ᠶᠠᠫᠣᠨ ᠤ ᠪᠠᠲ᠋ᠠᠯᠢᠶᠦᠨ ᠴᠡᠷᠢᠭ ᠢ ᠭᠠᠭᠴᠠᠭᠠᠷ ᠢᠶᠡᠨ ᠣᠯᠵᠠᠯᠠᠭᠰᠠᠨ ᠵᠣᠷᠢᠭᠲᠤ ᠲᠠᠩᠨᠠᠭᠤᠯᠴᠢ ᠨ ᠊ ᠺᠠᠮᠫᠠᠨ
ᠶᠠᠫᠣᠨ ᠤ ᠪᠠᠲ᠋ᠠᠯᠢᠶᠦᠨ ᠴᠡᠷᠢᠭ ᠢ ᠭᠠᠭᠴᠠᠭᠠᠷ ᠢᠶᠡᠨ ᠣᠯᠵᠠᠯᠠᠭᠰᠠᠨ ᠵᠣᠷᠢᠭᠲᠤ ᠲᠠᠩᠨᠠᠭᠤᠯᠴᠢ ᠨ ᠊ ᠺᠠᠮᠫᠠᠨ
9095
2018-11-07 10:20
发表于:内蒙古
ᠶᠠᠫᠣᠨ ᠤ ᠪᠠᠲ᠋ᠠᠯᠢᠶᠦᠨ ᠴᠡᠷᠢᠭ ᠢ ᠭᠠᠭᠴᠠᠭᠠᠷ ᠢᠶᠡᠨ ᠣᠯᠵᠠᠯᠠᠭᠰᠠᠨ ᠵᠣᠷᠢᠭᠲᠤ ᠲᠠᠩᠨᠠᠭᠤᠯᠴᠢ ᠨ ᠊ ᠺᠠᠮᠫᠠᠨ
ᠲᠡᠷᠡ ᠮᠥᠯᠬᠦᠭᠰᠡᠭᠡᠷ ᠨᠢᠭᠤᠪᠴᠢᠨ ᠤ ᠢᠷᠮᠡᠭ ᠲᠦ ᠲᠤᠯᠵᠤ ᠢᠷᠡᠪᠡ᠃ ᠶᠠᠫᠣᠨ ᠴᠡᠷᠢᠭ ᠦᠳ ᠪᠡᠶ᠎ᠡ ᠪᠡᠶ᠎ᠡ ᠪᠡᠨ ᠳᠡᠷᠡᠯᠡᠨ ᠨᠠᠮ ᠤᠨᠲᠠᠵᠠᠢ᠃ ᠬᠠᠷᠠᠭᠤᠯ ᠮᠠᠨᠠᠭ᠎ᠠ ᠦᠯᠦ ᠬᠠᠷᠠᠭᠳᠠᠨ᠎ᠠ᠃
ᠪᠢ ᠴᠡᠷᠢᠭ ᠲᠦ ᠠᠷᠪᠠᠨ ᠲᠠᠪᠤᠨ ᠵᠢᠯ ᠠᠯᠪᠠ ᠬᠠᠭᠠᠭᠰᠠᠨ ᠬᠦᠮᠦᠨ᠃ ᠠᠷᠮᠢ ᠨᠠᠳᠠ ᠳᠤ ᠠᠮᠢᠳᠤᠷᠠᠯ ᠤᠨ ᠶᠡᠬᠡ ᠰᠤᠷᠭᠠᠭᠤᠯᠢ ᠪᠣᠯᠵᠠᠢ᠃ ᠡᠨᠡ ᠰᠤᠷᠭᠠᠭᠤᠯᠢ ᠵᠣᠷᠢᠭ ᠲᠡᠪᠴᠢᠶᠡᠷᠢ᠂ ᠰᠠᠨᠠᠭᠰᠠᠨ ᠳᠤ ᠪᠠᠨ ᠬᠦᠷᠬᠦ ᠡᠷᠮᠡᠯᠵᠡᠯᠡᠯ ᠢᠶᠡᠷ ᠬᠡᠮᠵᠢᠭᠳᠡᠨ᠎ᠡ᠃ ᠴᠤᠬᠤᠮ ᠡᠶᠢᠮᠦ ᠴᠢᠨᠠᠷ ᠢ ᠠᠷᠮᠢ ᠯᠠ ᠨᠠᠳᠠ ᠳᠤ ᠥᠭᠭᠦᠭᠰᠡᠨ᠃ ᠪᠠᠰᠠ ᠪᠡᠷᠬᠡᠰᠢᠶᠡᠯ ᠢ ᠳᠠᠪᠠᠨ ᠲᠤᠭᠤᠯᠬᠤ ᠬᠦᠴᠦ᠂ ᠬᠥᠳᠡᠯᠮᠦᠷᠢ ᠪᠡᠨ ᠬᠣᠶᠠᠷ ᠦᠭᠡᠢ ᠰᠡᠳᠬᠢᠯ ᠢᠶᠡᠷ ᠤᠯᠤᠰ ᠡᠬᠡ ᠣᠷᠣᠨ ᠳᠤ ᠪᠠᠨ ᠵᠣᠷᠢᠭᠤᠯᠬᠤ ᠬᠦᠰᠡᠯ ᠰᠡᠳᠬᠢᠯ ᠢ ᠠᠷᠮᠢ ᠠᠴᠠ ᠪᠠᠨ ᠣᠯᠵᠤ ᠠᠪᠤᠭᠰᠠᠨ᠃ ᠠᠮᠢᠳᠤᠷᠠᠯ ᠤᠨ ᠶᠡᠬᠡ ᠰᠤᠷᠭᠠᠭᠤᠯᠢ ᠠᠷᠮᠢ ᠠᠴᠠ ᠪᠠᠨ ᠪᠢ ᠠᠷᠤ ᠭᠡᠷ ᠦᠨ ᠭᠠᠴᠢᠭᠳᠠᠯ ᠢᠶᠠᠷ ᠠᠬᠠᠮᠠᠳ ᠴᠣᠯᠠ ᠲᠠᠢ ᠬᠠᠯᠠᠭᠳᠠᠬᠤ ᠳᠤ ᠪᠠᠨ ᠬᠠᠷᠠᠮᠰᠠᠬᠤ ᠰᠡᠳᠬᠢᠯ ᠲᠦᠷᠦᠭᠰᠡᠨ ᠴᠤ 《ᠨᠠᠶᠢᠷᠠᠮᠳᠠᠯ ᠤᠨ ᠵᠠᠮ》 ᠳᠠᠭᠠᠬᠤ ᠪᠣᠯᠤᠭᠰᠠᠨ ᠳᠤ ᠪᠠᠨ ᠰᠡᠳᠬᠢᠯ ᠠᠭᠤᠵᠢᠷᠠᠨ ᠪᠠᠶᠠᠷᠯᠠᠭᠰᠠᠨ ᠪᠢᠯᠡ᠃ ᠡᠨᠡ ᠵᠠᠮ ᠡᠬᠡ ᠣᠷᠣᠨ ᠳᠤ ᠮᠢᠨᠢ ᠬᠥᠭᠵᠢᠯ ᠴᠡᠴᠡᠭᠯᠡᠯᠲᠡ ᠠᠪᠴᠢᠷᠠᠭᠰᠠᠨ ᠲᠡᠳᠦᠢ ᠦᠭᠡᠢ᠂ ᠵᠢᠷ ᠦᠨ ᠮᠠᠯᠴᠢᠨ ᠤ ᠬᠦᠦ ᠨᠠᠳᠠ ᠳᠤ᠂ ᠮᠢᠨᠦ ᠦᠷ᠎ᠡ ᠬᠡᠦᠬᠡᠳ ᠦᠳ ᠲᠦ ᠠᠵᠠ ᠵᠢᠷᠭᠠᠯ᠂ ᠠᠮᠢᠳᠤᠷᠠᠯ ᠤᠨ ᠰᠠᠶᠢᠨ ᠰᠠᠶᠢᠬᠠᠨ ᠢ ᠬᠠᠶᠢᠷᠠᠯᠠᠭᠰᠠᠨ ᠭᠡᠵᠦ ᠬᠣᠶᠠᠷ ᠳᠠᠶᠢᠨ ᠳᠤ ᠣᠷᠣᠯᠴᠠᠭᠰᠠᠨ ᠠᠬᠠᠮᠠᠳ ᠳᠠᠶᠢᠴᠢᠨ ᠨ ∙ ᠺᠠᠮᠫᠠᠨ ᠭᠤᠸᠠᠢ ᠮᠢᠩᠭ᠎ᠠ ᠶᠢᠰᠦᠨ ᠵᠠᠭᠤ ᠨᠠᠶᠠᠭᠠᠳ ᠣᠨ ᠳᠤ ᠪᠢᠴᠢᠭᠰᠡᠨ ᠳᠤᠷᠠᠰᠤᠮᠵᠢ ᠳᠤ ᠪᠠᠨ ᠲᠡᠮᠳᠡᠭᠯᠡᠨ ᠦᠯᠡᠳᠡᠭᠡᠵᠡᠢ᠃
ᠨᠢᠭᠡ᠂ ᠲᠡᠷᠡ ᠰᠥᠨᠢ ᠲᠠᠰᠤ ᠬᠠᠷᠠᠩᠭᠤᠢ᠂ ᠪᠠᠰᠠ ᠪᠣᠷᠣᠭ᠎ᠠ ᠣᠷᠣᠭᠰᠠᠭᠠᠷ ᠪᠠᠶᠢᠯ᠎ᠠ᠃ ᠴᠡᠷᠢᠭ ᠦᠨ ᠠᠭᠲᠠ ᠤᠷᠤᠭᠤᠳᠠᠬᠤ ᠶᠠᠩᠵᠤ ᠲᠠᠢ ᠰᠠᠯᠬᠢᠨ ᠤ ᠠᠶᠠᠰ ᠢᠶᠠᠷ ᠬᠣᠰᠢᠭᠤᠷᠠᠨ᠎ᠠ᠃ ᠮᠠᠶᠢᠬᠠᠨ ᠴᠤᠪᠠ ᠨᠡᠯᠮᠡᠶᠢᠲᠡᠯᠡ ᠨᠥᠮᠥᠷᠦᠭᠰᠡᠨ ᠺᠠᠮᠫᠠᠨ ᠳᠠᠭᠤ ᠪᠠᠨ ᠬᠣᠭᠣᠯᠠᠢ ᠶᠢᠨ ᠬᠢᠷᠢ ᠪᠡᠷ ᠥᠨᠳᠥᠷᠯᠡᠨ ᠴᠢᠮᠡᠭᠡ ᠥᠭᠭᠦᠨ᠎ᠡ᠃ ᠲᠡᠭᠡᠲᠡᠯ᠎ᠡ ᠨᠣᠶᠢᠲᠠᠨ ᠭᠠᠵᠠᠷ ᠪᠥᠮᠪᠥᠷᠢᠳᠦᠨ ᠨᠢᠭᠡᠨ ᠮᠣᠷᠢᠲᠠᠨ ᠳᠠᠪᠬᠢᠨ ᠢᠷᠡᠵᠦ᠂
-ᠠᠭᠲᠠ ᠪᠠᠨ ᠠᠪᠤᠭᠠᠳ ᠢᠷ᠎ᠡ ᠭᠡᠵᠦ ᠵᠠᠬᠢᠷᠤᠯ ᠲᠤᠰᠢᠶᠠᠵᠤ ᠪᠠᠶᠢᠨ᠎ᠠ ᠭᠡᠪᠡ᠃ ᠺᠠᠮᠫᠠᠨ ᠢᠷᠡᠭᠰᠡᠨ ᠪᠠᠶᠢᠯᠳᠤᠭᠴᠢ ᠲᠠᠢ ᠬᠠᠮᠵᠢᠨ ᠠᠭᠲᠠ ᠪᠠᠨ ᠬᠥᠭᠡᠭᠡᠵᠦ ᠢᠷᠡᠭᠰᠡᠨ ᠳᠦ ᠨᠥᠬᠥᠳ ᠨᠢ ᠲᠡᠷᠡ ᠳᠠᠷᠤᠢ ᠠᠶᠠᠨ ᠤ ᠵᠠᠮ ᠳᠤ ᠭᠠᠷᠬᠤ ᠳᠤ ᠪᠡᠯᠡᠨ ᠪᠣᠯᠵᠠᠢ᠃ ᠦᠷ ᠲᠡᠮᠳᠡᠭᠷᠡᠵᠤ ᠪᠠᠷ᠎ᠠ ᠬᠠᠷᠠᠭᠳᠠᠬᠤ ᠲᠠᠢ ᠪᠣᠯᠪᠠ᠃ ᠺᠠᠮᠫᠠᠨ ᠵᠢᠭᠰᠠᠭᠠᠯ ᠤᠨ ᠠᠳᠠᠭ ᠲᠤ ᠥᠪᠡᠷ ᠦᠨ 《ᠪᠠᠶᠢᠷᠢᠨ ᠳᠤ》 ᠵᠣᠭᠰᠣᠵᠤ ᠪᠠᠶᠢᠯ᠎ᠠ᠃ ᠪᠠᠭ᠎ᠠ ᠳᠠᠷᠤᠭ᠎ᠠ ᠶᠢᠨ ᠰᠤᠷᠭᠠᠭᠤᠯᠢ ᠶᠢᠨ ᠵᠠᠬᠢᠷᠤᠯ ᠲᠡᠭᠦᠨ ᠢ ᠳᠠᠭᠤᠳᠠᠵᠤ᠄
-ᠲᠠ ᠪᠠᠶᠢᠷᠢᠨ ᠳᠤ ᠪᠠᠨ ᠦᠯᠡᠳᠡᠨ᠎ᠡ᠃ ᠪᠦᠬᠦ ᠵᠦᠢᠯ ᠢ ᠵᠢᠷᠤᠮᠯᠠᠨ ᠴᠡᠭᠴᠡᠯᠡ᠃ ᠨᠢᠭᠤᠴᠠ ᠶᠢᠨ ᠲᠦᠯᠬᠢᠭᠦᠷ ᠢ ᠱᠲ᠋ᠠᠪ ᠲᠤ ᠥᠭ ᠭᠡᠪᠡ᠃
ᠲᠡᠳᠦᠢ ᠤᠳᠠᠯ ᠦᠭᠡᠢ ᠺᠠᠮᠫᠠᠨ ᠲᠤᠰᠢᠶᠠᠯ ᠢ ᠶᠣᠰᠣᠴᠢᠯᠠᠨ ᠪᠡᠶᠡᠯᠡᠭᠦᠯᠦᠭᠡᠳ ᠬᠡᠨᠲᠡᠢ ᠡᠴᠡ ᠢᠷᠡᠭᠰᠡᠨ ᠬᠣᠶᠠᠷ ᠮᠠᠰᠢᠨ ᠴᠡᠷᠢᠭ ᠦᠨ 《ᠳᠠᠷᠤᠭ᠎ᠠ》 ᠪᠣᠯᠴᠢᠬᠠᠭᠰᠠᠨ ᠬᠠᠯᠬ᠎ᠠ ᠶᠢᠨ ᠭᠣᠣᠯ ᠢ ᠴᠢᠭᠯᠡᠨ ᠳᠠᠪᠬᠢᠵᠤ ᠶᠠᠪᠤᠵᠠᠢ᠃
ᠬᠣᠶᠠᠷ᠂ ᠲᠠᠩᠨᠠᠭᠤᠯᠴᠢ ᠳᠤ ᠭᠣᠣᠯ ᠤᠨ ᠪᠤᠷᠭᠠᠰᠤ ᠳᠠᠭᠠᠭᠰᠠᠭᠠᠷ ᠪᠠᠭᠠᠬᠠᠨ ᠲᠣᠯᠣᠭᠠᠳ ᠤᠷᠤᠭᠤ ᠳᠥᠬᠥᠵᠦ ᠢᠷᠡᠪᠡ᠃ ᠪᠠᠶᠢᠯᠳᠤᠭᠴᠢ ᠺᠠᠮᠫᠠᠨ ᠡᠮᠡᠭᠡᠯ ᠳᠡᠭᠡᠷ᠎ᠡ ᠪᠡᠨ ᠬᠡᠪᠲᠡᠬᠦ ᠰᠢᠬᠠᠮ ᠪᠦᠬᠦᠶᠢᠵᠦ᠂ ᠬᠠᠪᠢ ᠣᠷᠴᠢᠨ ᠢ ᠬᠡᠷᠢ ᠳᠦ ᠪᠡᠨ ᠭᠢᠷᠠᠬᠠᠢ ᠠᠵᠢᠭᠯᠠᠨ᠎ᠠ᠃ ᠲᠡᠭᠦᠨ ᠢ ᠬᠡᠨᠲᠡᠢ ᠶᠢᠨ ᠴᠡᠷᠢᠭ ᠦᠳ ᠲᠡᠢ ᠢᠷᠡᠭᠰᠡᠨ ᠡᠳᠦᠷ ᠨᠢ ᠳ᠋ᠢᠸᠢᠽᠢ ᠶᠢᠨ ᠲᠠᠩᠨᠠᠭᠤᠯ ᠤᠨ ᠪᠦᠯᠦᠭ ᠦᠨ ᠳᠠᠷᠤᠭ᠎ᠠ ᠳᠠᠰᠢᠳᠣᠷᠵᠢ ᠶᠢᠨ ᠮᠡᠳᠡᠯ ᠳᠦ ᠥᠭᠭᠦᠭᠰᠡᠨ ᠤᠴᠢᠷ ᠠᠩᠬᠠᠨ ᠤ ᠬᠢ ᠪᠠᠨ ᠪᠠᠶᠢᠯᠳᠤᠭᠠᠨ ᠤ ᠡᠭᠦᠷᠭᠡ ᠶᠢ ᠭᠦᠢᠴᠡᠳᠭᠡᠬᠦ ᠪᠡᠷ ᠶᠠᠪᠤᠭ᠎ᠠ ᠨᠢ ᠲᠡᠷᠡ ᠠᠵᠤᠭᠤ᠃ ᠠᠬᠠᠮᠠᠳ ᠴᠤᠪᠤᠷᠠᠵᠤ ᠶᠠᠪᠤᠭᠰᠠᠨ ᠨᠥᠬᠥᠳ ᠢᠶᠡᠨ ᠭᠦᠢᠴᠡᠵᠦ ᠢᠷᠡᠭᠡᠳ᠂
-ᠡᠨᠳᠡ ᠡᠴᠡ ᠭᠤᠷᠪᠠ ᠰᠠᠯᠵᠤ ᠶᠠᠪᠤᠨ᠎ᠠ᠃ ᠪᠣᠯᠭᠣᠮᠵᠢᠯᠠ᠂ ᠭᠣᠣᠯ ᠨᠢ ᠳᠠᠶᠢᠰᠤᠨ ᠤ ᠪᠠᠶᠢᠷᠢᠯᠠᠯ ᠢ ᠮᠡᠳᠡ ᠭᠡᠵᠦ ᠬᠡᠯᠡᠯ᠎ᠡ᠃ ᠺᠠᠮᠫᠠᠨ ᠪᠠᠶᠢᠯᠳᠤᠭᠴᠢ ᠠᠪᠤᠷᠢᠮᠡᠳ ᠲᠡᠢ ᠲᠣᠯᠣᠭᠠᠳ ᠤᠨ ᠪᠠᠷᠠᠭᠤᠨ ᠢᠶᠠᠷ ᠲᠣᠭᠣᠷᠢᠯᠠ᠃ ᠠᠪᠤᠷᠢᠮᠡᠳ ᠺᠠᠮᠫᠠᠨ ᠠᠴᠠ ᠠᠬ᠎ᠠ ᠲᠡᠳᠦᠢ ᠦᠭᠡᠢ ᠨᠡᠯᠢᠶᠡᠳ ᠭᠦᠵᠢᠷᠮᠡᠭ ᠡᠷ᠎ᠡ᠃ ᠪᠣᠷᠣᠭ᠎ᠠ ᠣᠷᠣᠭᠰᠠᠭᠠᠷ ᠪᠠᠶᠢᠯ᠎ᠠ᠃ ᠠᠩᠬ᠎ᠠ ᠤᠳᠠᠭ᠎ᠠ ᠪᠠᠶᠢᠯᠳᠤᠭᠠᠨ ᠤ ᠡᠭᠦᠷᠭᠡ ᠭᠦᠢᠴᠡᠳᠭᠡᠵᠦ ᠶᠠᠪᠤᠭ᠎ᠠ ᠪᠣᠯᠬᠣᠷ ᠠᠶᠤᠮᠠᠷ ᠴᠤ ᠶᠤᠮ ᠰᠢᠭ᠃ ᠭᠡᠨᠡᠳᠲᠡ ᠲᠡᠮᠡᠭᠡ ᠣᠷᠢᠯᠠᠪᠠ᠃
-ᠳᠠᠶᠢᠰᠤᠨ ᠤ ᠬᠣᠷᠢᠭᠯᠠᠯᠲᠠ ᠤᠷᠤᠭᠤ ᠣᠷᠣᠭᠠᠳ ᠢᠷᠡᠬᠦ ᠰᠢᠭ ᠪᠣᠯᠤᠯ᠎ᠠ᠃ ᠶᠠᠪᠠᠭᠠᠯᠠᠬᠤ ᠤᠤ︖
-ᠲᠡᠭᠡᠶ᠎ᠡ᠂ ᠮᠣᠷᠢᠳ ᠢᠶᠠᠨ ᠡᠨᠳᠡ ᠲᠤᠱᠠᠴᠢᠬᠠᠶᠠ᠃ ᠲᠡᠷᠡ ᠬᠣᠶᠠᠷ ᠳᠠᠶᠢᠰᠤᠨ ᠤ ᠶᠠᠭ ᠳᠡᠭᠡᠷ᠎ᠡ ᠡᠴᠡ ᠨᠢ ᠣᠷᠣᠴᠢᠬᠠᠵᠠᠢ᠃ ᠦᠯᠦ ᠮᠡᠳᠡᠬᠦ ᠬᠠᠷᠢ ᠬᠡᠯᠡ ᠪᠡᠷ ᠶᠠᠷᠢᠯᠴᠠᠵᠤ᠂ ᠰᠡᠭᠦᠲᠡᠭᠡᠨᠡᠨ ᠶᠠᠪᠤᠬᠤ ᠨᠢ ᠬᠠᠷᠠᠭᠳᠠᠨ᠎ᠠ᠃ ᠠᠪᠤᠷᠢᠮᠡᠳ ᠺᠠᠮᠫᠠᠨ ᠬᠣᠶᠠᠷ ᠠᠷᠤ ᠪᠠᠷ ᠨᠢ ᠲᠣᠭᠣᠷᠢᠬᠤ ᠪᠠᠷ ᠪᠤᠴᠠᠨ ᠮᠦᠯᠬᠦᠪᠡ᠃ ᠨᠡᠯᠢᠶᠡᠳ ᠮᠥᠯᠬᠦᠲᠡᠯᠡ ᠪᠤᠷᠭᠠᠰᠤᠨ ᠤ ᠢᠷᠤᠭᠠᠷ ᠲᠤ ᠪᠥᠭᠡᠮ ᠶᠠᠭᠤᠮ᠎ᠠ ᠬᠠᠷᠠᠯᠠᠨ᠎ᠠ᠃ ᠪᠠᠷᠤᠭ ᠡᠭᠦᠳᠡᠨ ᠬᠣᠶᠢᠮᠣᠷ ᠤᠨ ᠴᠢᠨᠡᠭᠡ ᠣᠶᠢᠷᠠᠳᠤᠯ᠎ᠠ᠃ ᠪᠤᠷᠭᠠᠰᠤᠨ ᠤ ᠬᠠᠵᠠᠭᠤ ᠳᠤ ᠬᠣᠶᠠᠷ ᠬᠦᠮᠦᠨ ᠤᠨᠲᠠᠵᠤ ᠪᠠᠶᠢᠬᠤ ᠰᠢᠭ᠃
-ᠨᠢᠭᠡ ᠨᠢᠭᠡ ᠪᠡᠷ ᠨᠢ ᠳᠠᠷᠤᠭᠠᠳ ᠠᠪᠣᠶ᠎ᠠ᠃
-ᠲᠡᠭᠡᠶ᠎ᠡ᠃ ᠬᠣᠶᠠᠭᠤᠯᠠ ᠤᠬᠤᠰᠬᠢᠪᠠ᠃《ᠨᠣᠶᠢᠷ ᠠᠴᠠ ᠮᠣᠷᠢ ᠪᠠᠨ》 ᠥᠭᠭᠦᠭᠰᠡᠨ ᠬᠣᠶᠠᠷ ᠰᠠᠮᠤᠷᠠᠢ ᠰᠡᠬᠡᠭᠡ ᠠᠪᠤᠭᠰᠠᠨ ᠪᠣᠯᠪᠠᠴᠤ ᠨᠢᠭᠡᠨᠲᠡ ᠬᠣᠵᠢᠮᠳᠠᠵᠠᠢ᠃
ᠭᠤᠷᠪᠠ᠂ ᠲᠠᠩᠨᠠᠭᠤᠯᠴᠢᠳ ᠶᠠᠪᠤᠭᠰᠠᠭᠠᠷ ᠳᠠᠶᠢᠰᠤᠨ ᠤ ᠠᠷᠤ ᠲᠠᠯ᠎ᠠ ᠳᠤ ᠭᠠᠷᠴᠠᠢ᠃ ᠳᠠᠶᠢᠰᠤᠨ ᠤ ᠠᠭᠲᠠ ᠣᠶᠢᠷᠠᠬᠠᠨ ᠪᠡᠯᠴᠢᠭᠡᠷᠯᠡᠨ᠎ᠡ᠃ ᠳᠠᠷᠤᠭ᠎ᠠ ᠨᠢ ᠺᠠᠮᠫᠠᠨ ᠳᠤ᠄ ᠳᠠᠶᠢᠰᠤᠨ ᠤ ᠬᠣᠷᠢᠭᠯᠠᠯᠲᠠ᠂ ᠬᠦᠮᠦᠨ ᠬᠦᠴᠦ ᠶᠢ ᠮᠡᠳᠡᠭᠡᠳ ᠢᠷ᠎ᠡ ᠭᠡᠪᠡ᠃ ᠨᠦᠬᠡ ᠰᠢᠭ ᠬᠠᠷᠠᠩᠭᠤᠢ ᠰᠥᠨᠢ ᠡᠶᠢᠮᠦ ᠡᠭᠦᠷᠭᠡ ᠪᠡᠶᠡᠯᠡᠭᠦᠯᠦᠨ᠎ᠡ ᠭᠡᠳᠡᠭ ᠠᠮᠠᠷ ᠦᠭᠡᠢ᠃ ᠺᠠᠮᠫᠠᠨ ᠲᠠᠪᠤᠨ ᠵᠠᠭᠤᠭᠠᠳ ᠮᠧᠲ᠋ᠷ ᠭᠠᠵᠠᠷ ᠶᠠᠪᠤᠭᠠᠳ ᠶᠠᠪᠠᠭᠠᠯᠠᠪᠠ᠃ ᠣᠶᠢᠷᠠᠬᠠᠨ ᠪᠦᠳᠡᠭᠢᠬᠡᠨ ᠭᠡᠷᠡᠯ ᠰᠦᠮᠡᠯᠵᠡᠨ᠎ᠡ᠃ ᠲᠡᠷᠡ ᠮᠥᠯᠬᠦᠭᠰᠡᠭᠡᠷ ᠨᠢᠭᠤᠪᠴᠢᠨ ᠤ ᠢᠷᠮᠡᠭ ᠲᠦ ᠲᠤᠯᠵᠤ ᠢᠷᠡᠪᠡ᠃ ᠶᠠᠫᠣᠨ ᠴᠡᠷᠢᠭ ᠦᠳ ᠪᠡᠶ᠎ᠡ ᠪᠡᠶ᠎ᠡ ᠪᠡᠨ ᠳᠡᠷᠡᠯᠡᠨ ᠨᠠᠮ ᠤᠨᠲᠠᠵᠠᠢ᠃ ᠬᠠᠷᠠᠭᠤᠯ ᠮᠠᠨᠠᠭ᠎ᠠ ᠦᠯᠦ ᠬᠠᠷᠠᠭᠳᠠᠨ᠎ᠠ᠃ ᠺᠠᠮᠫᠠᠨ ᠨᠢᠭᠤᠪᠴᠢ ᠶᠢ ᠲᠣᠭᠣᠷᠢᠨ ᠴᠠᠰᠢ ᠮᠦᠯᠬᠦᠪᠡ᠃ ᠳᠠᠬᠢᠭᠠᠳ ᠯᠠ ᠨᠢᠭᠤᠪᠴᠢ᠂ ᠤᠨᠲᠠᠭᠰᠠᠨ ᠰᠠᠮᠤᠷᠠᠢ᠃ ᠬᠠᠴᠢᠨ ᠶᠤᠮ᠂ ᠬᠠᠷᠠᠭᠤᠯ ᠨᠢ ᠤᠨᠲᠠᠴᠢᠬᠠᠭᠰᠠᠨ ᠶᠤᠮ ᠪᠠᠶᠢᠬᠤ ᠳᠨ᠃ ᠭᠡᠨᠡᠳᠲᠡ ᠨᠢᠭᠡ ᠰᠠᠮᠤᠷᠠᠢ ᠨᠢᠭᠤᠪᠴᠢᠨ ᠠᠴᠠ ᠣᠯᠢᠰᠬᠢᠨ ᠪᠣᠰᠤᠭᠠᠳ ᠢᠷᠡᠪᠡ᠃ ᠫᠤᠤᠳᠠᠬᠤ ᠤᠤ᠂ ᠪᠠᠷᠢᠪᠴᠢᠯᠠᠬᠤ ᠤᠤ᠃ ᠳᠠᠶᠢᠰᠤᠨ ᠤ ᠳᠤᠮᠳᠠ ᠣᠷᠣᠴᠢᠬᠠᠭᠰᠠᠨ ᠤᠴᠢᠷ ᠠᠯᠢ ᠶᠢ ᠨᠢ ᠴᠤ ᠬᠢᠬᠦ ᠠᠷᠭ᠎ᠠ ᠪᠠᠶᠢᠭᠰᠠᠨ ᠦᠭᠡᠢ᠃ ᠡᠷᠭᠢᠭᠡᠳ ᠮᠣᠷᠢ ᠤᠷᠤᠭᠤ ᠪᠠᠨ ᠮᠦᠯᠬᠦᠪᠡ᠃ ᠲᠡᠭᠡᠲᠡᠯ᠎ᠡ ᠪᠣᠰᠴᠣ ᠢᠷᠡᠭᠰᠡᠨ ᠰᠠᠮᠤᠷᠠᠢ ᠲᠡᠭᠦᠨ ᠢ ᠴᠢᠭᠯᠡᠨ ᠠᠶᠢᠰᠤᠢ᠃ ᠺᠠᠮᠫᠠᠨ ᠤᠬᠤᠰᠬᠢᠨ ᠪᠣᠰᠤᠭᠤᠲᠠ ᠮᠣᠷᠢᠨ ᠳᠤ ᠪᠠᠨ ᠮᠣᠷᠳᠠᠨ ᠳᠠᠪᠬᠢᠭᠤᠯᠪᠠ᠃ ᠳᠦᠭᠦᠷᠡᠩ ᠬᠦᠮᠦᠨ ᠲᠡᠢ ᠨᠢᠭᠤᠪᠴᠢᠨ ᠳᠡᠭᠡᠭᠦᠷ ᠬᠠᠷᠠᠶᠢᠯᠭᠠᠵᠤ ᠭᠠᠷᠪᠠ᠃ ᠡᠨᠳᠡ ᠲᠡᠨᠳᠡ ᠦᠭᠡᠢ ᠫᠤᠤ ᠶᠢᠨ ᠳᠠᠭᠤ ᠲᠠᠴᠢᠭᠢᠨᠠᠨ ᠰᠤᠮᠤ ᠱᠤᠩᠭᠢᠨᠠᠨᠠ᠃ ᠵᠣᠯ ᠢᠶᠠᠷ ᠠᠮᠢᠳᠤ ᠮᠡᠨᠳᠦ ᠭᠠᠷᠤᠭᠰᠠᠨ ᠲᠡᠳᠦᠢ ᠦᠭᠡᠢ ᠳᠠᠶᠢᠰᠤᠨ ᠤ ᠲᠤᠬᠠᠢ ᠪᠠᠲᠤ ᠲᠠᠢ ᠮᠡᠳᠡᠭᠡ ᠠᠪᠴᠢᠷᠠᠭᠰᠠᠨ ᠺᠠᠮᠫᠠᠨ ᠢ ᠨᠥᠬᠥᠳ ᠨᠢ ᠲᠡᠷᠡ ᠴᠠᠭ ᠠᠴᠠ 《ᠰᠠᠮᠤᠷᠠᠢ ᠶᠢᠨ ᠰᠠᠷᠢᠰᠤᠨ ᠬᠣᠩᠰᠢᠶᠠᠷ ᠳᠡᠭᠡᠭᠦᠷ ᠬᠠᠷᠠᠶᠢᠯᠭᠠᠳᠠᠭ》 ᠭᠡᠵᠦ ᠬᠣᠱᠣᠩᠨᠠᠨ ᠨᠡᠷᠡᠯᠡᠳᠡᠭ ᠪᠣᠯᠵᠠᠢ᠃
ᠳᠥᠷᠪᠡ᠂ 1943 ᠣᠨ᠃ ᠲᠠᠮᠰᠤᠭ ᠤᠨ 6 ᠳ᠋ᠤᠭᠠᠷ ᠳ᠋ᠢᠸᠢᠽᠢ ᠶᠢᠨ 17 ᠳ᠋ᠤᠭᠠᠷ ᠮᠣᠷᠢᠲᠤ ᠬᠣᠷᠢᠶᠠᠨ ᠤ ᠰᠡᠯᠡᠮᠡᠳᠦ ᠰᠠᠯᠠᠭᠠᠨ ᠤ ᠳᠠᠷᠤᠭ᠎ᠠ ᠪᠠᠷ ᠴᠡᠷᠢᠭ ᠦᠨ ᠶᠡᠷᠦᠩᠬᠡᠢ ᠰᠤᠷᠭᠠᠭᠤᠯᠢ ᠲᠡᠭᠦᠰᠦᠭᠰᠡᠨ ᠵᠠᠯᠠᠭᠤᠬᠠᠨ ᠳᠡᠰᠯᠡᠭᠴᠢ ᠢᠷᠡᠭᠰᠡᠨ ᠨᠢ 17 ᠨᠠᠰᠤᠨ ᠳᠤ ᠪᠠᠨ ᠬᠠᠯᠬ᠎ᠠ ᠶᠢᠨ ᠭᠣᠣᠯ ᠤᠨ ᠳᠠᠶᠢᠨ ᠳᠤ ᠣᠷᠣᠯᠴᠠᠵᠤ ᠪᠠᠶᠢᠯᠳᠤᠭᠠᠨ ᠤ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠤᠯᠤᠭᠰᠠᠨ ᠨ ᠊ ᠺᠠᠮᠫᠠᠨ ᠪᠠᠶᠢᠯ᠎ᠠ᠃ ᠬᠣᠶᠢᠲᠤᠨ ᠨᠢ ᠲᠡᠭᠦᠨ ᠦ ᠲᠤᠷᠰᠢᠯᠭ᠎ᠠ ᠳᠤ ᠲᠦᠰᠢᠭᠯᠡᠨ ᠲᠠᠩᠨᠠᠭᠤᠯ ᠤᠨ ᠰᠠᠯᠠᠭᠠᠨ ᠤ ᠳᠠᠷᠤᠭ᠎ᠠ ᠪᠠᠷ ᠲᠣᠮᠢᠯᠠᠵᠠᠢ᠃ ᠺᠠᠮᠫᠠᠨ ᠴᠡᠷᠢᠭ ᠦᠳ ᠲᠡᠭᠡᠨ ᠥᠩᠭᠡᠷᠡᠭᠰᠡᠨ ᠳᠠᠶᠢᠨ ᠤ ᠲᠤᠷᠰᠢᠯᠭ᠎ᠠ ᠠᠴᠠ ᠶᠠᠷᠢᠵᠤ᠂ ᠥᠪᠡᠷ ᠢᠶᠡᠨ ᠴᠤ ᠲᠠᠩᠨᠠᠭᠤᠯ ᠤᠨ ᠡᠷᠳᠡᠮ ᠳᠦ ᠰᠤᠷᠤᠯᠴᠠᠭᠰᠠᠭᠠᠷ ᠪᠠᠶᠢᠯ᠎ᠠ᠃ ᠪᠠᠰᠠ 《ᠭᠠᠷ ᠢᠶᠠᠨ ᠡᠷᠭᠦ᠂ ᠪᠠᠭᠤᠵᠤ ᠥᠭ᠂ ᠵᠡᠪᠰᠡᠭ ᠢᠶᠡᠨ ᠬᠤᠷᠢᠶᠠᠯᠭ᠎ᠠ᠂ ᠲᠠ ᠨᠠᠷ ᠪᠦᠰᠡᠯᠡᠭᠳᠡᠭᠰᠡᠨ》 ᠭᠡᠰᠡᠨ ᠶᠠᠫᠣᠨ ᠦᠭᠡ ᠬᠡᠯᠡᠯᠭᠡ ᠡᠳᠦᠷ᠂ ᠰᠥᠨᠢ ᠦᠭᠡᠢ ᠴᠡᠭᠡᠵᠢᠯᠡᠨ᠎ᠡ᠃ ᠡᠨᠡ ᠪᠦᠬᠦᠨ ᠬᠡᠵᠢᠶ᠎ᠡ ᠬᠡᠷᠡᠭ ᠪᠣᠯᠬᠤ ᠶᠢ ᠺᠠᠮᠫᠠᠨ ᠴᠤ ᠨᠥᠬᠥᠳ ᠨᠢ ᠴᠤ ᠡᠰᠡ ᠮᠡᠳᠡᠨ᠎ᠡ᠃ ᠲᠡᠭᠡᠭᠰᠡᠭᠡᠷ 1945 ᠣᠨ ᠭᠠᠷᠪᠠ᠃ ᠪᠠᠶᠢᠳᠠᠯ ᠲᠦᠭᠰᠢᠭᠦᠷᠢᠲᠡᠢ ᠪᠠᠶᠢᠭᠰᠠᠭᠠᠷ ᠶᠠᠫᠣᠨ ᠲᠠᠢ ᠪᠠᠶᠢᠯᠳᠤᠬᠤ ᠲᠡᠷᠡ ᠡᠳᠦᠷ ᠢᠷᠡᠵᠡᠢ᠃ ᠲᠠᠩᠨᠠᠭᠤᠯ ᠤᠨ ᠲᠤᠰᠬᠠᠢ ᠰᠠᠯᠠᠭᠠᠨ ᠤ ᠳᠠᠷᠤᠭ᠎ᠠ ᠺᠠᠮᠫᠠᠨ ᠢ ᠳ᠋ᠢᠸᠢᠽᠢ ᠶᠢᠨ ᠬᠡᠭᠡᠷ᠎ᠡ ᠶᠢᠨ ᠡᠮᠨᠡᠯᠭᠡ ᠳᠦ ᠳᠠᠭᠤᠳᠠᠵᠤ᠂ ᠤᠯᠤᠰ ᠤᠨ ᠬᠢᠯᠢ ᠠᠯᠬᠤᠭᠤᠲᠠ ᠲᠠᠩᠨᠠᠭᠤᠯ ᠬᠢᠬᠦ ᠡᠭᠦᠷᠭᠡ ᠥᠭᠴᠡᠢ᠃
ᠨᠢᠭᠡ ᠡᠳᠦᠷ ᠳ᠋ᠢᠸᠢᠽᠢ ᠶᠢᠨ ᠳᠠᠷᠤᠭ᠎ᠠ᠂ ᠬᠤᠷᠠᠨᠳᠠ ᠮ ∙ ᠼᠡᠳᠡᠨᠳᠠᠰᠢ ᠳᠡᠰᠯᠡᠭᠴᠢ ᠺᠠᠮᠫᠠᠨ ᠢ ᠳᠠᠭᠤᠳᠠᠵᠤ ᠠᠨᠵᠠᠨᠤᠨᠢ ᠬᠡᠮᠡᠬᠦ ᠲᠣᠰᠬᠣᠨ ᠢ ᠲᠠᠩᠨᠠᠬᠤ ᠡᠭᠦᠷᠭᠡ ᠥᠭᠪᠡ᠃ ᠭᠦᠪᠡᠶᠢᠺᠣᠤ ᠬᠣᠲᠠ ᠤᠷᠤᠬᠤ ᠶᠡᠬᠡ ᠵᠠᠮ ᠤᠨ ᠬᠥᠯ ᠳ᠋ᠤ ᠤᠷᠤᠰᠢᠬᠤ ᠡᠨᠡ ᠲᠣᠰᠬᠣᠨ ᠲᠤᠩ ᠰᠡᠵᠢᠭ ᠲᠡᠢ ᠪᠠᠶᠢᠯ᠎ᠠ᠃ ᠠᠭᠤᠯᠠ ᠶᠢᠨ ᠬᠠᠪᠴᠢᠯ ᠳᠤ ᠤᠷᠤᠰᠢᠬᠤ ᠡᠨᠡ ᠲᠣᠰᠬᠣᠨ ᠳᠤ ᠭᠠᠭᠴᠠᠬᠠᠨ ᠵᠠᠮ ᠢᠶᠠᠷ ᠶᠠᠪᠤᠵᠤ ᠬᠦᠷᠬᠦ ᠡᠴᠡ ᠥᠭᠡᠷ᠎ᠡ ᠠᠷᠭ᠎ᠠ ᠦᠭᠡᠢ᠂ ᠬᠠᠳᠠ ᠬᠢᠰᠤᠭ᠎ᠠ ᠪᠠᠷ ᠬᠦᠷᠢᠶᠡᠯᠡᠭᠳᠡᠭᠰᠡᠨ ᠠᠵᠢ᠃ ᠺᠠᠮᠫᠠᠨ ᠬᠡᠳᠦᠨ ᠪᠠᠶᠢᠯᠳᠤᠭᠴᠢ ᠶᠢ ᠮᠣᠷᠢᠨ ᠵᠢᠯᠣᠭᠣᠴᠢ ᠰᠤᠮᠢᠶ᠎ᠠ ᠶᠢᠨ ᠬᠠᠮᠲᠤ ᠡᠭᠦᠷᠭᠡ ᠭᠦᠢᠴᠡᠳᠭᠡᠬᠦ ᠪᠡᠷ ᠠᠪᠴᠤ ᠶᠠᠪᠤᠪᠠ᠃
ᠭᠠᠵᠠᠷ ᠣᠷᠣᠨ ᠤ ᠪᠠᠶᠢᠳᠠᠯ ᠤᠨ ᠲᠤᠬᠠᠢ ᠲᠠᠩᠨᠠᠵᠤ ᠮᠡᠳᠡᠭᠰᠡᠨ ᠢᠶᠡᠨ ᠬᠣᠯᠪᠣᠭᠠᠴᠢᠨ ᠢᠶᠠᠷ ᠳᠠᠮᠵᠢᠭᠤᠯᠤᠨ ᠳ᠋ᠢᠸᠢᠽᠢ ᠶᠢᠨ ᠳᠠᠷᠤᠭ᠎ᠠ ᠳᠤ ᠪᠠᠨ ᠢᠯᠡᠳᠬᠡᠭᠡᠳ ᠮᠣᠷᠢᠨ ᠵᠢᠯᠣᠭᠣᠴᠢ ᠲᠠᠢ ᠪᠠᠨ ᠬᠣᠶᠠᠭᠤᠯᠠ ᠠᠨᠵᠠᠨᠤᠨᠢ ᠳ᠋ᠤ ᠰᠥᠨᠢ ᠳᠤᠮᠳᠠ ᠶᠢᠨ ᠦᠶ᠎ᠡ ᠳᠦ ᠬᠦᠷᠴᠦ ᠣᠴᠢᠯ᠎ᠠ᠃ ᠲᠣᠰᠬᠣᠨ ᠤ ᠳᠤᠮᠳᠠᠭᠤᠷ ᠭᠠᠷᠳᠠᠭ ᠭᠠᠭᠴᠠ ᠵᠠᠮ ᠢ ᠳᠠᠭᠠᠨ ᠶᠠᠪᠤᠲᠠᠯ᠎ᠠ ᠵᠠᠮ ᠤᠨ ᠬᠣᠶᠢᠬᠠᠨᠠ ᠭᠠᠭᠴᠠᠬᠠᠨ ᠪᠠᠶᠢᠰᠢᠩ ᠭᠡᠷᠡᠯ ᠲᠡᠢ᠂ ᠪᠤᠰᠤᠳ ᠨᠢ ᠲᠠᠭ ᠬᠠᠷᠠᠩᠭᠤᠢ ᠠᠵᠢ᠃ ᠡᠩᠨᠡᠭᠦᠯᠦᠨ ᠪᠠᠷᠢᠭᠰᠠᠨ ᠵᠢᠷᠭᠤᠭ᠎ᠠ ᠳᠣᠯᠣᠭᠠᠨ ᠪᠠᠶᠢᠰᠢᠩ ᠢ ᠴᠢᠭᠯᠡᠨ ᠶᠠᠪᠤᠲᠠᠯ᠎ᠠ ᠵᠢᠳᠠ ᠫᠤᠤ ᠲᠡᠪᠡᠷᠢᠭᠰᠡᠨ ᠶᠠᠫᠣᠨ ᠨᠢᠭᠡ ᠪᠠᠶᠢᠰᠢᠩ ᠠᠴᠠ ᠭᠠᠷᠤᠭᠠᠳ ᠢᠷᠡᠪᠡ᠃ ᠺᠠᠮᠫᠠᠨ ᠰᠤᠮᠢᠶ᠎ᠠ ᠳᠤ ᠪᠠᠨ ᠵᠣᠷᠢᠮᠠᠭ ᠴᠢᠩᠭ᠎ᠠ ᠳᠠᠭᠤ ᠪᠠᠷ 《ᠪᠠᠶᠢᠯᠳᠤᠭᠠᠨ ᠳᠤ》 ᠺᠣᠮᠠᠨᠳ᠋ ᠥᠭᠭᠦᠭᠦᠲᠡ ᠪᠠᠭᠤᠨ ᠬᠠᠷᠠᠶᠢᠵᠤ ᠠᠦ᠋ᠲ᠋ᠣᠮᠠᠲ ᠢᠶᠠᠨ ᠵᠡᠬᠡᠨ ᠤᠷᠤᠭᠰᠢᠯᠠᠲᠠᠯᠠ ᠬᠡᠳᠦ ᠬᠡᠳᠦᠨ ᠪᠠᠶᠢᠰᠢᠩ ᠤᠨ ᠡᠭᠦᠳᠡ ᠣᠩᠭᠣᠶᠢᠵᠤ᠂ ᠭᠠᠷᠴᠤ ᠢᠷᠡᠭᠰᠡᠨ ᠶᠠᠫᠣᠨ ᠴᠡᠷᠢᠭ ᠦᠳ ᠵᠢᠭᠰᠠᠵᠤ ᠡᠬᠢᠯᠡᠯ᠎ᠡ᠃ ᠣᠨᠴᠠᠭᠠᠶᠢᠳᠠᠭᠤᠬᠠᠨ ᠨᠢᠭᠡᠨ ᠪᠠᠶᠢᠰᠢᠩ ᠠᠴᠠ ᠭᠠᠷᠴᠤ ᠢᠷᠡᠭᠰᠡᠨ ᠬᠠᠯᠵᠠᠨ ᠣᠹᠢᠼᠧᠷ ᠲᠦᠷᠭᠡᠨ ᠠᠯᠬᠤᠵᠤ ᠴᠡᠷᠢᠭ ᠦᠳ ᠤᠷᠤᠭᠤ ᠪᠡᠨ ᠣᠶᠢᠷᠠᠳᠤᠨ ᠢᠷᠡᠬᠦ ᠳᠦ ᠺᠠᠮᠫᠠᠨ ᠠᠦ᠋ᠲ᠋ᠣᠮᠠᠲ ᠢᠶᠠᠨ ᠲᠠᠴᠢᠭᠢᠨᠠᠭᠤᠯᠤᠨ᠄
-ᠤᠮᠺᠠᠷᠠᠷᠤ (ᠭᠠᠷ ᠢᠶᠠᠨ ᠡᠷᠭᠦ) ᠭᠡᠵᠦ ᠬᠠᠰᠬᠢᠷᠪᠠ᠃ ᠶᠠᠫᠣᠨ ᠣᠹᠢᠼᠧᠷ ᠰᠢᠷᠪᠦᠰᠦ ᠨᠢ ᠲᠠᠲᠠᠭᠰᠠᠨ ᠶᠤᠮ ᠰᠢᠭ ᠵᠣᠭ ᠲᠤᠰᠤᠨ ᠮᠠᠯᠠᠭᠠᠢ ᠪᠠᠨ ᠠᠪᠴᠤ ᠭᠠᠷ ᠢᠶᠠᠨ ᠡᠷᠭᠦᠪᠡ᠃ ᠺᠠᠮᠫᠠᠨ ᠴᠤ ᠡᠷᠡᠮᠡᠭᠡᠢ ᠴᠢᠩᠭ᠎ᠠ ᠳᠠᠭᠤ ᠪᠠᠷ᠄
-ᠵᠡᠪᠰᠡᠭ ᠢᠶᠡᠨ ᠬᠠᠶᠠ︕ ᠭᠡᠵᠦ ᠬᠠᠰᠬᠢᠷᠪᠠ᠃ ᠰᠠᠮᠤᠷᠠᠢ ᠨᠤᠭᠤᠳ ᠲᠤᠰᠢᠶᠠᠯ ᠪᠡᠶᠡᠯᠡᠭᠦᠯᠵᠦ᠂ ᠪᠠᠷᠢᠭᠰᠠᠨ ᠵᠡᠪᠰᠡᠭ ᠢᠶᠡᠨ ᠤᠨᠳᠤᠢ ᠰᠤᠨᠳᠤᠢ ᠲᠠᠯᠪᠢᠵᠤ ᠡᠬᠢᠯᠡᠬᠦ ᠳᠦ ᠺᠠᠮᠫᠠᠨ᠄ -ᠮᠣᠩᠭᠣᠯ ᠬᠡᠯᠡ ᠮᠡᠳᠡᠬᠦ ᠬᠦᠮᠦᠨ ᠪᠠᠶᠢᠪᠠᠯ ᠭᠠᠷᠤᠭᠠᠳ ᠢᠷ᠎ᠡ ᠭᠡᠳ ᠳᠠᠬᠢᠭᠠᠳ ᠠᠦ᠋ᠲ᠋ᠣᠮᠠᠲ ᠢᠶᠠᠨ ᠲᠠᠴᠢᠭᠢᠨᠠᠭᠤᠯᠪᠠ᠃ ᠴᠠᠬᠠᠷ ᠠᠶᠠᠯᠭ᠎ᠠ ᠪᠠᠷ ᠬᠠᠵᠠᠭᠠᠢ ᠮᠤᠷᠤᠢ ᠶᠠᠷᠢᠳᠠᠭ ᠶᠠᠫᠣᠨ ᠴᠡᠷᠢᠭ ᠭᠠᠷᠴᠤ ᠢᠷᠡᠪᠡ᠃ ᠺᠠᠮᠫᠠᠨ ᠲᠡᠭᠦᠨ ᠳᠦ᠄
-ᠮᠣᠩᠭᠣᠯ᠂ ᠵᠥᠪᠯᠡᠯᠲᠦ ᠶᠢᠨ ᠴᠡᠷᠢᠭ ᠲᠠᠨ ᠤ ᠲᠣᠰᠬᠣᠨ ᠢ ᠪᠦᠰᠡᠯᠡᠭᠰᠡᠨ᠃ ᠡᠰᠡᠷᠭᠦᠴᠡᠪᠡᠯ ᠪᠦᠭᠦᠳᠡ ᠶᠢ ᠴᠢᠨᠢ ᠨᠠᠮ ᠫᠤᠤᠳᠠᠨ᠎ᠠ ᠭᠡᠵᠦ ᠳᠠᠮᠵᠢᠭᠤᠯᠬᠤ ᠲᠤᠰᠢᠶᠠᠯ᠎ᠠ᠃ ᠶᠠᠫᠣᠨ ᠴᠡᠷᠢᠭ ᠦᠳ ᠡᠰᠡᠷᠭᠦᠴᠡᠬᠦ ᠦᠭᠡᠢ ᠶᠢᠨ ᠳᠣᠬᠢᠶ᠎ᠠ ᠪᠣᠯᠭᠠᠵᠤ᠂ ᠪᠦᠭᠦᠳᠡ ᠭᠠᠷ ᠢᠶᠠᠨ ᠡᠷᠭᠦᠪᠡ᠃ ᠶᠠᠫᠣᠨ ᠤ ᠪᠦᠬᠦᠯᠢ ᠪᠦᠲᠦᠨ ᠪᠠᠲ᠋ᠯᠢᠶᠣᠨ ᠴᠡᠷᠢᠭ ᠲᠤᠭ ᠲᠠᠢ ᠪᠠᠨ ᠵᠣᠷᠢᠭᠲᠤ ᠲᠠᠩᠨᠠᠭᠤᠯᠴᠢ ᠨ ∙ ᠺᠠᠮᠫᠠᠨ ᠤ ᠡᠮᠦᠨ᠎ᠡ ᠵᠡᠪᠰᠡᠭ ᠢᠶᠡᠨ ᠬᠠᠶᠠᠵᠠᠢ᠃ ᠡᠶᠢᠮᠦ ᠨᠢᠭᠡᠨ ᠡᠷᠡᠯᠬᠡᠭ ᠮᠣᠩᠭᠣᠯ ᠲᠠᠩᠨᠠᠭᠤᠯᠴᠢ ᠶᠢᠨ ᠭᠠᠪᠢᠶᠠᠲᠤ ᠦᠢᠯᠡᠰ ᠡᠵᠡᠨ ᠨᠢ ᠮᠥᠩᠬᠡ ᠪᠤᠰᠤ ᠶᠢ ᠦᠵᠡᠭᠦᠯᠦᠭᠰᠡᠨ ᠴᠤ ᠲᠡᠦᠬᠡ ᠶᠢᠨ ᠰᠢᠷᠠᠯᠠᠭᠰᠠᠨ ᠬᠠᠭᠤᠳᠠᠰᠤᠨ ᠳᠤ ᠲᠣᠳᠣ ᠠᠴᠠ ᠲᠣᠳᠣ ᠪᠢᠴᠢᠭᠳᠡᠨ ᠦᠯᠡᠳᠡᠭᠰᠡᠨ᠃ ᠨᠡᠬᠡᠨ ᠣᠯᠭᠣᠬᠤ ᠭᠡᠭᠡᠨ ᠦᠢᠯᠡ ᠶᠢ ᠰᠡᠳᠦᠬᠦ ᠠᠪᠠᠰᠤ ᠡᠬᠡ ᠣᠷᠣᠨᠴᠢ ᠬᠥᠪᠡᠭᠦᠨ ᠦ ᠭᠠᠪᠢᠶ᠎ᠠ ᠶᠢ ᠮᠣᠩᠭᠣᠯ ᠤᠯᠤᠰ ᠤᠨ ᠪᠠᠭᠠᠲᠤᠷ ᠤᠨ ᠲᠡᠮᠳᠡᠭ ᠤᠯᠠᠮ ᠴᠤ ᠢᠷᠠᠭᠤ ᠪᠠᠳᠠᠷᠠᠭᠠᠬᠤ ᠪᠤᠰᠤ ᠤᠤ᠃
10 1