠴᠦᠳ ᠦᠨ ᠡᠷᠬᠡ ᠶᠢᠨ ᠲᠥᠯᠥᠭᠡ ᠲᠡᠮᠡᠴᠡᠭᠴᠢ ᠳᠤᠩᠭᠠᠷ ᠤᠨ ᠳᠤᠩᠭᠠᠷᠵᠢᠳ ᠤᠨ ᠨᠢᠵᠡᠭᠡᠳ ᠥᠭᠦᠯᠡᠯ᠂ ᠰᠢᠯᠦᠭ ᠢ ᠣᠯᠤᠭᠰᠠᠨ ᠢᠶᠠᠨ ᠲᠠᠠ ᠳ᠋ᠤ ᠬᠦᠷᠭᠡᠬᠦ ᠭᠡᠵᠦ ᠪᠤᠢ ᠬᠡᠷᠡᠭ᠃ ᠪᠢᠴᠢᠭ ᠦᠨ ᠬᠡᠯᠡᠨ ᠦ ᠲᠠᠩᠰᠤᠭ ᠨᠠᠶᠢᠷᠠᠭᠤᠯᠭ᠎ᠠ ᠪᠠᠷ ᠲᠤᠭᠤᠷᠪᠢᠳᠠᠭ ᠪᠦᠰᠡᠭᠦᠢ ᠳᠤᠩᠭᠠᠷᠵᠢᠳ ᠨᠢ 1901 ᠣᠨ ᠳᠤ ᠪᠤᠷᠢᠶᠠᠳ ᠤᠨ ᠬᠡᠵᠡᠩᠭᠡ ᠨᠤᠲᠤᠭ ᠲᠤ ᠲᠥᠷᠦᠵᠡᠢ᠃ ᠠᠷᠪᠠᠭᠠᠳ ᠨᠠᠰᠤᠨ ᠠᠴᠠ ᠭᠡᠷ ᠦᠨ ᠪᠠᠭᠰᠢ ᠪᠠᠷ ᠮᠣᠩᠭᠣᠯ ᠪᠢᠴᠢᠭ ᠵᠢᠭᠠᠯᠭᠠᠨ ᠰᠤᠷᠣᠭᠰᠠᠨ ᠠᠴᠠ ᠭᠠᠳᠠᠨ᠎ᠠ ᠬᠠᠪᠢ ᠣᠶᠢᠷ᠎ᠠ ᠶᠢᠨ ᠣᠷᠣᠰ ᠬᠡᠦᠬᠡᠳ ᠦᠳ ᠲᠡᠢ ᠲᠣᠭᠯᠠᠭᠰᠠᠭᠠᠷ ᠣᠷᠣᠰ ᠬᠡᠯᠡ ᠪᠢᠴᠢᠭ ᠰᠤᠷᠣᠭᠰᠠᠨ᠂ ᠥᠨᠳᠥᠷ ᠪᠣᠯᠪᠠᠰᠤᠷᠠᠯ ᠲᠠᠢ ᠪᠦᠰᠡᠭᠦᠢ ᠪᠠᠶᠢᠪᠠ᠃ ᠤᠯᠠᠭᠠᠨ ᠤ ᠬᠢᠳᠤᠯᠭ᠎ᠠ ᠠᠴᠠ ᠵᠢᠭᠤᠳᠠᠨ ᠪᠤᠷᠢᠶᠠᠳ ᠨᠤᠲᠤᠭ ᠢᠶᠠᠨ ᠬᠠᠶᠠᠵᠤ᠂ ᠮᠣᠩᠭᠣᠯ ᠳᠤ ᠢᠷᠡᠭᠡᠳ ᠠᠷᠠᠳ ᠤᠨ ᠬᠤᠪᠢᠰᠬᠠᠯ ᠪᠣᠯᠤᠨ ᠰᠤᠷᠭᠠᠭᠤᠯᠢ ᠰᠤᠶᠤᠯ᠂ ᠡᠷᠳᠡᠮ ᠪᠣᠯᠪᠠᠰᠤᠷᠠᠯ ᠤᠨ ᠠᠵᠢᠯ ᠢ ᠶᠡᠬᠡᠳᠡ ᠳᠡᠮᠵᠢᠨ᠂ ᠭᠠᠯ ᠬᠠᠯᠠᠭᠤᠨ ᠰᠡᠳᠬᠢᠯ ᠢᠶᠡᠷ ᠭᠠᠷ ᠪᠡᠶ᠎ᠡ ᠣᠷᠣᠯᠴᠠᠵᠤ ᠡᠬᠢᠯᠡᠵᠡᠢ᠃ 《ᠭᠠᠯ ᠬᠠᠯᠠᠭᠤᠨ》 ᠭᠡᠬᠦ ᠶᠢᠨ ᠤᠴᠢᠷ ᠨᠢ ᠬᠡᠨᠲᠡᠢ ᠳᠦ᠂ ᠬᠥᠳᠡᠭᠡ ᠢᠷᠡᠭᠡᠳ ᠪᠠᠶᠢᠬᠤ ᠳᠤ ᠪᠠᠨ ᠨᠠᠮ ᠤᠨ ᠡᠭᠦᠷ ᠦᠨ ᠬᠤᠷᠠᠯ ᠳᠡᠭᠡᠷ᠎ᠡ ᠪᠣᠰᠴᠤ᠂ ᠨᠠᠮ ᠳᠤ ᠡᠩ ᠦᠨ ᠠᠷᠠᠳ ᠤᠨ ᠡᠮᠡᠭᠲᠡᠢ ᠬᠡᠦᠬᠡᠳ ᠡᠯᠰᠡᠵᠦ ᠪᠣᠯᠬᠤ ᠦᠭᠡᠢ ᠤᠤ ᠬᠡᠮᠡᠨ ᠠᠰᠠᠭᠤᠵᠤ᠂ ᠥᠪᠡᠷ ᠢᠶᠡᠨ ᠬᠥᠭᠡᠭᠡᠴᠡᠯᠳᠦᠭᠰᠡᠭᠡᠷ ᠪᠠᠶᠢᠵᠤ᠂ ᠪᠢᠴᠢᠭ ᠡᠷᠳᠡᠮ ᠦᠨ ᠠᠷᠭ᠎ᠠ ᠦᠭᠡᠢ ᠪᠣᠯᠪᠠᠰᠤᠷᠠᠯ ᠢᠶᠠᠷ ᠢᠶᠠᠨ ᠡᠯᠰᠡᠵᠦ ᠴᠢᠳᠠᠭᠰᠠᠨ ᠢᠶᠠᠷ ᠪᠠᠷᠠᠬᠤ ᠦᠭᠡᠢ᠂ ᠨᠠᠮ ᠤᠨ ᠲᠥᠪ ᠰᠤᠷᠭᠠᠭᠤᠯᠢ ᠳᠤ ᠣᠷᠣᠭᠰᠠᠨ ᠪᠠᠶᠢᠨ᠎ᠠ᠃ ᠲᠣᠯᠢᠯᠠᠭᠤᠯᠤᠨ ᠪᠤᠢ ᠥᠭᠦᠯᠡᠯ ᠪᠣᠯ ᠳᠤᠩᠭᠠᠷᠵᠢᠳ ᠴᠤᠬᠤᠮ ᠲᠡᠷᠡ ᠬᠦ ᠨᠠᠮ ᠤᠨ ᠲᠥᠪ ᠰᠤᠷᠭᠠᠭᠤᠯᠢ ᠳᠤ ᠰᠤᠷᠴᠤ ᠪᠠᠶᠢᠬᠤ ᠳᠤ ᠪᠠᠨ ᠪᠤᠶᠤ 1927 ᠣᠨ ᠳᠤ 《ᠡᠮᠡᠭᠲᠡᠶᠢᠴᠦᠳ ᠦᠨ ᠰᠠᠨᠠᠯ》 ᠬᠡᠮᠡᠬᠦ ᠰᠡᠳᠬᠦᠯ ᠳᠦ ᠪᠢᠴᠢᠭᠰᠡᠨ ᠥᠭᠦᠯᠡᠯ ᠶᠤᠮ᠃ ᠲᠤᠰ ᠰᠤᠷᠭᠠᠭᠤᠯᠢ ᠳᠤ ᠬᠣᠵᠢᠮ ᠢᠶᠠᠨ ᠨᠠᠮ ᠲᠥᠷᠥ ᠶᠢᠨ ᠥᠨᠳᠥᠷ ᠠᠯᠪᠠᠨ ᠳᠤ ᠲᠣᠮᠢᠯᠠᠭᠳᠠᠭᠰᠠᠨ ᡀᠦᠮᠪᠦ᠂ ᠯᠤᠪᠰᠠᠩᠰᠢᠷᠠᠪ᠂ ᠡᠯᠳᠡᠪᠸᠴᠢᠷ ᠨᠠᠷ ᠲᠠᠢ ᠮᠥᠷᠥ ᠵᠡᠷᠭᠡᠴᠡᠨ ᠰᠤᠷᠤᠯᠴᠠᠵᠤ ᠪᠠᠶᠢᠭᠰᠠᠨ ᠳᠤᠩᠭᠠᠷᠵᠢᠳ ᠤᠨ ᠥᠭᠦᠯᠡᠯ ᠢ ᠤᠩᠰᠢᠬᠤ ᠳᠤ ᠬᠡᠯᠡ ᠨᠠᠶᠢᠷᠠᠭᠤᠯᠭ᠎ᠠ ᠨᠡᠩ ᠢᠷᠠᠭᠤ᠂ ᠪᠣᠯᠪᠠᠰᠤᠷᠠᠯ ᠮᠡᠳᠡᠯᠭᠡ ᠦᠶ᠎ᠡ ᠶᠢᠨ ᠪᠦᠰᠡᠭᠦᠶᠢᠴᠦᠳ ᠡᠴᠡ ᠲᠠᠰᠤᠷᠬᠠᠢ᠂ ᠣᠯᠠᠨ ᠲᠦᠮᠡᠨ᠂ ᠤᠯᠤᠰ ᠣᠷᠣᠨ ᠤ ᠲᠥᠯᠥᠭᠡ ᠬᠡᠮᠡᠬᠦ ᠰᠡᠳᠬᠢᠯ ᠨᠢ ᠢᠯᠴᠢ ᠴᠣᠭ ᠲᠠᠢ ᠪᠣᠯᠬᠤ ᠨᠢ ᠳᠠᠷᠤᠢ ᠮᠡᠳᠡᠷᠡᠭᠳᠡᠨ᠎ᠡ᠃ ᠥᠭᠦᠯᠡᠯ ᠡᠴᠡ ᠣᠨᠣᠴᠢᠲᠠᠢ ᠮᠡᠷᠭᠡᠨ ᠦᠭᠡ (ᠠᠹᠣᠷᠢᠰᠮ) ᠪᠣᠯᠭᠠᠨ ᠬᠡᠷᠡᠭᠯᠡᠵᠦ ᠪᠣᠯᠬᠤ ᠦᠭᠡ ᠣᠯᠠᠨ ᠪᠤᠢ ᠠᠴᠠ ᠳᠤᠷᠠᠳᠪᠠᠯ᠄ 《᠁ ᠠᠯᠢᠪᠠ ᠨᠢᠭᠡ ᠬᠦᠮᠦᠨ ᠪᠡᠷ᠎ ᠥᠪᠡᠷ ᠦᠨ ᠦᠨᠳᠦᠰᠦᠨ ᠦ ᠬᠡᠯᠡ ᠪᠢᠴᠢᠭ ᠢ ᠮᠡᠳᠡᠬᠦ ᠦᠭᠡᠢ ᠠᠪᠠᠰᠤ ᠲᠡᠭᠦᠨ ᠢ ᠨᠢᠳᠦ ᠦᠭᠡᠢ ᠰᠣᠬᠣᠷ᠂ ᠬᠡᠯᠡ ᠦᠭᠡᠢ ᠲᠡᠨᠡᠭ᠂ ᠡᠷᠬᠡᠲᠡᠨ ᠳᠤᠲᠠᠭᠤ ᠬᠠᠭᠠᠰ ᠬᠦᠮᠦᠨ ᠬᠡᠮᠡᠪᠡᠰᠦ ᠦᠯᠦ ᠪᠣᠯᠬᠤ ᠭᠠᠵᠠᠷ ᠦᠭᠡᠢ ᠬᠡᠮᠡᠮᠦᠢ》 《ᠡᠷᠬᠡ ᠴᠢᠯᠦᠭᠡ ᠪᠡᠨ ᠣᠯᠤᠭᠰᠠᠨ ᠡᠩᠬᠡ ᠵᠢᠷᠭᠠᠯᠠᠩᠲᠤ ᠴᠠᠭ ᠤᠨ ᠵᠠᠪᠰᠢᠶᠠᠨ ᠳᠤ ᠡᠷᠳᠡᠮ ᠨᠣᠮ ᠰᠤᠷᠬᠤ ᠶᠢ ᠬᠠᠶᠢᠬᠤᠷᠬᠤ ᠦᠭᠡᠢ ᠡᠷᠲᠡᠨ ᠦ ᠪᠦᠳᠦᠭᠦᠯᠢᠭ ᠪᠠᠶᠢᠳᠠᠯ ᠢᠶᠠᠨ ᠰᠠᠶᠢᠰᠢᠶᠠᠨ ᠦᠵᠡᠬᠦ ᠨᠥᠬᠥᠳ ᠪᠠᠶᠢᠬᠤ ᠠᠪᠠᠰᠤ ᠡᠨᠡ ᠶᠢᠷᠲᠢᠨᠴᠦ ᠳ᠋ᠤ ᠦᠨᠡᠬᠡᠷ ᠵᠢᠭᠰᠢᠭᠦᠷᠢᠲᠡᠢ ᠶᠠᠪᠤᠳᠠᠯ ᠭᠡᠭᠴᠢᠳ ᠦᠨ ᠨᠢᠭᠡᠨ ᠦ ᠲᠣᠭᠠᠨ ᠳᠤ ᠤᠷᠤᠯᠴᠠᠬᠤ ᠪᠥᠭᠡᠳ ᠦᠯᠢᠭᠡᠷᠯᠡᠪᠡᠰᠦ ᠶᠡᠬᠡ ᠮᠥᠷᠡᠨ ᠦ ᠳᠡᠷᠭᠡᠳᠡ ᠰᠠᠭᠤᠭᠰᠠᠭᠠᠷ ᠠᠲᠠᠯ᠎ᠠ ᠤᠰᠤ ᠶᠢ ᠨᠢ ᠠᠮᠰᠠᠯ ᠦᠭᠡᠢ ᠤᠮᠳᠠᠭᠠᠰᠴᠤ ᠦᠬᠦᠭᠰᠡᠨ ᠲᠡᠨᠡᠭ ᠯᠤᠭᠡ ᠠᠳᠠᠯᠢ ᠬᠡᠮᠡᠪᠡᠰᠦ ᠪᠣᠯᠤᠮᠤᠢ ᠁》 ᠭᠡᠬᠦ ᠮᠡᠲᠦ ᠠᠳᠠᠯᠢᠳᠬᠠᠯ ᠵᠦᠢᠷᠯᠡᠯ ᠢ ᠨᠢ ᠤᠩᠰᠢᠬᠤ ᠳᠤ ᠮᠠᠨ ᠤ ᠬᠠᠭᠤᠴᠢᠨ ᠤ ᠪᠢᠴᠢᠭ ᠦᠨ ᠶᠡᠬᠡ ᠮᠡᠷᠭᠡᠳ ᠦᠨ ᠵᠢᠨᠳᠠ ᠳᠤ ᠪᠢᠴᠢᠵᠦ ᠪᠠᠶᠢᠭᠰᠠᠨ ᠨᠢ ᠲᠣᠳᠣᠷᠬᠠᠢ᠂ ᠡᠩ ᠦᠨ ᠠᠷᠠᠳ ᠤᠨ ᠡᠨᠡ ᠪᠦᠰᠡᠭᠦᠢ ᠦᠷ᠎ᠡ ᠶᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃ ᠲᠤᠬᠠᠢ ᠶᠢᠨ ᠦᠶ᠎ᠡ ᠳᠦ ᠳᠤᠩᠭᠠᠷᠵᠢᠳ ᠲᠠᠢ ᠮᠥᠷᠥ ᠵᠡᠷᠭᠡᠴᠡᠨ ᠲᠥᠷᠥ ᠤᠯᠤᠰ ᠤᠨ ᠶᠠᠪᠤᠳᠠᠯ ᠳᠤ ᠣᠷᠣᠯᠴᠠᠨ᠂ ᠰᠢᠯᠦᠭ ᠵᠣᠬᠢᠶᠠᠯ ᠪᠢᠴᠢᠵᠦ ᠶᠠᠪᠤᠭᠰᠠᠨ ᠪᠦᠰᠡᠭᠦᠶᠢᠴᠦᠳ ᠴᠥᠭᠡᠨ ᠪᠤᠰᠤ ᠪᠤᠢ᠃ ᠭᠡᠪᠡᠴᠦ ᠲᠡᠳᠡᠨ ᠦ ᠣᠯᠠᠩᠬᠢ ᠶᠢᠨ ᠬᠡᠯᠡ ᠨᠠᠶᠢᠷᠠᠭᠤᠯᠭ᠎ᠠ᠂ ᠰᠢᠯᠦᠭ ᠪᠦᠲᠦᠭᠡᠯ ᠨᠢ ᠪᠢᠴᠢᠭ ᠦᠰᠦᠭ ᠰᠠᠶ᠋ᠢᠪᠲᠤᠷᠬᠠᠨ ᠰᠤᠷᠣᠭᠰᠠᠨ ᠰᠢᠨᠵᠢ ᠲᠡᠢ᠂ ᠬᠦᠴᠥ ᠪᠡᠷ ᠲᠣᠯᠣᠭᠠᠢ ᠬᠣᠯᠪᠣᠵᠤ᠂ ᠢᠨᠲ᠋ᠧᠷᠨᠠᠼᠢᠤᠨᠠᠯ᠂ ᠺᠣᠮᠢᠨᠲ᠋ᠧᠷᠠᠨ ᠭᠡᠬᠦ ᠮᠡᠲᠦ ᠦᠭᠡ ᠶᠢ ᠤᠷ᠎ᠠ ᠮᠠᠭᠤ ᠲᠠᠢ ᠣᠷᠣᠭᠤᠯᠤᠭᠰᠠᠨ ᠶᠠᠩᠵᠤ ᠲᠠᠢ ᠪᠠᠶᠢᠳᠠᠭ ᠪᠣᠯ ᠳᠤᠩᠭᠠᠷᠵᠢᠳ ᠤᠨ ᠬᠢ ᠣᠭᠲᠣ ᠥᠮᠨᠦᠭᠡ᠂ ᠰᠣᠩᠭᠣᠳᠠᠭ ᠮᠣᠩᠭᠣᠯ ᠪᠢᠴᠢᠭ ᠦᠨ ᠬᠡᠯᠡ ᠨᠠᠶᠢᠷᠠᠭᠤᠯᠭ᠎ᠠ ᠲᠠᠢ᠂ ᠰᠣᠨᠳᠣᠭᠣᠶᠢᠷᠠᠭᠤᠯᠬᠤ ᠦᠭᠡᠢ ᠶᠢ ᠡᠷᠬᠢᠮ ᠪᠣᠯᠭᠠᠭᠰᠠᠨ᠂ ᠤᠷᠠᠨ ᠢᠷᠠᠭᠤ ᠦᠭᠡ ᠬᠡᠯᠡᠯᠭᠡ ᠲᠡᠢ ᠠᠵᠡᠢ᠃ ᠵᠦᠭᠡᠷ ᠨᠢᠭᠡ ᠮᠣᠩᠭᠣᠯ ᠪᠢᠴᠢᠭ᠂ ᠲᠣᠭ᠎ᠠ ᠪᠣᠳᠣᠯᠭ᠎ᠠ ᠰᠤᠷᠣᠭᠠᠳ ᠲᠡᠭᠦᠰᠦᠯ᠎ᠡ ᠭᠡᠬᠦ ᠦᠭᠡᠢ 《ᠠ ᠬᠡᠮᠡᠬᠦ ᠦᠰᠦᠭ ᠦᠨ ᠳᠦᠷᠰᠦ ᠶᠢ ᠴᠤ ᠲᠠᠨᠢᠵᠤ᠂ ᠠᠷᠪᠠᠨ ᠲᠠᠪᠤᠨ ᠮᠥᠩᠭᠥ ᠶᠢ ᠴᠤ ᠬᠤᠪᠢᠶᠠᠷᠢᠯᠠᠨ ᠮᠡᠳᠡᠵᠦ ᠭᠠᠷᠬᠤ ᠪᠣᠯᠪᠠ》 ᠭᠡᠰᠡᠨ ᠨᠢ ᠦᠨᠡᠬᠡᠷ ᠲᠠᠩᠰᠤᠭ ᠨᠠᠶᠢᠷᠠᠭᠤᠯᠭ᠎ᠠ᠃ ᠮᠢᠨᠦ ᠪᠡᠶ᠎ᠡ ᠡᠬᠢᠨ ᠦ ᠳᠣᠭᠣᠯ ᠮᠥᠷ ᠲᠦ ᠪᠡᠨ ᠳᠤᠤᠭᠠᠷ ᠤᠨ ᠳᠤᠩᠭᠠᠷᠵᠢᠳ ᠢ 《ᠬᠡᠯᠡ ᠪᠢᠴᠢᠭ ᠦᠨ ᠪᠠᠭᠰᠢ᠂ ᠰᠣᠶᠣᠨ ᠭᠡᠭᠡᠷᠡᠭᠦᠯᠦᠭᠴᠢ》 ᠬᠡᠮᠡᠨ ᠵᠦᠭᠡᠷ ᠴᠤ ᠨᠢᠭᠡ ᠳᠥᠪᠦᠶᠢᠯᠭᠡᠨ ᠨᠡᠷᠡᠶᠢᠳᠦᠭᠰᠡᠨ ᠦᠭᠡᠢ᠃ ᠰᠡᠳᠬᠦᠯᠴᠢ ᠬᠤᠲᠠᠢ ᠴ ᠊ ᠨᠠᠮᠰᠠᠷᠠᠢ ᠶᠢᠨ ᠰᠤᠷᠪᠤᠯᠵᠢᠯᠠᠵᠤ ᠲᠣᠭᠲᠠᠭᠠᠭᠰᠠᠨ ᠢᠶᠠᠷ ᠳᠤᠩᠭᠠᠷᠵᠢᠳ ᠨᠢ ᠬᠣᠰᠢᠭᠤᠨ ᠳᠤ ᠪᠠᠨ ᠠᠩᠬᠠᠨ ᠤ ᠤᠯᠠᠭᠠᠨ ᠭᠡᠷ ᠢ ᠪᠠᠶᠢᠭᠤᠯᠵᠤ᠂ 《ᠰᠤᠮᠢᠶ᠎ᠠ ᠨᠣᠶᠠᠨ》 ᠵᠦᠴᠦᠭᠡ ᠶᠢ ᠥᠪᠡᠷ ᠢᠶᠡᠨ ᠨᠠᠶᠢᠷᠠᠭᠤᠯᠤᠨ ᠲᠣᠭᠯᠠᠭᠤᠯᠵᠤ ᠪᠠᠶᠢᠭᠰᠠᠨ᠂ 《ᠰᠦᠷᠲᠡᠢ ᠤᠯᠠᠭᠠᠨ ᠲᠤᠭ ᠢ ᠰᠦᠯᠳᠡ ᠪᠡᠨ ᠪᠣᠯᠭᠠᠨ ᠮᠠᠨᠳᠤᠭᠤᠯᠤᠶ᠎ᠠ᠂ ᠰᠦᠷᠯᠢᠭ ᠣᠯᠠᠨ ᠪᠦᠰᠡᠭᠦᠶᠢᠴᠦᠳ ᠴᠢᠯᠦᠭᠡᠲᠦ ᠡᠷᠬᠡ ᠪᠡᠨ ᠪᠠᠳᠠᠷᠠᠭᠤᠯᠤᠶ᠎ᠠ》 ᠬᠡᠮᠡᠬᠦ ᠦᠭᠡ ᠲᠡᠢ ᠳᠠᠭᠤᠨ ᠤ ᠠᠶ᠎ᠠ ᠦᠭᠡ ᠶᠢ ᠥᠪᠡᠷ ᠢᠶᠡᠨ ᠵᠣᠬᠢᠶᠠᠨ᠂ ᠮᠣᠩᠭᠣᠯ ᠪᠢᠴᠢᠭ ᠦᠰᠦᠭ ᠦᠨ ᠬᠢᠴᠢᠶᠡᠯ ᠳᠦ ᠪᠡᠨ ᠢᠷᠡᠭᠰᠡᠨ ᠪᠦᠰᠡᠭᠦᠶᠢᠴᠦᠳ ᠢᠶᠡᠷ ᠳᠠᠭᠤᠯᠠᠭᠤᠯᠳᠠᠭ ᠪᠠᠶᠢᠵᠠᠢ᠃ ᠪᠢᠴᠢᠭᠰᠡᠨ ᠵᠣᠬᠢᠶᠠᠯ ᠪᠦᠷᠢ ᠨᠢ ᠡᠮᠡᠭᠲᠡᠶᠢᠴᠦᠳ ᠦᠨ ᠲᠡᠭᠰᠢ ᠡᠷᠬᠡ ᠶᠢ ᠲᠤᠩᠬᠠᠭᠯᠠᠭᠰᠠᠨ᠂ ᠪᠦᠰᠡᠭᠦᠶᠢᠴᠦᠳ ᠢᠶᠡᠨ ᠬᠠᠮᠠᠭᠠᠯᠠᠭᠰᠠᠨ᠂ ᠡᠷᠳᠡᠮ ᠨᠣᠮ ᠳᠤ ᠤᠷᠢᠶᠠᠯᠠᠭᠰᠠᠨ ᠰᠢᠨᠵᠢ ᠲᠡᠢ᠂ ᠶᠠᠪᠤᠭᠰᠠᠨ ᠭᠠᠵᠠᠷ ᠪᠦᠷᠢ ᠳ᠋ᠤ ᠠᠯᠢ ᠪᠣᠯᠬᠤ ᠥᠬᠢᠨ ᠦᠷᠡᠰ ᠢ ᠰᠤᠷᠭᠠᠭᠤᠯᠢ ᠰᠤᠶᠤᠯ ᠳᠤ ᠬᠠᠮᠢᠶᠠᠷᠤᠭᠤᠯᠤᠨ᠂ ᠪᠢᠴᠢᠭ ᠦᠰᠦᠭ ᠵᠢᠭᠠᠵᠤ ᠥᠭᠴᠦ ᠪᠠᠶᠢᠭᠰᠠᠨ ᠤ ᠬᠤᠪᠢ ᠳᠤ ᠶᠠᠭᠠᠬᠢᠬᠤ ᠠᠷᠭ᠎ᠠ ᠦᠭᠡᠢ ᠡᠮᠡᠭᠲᠡᠶᠢᠴᠦᠳ ᠦᠨ ᠡᠷᠬᠡ ᠶᠢᠨ ᠲᠥᠯᠥᠭᠡ ᠠᠩᠬᠠᠨ ᠤ ᠲᠡᠮᠡᠴᠡᠭᠴᠢᠳ ᠦᠨ ᠨᠢᠭᠡ ᠮᠥᠨ᠃ ᠭᠡᠪᠡᠴᠦ ᠡᠮᠡᠭᠲᠡᠢ ᠬᠦᠮᠦᠨ ᠡᠷ᠎ᠡ ᠶᠢᠨ ᠳᠡᠭᠡᠷ᠎ᠡ ᠪᠠᠶᠢᠬᠤ ᠶᠢ ᠬᠡᠵᠢᠶᠡᠨ ᠡᠴᠡ ᠪᠡᠨ ᠵᠢᠪᠡᠭᠦᠴᠡᠳᠡᠭ ᠭᠠᠵᠠᠷ ᠳ᠋ᠠ᠃ ᠰᠣᠶᠣᠨ ᠭᠡᠭᠡᠷᠡᠭᠦᠯᠡᠭᠴᠢ ᠪᠦᠰᠡᠭᠦᠢ ᠪᠡᠨ ᠪᠢᠳᠡ ᠬᠡᠷᠬᠢᠨ ᠬᠥᠨᠥᠭᠡᠭᠰᠡᠨ ᠢᠶᠡᠨ ᠣᠳᠣ ᠨᠢᠭᠡᠨ ᠡᠴᠡ ᠪᠡᠨ ᠨᠢᠭᠤᠬᠤ ᠶᠠᠭᠤᠨ︖ ᠡᠴᠦᠰ ᠦᠨ ᠬᠦᠰᠡᠯᠲᠡ᠄ ᠲᠠᠪᠤᠨ ᠨᠠᠰᠤᠲᠠᠢ ᠬᠦᠦ᠂ ᠬᠥᠭᠰᠢᠨ ᠡᠵᠢ ᠠᠪᠤ ᠲᠠᠢ ᠮᠢᠨᠢ ᠠᠭᠤᠯᠵᠠᠭᠤᠯᠵᠤ ᠥᠭᠭᠦᠭᠡᠴᠢ 1933 ᠣᠨ ᠤ 8 ᠳ᠋ᠤᠭᠠᠷ ᠰᠠᠷ᠎ᠠ ᠶᠢᠨ 20 ᠍ ᠤ ᠡᠳᠦᠷ ᠬᠡᠨᠲᠡᠢ ᠠᠶᠢᠮᠠᠭ ᠤᠨ ᠳᠥᠢᠳᠠᠯ ᠰᠤᠮᠤ ᠶᠢᠨ ᠨᠤᠲᠤᠭ ᠲᠤ᠂ ᠵᠤᠰᠠᠯᠠᠩ ᠳᠤ ᠪᠠᠨ ᠰᠠᠭᠤᠵᠤ ᠪᠠᠶᠢᠬᠤ ᠳᠤ ᠨᠢ ᠳᠤᠩᠭᠠᠷᠵᠢᠳ ᠢ ᡀᠦᠮᠪᠦᠶᠢᠨ ᠬᠡᠷᠡᠭ ᠲᠦ ᠬᠣᠯᠪᠣᠭᠳᠠᠭᠤᠯᠤᠨ ᠪᠠᠷᠢᠪᠴᠢᠯᠠᠵᠠᠢ᠃ ᡀᠦᠮᠪᠦᠶᠢᠨ ᠭᠡᠬᠦ ᠵᠣᠬᠢᠶᠠᠮᠠᠯ ᠬᠡᠷᠡᠭ ᠢ ᠣᠷᠣᠰ ᠲᠠᠯ᠎ᠠ ᠠᠴᠠ ᠵᠥᠪᠯᠡᠬᠦ ᠭᠠᠷᠣᠷᠢᠶᠧᠸ᠂ ᠼᠧᠷᠧᠨᠠᠪ᠂ ᠮᠣᠩᠭᠣᠯ ᠲᠠᠯ᠎ᠠ ᠠᠴᠠ ᠣᠷᠣᠯᠠᠭᠴᠢ ᠰᠠᠶᠢᠳ ᠨᠠᠰᠤᠨᠲᠤᠭᠲᠤᠬᠤ᠂ ᠬᠡᠯᠲᠡᠰ ᠦᠨ ᠳᠠᠷᠤᠭ᠎ᠠ ᠭᠠᠯᠢᠨᠳᠡᠪ᠂ ᠲᠠᠰᠤᠭ ᠤᠨ ᠳᠠᠷᠤᠭ᠎ᠠ ᠮᠠᠨᠳᠤᠯ ᠨᠠᠷ ᠬᠠᠷᠢᠭᠤᠴᠠᠨ ᠠᠵᠢᠯᠯᠠᠵᠤ᠂ ᠬᠡᠳᠦᠨ ᠵᠠᠭᠤ ᠪᠠᠷ ᠨᠢ ᠪᠠᠷᠢᠪᠴᠢᠯᠠᠨ ᠬᠡᠳᠦᠨ ᠠᠷᠪᠠ ᠪᠠᠷ ᠨᠢ ᠴᠠᠭᠠᠵᠠᠯᠠᠨ ᠬᠣᠷᠣᠭᠠᠵᠤ ᠪᠠᠶᠢᠯ᠎ᠠ᠃ ᠨᠡᠶᠢᠲᠡ ᠪᠠᠷᠢᠪᠴᠢᠯᠠᠭᠳᠠᠭᠰᠠᠳ ᠢ 3 ᠪᠦᠯᠦᠭ ᠪᠣᠯᠭᠠᠨ ᠰᠢᠳᠬᠡᠭᠰᠡᠨ ᠡᠴᠡ ᠵᠢᠱᠢᠶ᠎ᠡ ᠨᠢ ᠬᠡᠨᠲᠡᠢ ᠶᠢᠨ ᠭᠷᠦᠶᠢᠫ ᠭᠡᠭᠴᠢ ᠳᠦ ᠴᠡᠪᠡᠭᠵᠠᠪ ᠲᠡᠷᠢᠭᠦᠲᠡᠢ 174 ᠬᠦᠮᠦᠨ ᠦ ᠬᠡᠷᠡᠭ ᠢ ᠲᠠᠰᠤᠯᠵᠤ᠂ ᠭᠤᠴᠢ ᠶᠢ ᠨᠢ ᠫᠤᠤᠳᠠᠨ ᠠᠯᠠᠬᠤ ᠶᠠᠯ᠎ᠠ ᠪᠠᠷ ᠰᠢᠳᠬᠡᠭᠰᠡᠨ ᠦ ᠨᠢᠭᠡ ᠨᠢ ᠳᠤᠤᠭᠠᠷ ᠤᠨ ᠳᠤᠩᠭᠠᠷᠵᠢᠳ ᠶᠤᠮ᠃ ᠪᠠᠷᠢᠪᠴᠢᠯᠠᠭᠳᠠᠬᠤ ᠦᠶ᠎ᠡ ᠳ᠋ᠡᠭᠡᠨ ᠳᠤᠩᠭᠠᠷᠵᠢᠳ ᠭᠤᠷᠪᠠᠨ ᠰᠠᠷ᠎ᠠ ᠲᠠᠢ ᠵᠢᠷᠮᠦᠰᠦᠨ ᠪᠠᠶᠢᠵᠠᠢ᠃ ᠬᠡᠪᠡᠯᠢ ᠳ᠋ᠡᠬᠢ ᠦᠷ᠎ᠡ ᠨᠢ ᠳᠥᠩᠭᠡᠵᠢ ᠬᠥᠳᠡᠯᠵᠦ ᠡᠬᠢᠯᠡᠵᠦ ᠪᠠᠶᠢᠭᠰᠠᠨ ᠭᠡᠰᠡᠨ ᠦᠭᠡ ᠶᠤᠮ᠃ ᠭᠡᠪᠡᠴᠦ ᠳᠣᠲᠣᠭᠠᠳᠤ ᠶᠠᠮᠤᠨ ᠤ ᠣᠷᠣᠰ᠂ ᠮᠣᠩᠭᠣᠯ ᠪᠠᠶᠢᠴᠠᠭᠠᠭᠴᠢ ᠨᠠᠷ ᠵᠣᠬᠢᠶᠠᠮᠠᠯ ᠬᠡᠷᠡᠭ ᠬᠥᠯᠢᠶᠡᠯᠭᠡᠬᠦ ᠶᠢᠨ ᠲᠤᠯᠠᠳᠠ ᠡᠳᠦᠷ ᠱᠥᠨᠢ ᠦᠭᠡᠢ ᠡᠷᠡᠭᠦᠳᠡᠨ ᠲᠠᠮᠤᠯᠠᠵᠤ᠂ ᠵᠣᠳᠣᠵᠤ ᠨᠦᠳᠦᠭᠰᠡᠭᠡᠷ ᠪᠠᠶᠢᠵᠠᠢ᠃ ᠲᠠᠩᠨᠠᠭᠤᠯ ᠤᠨ ᠶᠡᠷᠦᠩᠬᠡᠢ ᠭᠠᠵᠠᠷ ᠤᠨ ᠲᠤᠰᠬᠠᠢ ᠠᠷᠬᠢᠸ ᠤᠨ ᠮᠠᠲ᠋ᠧᠷᠢᠶᠠᠯ ᠢ ᠰᠤᠳᠤᠯᠤᠭᠰᠠᠨ ᠸ ᠊ ᠡᠷᠳᠡᠨᠢᠪᠢᠯᠢᠭ ᡀᠦᠮᠪᠦᠶᠢᠨ ᠬᠡᠷᠡᠭ ᠢ ᠪᠠᠶᠢᠴᠠᠭᠠᠵᠤ ᠪᠠᠶᠢᠭᠰᠠᠨ ᠠᠵᠢᠯᠲᠠᠨ ᠨᠤᠭᠤᠳ ᠤᠨ ᠲᠣᠳᠣᠷᠬᠠᠶᠢᠯᠠᠯᠲᠠ ᠶᠢ ᠭᠠᠷᠭᠠᠨ ᠲᠠᠯᠪᠢᠵᠠᠢ᠃ ᠵᠢᠱᠢᠶᠡᠯᠡᠪᠡᠯ᠂ 1932 ᠣᠨ ᠤ 9 ᠰᠠᠷ᠎ᠠ ᠠᠴᠠ ᠡᠬᠢᠯᠡᠨ ᠠᠷᠤᠬᠠᠩᠭᠠᠢ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠠᠩᠭᠢ ᠠᠴᠠ ᠬᠣᠲᠠ ᠳ᠋ᠤ ᠰᠢᠯᠵᠢᠨ ᠢᠷᠡᠵᠦ᠂ ᠤᠯᠤᠰ ᠲᠥᠷᠥ ᠶᠢᠨ ᠪᠠᠶᠢᠴᠠᠭᠠᠭᠴᠢ ᠪᠠᠷ 1934 ᠣᠨ ᠤ 1 ᠰᠠᠷ᠎ᠠ ᠬᠦᠷᠲᠡᠯ᠎ᠡ ᠠᠵᠢᠯᠯᠠᠭᠰᠠᠨ ᠭᠣᠩᠭᠣᠷ ᠤᠨ ᠠᠶᠤᠤᠷᠵᠠᠨ᠎ᠠ ᡀᠦᠮᠪᠦᠶᠢᠨ ᠬᠡᠷᠡᠭ ᠲᠦ ᠬᠣᠯᠪᠣᠭᠳᠠᠭᠰᠠᠨ ᠬᠡᠷᠡᠭᠲᠡᠨ ᠨᠦᠭᠦᠳ ᠢ ᠬᠡᠷᠬᠢᠨ ᠪᠠᠶᠢᠴᠠᠭᠠᠭᠰᠠᠨ ᠲᠣᠳᠣᠷᠬᠠᠶᠢᠯᠠᠯᠲᠠ ᠳᠤ ᠪᠠᠨ᠄ 《᠁ ᠬᠡᠷᠡᠭᠲᠡᠨ ᠢ ᠵᠣᠳᠣᠳᠠᠭ᠂ ᠺᠠᠰᠴᠧᠷ ᠲᠦ ᠬᠢᠳᠡᠭ᠂ ᠵᠢᠵᠢᠭᠦᠷᠯᠡᠵᠦ ᠤᠳᠠᠭᠠᠨ ᠴᠠᠭ ᠢᠶᠠᠷ ᠪᠠᠶᠢᠴᠠᠭᠠᠳᠠᠭ ᠪᠠᠶᠢᠭᠰᠠᠨ᠃ ᠬᠡᠷᠡᠭ ᠢ ᠲᠤᠯᠭᠠᠨ ᠪᠠᠶᠢᠴᠠᠭᠠᠳᠠᠭ ᠪᠠᠶᠢᠭᠰᠠᠨ ᠠᠴᠠ ᠬᠡᠷᠡᠭᠲᠡᠨ ᠨᠦᠭᠦᠳ ᠬᠡᠷᠡᠭ ᠢᠶᠡᠨ ᠬᠦᠯᠢᠶᠡᠳᠡᠭ ᠪᠠᠶᠢᠭᠰᠠᠨ᠃ ᠰᠤᠷᠭᠠᠭᠴᠢ ᠨᠠᠷ ᠵᠣᠳᠣᠳᠠᠭ ᠪᠠᠶᠢᠭᠰᠠᠨ᠃ ᠡᠭᠦᠨ ᠡᠴᠡ ᠤᠯᠠᠮᠵᠢᠯᠠᠨ ᠣᠷᠣᠰ ᠮᠣᠩᠭᠣᠯ ᠦᠭᠡᠢ ᠴᠥᠮ ᠵᠣᠳᠣᠳᠠᠭ ᠪᠣᠯᠤᠭᠰᠠᠨ᠃ ᠵᠢᠱᠢᠶ᠎ᠡ ᠨᠢ᠄ ᠳᠣᠲᠤᠭᠠᠳᠤ ᠶᠢ ᠬᠠᠮᠠᠭᠠᠯᠠᠬᠤ ᠭᠠᠵᠠᠷ ᠤᠨ ᠲᠤᠰᠬᠠᠢ ᠬᠡᠯᠲᠡᠰ ᠲᠦ ᠣᠷᠴᠢᠭᠤᠯᠤᠭᠴᠢ ᠪᠠᠶᠢᠭᠰᠠᠨ ᠵ ∙ ᠳᠠᠰᠢᠼᠷᠡᠩ ᠢ ᠠᠶᠤᠤᠷᠵᠠᠨ᠎ᠠ ᠪᠢ ᠪᠠᠶᠢᠴᠠᠭᠠᠵᠤ ᠬᠡᠷᠡᠭ ᠢ ᠬᠦᠯᠢᠶᠡᠯᠭᠡᠵᠦ ᠴᠢᠳᠠᠭ᠎ᠠ ᠦᠭᠡᠢ ᠪᠠᠶᠢᠭᠰᠠᠨ᠃ ᠭᠡᠲᠡᠯ᠎ᠡ ᠲᠤᠰᠬᠠᠢ ᠬᠡᠯᠲᠡᠰ ᠦᠨ ᠰᠤᠷᠭᠠᠭᠴᠢ ᠭᠠᠷᠣᠷᠢᠶᠧᠸ ᠭᠡᠭᠴᠢ ᠣᠷᠣᠵᠤ ᠢᠷᠡᠭᠡᠳ ᠲᠠᠷᠢᠬᠢ ᠤᠷᠤᠭᠤ ᠨᠢ ᠰᠢᠭᠠᠵᠤ᠂ ᠢᠰᠬᠦᠯᠵᠦ᠂ ᠠᠮᠠ ᠬᠠᠮᠠᠷ ᠠᠴᠠ ᠨᠢ ᠴᠢᠰᠤ ᠭᠠᠷᠭᠠᠵᠤ ᠵᠣᠳᠣᠵᠤ ᠪᠠᠶᠢᠭᠰᠠᠨ᠃ ᠡᠭᠦᠨ ᠡᠴᠡ ᠴᠤ ᠤᠯᠠᠮᠵᠢᠯᠠᠨ ᠪᠢ ᠴᠤ ᠵᠣᠳᠣᠳᠠᠭ ᠪᠣᠯᠤᠭᠰᠠᠨ᠃ ᠡᠨᠡ ᠨᠢ ᠰᠡᠭᠦᠯ ᠰᠡᠭᠦᠯ ᠳᠦ ᠪᠡᠨ ᠰᠢᠷᠦᠭᠦᠰᠴᠦ᠂ ᠬᠦᠮᠦᠨ ᠪᠦᠷᠢ ᠬᠡᠷᠡᠭᠲᠡᠨ ᠢ ᠪᠠᠶᠢᠴᠠᠭᠠᠬᠤ ᠳᠤ ᠪᠠᠨ ᠵᠣᠳᠣᠬᠤ ᠠᠷᠭ᠎ᠠ ᠳᠤ ᠰᠢᠯᠵᠢᠭᠰᠡᠨ ᠶᠤᠮ》 ᠭᠡᠵᠡᠢ᠃ ᠡᠨᠡ ᠠᠷᠭ᠎ᠠ ᠬᠥᠯ ᠬᠦᠨᠳᠦ ᠪᠦᠰᠡᠭᠦᠢ ᠳ ᠊ ᠳᠤᠩᠭᠠᠷᠵᠢᠳ ᠢ ᠴᠤ ᠲᠣᠭᠣᠷᠢᠭᠰᠠᠨ ᠦᠭᠡᠢ᠃ ᠦᠨᠡᠨ ᠮᠥᠨ ᠢᠶᠡᠨ ᠣᠯᠣᠭᠤᠯᠠᠨ᠎ᠠ ᠭᠡᠵᠦ ᠪᠦᠲᠦᠨ ᠭᠤᠷᠪᠠᠨ ᠰᠠᠷ᠎ᠠ ᠨᠠᠶᠢᠳᠠᠨ᠂ ᠭᠤᠷᠪᠠᠨ ᠰᠠᠷ᠎ᠠ ᠵᠣᠳᠣᠭᠤᠯᠤᠭᠰᠠᠨ ᠤ ᠡᠴᠦᠰ ᠲᠦ ᠠᠷᠭ᠎ᠠ ᠨᠢ ᠲᠠᠰᠤᠷᠴᠣ᠂ ᠣᠷᠬᠢᠭᠠᠳ ᠭᠠᠷᠤᠭᠰᠠᠨ 5 ᠨᠠᠰᠤᠲᠠᠢ ᠪᠢᠴᠢᠬᠠᠨ ᠦᠷ᠎ᠡ ᠪᠡᠨ ᠯᠠ ᠭᠠᠭᠴᠠ ᠬᠠᠷᠠᠭᠠᠳ ᠦᠬᠦᠶ᠎ᠡ ᠭᠡᠵᠦ ᠪᠣᠳᠣᠬᠤ ᠪᠣᠯᠵᠠᠢ᠃ ᠢᠩᠭᠢᠭᠡᠳ ᠳᠡᠭᠡᠷ᠎ᠡ ᠳᠤᠷᠠᠳᠤᠭᠰᠠᠨ ᠮᠥᠨᠥᠬᠢ ᠲᠠᠷᠢᠬᠢ ᠤᠷᠤᠭᠤ ᠢᠰᠬᠦᠯᠵᠦ ᠲᠠᠷᠴᠢᠯᠭᠠᠳᠠᠭ ᠭᠠᠷᠣᠷᠢᠶᠧᠸ ᠭᠡᠭᠴᠢ ᠳᠦ ᠥᠭᠭᠦᠭᠰᠡᠨ ᠪᠠᠶᠢᠴᠠᠭᠠᠯᠲᠠ ᠳᠤ ᠪᠠᠨ 《ᠦᠨᠡᠨ ᠮᠥᠨ ᠢ ᠣᠯᠤᠨ᠎ᠠ ᠭᠡᠰᠡᠨ ᠬᠦᠰᠡᠯ ᠮᠥᠷᠥᠭᠡᠳᠦᠯ ᠮᠢᠨᠢ ᠲᠠᠯᠠᠭᠠᠷ ᠥᠩᠭᠡᠷᠡᠵᠥ᠂ ᠵᠥᠪᠯᠡᠯᠲᠦ ᠶᠢᠨ ᠨᠥᠬᠥᠳ ᠴᠤ ᠡᠭᠦᠨ ᠢ ᠰᠢᠢᠳᠪᠦᠷᠢᠯᠡᠵᠦ ᠴᠢᠳᠠᠭᠰᠠᠨ ᠦᠭᠡᠢ᠃ ᠣᠳᠣ ᠪᠡᠶ᠎ᠡ ᠶᠢᠨ ᠪᠠᠶᠢᠳᠠᠯ ᠮᠠᠭᠤᠳᠠᠵᠤ᠂ ᠲᠡᠮᠡᠴᠡᠬᠦ ᠴᠢᠳᠠᠯ ᠲᠡᠩᠬᠡᠭᠡ ᠮᠡᠬᠦᠰᠳᠡᠭᠰᠡᠨ ᠤᠴᠢᠷ ᠬᠡᠯᠡᠬᠦ ᠶᠠᠭᠤᠮ᠎ᠠ ᠠᠯᠠᠭ᠎ᠠ᠃ ᠲᠠ ᠨᠠᠳᠠ ᠳᠤ ᠶᠠᠮᠠᠷ ᠬᠡᠷᠡᠭ ᠬᠦᠯᠢᠶᠡᠯᠭᠡᠬᠦ ᠭᠡᠰᠡᠨ ᠶᠤᠮ ᠬᠦᠰᠡᠯ ᠢᠶᠡᠷ ᠢᠶᠡᠨ ᠪᠣᠯ᠃ ᠬᠠᠷᠢᠨ ᠲᠠᠪᠤᠨ ᠨᠠᠰᠤᠲᠠᠢ ᠨᠢᠯᠬ᠎ᠠ ᠦᠷ᠎ᠡ᠂ ᠬᠥᠭᠰᠢᠨ ᠡᠵᠢ ᠠᠪᠤ ᠲᠠᠢ ᠮᠢᠨᠢ ᠠᠭᠤᠯᠵᠠᠭᠤᠯᠵᠤ ᠥᠭᠭᠦᠭᠡᠴᠢ》 ᠬᠡᠮᠡᠵᠡᠢ᠃ ᠦᠬᠦᠲᠡᠯ᠎ᠡ ᠦᠷ᠎ᠡ ᠬᠠᠷᠠᠮ᠎᠂ ᠱᠣᠷᠣᠩ ᠤᠨ ᠬᠦᠢᠲᠡᠨ ᠱᠠᠯᠠᠨ ᠳᠡᠭᠡᠷ᠎ᠡ ᠬᠣᠨᠣᠵᠤ᠂ ᠬᠠᠷᠢ ᠶᠢᠨ ᠬᠥᠮᠦᠨ ᠢᠶᠡᠷ ᠵᠣᠳᠣᠭᠤᠯᠵᠤ ᠪᠠᠶᠢᠬᠤ ᠳᠤ ᠪᠠᠨ ᠴᠤ ᠲᠠᠪᠤᠨ ᠨᠠᠰᠤᠲᠠᠢ ᠲᠠᠩᠬᠢᠯ ᠡᠷᠬᠢᠮ ᠬᠦᠦ ᠪᠡᠨ ᠣᠷᠬᠢᠭᠠᠳ ᠭᠠᠷᠤᠭᠰᠠᠨ ᠢᠶᠠᠨ ᠰᠢᠮᠰᠢᠷᠡᠨ ᠰᠢᠮᠰᠢᠷᠡᠨ ᠪᠣᠳᠣᠵᠤ ᠯᠠ ᠬᠡᠪᠲᠡᠵᠡᠢ᠃ ᠭᠡᠪᠡᠴᠦ ᠬᠠᠷᠠᠮᠰᠠᠯᠲᠠᠢ ᠨᠢ ᠦᠬᠦᠲᠡᠯ᠎ᠡ ᠪᠡᠨ ᠵᠢᠳᠬᠦᠭᠰᠡᠨ ᠨᠠᠮ ᠲᠥᠷᠥ ᠨᠢ ᠬᠢᠭᠡ ᠦᠭᠡᠢ ᠬᠡᠷᠡᠭ ᠢ ᠨᠢ ᠬᠦᠯᠢᠶᠡᠯᠭᠡᠵᠦ᠂ ᠰᠠᠨᠠᠭᠰᠠᠨ ᠳᠤ ᠪᠠᠨ ᠬᠦᠷᠴᠦ ᠠᠪᠤᠭᠠᠳ 1933 ᠣᠨ ᠤ 11 ᠰᠠᠷ᠎ᠠ ᠶᠢᠨ 3 ᠍ ᠤ ᠡᠳᠦᠷ ᠫᠤᠤᠳᠠᠨ ᠠᠯᠠᠬᠤ ᠶᠠᠯ᠎ᠠ ᠣᠨᠣᠭᠠᠭᠰᠠᠨ ᠪᠣᠯᠪᠠᠴᠤ ᠠᠮᠠᠯᠠᠭᠰᠠᠨ ᠢᠶᠠᠨ ᠳᠠᠷᠤᠢ ᠤᠮᠠᠷᠲᠠᠨ᠂ ᠪᠠᠯᠴᠢᠷ ᠬᠦᠦ᠂ ᠬᠥᠭᠰᠢᠨ ᠨᠠᠰᠤᠲᠠᠢ ᠡᠴᠢᠭᠡ ᠡᠬᠡ ᠶᠢ ᠨᠢ ᠴᠤ ᠠᠭᠤᠯᠵᠠᠭᠤᠯᠤᠭᠰᠠᠨ ᠦᠭᠡᠢ᠃ ᠠᠷᠪᠠᠨ ᠨᠢᠭᠡᠨ ᠰᠥᠨᠢ ᠭᠣᠷᠢᠳᠠᠯᠭ᠎ᠠ ᠲᠡᠭᠡᠭᠡᠯᠭᠡᠨ᠂ ᠨᠢᠭᠡ ᠯᠠ ᠡᠳᠦᠷ ᠬᠦᠦ ᠶᠢ ᠨᠢ ᠣᠷᠣᠭᠤᠯᠵᠤ ᠢᠷᠡᠭᠡᠳ ᠦᠨᠦᠰᠦᠭᠦᠯᠬᠦ ᠪᠣᠯᠪᠠ ᠤᠤ ᠬᠡᠮᠡᠨ ᠪᠣᠳᠣᠭᠤᠯᠤᠭᠰᠠᠭᠠᠷ᠂ 11 ᠰᠠᠷ᠎ᠠ ᠶᠢᠨ 14 ᠍ ᠦ ᠰᠥᠨᠢ ᠣᠷᠣᠵᠤ ᠢᠷᠡᠭᠡᠳ ᠰᠢᠭᠤᠳ ᠬᠦᠯᠢᠨ ᠠᠪᠴᠤ ᠭᠠᠷᠬᠤ ᠳᠤ ᠯᠠ ᠪᠦᠬᠦ ᠶᠠᠭᠤᠮ᠎ᠠ ᠲᠣᠳᠣᠷᠬᠠᠢ ᠪᠣᠯᠵᠠᠢ᠃ ᠡᠪᠦᠭᠡᠳᠡᠢ ᠳᠠᠮᠳᠢᠨᠰᠦ᠋ᠷᠦᠩ ᠦᠨ ᠳᠤᠷᠠᠳᠬᠠᠯ ᠳᠤ ᠢᠩᠭᠢᠵᠦ ᠪᠤᠢ᠄ 《᠁ ᠳᠤᠩᠭᠠᠷᠵᠢᠳ ᠫᠤᠤᠳᠠᠭᠤᠯᠬᠤ ᠪᠠᠷ ᠭᠠᠷᠬᠤ ᠳᠤ ᠪᠠᠨ ︿ ᠠᠶ᠎ᠠ ᠶᠠᠭᠤᠲᠠᠢ ᠡᠨᠡᠷᠢᠯ ᠦᠭᠡᠢ ᠣᠷᠴᠢᠯᠠᠩ ᠪᠤᠢ︖ ᠣᠷᠣ ᠮᠥᠷ ᠦᠭᠡᠢ ᠬᠡᠷᠡᠭ ᠲᠦ ᠲᠤᠯᠭᠠᠭᠳᠠᠭᠰᠠᠨ ᠨᠠᠮ᠎ᠠ ᠶᠢ ᠴᠤ ᠶᠠᠭᠠᠬᠢᠬᠤ ᠪᠤᠢ᠂ ᠭᠠᠷᠤᠵᠠᠨ ᠳᠤ ᠭᠠᠷᠭᠠᠬᠤ ᠶᠤᠮ ᠪᠢᠵᠡ᠃ ᠬᠡᠪᠡᠯᠢ ᠳᠦ ᠬᠥᠳᠡᠯᠵᠦ ᠪᠤᠢ ᠦᠷ᠎ᠡ ᠶᠢ ᠮᠢᠨᠢ ᠪᠣᠳᠣᠵᠤ᠂ ᠥᠷᠥᠪᠳᠥᠵᠦ ᠥᠷᠥᠰᠢᠶᠡᠳᠡᠭ ᠦᠭᠡᠢ ᠨᠢ ᠳᠠᠩᠴᠢ ᠭᠠᠰᠠᠯᠠᠩ ᠲᠠᠢ ᠶᠠ︕ ᠦᠨᠡᠨ ᠮᠥᠨ ᠦ ᠴᠠᠭᠠᠳᠬᠠᠯ ᠬᠡᠵᠢᠶ᠎ᠡ ᠨᠢᠭᠡᠨ ᠴᠠᠭ ᠲᠤ ᠭᠠᠷᠴᠠᠭ᠎ᠠ ᠦᠭᠡᠢ ᠢᠷᠡᠬᠦ ᠶᠤᠮ ᠰᠢᠦ︕﹀ ᠭᠡᠵᠦ ᠬᠣᠭᠣᠯᠠᠢ ᠵᠠᠩᠭᠢᠷᠠᠭᠤᠯᠤᠨ ᠬᠠᠰᠬᠢᠷᠤᠭᠰᠠᠨ ᠢ ᠰᠣᠨᠣᠰᠤᠭᠰᠠᠨ ᠢᠶᠡᠨ ᠮᠢᠨᠦ ᠪᠠᠭᠰᠢ᠂ ᠰᠠᠶᠢᠨ ᠨᠥᠬᠥᠷ ᠫᠦᠷᠪᠦᠵᠠᠪ ᠵᠢᠷᠦᠬᠡ ᠰᠢᠮᠰᠢᠷᠡᠲᠡᠯ᠎ᠡ ᠶᠠᠷᠢᠳᠠᠭ ᠰᠠᠨ ᠁︾ ᠡᠬᠡ ᠣᠷᠣᠨ ᠤ ᠬᠢ ᠪᠠᠨ ᠲᠥᠯᠥᠭᠡ ᠳᠡᠩᠳᠡᠭᠦᠦ ᠬᠠᠯᠠᠭᠤᠨ ᠰᠡᠳᠬᠢᠯ ᠢᠶᠡᠷ ᠵᠢᠳᠬᠦᠭᠰᠡᠨ ᠰᠣᠶᠣᠨ ᠭᠡᠭᠡᠷᠡᠭᠦᠯᠦᠭᠴᠢ ᠪᠦᠰᠡᠭᠦᠢ ᠪᠡᠨ ᠳᠡᠩᠳᠡᠭᠦᠦ ᠬᠠᠷᠭᠢᠰ ᠢᠶᠠᠷ ᠲᠠᠮᠤᠯᠠᠨ ᠠᠯᠠᠭᠰᠠᠨ ᠲᠠ ᠪᠢᠳᠡᠨ ᠦ ᠲᠡᠦᠬᠡ ᠡᠨᠡ᠃《ᠳᠡᠩᠳᠡᠭᠦᠦ ᠬᠠᠯᠠᠭᠤᠨ ᠰᠡᠳᠬᠢᠯ ᠢᠶᠡᠷ》 ᠭᠡᠰᠡᠨ ᠦ ᠤᠴᠢᠷ ᠢ ᠲᠡᠭᠦᠨ ᠦ ᠪᠢᠴᠢᠭᠰᠡᠨ ᠳᠠᠷᠠᠭᠠᠬᠢ ᠥᠭᠦᠯᠡᠯ᠂ ᠰᠢᠯᠦᠭ ᠬᠣᠶᠠᠷ ᠠᠴᠠ ᠬᠠᠷᠠᠨ᠎ᠠ ᠪᠢᠵᠡ ᠡ᠃ ᠡᠨᠡ ᠬᠣᠶᠠᠷ ᠪᠦᠲᠦᠭᠡᠯ 《ᠡᠮᠡᠭᠲᠡᠶᠢᠴᠦᠳ ᠦᠨ ᠰᠠᠨᠠᠯ》 ᠰᠡᠳᠬᠦᠯ ᠦᠨ 1927 ᠣᠨ ᠤ ᠳᠥᠷᠪᠡᠳᠦᠭᠡᠷ ᠲᠦ ᠬᠡᠪᠯᠡᠭᠳᠡᠵᠡᠢ᠃ ᠡᠨᠡ ᠦᠶ᠎ᠡ ᠪᠣᠯ ᠬᠣᠷᠢᠨ ᠵᠢᠷᠭᠤᠭᠠᠨ ᠨᠠᠰᠤᠲᠠᠢ ᠳᠤᠩᠭᠠᠷᠵᠢᠳ ᠨᠠᠮ ᠤᠨ ᠲᠥᠪ ᠰᠤᠷᠭᠠᠭᠤᠯᠢ ᠶᠢ ᠳᠥᠩᠭᠡᠵᠢ ᠲᠡᠭᠦᠰᠴᠦ ᠪᠠᠶᠢᠭᠰᠠᠨ᠂ ᠡᠬᠡ ᠣᠷᠣᠨ᠂ ᠨᠠᠮ ᠵᠠᠰᠠᠭ᠂ ᠡᠮᠡᠭᠲᠡᠶᠢᠴᠦᠳ ᠦᠨ ᠡᠷᠬᠡ᠂ ᠪᠢᠴᠢᠭ ᠡᠷᠳᠡᠮ ᠦᠨ ᠲᠥᠯᠥᠭᠡ ᠵᠢᠳᠬᠦᠨ᠎ᠡ ᠬᠡᠮᠡᠨ ᠢᠳᠡ ᠭᠢᠯᠠᠯᠵᠠᠵᠤ ᠪᠠᠶᠢᠭᠰᠠᠨ᠂ ᠬᠠᠯᠠᠭᠤᠨ ᠬᠤᠷᠴᠠ ᠨᠠᠰᠤ ᠴᠠᠭ ᠨᠢ ᠪᠢᠯᠡ᠃ ᠳᠤᠩᠭᠠᠷ ᠤᠨ ᠳᠤᠩᠭᠠᠷᠵᠢᠳ ᠬᠦᠦ ᠰᠤᠰᠤᠷᠪᠠᠷᠠᠮ ᠤᠨ ᠬᠠᠮᠲᠤ᠃ ᠴᠤᠬᠤᠮ ᠡᠨᠡ ᠬᠦᠦ ᠪᠠᠨ ᠰᠡᠭᠦᠯ ᠦᠨ ᠤᠳᠠᠭ᠎ᠠ ᠭᠠᠭᠴᠠ ᠬᠠᠷᠠᠭᠠᠳ ᠴᠠᠭᠠᠵᠠᠯᠠᠭᠤᠯᠤᠶ᠎ᠠ ᠬᠡᠮᠡᠨ ᠬᠦᠰᠡᠵᠦ ᠪᠠᠶᠢᠵᠠᠢ᠃ ᠠᠷᠠᠳ ᠤᠨ ᠨᠠᠮ ᠤᠨ ᠲᠥᠪ ᠰᠤᠷᠭᠠᠭᠤᠯᠢ ᠪᠠ ᠡᠮᠡᠭᠲᠡᠶᠢᠴᠦᠳ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠰᠤᠷᠭᠠᠭᠤᠯᠢ ᠶᠢ ᠠᠷᠪᠠᠨ ᠵᠢᠷᠭᠤᠳᠤᠭᠠᠷ ᠣᠨ᠂ ᠭᠤᠷᠪᠠᠨ ᠰᠠᠷ᠎ᠠ ᠶᠢᠨ 13 ᠍ ᠤ ᠡᠳᠦᠷ ᠬᠣᠶᠠᠳᠤᠭᠠᠷ ᠤᠳᠠᠭ᠎ᠠ ᠡᠬᠢᠯᠡᠨ ᠨᠡᠭᠡᠭᠡᠭᠰᠡᠨ ᠳᠦ ᠬᠣᠲᠠ ᠬᠥᠳᠡᠭᠡ ᠶᠢᠨ ᠣᠯᠠᠨ ᠬᠣᠷᠢᠶ᠎ᠠ ᠡᠭᠦᠷ ᠦᠳ ᠡᠴᠡ ᠲᠣᠮᠢᠯᠠᠭᠳᠠᠨ ᠢᠷᠡᠭᠰᠡᠳ ᠪᠠ ᠥᠪᠡᠷᠰᠡᠳ ᠦᠨ ᠳᠤᠷ᠎ᠠ ᠰᠦᠰᠦᠭ ᠢᠶᠡᠷ ᠪᠢᠰᠢᠷᠡᠨ᠂ ᠥᠪᠡᠷᠰᠡᠳ ᠲᠠᠢ ᠬᠠᠮᠲᠤ ᠪᠦᠭᠦᠳᠡ ᠬᠣᠷᠢᠨ ᠵᠢᠷᠭᠤᠭᠠᠨ ᠡᠮᠡᠭᠲᠡᠶᠢᠴᠦᠳ ᠡᠨᠡ ᠲᠥᠪ ᠰᠤᠷᠭᠠᠭᠤᠯᠢ ᠳᠤ ᠰᠤᠷᠴᠤ ᠪᠤᠢ ᠪᠥᠭᠡᠳ ᠠᠩᠬ᠎ᠠ ᠪᠢᠳᠡᠨ ᠦ ᠡᠮᠡᠭᠲᠡᠶᠢᠴᠦᠳ ᠦᠨ ᠳᠣᠲᠣᠷ᠎ᠠ ᠪᠢᠴᠢᠭ ᠦᠰᠦᠭ ᠮᠡᠳᠡᠬᠦ ᠨᠥᠬᠥᠳ ᠣᠯᠠᠨ ᠦᠭᠡᠢ᠂ ᠴᠥᠮ ᠢᠶᠡᠷ ᠬᠠᠷᠠᠩᠭᠤᠢ ᠪᠦᠳᠦᠭᠦᠯᠢᠭ ᠠᠷᠠᠳ ᠤᠳ ᠢᠷᠡᠭᠰᠡᠨ ᠢᠶᠡᠨ ᠪᠣᠳᠣᠪᠠᠰᠤ ᠣᠳᠣ ᠡᠷᠳᠡᠮᠲᠡᠨ ᠪᠠᠭᠰᠢ ᠨᠠᠷ ᠤᠨ ᠠᠴᠢ ᠭᠠᠪᠢᠶ᠎ᠠ ᠪᠠᠷ ᠲᠤᠰ ᠲᠤᠰ ᠲᠤ ᠪᠠᠨ ᠮᠣᠩᠭᠣᠯ ᠨᠣᠮ ᠪᠢᠴᠢᠬᠦ ᠤᠩᠰᠢᠬᠤ ᠪᠠ ᠲᠣᠭ᠎ᠠ ᠪᠣᠳᠣᠯᠭ᠎ᠠ ᠨᠡᠮᠡᠬᠦ ᠬᠠᠰᠤᠬᠤ᠂ ᠦᠷᠡᠵᠢᠭᠦᠯᠬᠦ ᠬᠤᠪᠢᠶᠠᠬᠤ ᠲᠡᠷᠢᠭᠦᠲᠡᠨ ᠲᠦᠮᠡᠨ ᠪᠣᠳᠠᠰ᠂ ᠳᠡᠯᠡᠬᠡᠢ ᠶᠢᠨ ᠪᠠᠶᠢᠳᠠᠯ᠂ ᠤᠯᠤᠰ ᠲᠥᠷᠥ ᠶᠢᠨ ᠪᠠᠶᠢᠳᠠᠯ᠂ ᠨᠠᠮ ᠵᠠᠯᠠᠭᠤᠴᠤᠳ ᠤᠨ ᠲᠡᠦᠬᠡ ᠵᠡᠷᠭᠡ ᠶᠢ ᠪᠠᠭ᠎ᠠ ᠰᠠᠭ᠎ᠠ ᠲᠥᠰᠦᠭᠡᠯᠡᠵᠦ ᠪᠤᠢ ᠠᠴᠠ ᠭᠠᠳᠠᠨ᠎ᠠ ᠣᠳᠣ ᠤᠭ ᠰᠤᠷᠭᠠᠭᠤᠯᠢ ᠶᠢᠨ ᠬᠤᠭᠤᠴᠠᠭ᠎ᠠ ᠲᠡᠭᠦᠰᠬᠦ ᠬᠦᠷᠲᠡᠯ᠎ᠡ ᠪᠢᠳᠡᠨ ᠦ ᠡᠮᠡᠭᠲᠡᠶᠢᠴᠦᠳ ᠠ ᠬᠡᠮᠡᠬᠦ ᠦᠰᠦᠭ ᠦᠨ ᠳᠦᠷᠰᠦ ᠶᠢ ᠴᠤ ᠲᠠᠨᠢᠵᠤ᠂ ᠠᠷᠪᠠᠨ ᠲᠠᠪᠤᠨ ᠮᠥᠩᠭᠥ ᠶᠢ ᠴᠤ ᠬᠤᠪᠢᠶᠠᠷᠢᠯᠠᠨ ᠮᠡᠳᠡᠬᠦ ᠪᠣᠯᠵᠤ ᠭᠠᠷᠬᠤ ᠪᠣᠯᠪᠠ ᠤᠤ ᠬᠡᠮᠡᠨ ᠶᠡᠬᠡ ᠯᠠ ᠡᠷᠡᠮᠡᠯᠵᠡᠨ ᠬᠦᠰᠡᠬᠦ ᠡᠴᠡ ᠭᠠᠳᠠᠨ᠎ᠠ ᠠᠷᠪᠠᠨ ᠲᠠᠪᠤᠳᠤᠭᠠᠷ ᠣᠨ ᠳᠤ ᠲᠤᠰ ᠨᠠᠮ ᠤᠨ ᠠᠩᠬᠠᠳᠤᠭᠠᠷ ᠲᠥᠪ ᠰᠤᠷᠭᠠᠭᠤᠯᠢ ᠶᠢ ᠨᠡᠭᠡᠭᠡᠬᠦᠢ ᠳᠦ ᠪᠢᠳᠡᠨ ᠦ ᠡᠮᠡᠭᠲᠡᠶᠢᠴᠦᠳ ᠦᠨ ᠳᠣᠲᠣᠷ᠎ᠠ ᠠᠴᠠ ᠨᠢᠭᠡᠭᠡᠬᠡᠨ ᠪᠡᠷ᠎ ᠪᠠᠶᠢᠭᠰᠠᠨ ᠦᠭᠡᠢ ᠠᠵᠠᠢ᠃ ᠡᠳᠦᠭᠡ ᠶᠢᠨ ᠬᠣᠶᠠᠳᠤᠭᠠᠷ ᠲᠥᠪ ᠰᠤᠷᠭᠠᠭᠤᠯᠢ ᠪᠠᠨ ᠡᠶᠢᠨᠬᠦᠦ ᠬᠡᠳᠦᠨ ᠲᠣᠭᠠᠨ ᠤ ᠡᠮᠡᠭᠲᠡᠶᠢᠴᠦᠳ ᠣᠷᠣᠭᠠᠳ ᠰᠤᠷᠴᠤ ᠪᠤᠢ ᠪᠠᠷ ᠦᠵᠡᠪᠡᠰᠦ ᠮᠠᠨ ᠤ ᠡᠮᠡᠭᠲᠡᠶᠢᠴᠦᠳ ᠦᠨ ᠡᠷᠬᠡ ᠴᠢᠯᠦᠭᠡ ᠪᠡᠨ ᠣᠯᠵᠤ᠂ ᠡᠷᠳᠡᠮ ᠰᠤᠶᠤᠯ ᠤᠨ ᠵᠠᠮ ᠳᠤ ᠡᠳᠦᠷ ᠰᠠᠷ᠎ᠠ ᠢᠷᠡᠬᠦ ᠲᠤᠲᠤᠮ ᠤᠯᠠᠮ ᠤᠯᠠᠮ ᠳᠡᠭᠡᠭᠰᠢ ᠪᠡᠨ ᠳᠡᠪᠰᠢᠵᠦ ᠪᠤᠢ ᠶᠢᠨ ᠭᠡᠷᠡᠴᠢ ᠨᠢ ᠪᠦᠯᠢᠶᠡᠬᠡᠨ ᠲᠣᠳᠣᠷᠠᠪᠠᠢ ᠬᠡᠮᠡᠪᠡᠰᠦ ᠪᠣᠯᠬᠤ ᠪᠥᠭᠡᠳ ᠡᠨᠡ ᠪᠣᠯᠪᠠᠰᠤ ᠬᠡᠨ ᠦ ᠠᠴᠢ ᠭᠠᠪᠢᠶ᠎ᠠ ᠪᠤᠢ ᠬᠡᠮᠡᠪᠡᠰᠦ ᠠᠷᠠᠳ ᠤᠨ ᠬᠤᠪᠢᠰᠬᠠᠯᠲᠤ ᠨᠠᠮ ᠪᠠ ᠮᠥᠨ ᠬᠠᠷᠭᠢᠰᠲᠤ ᠳᠠᠶᠢᠰᠤᠨ ᠤ ᠡᠮᠦᠨ᠎ᠡ ᠡᠴᠡ ᠬᠠᠲᠠᠭᠤ ᠴᠢᠩᠭ᠎ᠠ ᠵᠣᠷᠢᠭ ᠢ ᠪᠠᠷᠢᠵᠤ᠂ ᠬᠠᠯᠠᠭᠤᠨ ᠴᠢᠰᠤ ᠪᠠᠨ ᠤᠷᠤᠰᠲᠠᠯ᠎ᠠ ᠪᠠᠶᠢᠯᠳᠤᠨ ᠡᠰᠡᠷᠭᠦᠴᠡᠵᠦ ᠤᠰᠠᠳᠬᠠᠭᠰᠠᠨ ᠪᠠᠲᠤ ᠲᠠᠩᠭᠠᠷᠢᠭᠲᠤ ᠠᠷᠠᠳ ᠤᠨ ᠤᠯᠠᠭᠠᠨ ᠴᠡᠷᠢᠭ ᠦᠨ ᠠᠭᠤᠤ ᠶᠡᠬᠡ ᠠᠴᠢ ᠭᠠᠪᠢᠶ᠎ᠠ ᠮᠥᠨ ᠪᠣᠯᠤᠮᠤᠢ᠃ ᠤᠴᠢᠷ ᠡᠶᠢᠮᠦ ᠳᠦ ᠡᠨᠡᠬᠦ ᠪᠠᠭ᠎ᠠ ᠪᠤᠰᠤ ᠣᠷᠣᠯᠳᠤᠯᠭ᠎ᠠ ᠪᠠᠷ ᠣᠯᠤᠭᠰᠠᠨ ᠪᠦᠷᠢᠨ ᠡᠷᠬᠡ ᠴᠢᠯᠦᠭᠡ ᠪᠡᠨ ᠡᠳᠦᠷ ᠰᠥᠨᠢ ᠦᠭᠡᠢ ᠴᠢᠷᠮᠠᠶᠢᠨ ᠣᠷᠣᠯᠳᠤᠵᠤ᠂ ᠪᠠᠲᠤᠳᠬᠠᠨ ᠠᠪᠬᠤ ᠨᠢ ᠮᠠᠨ ᠤ ᠡᠮᠡᠭᠲᠡᠶᠢᠴᠦᠳ ᠦᠨ ᠲᠤᠶᠢᠯ ᠤᠨ ᠴᠢᠬᠤᠯᠠ ᠡᠭᠦᠷᠭᠡ ᠪᠣᠯᠤᠭᠰᠠᠨ ᠪᠥᠭᠡᠳ ᠡᠭᠦᠨ ᠢ ᠬᠡᠷᠬᠢᠨ ᠪᠠᠲᠤᠳᠬᠠᠨ ᠠᠪᠬᠤ ᠪᠢᠯᠡ ᠬᠡᠮᠡᠪᠡᠰᠦ ᠨᠢᠭᠡ ᠳ᠋ᠤ ᠪᠦᠬᠦ ᠳᠡᠯᠡᠬᠡᠢ ᠶᠢᠨ ᠬᠦᠮᠦᠨ ᠲᠥᠷᠥᠯᠬᠢᠲᠡᠨ ᠳᠦ ᠶᠠᠭᠤ ᠴᠢᠬᠤᠯᠠ ᠪᠤᠢ ᠭᠡᠬᠦ ᠳᠦ ᠶᠠᠭᠤᠨ ᠤ ᠤᠷᠢᠳ ᠥᠪᠡᠷ ᠥᠪᠡᠷ ᠦᠨ ᠪᠡᠶ᠎ᠡ ᠴᠢᠬᠤᠯᠠ ᠪᠠᠶᠢᠮᠤᠢ᠃ ᠤᠴᠢᠷ ᠨᠢ ᠡᠨᠡ ᠨᠠᠷᠠᠲᠤ ᠶᠢᠷᠲᠢᠨᠴᠦ ᠶᠢᠨ ᠣᠷᠣᠨ ᠳᠤ ᠡᠪᠡᠳᠴᠢᠨ ᠡᠷᠡᠮᠳᠡᠭ ᠦᠭᠡᠢ᠂ ᠡᠷᠳᠡᠮ ᠤᠬᠠᠭᠠᠨ ᠲᠡᠭᠦᠰ ᠬᠦᠮᠦᠨ ᠠᠪᠠᠰᠤ ᠡᠷᠡᠭᠲᠡᠢ ᠡᠮᠡᠭᠲᠡᠢ ᠬᠡᠮᠡᠬᠦ ᠢᠯᠭᠠᠪᠤᠷᠢ ᠦᠭᠡᠢ᠂ ᠶᠠᠮᠠᠷᠪᠠ ᠵᠣᠷᠢᠭᠰᠠᠨ ᠵᠣᠷᠢᠯᠭ᠎ᠠ ᠪᠠᠨ ᠭᠦᠢᠴᠡᠳᠭᠡᠨ ᠴᠢᠳᠠᠬᠤ ᠪᠣᠯᠤᠮᠤᠢ᠃ ᠬᠣᠶᠠᠷ ᠲᠤ ᠬᠦᠮᠦᠨ ᠲᠥᠷᠥᠯᠬᠢᠲᠡᠨ ᠳᠦ ᠡᠷᠳᠡᠮ ᠨᠣᠮ ᠰᠤᠷᠬᠤ ᠨᠢ ᠨᠡᠩ ᠴᠢᠬᠤᠯᠠ ᠪᠣᠯᠬᠤ ᠶᠢ ᠲᠠᠶᠢᠯᠪᠤᠷᠢᠯᠠᠪᠠᠰᠤ᠂ ᠠᠯᠢᠪᠠ ᠨᠢᠭᠡ ᠬᠦᠮᠦᠨ ᠪᠡᠷ᠎ ᠥᠪᠡᠷ ᠦᠨ ᠦᠨᠳᠦᠰᠦᠨ ᠦ ᠬᠡᠯᠡ ᠪᠢᠴᠢᠭ ᠢ ᠮᠡᠳᠡᠬᠦ ᠦᠭᠡᠢ ᠠᠪᠠᠰᠤ ᠲᠡᠭᠦᠨ ᠢ ᠨᠢᠳᠦ ᠦᠭᠡᠢ ᠰᠣᠬᠣᠷ᠂ ᠬᠡᠯᠡ ᠦᠭᠡᠢ ᠲᠡᠨᠡᠭ᠂ ᠡᠷᠬᠡᠲᠡᠨ ᠳᠤᠲᠠᠭᠤ ᠬᠠᠭᠠᠰ ᠬᠦᠮᠦᠨ ᠬᠡᠮᠡᠪᠡᠰᠦ ᠦᠯᠦ ᠪᠣᠯᠬᠤ ᠭᠠᠵᠠᠷ ᠦᠭᠡᠢ ᠬᠡᠮᠡᠮᠦᠢ᠃ ᠲᠡᠶᠢᠮᠦ ᠶᠢᠨ ᠲᠤᠯᠠ ᠠᠯᠢᠪᠠ ᠡᠷᠳᠡᠮ ᠳᠦ ᠪᠣᠯᠪᠠᠰᠤᠷᠠᠬᠤ ᠨᠢ ᠲᠤᠶᠢᠯ ᠤᠨ ᠴᠢᠬᠤᠯᠠ ᠪᠣᠯᠠᠢ᠃ ᠢᠯᠠᠩᠭᠤᠶ᠎ᠠ ᠮᠠᠨ ᠤ ᠮᠣᠩᠭᠣᠯ ᠤᠨ ᠡᠮᠡᠭᠲᠡᠶᠢᠴᠦᠳ ᠦᠨ ᠪᠠᠶᠢᠳᠠᠯ ᠨᠢ ᠤᠷᠢᠳᠤ ᠡᠵᠡᠷᠬᠡᠭ ᠵᠠᠰᠠᠭ ᠤᠨ ᠦᠶ᠎ᠡ ᠳᠦ ᠬᠣᠶᠠᠷ ᠶᠠᠩᠵᠤ ᠶᠢᠨ ᠬᠠᠷᠠᠩᠭᠤᠢ ᠵᠠᠮ ᠢᠶᠠᠷ ᠶᠠᠪᠤᠵᠤ ᠢᠷᠡᠭᠰᠡᠨ ᠪᠥᠯᠦᠭᠡ᠃ ᠶᠠᠭᠤ ᠬᠡᠮᠡᠪᠡᠰᠦ᠄ ᠬᠣᠲᠠ ᠭᠠᠵᠠᠷ ᠤᠨ ᠡᠮᠡᠭᠲᠡᠶᠢᠴᠦᠳ ᠦᠨ ᠣᠯᠠᠩᠬᠢ ᠨᠢ ᠪᠠᠭ᠎ᠠ ᠵᠠᠯᠠᠭᠤ ᠨᠠᠰᠤᠨ ᠠᠴᠠ ᠰᠠᠳᠤᠷ ᠰᠠᠮᠠᠭᠤᠨ ᠶᠠᠪᠤᠳᠠᠯ ᠢ ᠨᠡᠩ ᠶᠡᠬᠡᠳᠡ ᠡᠷᠬᠢᠮᠯᠡᠨ ᠦᠵᠡᠵᠦ᠂ ᠬᠢᠲᠠᠳ ᠤᠨ ᠵᠡᠷᠭᠡ ᠶᠢᠨ ᠭᠠᠳᠠᠭᠠᠳᠤ ᠶᠢᠨ ᠬᠦᠮᠦᠰ ᠪᠠᠰᠠ ᠰᠢᠷ᠎ᠠ ᠶᠢᠨ ᠱᠠᠰᠢᠨ ᠤ ᠰᠤᠷᠲᠤᠭᠠᠯᠳᠤ ᠬᠤᠸᠠᠷᠠᠭ ᠯᠠᠮ᠎ᠠ ᠨᠠᠷ᠂ ᠠᠯᠢ ᠴᠤ ᠠᠲᠤᠭᠠᠢ ᠠᠯᠲᠠ ᠲᠠᠢ ᠮᠥᠩᠭᠥ ᠲᠡᠢ ᠪᠣᠯᠪᠠᠰᠤ ᠠᠰᠢᠭ ᠣᠯᠵᠠ ᠶᠢ ᠬᠠᠷᠠᠭᠠᠯᠵᠠᠨ᠂ ᠠᠯᠭᠤᠷ ᠰᠠᠷ᠎ᠠ ᠪᠠᠷ ᠪᠤᠶᠤ ᠠᠷᠪᠠ ᠲᠠᠪᠤᠨ ᠬᠣᠨᠣᠭ ᠢᠶᠠᠷ ᠰᠠᠮᠠᠭᠤᠨ ᠢᠶᠠᠷ ᠬᠠᠨᠢᠯᠠᠵᠤ᠂ ᠬᠠᠶᠢᠷᠠᠨ ᠵᠠᠯᠠᠭᠤ ᠪᠡᠶ᠎ᠡ ᠪᠡᠨ ᠬᠠᠷᠠᠩᠭᠤᠢ ᠪᠤᠵᠠᠷ ᠲᠤ ᠪᠤᠷᠲᠠᠭᠯᠠᠭᠤᠯᠵᠤ ᠥᠩᠭᠡᠷᠡᠭᠦᠯᠦᠭᠡᠳ ᠡᠴᠦᠰ ᠦᠨ ᠴᠠᠭ ᠲᠤ ᠡᠷᠬᠡᠲᠡᠨ ᠲᠡᠭᠦᠰ ᠪᠡᠶ᠎ᠡ ᠳᠦ ᠪᠡᠨ ᠡᠯᠳᠡᠪ ᠪᠤᠵᠠᠷ ᠡᠪᠡᠳᠴᠢᠨ ᠢ ᠣᠯᠵᠤ᠂ ᠵᠠᠷᠢᠮ ᠨᠢ ᠡᠨᠡᠷᠢᠨ ᠡᠷᠭᠦᠮᠵᠢᠯᠡᠬᠦ ᠦᠷ᠎ᠡ ᠬᠥᠪᠡᠭᠦᠳ ᠦᠭᠡᠢ ᠶᠢᠨ ᠲᠤᠯᠠ ᠬᠡᠨ ᠳᠦ ᠴᠤ ᠬᠡᠷᠡᠭᠯᠡᠭᠳᠡᠬᠦ ᠦᠭᠡᠢ᠂ ᠬᠡᠭᠡᠷ᠎ᠡ ᠶᠢᠨ ᠬᠣᠭ ᠰᠢᠷᠣᠢ ᠲᠠᠢ ᠬᠣᠯᠢᠯᠴᠠᠨ ᠬᠤᠳᠬᠤᠯᠳᠤᠵᠤ᠂ ᠠᠮᠢ ᠪᠡᠶ᠎ᠡ ᠶᠢ ᠲᠡᠵᠢᠭᠡᠬᠦ ᠠᠷᠭ᠎ᠠ ᠦᠭᠡᠢ ᠪᠣᠯᠵᠤ᠂ ᠶᠠᠳᠠᠷᠠᠬᠤ ᠵᠦᠳᠡᠷᠡᠬᠦ ᠶᠢᠨ ᠪᠡᠷᠬᠡ ᠲᠤᠶᠢᠯ ᠢ ᠦᠵᠡᠳᠡᠭ ᠨᠢ ᠣᠯᠠᠨ ᠪᠠᠶᠢᠭᠰᠠᠨ ᠪᠢᠯᠡ᠃ ᠬᠥᠳᠡᠭᠡ ᠭᠠᠵᠠᠷ ᠤᠨ ᠡᠮᠡᠭᠲᠡᠶᠢᠴᠦᠳ ᠪᠣᠯᠪᠠᠰᠤ᠂ ᠢᠮᠠᠭᠲᠠ ᠭᠡᠷ ᠮᠠᠯ ᠤᠨ ᠠᠵᠢᠯ ᠢ ᠪᠣᠯᠪᠠᠰᠤᠨ ᠢᠶᠠᠷ ᠭᠦᠢᠴᠡᠳᠭᠡᠬᠦ ᠦᠭᠡᠢ ᠨᠢ ᠲᠤᠶᠢᠯ ᠤᠨ ᠰᠠᠯᠠᠩ ᠮᠠᠭᠤ ᠪᠠᠶᠢᠳᠠᠯ ᠲᠠᠢ ᠠᠭᠰᠠᠨ ᠢ ᠢᠯᠡᠷᠬᠡᠶᠢᠯᠡᠪᠡᠰᠦ᠄ ᠨᠠᠭᠠᠨᠠᠳᠠ᠂ ᠢᠳᠡᠬᠦ ᠬᠣᠭᠣᠯᠠ ᠤᠮᠳᠠ ᠪᠠᠨ ᠲᠣᠭᠣᠭᠠᠨ ᠤ ᠬᠥ ᠲᠠᠯᠪᠢᠭᠤᠷ ᠤᠨ ᠭᠭᠢᠷᠢ ᠪᠤᠷᠲᠠᠭ ᠲᠤ ᠬᠣᠯᠢᠯᠳᠤᠭᠤᠯᠤᠨ ᠠᠵᠢᠯᠯᠠᠬᠤ᠂ ᠪᠠᠰᠠ ᠪᠡᠶ᠎ᠡ ᠪᠠ ᠬᠤᠪᠴᠠᠰᠤᠨ ᠤ ᠭᠬᠢᠷ ᠪᠤᠷᠲᠠᠭ ᠢ ᠤᠬᠢᠶᠠᠬᠤ ᠠᠷᠢᠯᠭᠠᠬᠤ ᠦᠭᠡᠢ᠂ ᠬᠤᠷᠤᠭᠤᠨ ᠤ ᠬᠢᠮᠤᠰᠤ ᠶᠢ ᠠᠪᠬᠤ ᠦᠭᠡᠢ᠂ ᠨᠢᠯᠬᠠᠰ ᠬᠡᠦᠬᠡᠳ ᠢᠶᠡᠨ ᠬᠠᠮᠠᠭᠠᠯᠠᠨ ᠪᠣᠯᠪᠠᠰᠤᠷᠠᠭᠤᠯᠵᠤ ᠴᠢᠳᠠᠬᠤ ᠦᠭᠡᠢ ᠲᠡᠷᠢᠭᠦᠲᠡᠨ ᠦ ᠪᠦᠳᠦᠭᠦᠯᠢᠭ ᠶᠠᠪᠤᠳᠠᠯ ᠤᠳ ᠢᠶᠠᠷ ᠵᠠᠩᠰᠢᠭᠰᠠᠨ ᠢ ᠦᠭᠦᠯᠡᠵᠦ ᠪᠠᠷᠠᠰᠢ ᠦᠭᠡᠢ ᠪᠥᠭᠡᠳ ᠡᠯ᠎ᠡ ᠬᠣᠶᠠᠷ ᠵᠦᠢᠯ ᠦᠨ ᠭᠤᠲᠤᠮᠰᠢᠭ ᠲᠠᠢ ᠮᠠᠭᠤ ᠪᠠᠶᠢᠳᠠᠯ ᠢᠶᠠᠷ ᠵᠠᠩᠰᠢᠭᠰᠠᠨ ᠪᠦᠬᠦ ᠮᠣᠩᠭᠣᠯ ᠤᠨ ᠤᠯᠤᠰ ᠢᠷᠭᠡᠨ ᠦ ᠡᠬᠡ ᠪᠣᠯᠬᠤ ᠡᠮᠡᠭᠲᠡᠶᠢᠴᠦᠳ ᠢ ᠲᠡᠷᠡ ᠦᠶ᠎ᠡ ᠶᠢᠨ ᠵᠠᠰᠠᠭ ᠤᠨ ᠡᠷᠬᠡ ᠶᠢ ᠪᠠᠷᠢᠵᠤ ᠪᠠᠶᠢᠭᠰᠠᠨ ᠡᠵᠡᠷᠬᠡᠭ ᠰᠤᠷᠲᠠᠯ ᠤᠨ ᠸᠠᠩ ᠭᠦᠩ᠂ ᠬᠤᠲᠤᠭᠲᠤ ᠬᠤᠪᠢᠯᠭᠠᠳ ᠨᠠᠷ ᠵᠠᠰᠠᠵᠤ ᠵᠠᠯᠠᠷᠠᠭᠤᠯᠬᠤ ᠪᠠ ᠪᠣᠯᠪᠠᠰᠤᠷᠠᠭᠤᠯᠬᠤ ᠶᠢ ᠣᠷᠣᠯᠳᠤᠬᠤ ᠴᠤ ᠪᠠᠶᠢᠲᠤᠭᠠᠢ ᠬᠠᠷᠢᠨ ᠡᠮᠡᠭᠲᠡᠶᠢᠴᠦᠳ ᠢ ᠪᠤᠶᠠᠨ ᠦᠭᠡᠢ ᠳᠣᠣᠷᠠᠳᠤ ᠲᠥᠷᠥᠯᠬᠢᠲᠡᠨ ᠬᠡᠮᠡᠨ ᠳᠣᠷᠣᠮᠵᠢᠯᠠᠨ ᠦᠵᠡᠬᠦ ᠪᠠ ᠨᠢᠭᠡᠨᠲᠡᠶᠢᠭᠦᠷ ᠪᠠᠶᠠᠯᠢᠭ ᠬᠥᠷᠥᠩᠭᠡ ᠲᠡᠢ ᠨᠢ ᠪᠠᠷ᠎ᠠ ᠪᠣᠯᠭᠠᠬᠤ ᠪᠠᠷ ᠳᠠᠭᠤᠳᠠᠨ ᠠᠪᠠᠴᠢᠵᠤ᠂ ᠨᠠᠶᠢᠮᠠᠭᠠᠨ ᠤ ᠪᠡᠯᠡᠳᠬᠡᠯ ᠦᠨ ᠶᠠᠩᠬᠠᠨ ᠮᠡᠲᠦ ᠡᠳᠦᠢ ᠲᠡᠳᠦᠢ ᠪᠡᠷ ᠳᠡᠷᠭᠡᠳᠡ ᠪᠡᠨ ᠪᠠᠶᠢᠯᠭᠠᠬᠤ ᠬᠢᠭᠡᠳ ᠪᠠᠭᠤᠷᠠᠢ ᠮᠠᠭᠤ ᠶᠢ ᠨᠢ ᠪᠣᠭᠣᠯ ᠵᠠᠷᠤᠴᠠ ᠪᠣᠯᠭᠠᠬᠤ ᠵᠡᠷᠭᠡ ᠪᠡᠷ ᠬᠠᠷᠢᠨ ᠳᠡᠭᠡᠷ᠎ᠡ ᠡᠴᠡ ᠨᠢ ᠮᠤᠩᠬᠠᠷᠠᠭᠤᠯᠬᠤ ᠤᠴᠢᠷ ᠪᠢᠳᠡᠨ ᠦ ᠡᠮᠡᠭᠲᠡᠶᠢᠴᠦᠳ ᠡᠷᠳᠡᠮ ᠳᠦ ᠰᠤᠷᠤᠯᠴᠠᠬᠤ ᠶᠢ ᠣᠷᠣᠯᠳᠤᠬᠤ ᠴᠤ ᠪᠠᠶᠢᠲᠤᠭᠠᠢ ᠡᠯ᠎ᠡ ᠮᠤᠩᠬᠠᠷᠠᠭᠤᠯᠤᠭᠰᠠᠨ ᠮᠠᠨᠠᠨ ᠪᠤᠳᠠᠩ ᠳᠤ ᠲᠥᠭᠡᠷᠢᠭᠳᠡᠨ ᠶᠠᠪᠤᠭᠰᠠᠭᠠᠷ ᠠᠷᠠᠳ ᠲᠦᠮᠡᠨ ᠦ ᠠᠳᠠᠭ ᠲᠤ ᠲᠣᠭᠠᠯᠠᠭᠳᠠᠵᠤ ᠨᠡᠯᠢᠶᠡᠳ ᠶᠡᠬᠡ ᠬᠣᠬᠢᠷᠠᠭᠰᠠᠨ ᠨᠢ ᠢᠯᠡᠳᠲᠡ ᠪᠢᠯᠡ᠃ ᠣᠳᠣ ᠠᠪᠠᠰᠤ ᠡᠨᠡᠷᠢᠯᠲᠦ ᠭᠡᠭᠡᠨ ᠵᠠᠰᠠᠭ ᠮᠠᠨᠳᠤᠭᠠᠳ ᠡᠷᠡᠭᠲᠡᠢ ᠡᠮᠡᠭᠲᠡᠢ ᠬᠡᠮᠡᠨ ᠢᠯᠭᠠᠪᠤᠷᠢᠯᠠᠨ ᠦᠵᠡᠬᠦ ᠮᠠᠭᠤ ᠭᠡᠮ ᠢ ᠦᠨᠳᠦᠰᠦ ᠪᠡᠷ ᠤᠰᠠᠳᠬᠠᠵᠤ᠂ ᠬᠡᠨ ᠲᠡᠭᠰᠢᠳᠡ ᠠᠷᠠᠳ ᠤᠨ ᠪᠦᠷᠢᠨ ᠡᠷᠬᠡ ᠶᠢ ᠨᠡᠶᠢᠭᠡᠮᠴᠢᠯᠡᠨ ᠡᠳ᠋ᠯᠡᠭᠦᠯᠦᠭᠰᠡᠨ ᠤᠴᠢᠷ ᠢᠶᠠᠨ ᠥᠨᠥᠬᠡᠨ ᠤᠷᠢᠳᠣ ᠬᠢ ᠶᠢᠨ ᠬᠠᠷᠠᠩᠭᠤᠢ ᠪᠦᠳᠦᠭᠦᠯᠢᠭ ᠵᠠᠩ ᠰᠤᠷᠲᠠᠯ ᠪᠦᠷᠢᠨ᠎ᠡ ᠤᠰᠠᠳᠴᠤ᠂ ᠰᠢᠨ᠎ᠡ ᠶᠣᠰᠣᠨ ᠤ ᠴᠡᠪᠡᠷ ᠪᠣᠯᠪᠠᠰᠤᠨ ᠪᠠᠶᠢᠳᠠᠯ ᠲᠣᠭᠲᠠᠵᠤ᠂ ᠡᠨᠡ ᠵᠠᠪᠰᠠᠷ ᠪᠢᠳᠡᠨ ᠦ ᠡᠮᠡᠭᠲᠡᠶᠢᠴᠦᠳ ᠡᠷᠳᠡᠮ ᠨᠣᠮ ᠢ ᠰᠤᠷᠴᠤ᠂ ᠨᠠᠮ ᠡᠪᠯᠡᠯ ᠦᠨ ᠰᠤᠷᠲᠠᠯ ᠢ ᠳᠠᠭᠠᠪᠠᠰᠤ ᠡᠷᠬᠡ ᠴᠢᠯᠦᠭᠡ ᠪᠡᠨ ᠪᠠᠲᠤ ᠪᠡᠬᠢ ᠪᠡᠷ ᠡᠳ᠋ᠯᠡᠵᠦ ᠴᠢᠳᠠᠬᠤ ᠶᠢ ᠮᠡᠳᠡᠵᠦ᠂ ᠭᠦᠢᠴᠡᠳᠭᠡᠬᠦ ᠶᠢ ᠣᠷᠣᠯᠳᠤᠨ ᠬᠢᠴᠢᠶᠡᠵᠦ ᠪᠤᠢ ᠨᠢ ᠡᠭᠦᠨ ᠢ ᠤᠯᠠᠮ ᠢᠶᠠᠷ ᠬᠥᠭᠵᠢᠭᠦᠯᠦᠨ ᠭᠦᠢᠴᠡᠳᠭᠡᠪᠡᠰᠦ ᠵᠣᠬᠢᠮᠤᠢ᠃ ᠬᠠᠷᠢᠨ ᠡᠯ᠎ᠡ ᠡᠷᠬᠡ ᠴᠢᠯᠦᠭᠡ ᠪᠡᠨ ᠣᠯᠤᠭᠰᠠᠨ ᠡᠩᠬᠡ ᠵᠢᠷᠭᠠᠯᠠᠩᠲᠤ ᠴᠠᠭ ᠤᠨ ᠵᠠᠪᠰᠢᠶᠠᠨ ᠳᠤ ᠡᠷᠳᠡᠮ ᠨᠣᠮ ᠰᠤᠷᠬᠤ ᠶᠢ ᠬᠠᠶᠢᠬᠤᠷᠬᠤ ᠦᠭᠡᠢ ᠡᠷᠲᠡᠨ ᠦ ᠪᠦᠳᠦᠭᠦᠯᠢᠭ ᠪᠠᠶᠢᠳᠠᠯ ᠢᠶᠠᠨ ᠰᠠᠶᠢᠰᠢᠶᠠᠨ ᠦᠵᠡᠬᠦ ᠨᠥᠬᠥᠳ ᠪᠠᠶᠢᠬᠤ ᠠᠪᠠᠰᠤ ᠡᠨᠡ ᠶᠢᠷᠲᠢᠨᠴᠦ ᠳ᠋ᠤ ᠦᠨᠡᠬᠡᠷ ᠵᠢᠭᠰᠢᠭᠦᠷᠢᠲᠡᠢ ᠶᠠᠪᠤᠳᠠᠯ ᠭᠡᠭᠴᠢᠳ ᠦᠨ ᠨᠢᠭᠡᠨ ᠦ ᠲᠣᠭᠠᠨ ᠳᠤ ᠤᠷᠤᠯᠴᠠᠬᠤ ᠪᠥᠭᠡᠳ ᠦᠯᠢᠭᠡᠷᠯᠡᠪᠡᠰᠦ ᠶᠡᠬᠡ ᠮᠥᠷᠡᠨ ᠦ ᠳᠡᠷᠭᠡᠳᠡ ᠰᠠᠭᠤᠭᠰᠠᠭᠠᠷ ᠠᠲᠠᠯ᠎ᠠ ᠤᠰᠤ ᠶᠢ ᠨᠢ ᠠᠮᠰᠠᠯ ᠦᠭᠡᠢ ᠤᠮᠳᠠᠭᠠᠰᠴᠤ ᠦᠬᠦᠭᠰᠡᠨ ᠲᠡᠨᠡᠭ ᠲᠠᠢ ᠠᠳᠠᠯᠢ ᠬᠡᠮᠡᠪᠡᠰᠦ ᠪᠣᠯᠤᠮᠤᠢ᠃ ᠤᠴᠢᠷ ᠡᠶᠢᠮᠦ ᠶᠢᠨ ᠲᠤᠯᠠ ᠨᠥᠬᠥᠳ ᠡᠮᠡᠭᠲᠡᠶᠢᠴᠦᠳ ᠡ︕ ᠬᠠᠷᠭᠢᠰ ᠵᠠᠰᠠᠭ ᠤᠨ ᠦᠶ᠎ᠡ ᠡᠴᠡ ᠠᠭᠤᠯᠤᠭᠳᠠᠵᠤ ᠢᠷᠡᠭᠰᠡᠨ ᠬᠠᠷᠠᠩᠭᠤᠢ ᠪᠦᠳᠦᠭᠦᠯᠢᠭ ᠰᠤᠷᠲᠠᠯ ᠤᠨ ᠦᠯᠡᠳᠡᠭᠳᠡᠯ ᠢ ᠦᠨᠳᠦᠰᠦ ᠪᠡᠷ ᠤᠰᠠᠳᠬᠠᠵᠤ᠂ ᠭᠡᠷᠡᠯᠲᠦ ᠨᠠᠷᠠᠨ ᠮᠡᠲᠦ ᠭᠡᠭᠡᠭᠡᠨ ᠵᠠᠰᠠᠭ ᠤᠨ ᠰᠤᠶᠤᠯ ᠰᠤᠷᠲᠠᠯ ᠳᠤ ᠤᠬᠤᠰᠬᠢᠨ ᠣᠷᠣᠯᠳᠤᠵᠤ᠂ ᠰᠢᠨ᠎ᠡ ᠶᠣᠰᠣᠨ ᠤ ᠰᠢᠨᠵᠢᠯᠡᠬᠦᠢ ᠤᠬᠠᠭᠠᠨ ᠤ ᠡᠷᠳᠡᠮ ᠢ ᠲᠤᠩᠭᠠᠯᠠᠭ ᠢᠷᠠᠭᠤ ᠰᠡᠷᠭᠦᠯᠡᠩ ᠣᠶᠤᠨ ᠳᠤ ᠪᠠᠨ ᠰᠢᠩᠭᠡᠭᠡᠨ ᠣᠷᠣᠰᠢᠭᠤᠯᠵᠤ ᠮᠡᠷᠭᠡᠵᠢᠭᠡᠳ᠂ ᠠᠷᠠᠳ ᠲᠦᠮᠡᠨ ᠦ ᠬᠡᠷᠡᠭ ᠢ ᠬᠥᠭᠵᠢᠭᠦᠯᠬᠦ ᠠᠰᠤᠷᠤ ᠶᠡᠬᠡ ᠵᠣᠷᠢᠯᠭ᠎ᠠ ᠶᠢ ᠭᠦᠢᠴᠡᠳᠭᠡᠬᠦᠢ ᠳᠦ ᠠᠮᠢ ᠪᠡᠶ᠎ᠡ ᠪᠡᠨ ᠪᠡᠯᠡᠳᠬᠡᠵᠦ᠂ ᠠᠭᠤᠤ ᠶᠡᠬᠡ ᠵᠣᠷᠢᠭ ᠢᠶᠠᠷ ᠵᠢᠳᠬᠦᠬᠦ ᠨᠢᠭᠡᠨ ᠲᠤᠯᠭᠤᠷ ᠬᠦᠴᠦᠨ ᠪᠣᠯᠵᠤ᠂ ᠡᠮᠡᠭᠲᠡᠶᠢᠴᠦᠳ ᠡᠷᠬᠡ ᠲᠡᠭᠰᠢ ᠲᠡᠢ ᠪᠣᠯᠤᠭᠰᠠᠨ ᠨᠡᠷ᠎ᠡ ᠰᠦᠷ ᠢᠶᠡᠨ ᠪᠤᠮ ᠲᠦᠮᠡᠨ ᠣᠨ ᠳᠤ ᠮᠠᠨᠳᠤᠭᠤᠯᠤᠨ ᠪᠠᠲᠤᠳᠬᠠᠬᠤ ᠶᠢ ᠡᠷᠡᠮᠡᠯᠵᠡᠪᠡᠰᠦ ᠵᠣᠬᠢᠮᠤᠢ᠃ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠰᠤᠷᠭᠠᠭᠤᠯᠢ ᠮᠠᠨᠳᠤᠬᠤ ᠪᠣᠯᠲᠤᠭᠠᠢ᠃ ᠳᠤᠩᠭᠠᠷᠵᠢᠳ ᠪᠢᠴᠢᠬᠠᠨ ᠰᠢᠯᠦᠭᠯᠢᠭ ᠠᠷᠪᠠᠨ ᠵᠦᠭ ᠢ ᠭᠡᠶᠢᠭᠦᠯᠦᠨ ᠢᠷᠡᠭᠴᠢ ᠠᠤᠭ᠎ᠠ ᠭᠡᠷᠡᠯᠲᠦ ᠨᠠᠷᠠᠨ ᠮᠡᠲᠦ ᠠᠷᠠᠳ ᠲᠦᠮᠡᠨ ᠢ ᠭᠡᠭᠡᠷᠡᠭᠦᠯᠦᠭᠴᠢ ᠠᠷᠠᠳ ᠤᠨ ᠨᠠᠮ ᠤᠨ ᠲᠥᠪ ᠰᠤᠷᠭᠠᠭᠤᠯᠢ ᠳᠤ ᠠᠶ᠎ᠠ᠂ ᠪᠢᠳᠡᠨ ᠦ ᠡᠮᠡᠭᠲᠡᠶᠢᠴᠦᠳ ᠠᠯᠭᠤᠷᠠᠯ ᠦᠭᠡᠢ ᠪᠣᠯᠪᠠᠰᠤᠷᠠᠵᠠᠭᠠᠶ᠎ᠠ᠃ ᠤᠷᠢᠳᠤ ᠶᠢᠨ ᠪᠦᠳᠦᠭᠦᠯᠢᠭ ᠪᠠᠶᠢᠳᠠᠯ ᠢ ᠤᠰᠠᠳᠬᠠᠨ ᠰᠥᠨᠥᠭᠡᠵᠦ ᠠᠷᠢᠯᠭᠠᠭᠠᠳ ᠤᠭ ᠰᠠᠬᠢᠯᠭ᠎ᠠ ᠪᠠᠲᠤ ᠶᠢᠨ ᠶᠣᠰᠣᠭᠠᠷ ᠤᠯᠤᠰ ᠤᠨ ᠰᠤᠶᠤᠯ ᠳᠤ ᠪᠣᠯᠪᠠᠰᠤᠷᠠᠵᠤ ᠤᠷᠤᠭᠰᠢ ᠳᠡᠪᠰᠢᠬᠦ ᠬᠡᠷᠡᠭ ᠢ ᠤᠯᠠᠮ ᠵᠣᠷᠢᠯᠭ᠎ᠠ ᠪᠣᠯᠭᠠᠶ᠎ᠠ᠃ ᠨᠠᠷᠠᠲᠤ ᠶᠢᠷᠲᠢᠨᠴᠦ ᠶᠢᠨ ᠳᠡᠭᠡᠷ᠎ᠡ ᠨᠡᠷᠡᠮᠵᠢᠲᠦ ᠶᠡᠬᠡ ᠪᠡᠷ ᠳᠠᠷᠤᠯᠠᠭᠳᠠᠭᠰᠠᠳ ᠢ ᠨᠠᠶᠢᠷᠠᠮᠳᠠᠭᠤᠯᠤᠨ ᠲᠦᠪᠰᠢᠳᠬᠡᠭᠴᠢ ᠨᠠᠮ ᠡᠪᠯᠡᠯ ᠦᠨ ᠬᠤᠪᠢᠰᠬᠠᠯ ᠨᠠᠪᠴᠢ ᠮᠡᠲᠦ ᠳᠡᠯᠭᠡᠷᠡᠨ ᠮᠠᠨᠳᠤᠵᠤ ᠨᠠᠷᠠᠨ ᠮᠡᠲᠦ ᠭᠡᠷᠡᠯᠲᠦᠨ ᠪᠠᠳᠠᠷᠠᠲᠤᠭᠠᠢ᠃ ᠳᠠᠩᠴᠤ ᠦᠯᠡᠮᠵᠢ ᠳᠠᠷᠤᠯᠠᠭᠳᠠᠭᠰᠠᠨ ᠪᠢᠳᠡ ᠳᠠᠪᠠᠰᠢ ᠦᠭᠡᠢ ᠳᠠᠪᠠᠭ᠎ᠠ ᠪᠠᠨ ᠳᠠᠯᠢᠵᠢᠷᠠᠯ ᠦᠭᠡᠢ ᠳᠠᠪᠠᠴᠠᠭᠠᠵᠤ ᠳᠠᠷᠬᠠᠨ ᠣᠷᠣᠨ ᠤ ᠰᠤᠷᠭᠠᠭᠤᠯᠢ ᠳᠤ ᠶᠠᠪᠤᠵᠤ ᠳᠠᠯᠠᠢ ᠮᠡᠲᠦ ᠡᠷᠳᠡᠮ ᠢ ᠳᠠᠮᠵᠢᠭ ᠦᠭᠡᠢ ᠰᠤᠷᠤᠯᠴᠠᠵᠠᠭᠠᠶ᠎ᠠ᠃ ᠰᠠᠳᠤᠷ ᠰᠠᠮᠠᠭᠤᠨ ᠶᠠᠪᠤᠬᠤ ᠰᠠᠨᠠᠯ ᠪᠣᠳᠣᠯ ᠢᠶᠠᠨ ᠤᠰᠠᠳᠬᠠᠵᠤ ᠰᠠᠷᠠᠭᠤᠯ ᠲᠥᠪᠰᠢᠨ ᠪᠡᠶ᠎ᠡ ᠪᠡᠨ ᠰᠠᠶᠢᠨ ᠵᠠᠮ ᠳᠤ ᠤᠳᠤᠷᠢᠳᠴᠤ ᠰᠠᠯᠤᠰᠢ ᠦᠭᠡᠢ ᠡᠷᠳᠡᠮ ᠳᠦ ᠰᠠᠨᠠᠭ᠎ᠠ ᠲᠠᠯᠪᠢᠨ ᠣᠷᠣᠯᠳᠣᠵᠠᠭᠠᠶ᠎ᠠ᠃ ᠮᠥᠯᠵᠢᠨ ᠢᠳᠡᠬᠦ ᠰᠤᠷᠲᠠᠯ ᠮᠥᠨᠥ ᠳᠠᠷᠤᠢ ᠵᠢᠭᠰᠢᠵᠦ ᠮᠥᠩᠬᠡ ᠶᠢᠨ ᠠᠮᠢᠳᠤᠷᠠᠬᠤ ᠠᠵᠢᠯ ᠢ ᠮᠥᠨ ᠡᠷᠳᠡᠮ ᠰᠤᠶᠤᠯ ᠤᠨ ᠵᠦᠢᠯ ᠳᠦ ᠢᠲᠡᠭᠡᠶ᠎ᠡ᠃ ᠬᠡᠪ ᠦᠨ ᠲᠥᠪ ᠢ ᠰᠠᠬᠢᠵᠤ ᠬᠢᠬᠦ ᠪᠦᠲᠦᠭᠡᠬᠦ ᠠᠵᠢᠯ ᠳᠤ ᠪᠠᠨ ᠬᠡᠨ ᠬᠡᠨ ᠦᠭᠡᠢ ᠬᠢᠴᠢᠶᠡᠵᠡᠭᠡᠶ᠎ᠡ᠃ ᠳᠤᠩᠭᠠᠷᠵᠢᠳ ᠭᠡᠵᠡᠢ᠃ ᠨᠡᠶᠢᠲᠡᠯᠡᠯ ᠦᠨ ᠲᠡᠭᠦᠰᠬᠡᠯ ᠳᠦ ᠪᠠᠰᠠ ᠨᠢᠭᠡᠨ ᠬᠠᠷᠠᠮᠰᠠᠯᠲᠠᠢ ᠬᠡᠷᠡᠭ ᠢ ᠤᠩᠰᠢᠭᠴᠢ ᠲᠠᠨ᠎ᠠ ᠢᠯᠡᠳᠬᠡᠬᠦ ᠡᠴᠡ ᠠᠷᠭ᠎ᠠ ᠦᠭᠡᠢ ᠳᠦ ᠪᠡᠨ ᠬᠦᠯᠢᠴᠡᠯ ᠥᠴᠢᠶ᠎ᠡ᠃ ᠰᠡᠳᠬᠦᠯᠴᠢ ᠴ ᠊ ᠨᠠᠮᠰᠠᠷᠠᠢ ᠶᠢᠨ ᠰᠤᠷᠪᠤᠯᠵᠢᠯᠠᠭᠰᠠᠨ ᠢᠶᠠᠷ ᠳᠤᠩᠭᠠᠷᠵᠢᠳ ᠢ ᠴᠠᠭᠠᠵᠠ ᠪᠠᠷ ᠠᠪᠬᠠᠭᠤᠯᠤᠭᠰᠠᠨ ᠠᠴᠠ ᠬᠣᠶᠢᠰᠢ ᠥᠨᠳᠥᠷ ᠨᠠᠰᠤᠲᠠᠢ ᠡᠴᠢᠭᠡ ᠳᠤᠤᠭᠠᠷ᠂ ᠡᠬᠡ ᠰᠡᠮᠡᠵᠡᠢ ᠨᠠᠷ ᠨᠢ ᠤᠳᠠᠯ ᠦᠭᠡᠢ ᠥᠩᠭᠡᠷᠡᠭᠰᠡᠨ ᠪᠣᠯ ᠥᠨᠥᠬᠢ ᠲᠠᠪᠤᠨ ᠨᠠᠰᠤᠲᠠᠢ ᠦᠯᠡᠳᠡᠭᠰᠡᠨ ᠭᠠᠭᠴᠠ ᠬᠦᠥ ᠰᠤᠰᠤᠷᠪᠠᠷᠠᠮ ᠨᠢ 1940-1942 ᠣᠨ ᠳᠤ ᠬᠤᠳᠠᠯᠳᠤᠭᠠᠨ ᠤ ᠲᠧᠭᠨᠢᠭᠺᠦ᠋ᠮ ᠤᠨ ᠰᠤᠷᠤᠭᠴᠢ ᠪᠠᠶᠢᠬᠤ ᠳᠤ ᠪᠠᠨ ᠬᠣᠭᠣᠯᠠ ᠬᠦᠨᠡᠰᠦᠨ ᠦ ᠭᠠᠴᠢᠶᠠᠯ ᠳᠤ ᠣᠷᠣᠨ᠂ ᠶᠠᠳᠠᠷᠠᠭ᠎ᠠ ᠲᠤᠷᠠᠭᠠᠯ ᠳ᠋ᠤ ᠣᠷᠣᠭᠰᠠᠨ ᠠᠵᠡᠢ᠃ ᠡᠰᠡᠷᠭᠦᠨ ᠦ ᠬᠡᠦᠬᠡᠳ ᠬᠡᠮᠡᠨ ᠨᠢᠳᠦ ᠦᠵᠦᠭᠦᠷᠯᠡᠭᠳᠡᠳᠡᠭ ᠪᠠᠶᠢᠭᠰᠠᠨ ᠨᠢ ᠲᠣᠳᠣᠷᠬᠠᠢ᠃ ᠢᠩᠭᠢᠵᠦ ᠶᠠᠳᠠᠷᠠᠵᠤ ᠶᠠᠪᠤᠭᠰᠠᠭᠠᠷ ᠰᠦᠷᠢᠶ᠎ᠡ ᠡᠪᠡᠳᠴᠢᠨ ᠳᠦ ᠪᠠᠷᠢᠭᠳᠠᠨ ᠨᠠᠰᠤ ᠪᠠᠷᠠᠭᠰᠠᠨ ᠠᠵᠢ᠃ ᠰᠣᠶᠣᠨ ᠭᠡᠭᠡᠷᠡᠭᠦᠯᠦᠭᠴᠢ ᠳᠤᠩᠭᠠᠷᠵᠢᠳ ᠤᠨ ᠦᠷ᠎ᠡ ᠤᠳᠤᠮ ᠡᠶᠢᠨᠬᠦᠦ ᠥᠨᠥ ᠦᠯᠡᠳᠡᠭᠰᠡᠨ ᠦᠭᠡᠢ᠃ ᠬᠣᠷᠢ ᠭᠤᠴᠢᠭᠠᠳ ᠣᠨ ᠳᠤ ᠬᠡᠯᠮᠡᠭᠳᠡᠵᠦ ᠵᠣᠪᠠᠭᠰᠠᠨ ᠡᠪᠦᠭᠡ ᠳᠡᠭᠡᠳᠦᠰ ᠦᠨ ᠢᠶᠡᠨ ᠬᠥᠰᠢᠶ᠎ᠡ ᠳᠤᠷᠠᠰᠬᠠᠯ ᠢ ᠪᠣᠰᠬᠠᠵᠤ᠂ ᠪᠦᠲᠦᠭᠡᠯ ᠵᠣᠬᠢᠶᠠᠯ ᠢ ᠨᠢ ᠬᠡᠪᠯᠡᠬᠦ ᠠᠵᠢᠯ ᠢ ᠦᠷ᠎ᠡ ᠰᠠᠳᠤ ᠨᠢ ᠬᠢᠭᠰᠡᠭᠡᠷ ᠪᠠᠶᠢᠭ᠎ᠠ᠂ ᠬᠠᠷᠢᠨ ᠦᠯᠡᠳᠡᠵᠦ ᠬᠣᠴᠣᠷᠬᠤ ᠦᠷ᠎ᠡ ᠦᠭᠡᠢ᠂ ᠦᠷ᠎ᠡ ᠦᠭᠡᠢ ᠴᠤ ᠭᠡᠵᠦ ᠳ᠋ᠡ ᠦᠷ᠎ᠡ ᠶᠢᠨ ᠬᠢ ᠨᠢ ᠬᠠᠮᠲᠤ ᠪᠠᠷ ᠠᠷᠠᠳ ᠤᠨ ᠰᠠᠶᠢᠳ ᠨᠠᠷ ᠤᠨ ᠵᠥᠪᠯᠡᠯ ᠦᠨ ᠲᠣᠭᠲᠠᠭᠠᠯ ᠢᠶᠠᠷ ᠫᠤᠤᠳᠠᠨ ᠠᠯᠠᠭᠰᠠᠨ ᠳᠤᠩᠭᠠᠷᠵᠢᠳ ᠪᠦᠰᠡᠭᠦᠢ ᠥᠨᠥ ᠬᠢᠷᠢ 《ᠬᠡᠯᠮᠡᠭᠳᠡᠭᠰᠡᠭᠡᠷ ᠶᠠᠪᠤᠭ᠎ᠠ》 ᠶᠤᠮ ᠪᠢᠰᠢ ᠪᠢᠵᠡ︖ ᠲᠦᠮᠡᠲᠦ ᠰᠢᠨ᠎ᠡ ᠬᠥᠷᠪᠡᠭᠦᠯᠪᠡ

1        0       

               363       2023-11-23 11:03
       1942       2023-09-07 08:40
            2169       2023-07-05 21:05
ᠲᠦᠮᠡᠨᠪᠠᠶᠠᠷ ᠤᠨ ᠪᠤᠮᠠᠨ᠊ᠡᠷᠳᠡᠨᠢ : ᠬᠡᠷᠢᠶᠡᠨ ᠦ ᠨᠢᠳᠦᠨ ᠳᠦ ᠬᠡᠨ ᠨᠢᠭᠡᠨ ᠪᠤᠢ (ᠥᠭᠦᠯᠡᠯᠭᠡ)  4923       2018-10-24 09:37
ᠠᠳᠤᠭᠤᠨ ᠤ ᠬᠣᠮᠤᠯ ᠢᠶᠠᠷ ᠨᠢᠷᠤᠭᠤᠨ ᠤ ᠡᠪᠡᠳᠴᠢᠨ ᠪᠦᠷᠢᠨ ᠡᠳᠡᠭᠡᠷᠡᠭᠰᠡᠨ ᠲᠡᠦᠬᠡ  5332       2018-10-23 21:00
ᠲ ∙ ᠮᠠᠨᠳᠢᠷ᠎ᠠ ᠶᠢᠨ ︽ ᠬᠣᠷᠢᠨ ᠨᠢᠭᠡᠨ ᠬᠥᠷᠦᠭ ︾ ︵ ᠵᠢᠷᠤᠭᠯᠠᠯ ᠥᠭᠦᠯᠡᠯᠭᠡ ︶  4999       2018-10-23 10:30
                             13847524386      211429899@qq.com      13847524386   QQ  211429899 蒙ICP备17002503号-1