ᠲᠤᠭᠤᠵᠢ
ᠮᠥᠷᠥᠭᠡᠳᠦᠯ ᠦᠨ ᠡᠭᠡᠴᠢ
ᠮᠥᠷᠥᠭᠡᠳᠦᠯ ᠦᠨ ᠡᠭᠡᠴᠢ
4999
2018-11-14 17:00
发表于:内蒙古
ᠼ ∙ ᠲᠦᠮᠡᠨᠪᠠᠶᠠᠷ : ᠮᠥᠷᠥᠭᠡᠳᠦᠯ ᠦᠨ ᠡᠭᠡᠴᠢ
ᠪᠢ ᠲᠡᠷᠡ ᠦᠶ᠎ᠡ ᠳᠦ ᠳᠥᠩᠭᠡᠵᠢ ᠳᠣᠯᠣᠭᠠᠬᠠᠨ ᠨᠠᠰᠤᠲᠠᠢ ᠪᠠᠶᠢᠵᠠᠢ᠃ ᠴᠠᠰᠤᠨ ᠰᠢᠭᠤᠷᠭᠠᠨ ᠳᠤ ᠰᠠᠯᠬᠢ ᠰᠥᠷᠥᠨ ᠠᠯᠬᠤᠬᠤ ᠳᠤ ᠲᠣᠮᠣᠳᠠᠭᠰᠠᠨ ᠬᠠᠭᠤᠴᠢᠨ ᠬᠥᠷᠮ᠎ᠡ ᠶᠢᠨ ᠮᠢᠨᠢ ᠬᠣᠷᠮᠣᠢ ᠬᠥᠭᠡᠷᠭᠡᠳᠡᠨ ᠵᠢᠬᠡᠭᠦᠨ ᠵᠢᠪᠠᠷ ᠲᠤ ᠨᠢᠷᠤᠭᠤ᠂ ᠭᠡᠳᠡᠰᠦ ᠬᠠᠭᠠᠷᠢᠭᠳᠠᠨᠠ᠃ ᠰᠠᠯᠬᠢᠨ ᠳᠤ ᠠᠯᠳᠠᠴᠢᠬᠤ ᠦᠭᠡᠢ ᠶᠢᠨ ᠲᠤᠯᠠᠳᠠ ᠲᠠᠯᠬᠠᠨ ᠤ ᠮᠥᠩᠭᠥ ᠪᠡᠨ ᠴᠢᠩᠭ᠎ᠠ ᠪᠠᠵᠠᠭᠰᠠᠨ ᠭᠠᠷ ᠮᠢᠨᠢ ᠪᠠᠳᠠᠶᠢᠷᠠᠨ᠂ ᠰᠠᠷᠢᠰᠤ ᠰᠢᠭ ᠬᠣᠶᠠᠷ ᠳᠡᠯᠳᠡᠩ ᠴᠢᠬᠢ ᠮᠢᠨᠢ ᠲᠠᠰᠤᠷᠠᠨ ᠠᠯᠳᠠᠵᠤ ᠴᠢᠰ ᠴᠢᠰᠬᠢᠨᠡ᠃ ᠶᠠᠳᠠᠵᠤ ᠳᠡᠯᠭᠡᠭᠦᠷ ᠬᠣᠯᠠ᠂ ᠭᠤᠷᠪᠠᠨ ᠭᠤᠳᠤᠮᠵᠢᠨ ᠤ ᠴᠠᠭᠠᠨ᠎ᠠ᠃ ᠳᠡᠯᠭᠡᠭᠦᠷ ᠦᠨ ᠬᠠᠭᠠᠯᠭᠠᠨ ᠳᠤ ᠰᠠᠪᠠᠭᠤᠯᠬᠤ ᠰᠢᠬᠠᠮ ᠠᠷᠠᠢ ᠭᠡᠵᠦ ᠣᠷᠣᠭᠠᠳ ᠪᠠᠳᠠᠶᠢᠷᠠᠭᠰᠠᠨ ᠠᠯᠠᠭ᠎ᠠ ᠪᠠᠨ ᠠᠯᠭᠤᠷᠬᠠᠨ ᠳᠡᠯᠭᠡᠵᠦ᠂ ᠮᠥᠩᠭᠥ ᠪᠡᠨ ᠥᠭᠭᠦᠯ᠎ᠡ᠃
ᠲᠠᠯᠬ᠎ᠠ ᠪᠠᠨ ᠡᠩᠭᠡᠷ ᠲᠦ ᠪᠡᠨ ᠲᠡᠪᠡᠷᠢᠨ ᠳᠡᠯᠭᠡᠭᠦᠷ ᠡᠴᠡ ᠭᠠᠷᠬᠤ ᠳᠤ ᠥᠭᠡᠳᠡ ᠡᠴᠡ ᠮᠥᠰᠥ ᠮᠡᠲᠦ ᠰᠠᠯᠬᠢ ᠰᠢᠪᠬᠠᠭᠤᠷᠳᠠᠨ ᠬᠠᠶᠢᠷ᠎ᠠ ᠨᠠᠶᠢᠷ ᠦᠭᠡᠢ ᠬᠠᠴᠠᠷ ᠢ ᠮᠢᠨᠢ ᠠᠯᠠᠭᠠᠳᠠᠬᠤ ᠳᠤ᠂ ᠠᠮᠢᠰᠬᠤᠯ ᠮᠢᠨᠢ ᠪᠥᠭᠯᠡᠷᠡᠵᠦ᠂ ᠲᠣᠯᠣᠭᠠᠢ ᠪᠠᠨ ᠳᠠᠯᠵᠢᠭᠠᠰᠬᠢᠯᠭᠡᠬᠦ ᠳ᠋ᠦ ᠥᠨᠥ ᠮᠠᠭᠤ ᠬᠥᠷᠮ᠎ᠡ ᠶᠢᠨ ᠬᠢ ᠨᠢ ᠡᠩᠭᠡᠷ ᠬᠣᠶᠠᠷ ᠲᠡᠰᠢ ᠢᠷᠠᠭᠳᠠᠨ᠂ ᠳᠠᠯᠠᠪᠴᠢ ᠰᠢᠭ ᠬᠡᠶᠢᠰᠦᠯᠡ᠃ ᠪᠢ ᠲᠠᠯᠬ᠎ᠠ ᠪᠠᠨ ᠭᠠᠵᠠᠷ ᠠᠯᠳᠠᠵᠤ᠂ ᠬᠤᠩᠭᠠᠷᠯᠠᠭᠰᠠᠨ ᠴᠠᠰᠤᠨ ᠳᠤ ᠡᠯᠢᠶ᠎ᠡ ᠰᠢᠭ ᠯᠠ ᠨᠡᠪᠰᠡᠭᠡᠰᠬᠢᠨ ᠤᠨᠠᠯ᠎ᠠ᠃ ᠴᠠᠰᠤᠨ ᠬᠤᠩᠭᠠᠷ ᠲᠤ ᠬᠠᠮᠠᠷ ᠢᠶᠠᠷ ᠢᠶᠠᠨ ᠬᠠᠳᠬᠤᠨ ᠤᠨᠠᠬᠤ ᠲᠡᠷᠡ ᠭᠱᠠᠨ ᠳᠤ ᠬᠠᠮᠢᠭ᠎ᠠ ᠠᠴᠠ ᠭᠠᠷᠴᠤ ᠢᠷᠡᠭᠰᠡᠨ ᠨᠢ ᠦᠯᠦ ᠮᠡᠳᠡᠭᠳᠡᠬᠦ ᠵᠠᠯᠠᠭᠤᠬᠠᠨ ᠡᠭᠡᠴᠢ ᠨᠠᠮ᠎ᠠ ᠶᠢ ᠲᠠᠲᠠᠵᠤ ᠪᠣᠰᠬᠠᠯ᠎ᠠ᠃ 《ᠮᠢᠨᠦ ᠳᠡᠭᠦᠦ ᠪᠣᠰ᠂ ᠬᠥᠯᠳᠡᠯᠡ ᠰᠢᠦ ᠳ᠋ᠡ》 ᠬᠡᠮᠡᠨ ᠴᠠᠰᠤ ᠶᠢ ᠮᠢᠨᠢ ᠭᠥᠪᠢᠵᠦ ᠥᠭᠬᠦ ᠳᠦ ᠲᠡᠷᠡ ᠡᠭᠡᠴᠢ ᠶᠢᠨ ᠬᠥᠭᠵᠢᠭᠦᠨ ᠪᠠᠶᠠᠰᠬᠤᠯᠠᠩ ᠲᠠᠢ ᠴᠢᠷᠠᠢ᠂ ᠲᠤᠩᠭᠠᠯᠠᠭ ᠬᠠᠷ᠎ᠠ ᠨᠢᠳᠦᠨ ᠡᠴᠡ ᠤᠷᠢᠳᠤ ᠡᠮᠦᠨ᠎ᠡ ᠮᠢᠨᠦ ᠬᠡᠵᠢᠶ᠎ᠡ ᠴᠤ ᠮᠡᠳᠡᠷᠡᠵᠥ ᠪᠠᠶᠢᠭ᠎ᠠ ᠦᠭᠡᠢ ᠲᠡᠶᠢᠮᠦ ᠶᠡᠬᠡ ᠭᠡᠷᠡᠯᠲᠦ ᠬᠠᠶᠢᠷ᠎ᠠ ᠠᠰᠬᠠᠷᠴᠣ᠂ ᠡᠨᠡ ᠬᠦᠢᠲᠡᠨ ᠳ᠋ᠤ ᠬᠠᠮᠢᠭ᠎ᠠ ᠠᠴᠠ ᠨᠢ ᠭᠠᠷᠳᠠᠭ ᠬᠠᠯᠠᠭᠤᠨ ᠪᠤᠢ ᠭᠡᠮᠡᠷ ᠬᠠᠴᠢᠨ ᠳᠤᠯᠠᠭᠠᠬᠠᠨ ᠭᠠᠷ ᠢᠶᠠᠷ ᠢᠶᠠᠨ ᠲᠠᠰᠤᠷᠠᠬᠤ ᠰᠢᠬᠠᠭᠰᠠᠨ ᠴᠢᠬᠢ ᠶᠢ ᠮᠢᠨᠢ ᠳᠠᠷᠤᠵᠤ᠂ ᠬᠣᠶᠠᠷ ᠭᠠᠷ ᠢ ᠮᠢᠨᠢ ᠠᠳᠬᠤᠵᠤ ᠪᠦᠯᠢᠶᠡᠴᠡᠭᠦᠯᠬᠦ ᠳᠦ ᠪᠦᠬᠦᠢ ᠯᠠ ᠪᠡᠶ᠎ᠡ ᠮᠢᠨᠢ ᠬᠠᠯᠠᠭᠤ ᠣᠷᠭᠢᠬᠤ ᠰᠢᠭ ᠪᠣᠯᠤᠭᠰᠠᠨ ᠰᠠᠨ᠃ ᠪᠢ ᠪᠦᠷ ᠶᠠᠭᠤ ᠴᠤ ᠭᠡᠵᠦ ᠬᠡᠯᠡᠬᠦ ᠪᠡᠨ ᠮᠡᠳᠡᠬᠦ ᠦᠭᠡᠢ ᠳᠡᠮᠡᠢ ᠯᠠ ᠡᠷᠡᠦ ᠠᠮᠠ ᠪᠠᠨ ᠵᠣᠳᠣᠯᠳᠤᠭᠤᠯᠤᠨ ᠳᠠᠭᠵᠢᠲᠠᠯ᠎ᠠ ᠴᠡᠴᠡᠷᠡᠨ ᠵᠣᠭᠰᠣᠬᠤ ᠳᠤ ᠥᠨᠥ ᠡᠭᠡᠴᠢ ᠲᠣᠪᠴᠢ ᠨᠢ ᠲᠠᠰᠤᠷᠠᠭᠠᠳ ᠤᠨᠠᠴᠢᠬᠠᠭᠰᠠᠨ ᠬᠥᠷᠮ᠎ᠡ ᠶᠢᠨ ᠡᠩᠭᠡᠷ ᠢ ᠯᠠᠪ ᠭᠡᠭᠴᠢ ᠨᠢ ᠵᠥᠷᠢᠭᠦᠯᠦᠭᠡᠳ᠂ ᠵᠠᠬ᠎ᠠ ᠶᠢ ᠮᠢᠨᠢ ᠪᠣᠰᠬᠠᠵᠤ᠂ ᠭᠠᠵᠠᠷ ᠠᠯᠳᠠᠭᠰᠠᠨ ᠲᠠᠯᠬ᠎ᠠ ᠶᠢ ᠮᠢᠨᠢ ᠲᠡᠪᠡᠷᠢᠭᠦᠯᠦᠨ 《ᠵᠠ ᠳᠡᠭᠦᠦ ᠮᠢᠨᠢ ᠳᠡᠭᠳᠡᠭᠡᠳ ᠬᠠᠷᠢᠴᠢᠬ᠎ᠠ》 ᠭᠡᠵᠦ ᠥᠬᠦᠭᠡᠷᠳᠡᠭᠰᠡᠨ ᠥᠩᠭᠡ ᠪᠡᠷ ᠢᠨᠢᠶᠡᠮᠰᠦᠭᠯᠡᠨ ᠬᠡᠯᠡᠵᠦ ᠪᠢᠯᠡ᠃
ᠪᠢ ᠲᠠᠯᠬ᠎ᠠ ᠪᠠᠨ ᠲᠠᠰᠤ ᠲᠡᠪᠡᠷᠢᠨ ᠭᠡᠷ ᠳᠦ ᠪᠡᠨ ᠭᠦᠶᠦᠭᠰᠡᠨ ᠢᠶᠡᠨ ᠥᠪᠡᠷ ᠦᠨ ᠡᠷᠬᠡ ᠦᠭᠡᠢ ᠡᠷᠭᠢᠨ ᠥᠨᠥ ᠡᠭᠡᠴᠢ ᠶᠢᠨ ᠠᠷᠤ ᠠᠴᠠ ᠮᠡᠯᠮᠡᠷᠡᠲᠡᠯᠡ ᠰᠢᠷᠲᠡᠨ ᠬᠣᠴᠣᠷᠤᠭᠰᠠᠨ ᠰᠠᠨ᠃ ᠲᠡᠷᠡ ᠡᠭᠡᠴᠢ ᠴᠠᠰᠤᠨ ᠰᠢᠭᠤᠷᠭᠠᠨ ᠠᠴᠠ ᠭᠡᠨᠡᠳᠲᠡᠬᠡᠨ ᠭᠠᠷᠴᠤ ᠢᠷᠡᠭᠰᠡᠨ ᠰᠢᠭ ᠢᠶᠡᠨ ᠲᠩᠷᠢ ᠡᠴᠡ ᠲᠠᠰᠤᠷᠠᠯᠲᠠ ᠦᠭᠡᠢ ᠯᠠᠪᠰᠠᠨ ᠤᠨᠠᠵᠤ ᠥᠳᠬᠡᠷᠡᠨ ᠡᠭᠡᠷᠡᠭᠰᠡᠨ ᠶᠡᠬᠡ ᠴᠠᠰᠤᠨ ᠳᠤᠮᠳᠠ ᠴᠣᠭᠯᠢᠭ ᠠᠯᠬᠤᠭᠰᠠᠭᠠᠷ ᠰᠢᠩᠭᠡᠨ ᠠᠯᠠᠭ᠎ᠠ ᠪᠣᠯᠤᠭᠰᠠᠨ ᠰᠠᠨ᠃ ᠲᠡᠭᠦᠨ ᠡᠴᠡ ᠬᠣᠶᠢᠰᠢ ᠨᠥᠭᠥᠭᠡ ᠡᠭᠡᠴᠢ ᠶᠢ ᠭᠠᠷᠤᠭᠠᠳ ᠢᠷᠡᠬᠦ ᠪᠣᠯᠪᠠ ᠤᠤ ᠭᠡᠵᠦ ᠪᠦᠲᠦᠨ ᠡᠪᠦᠯᠵᠢᠨ ᠴᠥᠬᠦᠷᠡᠲᠡᠯᠡ ᠪᠡᠨ ᠬᠦᠯᠢᠶᠡᠭᠰᠡᠨ ᠴᠤ ᠪᠠᠷ᠎ᠠ ᠰᠤᠷᠠᠭ ᠦᠭᠡᠢ᠃ ᠬᠠᠪᠤᠷ ᠴᠠᠰᠤ ᠬᠠᠶᠢᠯᠠᠵᠤ᠂ ᠭᠠᠵᠠᠷ ᠲᠠᠷᠯᠠᠨᠲᠤᠬᠤ ᠳᠤ 《ᠴᠠᠰᠤᠨ ᠳᠤᠮᠳᠠ ᠠᠴᠠ ᠢᠷᠡᠭᠰᠡᠨ᠂ ᠴᠠᠰᠤᠨ ᠳᠤᠮᠳᠠ ᠰᠢᠩᠭᠡᠭᠰᠡᠨ ᠮᠥᠷᠥᠭᠡᠳᠦᠯ ᠦᠨ ᠡᠭᠡᠴᠢ ᠮᠢᠨᠢ…》 ᠭᠡᠵᠦ ᠰᠢᠢᠳᠦᠭᠰᠡᠨ ᠡᠴᠡ ᠪᠡᠨ ᠬᠣᠶᠢᠰᠢ ᠲᠡᠭᠦᠨ ᠢ ᠬᠠᠷᠠᠭᠤᠯᠳᠠᠬᠤ ᠠᠴᠠ ᠪᠣᠯᠢᠭᠰᠠᠨ᠃
ᠭᠡᠪᠡᠴᠦ ᠦᠢᠯᠡ ᠶᠢᠨ ᠬᠣᠷᠸ᠎ᠠ ᠳᠤ ᠡᠷᠭᠢᠯᠳᠦᠬᠦ ᠬᠡᠷᠦᠮᠡᠯ ᠠᠮᠢᠳᠤᠷᠠᠯ ᠤᠨ ᠮᠢᠨᠢ ᠤᠳᠬ᠎ᠠ ᠤᠴᠢᠷ᠂ ᠪᠢᠲᠡᠭᠦᠯᠢᠭ ᠮᠥᠷᠥᠭᠡᠳᠦᠯ ᠴᠣᠬᠣᠮ ᠲᠡᠷᠡ ᠳᠤᠯᠠᠭᠠᠬᠠᠨ ᠭᠠᠷ ᠢ ᠣᠯᠬᠤ ᠳᠤ ᠯᠠ ᠶᠤᠮ ᠰᠢᠭ᠂ ᠣᠷᠴᠢᠨ ᠲᠣᠭᠣᠷᠢᠨ ᠳᠤ ᠪᠠᠨ ᠲᠠᠭᠠᠷᠠᠯᠳᠤᠭᠰᠠᠨ ᠪᠦᠰᠡᠭᠦᠢ ᠬᠦᠮᠦᠨ ᠪᠣᠯᠭᠠᠨ ᠠᠴᠠ ᠢᠲᠡᠭᠡᠯ ᠬᠠᠶᠢᠷᠠᠯᠠᠭᠰᠠᠨ ᠰᠢᠳᠢᠲᠦ ᠬᠠᠷᠠᠴᠠ ᠶᠢ ᠡᠷᠢᠭᠰᠡᠭᠡᠷ ᠯᠠ ᠶᠠᠪᠤᠯ᠎ᠠ᠃
ᠨᠠᠮ᠎ᠠ ᠶᠢ ᠲᠠᠯᠬᠠᠨ ᠳᠤ ᠶᠠᠪᠤᠭᠤᠯᠤᠭᠰᠠᠨ ᠠᠪᠠᠭ᠎ᠠ ᠡᠭᠡᠴᠢ ᠶᠢᠨ ᠢᠶᠡᠨ ᠨᠢᠳᠦᠨ ᠡᠴᠡ ᠣᠯᠬᠤ ᠭᠡᠵᠦ ᠬᠠᠷᠠᠯ᠎ᠠ᠃ ᠲᠡᠷᠡᠨ ᠦ ᠨᠢᠳᠦᠨ ᠡᠴᠡ ᠬᠠᠶᠢᠷ᠎ᠠ ᠤᠷᠤᠰᠬᠤ ᠨᠢ ᠪᠤᠤ ᠬᠡᠯᠡ᠂ ᠶᠠᠭ ᠲᠡᠷᠡ ᠴᠠᠰᠤᠨ ᠰᠢᠭᠤᠷᠭ᠎ᠠ ᠲᠠᠢ ᠡᠳᠦᠷ ᠦᠨ ᠲᠩᠷᠢ ᠰᠢᠭ ᠬᠦᠢᠲᠡᠨ ᠵᠢᠪᠠᠷ ᠰᠡᠩᠭᠢᠨᠡᠭᠦᠯᠦᠨ ᠰᠢᠯᠪᠢᠭᠦᠷᠳᠡᠬᠦ ᠨᠢ ᠲᠡᠷᠡ᠃ ᠲᠡᠶᠢᠮᠦ ᠪᠣᠯᠬᠤ ᠪᠠᠷ ᠬᠠᠷᠠᠬᠤ ᠠᠴᠠ ᠵᠢᠬᠡᠭᠦᠳᠡᠰᠦ ᠬᠦᠷᠥᠨ ᠵᠢᠭᠢᠷᠬᠡᠳᠡᠭ ᠪᠣᠯᠤᠭᠰᠠᠨ᠃
ᠮᠢᠨᠤ ᠡᠵᠢ ᠳᠦ… ᠭᠡᠵᠦ ᠪᠣᠳᠣᠭᠠᠳ ᠡᠵᠢ ᠶᠢᠨ ᠢᠶᠡᠨ ᠨᠢᠳᠦ ᠤᠷᠤᠭᠣ ᠭᠣᠷᠢᠳᠠᠨ ᠰᠢᠷᠲᠡᠲᠡᠯᠡ ᠶᠠᠮᠠᠷ ᠴᠤ ᠳᠣᠷᠣᠮᠵᠢᠯᠠᠯ ᠵᠠᠯᠬᠠᠭᠠᠯᠲᠠ ᠶᠢ ᠬᠦᠯᠢᠶᠡᠨ ᠵᠥᠪᠰᠢᠶᠡᠷᠡᠬᠦ ᠳᠦ ᠪᠡᠯᠡᠨ ᠬᠦᠯᠢᠴᠡᠩᠭᠦᠢ ᠪᠣᠷᠣ ᠨᠢᠳᠦ ᠠᠶᠢᠳᠠᠰ ᠢᠶᠠᠷ ᠮᠡᠯᠲᠡᠶᠢᠵᠦ ᠪᠠᠶᠢᠯ᠎ᠠ᠃ ᠲᠡᠭᠦᠨ ᠡᠴᠡ ᠬᠣᠶᠢᠰᠢ ᠪᠢ ᠡᠵᠢ ᠶᠢᠨ ᠢᠶᠡᠨ ᠨᠢᠳᠦᠨ ᠡᠴᠡ ᠳᠠᠯᠳᠢᠷᠳᠠᠭ ᠪᠣᠯᠤᠭᠰᠠᠨ᠃
ᠨᠠᠮ᠎ᠠ ᠶᠢ《ᠡᠮᠡᠭᠡ᠂ ᠡᠮᠡᠭᠡ》 ᠬᠡᠮᠡᠨ ᠭᠦᠶᠦᠵᠦ ᠣᠴᠢᠬᠤ ᠳᠤ ᠥᠭᠡᠳᠡ ᠡᠴᠡ ᠲᠣᠰᠤᠨ ᠴᠢᠳᠠᠯ ᠢᠶᠠᠷ ᠢᠶᠠᠨ ᠯᠠ ᠬᠤᠷᠳᠤᠯᠠᠨ ᠮᠠᠶᠢᠵᠢᠭᠢᠨᠠᠭᠰᠠᠭᠠᠷ ᠢᠷᠡᠳᠡᠭ᠂ ᠡᠨᠡ ᠣᠷᠴᠢᠯᠠᠩ ᠳᠤ ᠨᠠᠮ᠎ᠠ ᠶᠢ ᠬᠦᠮᠦᠨ ᠪᠣᠯᠵᠤ ᠲᠥᠷᠦᠭᠰᠡᠨ ᠳᠦ ᠮᠢᠨᠢ ᠪᠠᠶᠠᠷᠯᠠᠳᠠᠭ᠂ ᠮᠠᠭᠠᠳ ᠦᠭᠡᠢ ᠪᠠᠰᠠ ᠬᠠᠷᠠᠮᠰᠠᠳᠠᠭ ᠡᠮᠡᠭᠡ ᠶᠢᠨ ᠢᠶᠡᠨ ᠥᠭᠡᠳᠡ ᠡᠴᠡ ᠨᠤᠬᠤᠴᠠᠲᠠᠢ ᠬᠠᠷᠠᠲᠠᠯ᠎ᠠ 《ᠨᠠᠳᠠ ᠠᠴᠠ ᠬᠣᠶᠢᠰᠢ ᠶᠠᠭᠠᠬᠢᠨ᠎ᠠ ᠳ᠋ᠠ》 ᠭᠡᠬᠦ ᠢᠲᠡᠭᠡᠯ ᠠᠯᠳᠠᠷᠠᠭᠰᠠᠨ᠂ ᠠᠪᠤᠷᠠᠯ ᠡᠷᠢᠬᠦ ᠮᠡᠲᠦ ᠴᠥᠬᠦᠷᠡᠩᠭᠦᠢ ᠬᠠᠷᠠᠴᠠ ᠲᠠᠢ ᠲᠤᠯᠭᠠᠷᠠᠭᠠᠳ᠂ ᠪᠠᠰᠠ ᠯᠠ᠂ ᠳᠠᠬᠢᠨ ᠬᠠᠷᠠᠬᠤ ᠠᠴᠠ ᠭᠢᠷᠪᠢᠰᠢᠳᠡᠭ᠌ ᠪᠣᠯᠤᠯ᠎ᠠ᠃
ᠵᠡᠭᠦᠳᠦ ᠵᠥᠩ ᠤᠨ ᠢᠶᠡᠨ ᠬᠢᠵᠠᠭᠠᠷ ᠠᠴᠠ ᠴᠤ ᠲᠡᠷᠡ ᠨᠢᠳᠦ ᠶᠢ ᠬᠠᠶᠢᠵᠤ ᠦᠵᠡᠭᠰᠡᠨ᠃ ᠵᠢᠷᠦᠬᠡᠨ ᠦ ᠬᠢ ᠪᠡᠨ ᠭᠦᠨ ᠤᠷᠤᠭᠤ ᠤᠯᠠᠮ ᠰᠢᠭᠢᠳᠦᠨ ᠳᠣᠲᠣᠭᠰᠢᠯᠠᠬᠤ ᠭᠤᠨᠢᠭ ᠠᠴᠠ ᠪᠠᠨ ᠴᠤ ᠬᠠᠶᠢᠭᠰᠠᠨ᠃ ᠭᠡᠲᠡᠯ᠎ᠡ ᠡᠬᠡᠷ ᠲᠠᠲᠠᠨ ᠰᠡᠭᠦᠷᠡᠰᠦ ᠠᠯᠳᠠᠬᠤ ᠠᠴᠠ ᠥᠭᠡᠷ᠎ᠡ ᠶᠢ ᠮᠡᠳᠡᠷᠡᠭᠰᠡᠨ ᠦᠭᠡᠢ᠃
ᠪᠢ 《ᠮᠥᠷᠥᠭᠡᠳᠦᠯ ᠦᠨ ᠡᠭᠡᠴᠢ ᠲᠡᠢ》 ᠤᠴᠠᠷᠠᠭᠰᠠᠨ ᠲᠡᠷᠡ ᠡᠳᠦᠷ ᠡᠴᠡ ᠬᠣᠶᠢᠰᠢ ᠠᠩᠬᠠᠨ ᠤ ᠴᠠᠰᠤ ᠬᠠᠶᠠᠯᠠᠬᠤ ᠪᠣᠯᠭᠠᠨ ᠳᠤ ᠶᠡᠷᠦ ᠪᠤᠰᠤ ᠶᠢᠨ ᠴᠣᠪᠤᠭᠤ ᠴᠣᠯᠭᠢᠨ ᠢᠶᠠᠷ ᠰᠡᠳᠬᠢᠯ ᠬᠥᠭᠯᠡᠭᠳᠡᠨ᠂ ᠲᠡᠷᠲᠡᠭᠡ ᠳᠡᠭᠡᠷ᠎ᠡ ᠡᠴᠡ ᠨᠢᠰᠦᠨ ᠢᠷᠡᠬᠦ ᠢᠪᠡᠭᠡᠯ ᠬᠠᠶᠢᠷ᠎ᠠ ᠶᠢ ᠬᠦᠯᠢᠶᠡᠨ ᠴᠠᠭᠠᠨ ᠲᠩᠷᠢ ᠥᠭᠡᠳᠡ ᠶᠧᠯᠸᠢᠳᠡᠭᠦᠯᠦᠭᠰᠡᠨ ᠮᠡᠲᠦ ᠭᠥᠯᠢᠷᠡᠳᠡᠭ ᠪᠢᠯᠡ᠃ ᠭᠡᠪᠡᠴᠦ ᠲᠡᠷᠡ ᠡᠭᠡᠴᠢ ᠬᠠᠷᠢ ᠶᠢᠷᠲᠢᠨᠴᠦ ᠶᠢᠨ ᠭᠡᠭᠡᠨ ᠡᠴᠡ ᠲᠠᠰᠤᠷᠴᠣ ᠴᠠᠰᠤ ᠲᠠᠢ ᠬᠠᠮᠲᠤ ᠢᠷᠡᠭᠡᠳ ᠲᠡᠷᠡ ᠴᠠᠰᠣ ᠲᠠᠢ ᠪᠠᠨ ᠪᠤᠴᠠᠴᠢᠬᠠᠭᠰᠠᠨ ᠶᠤᠮ ᠰᠢᠭ…ᠣᠷᠣ ᠮᠥᠷ ᠦᠭᠡᠢ᠃
ᠬᠠᠷᠢᠨ ᠠᠮᠢᠳᠤᠷᠠᠯ ᠤᠨ ᠨᠤᠭᠤᠴᠢᠶᠠᠨ ᠳᠤᠮᠳᠠ ᠪᠦᠳᠦᠷᠢᠵᠦ ᠤᠨᠠᠭᠠᠳ ᠠᠶᠢᠳᠠᠰ ᠲᠦᠭᠰᠢᠭᠦᠷᠢ᠂ ᠭᠠᠰᠠᠯᠠᠩᠲᠤ ᠨᠢᠯᠪᠤᠰᠣᠠ ᠳᠤ ᠵᠢᠪᠪᠦᠬᠦ ᠳᠦ ᠥᠨᠥ ᠡᠭᠡᠴᠢ ᠵᠢᠷᠤᠰᠬᠢᠲᠡᠯᠡ ᠭᠡᠷᠡᠯᠲᠦᠭᠡᠳ 《ᠮᠢᠨᠤ ᠳᠡᠭᠦᠦ ᠪᠣᠰ》 ᠬᠡᠮᠡᠨ ᠠᠶᠠᠳᠠᠭᠤ ᠨᠠᠮᠤᠭᠤᠬᠠᠨ ᠴᠤ 《ᠴᠢ ᠴᠢᠳᠠᠨ᠎ᠠ》 ᠭᠡᠰᠡᠨ ᠢᠲᠡᠭᠡᠯ ᠲᠡᠢ ᠰᠡᠷᠭᠦᠯᠡᠩ ᠥᠩᠭᠡ ᠪᠡᠷ ᠬᠡᠯᠡᠵᠦ᠂ ᠵᠢᠷᠦᠬᠡ ᠰᠡᠳᠬᠢᠯ ᠦᠨ ᠮᠢᠨᠢ ᠰᠢᠷᠬ᠎ᠠ ᠶᠢ ᠢᠯᠠᠷᠢᠰᠢᠭᠤᠯᠵᠤ ᠣᠷᠬᠢᠭᠠᠳ ᠯᠠ ᠠᠯᠠᠭ᠎ᠠ ᠪᠣᠯᠴᠢᠬᠠᠨ᠎ᠠ᠃
ᠲᠡᠷᠡ ᠬᠦᠢᠲᠡᠨ ᠴᠠᠰᠤᠨ ᠠᠴᠠ 《ᠮᠥᠷᠥᠭᠡᠳᠦᠯ ᠦᠨ ᠡᠭᠡᠴᠢ ᠮᠢᠨᠢ》 ᠨᠠᠮ᠎ᠠ ᠶᠢ ᠲᠠᠲᠠᠵᠤ ᠭᠠᠷᠭᠠᠭ᠎ᠠ ᠦᠭᠡᠢ ᠪᠣᠯ ᠮᠢᠨᠤ ᠰᠡᠳᠬᠢᠯ ᠲᠡᠷᠡ ᠴᠢᠭ ᠲᠦ ᠪᠡᠨ ᠴᠠᠷᠴᠠᠬᠤ ᠪᠠᠶᠢᠭᠰᠠᠨ ᠪᠢᠵᠡ ᠡ᠃
ᠪᠡᠭᠡᠷᠡᠵᠦ ᠤᠯᠠᠶᠢᠰᠤᠨ ᠭᠠᠷ ᠢ ᠮᠢᠨᠢ ᠠᠳᠬᠤᠭᠰᠠᠨ ᠬᠠᠯᠠᠭᠤᠨ ᠢᠯᠴᠢ ᠯᠠ ᠥᠨᠥ ᠪᠣᠯᠲᠠᠯ᠎ᠠ ᠮᠢᠨᠤ ᠰᠤᠳᠠᠰᠤ ᠪᠠᠷ ᠭᠦᠶᠦᠵᠦ᠂ ᠭᠤᠳᠤᠮᠯᠠᠭᠰᠠᠨ ᠬᠠᠷᠠᠩᠭᠤᠢ ᠬᠠᠪᠴᠢᠯ ᠮᠡᠲᠦ ᠠᠮᠢᠳᠤᠷᠠᠯ ᠢ ᠲᠡᠷᠡ ᠡᠷᠴᠢᠮ ᠬᠦᠴᠥ ᠪᠡᠷ ᠲᠤᠭᠤᠯᠵᠤ ᠶᠠᠪᠤᠭ᠎ᠠ ᠴᠤ ᠶᠤᠮ ᠰᠢᠭ…
ᠬᠣᠵᠢᠮ ᠲᠦᠢᠮᠡᠷ ᠰᠢᠭ ᠳᠦᠷᠡᠯᠵᠡᠬᠦ ᠳᠤᠷᠠᠯᠠᠯ ᠳᠤ ᠪᠠᠨ ᠰᠢᠲᠠᠭᠰᠠᠨ ᠠᠮᠠᠷᠠᠭ ᠪᠦᠰᠡᠭᠦᠢ ᠶᠢᠨ ᠢᠶᠡᠨ ᠨᠢᠳᠦᠨ ᠡᠴᠡ ᠲᠡᠷᠡ ᠬᠠᠷᠠᠴᠠ ᠶᠢ ᠤᠯᠬᠤ ᠭᠡᠵᠦ ᠰᠢᠨᠤᠯ ᠲᠠᠢ ᠪᠠᠷ ᠴᠣᠭᠤ ᠰᠢᠷᠲᠡᠲᠡᠯᠡ᠂ ᠲᠡᠷᠡᠨ ᠦ ᠮᠢᠨᠢ ᠨᠢᠳᠦ ᠬᠠᠷᠢᠨ᠂ ᠨᠠᠳᠠ ᠠᠴᠠ ᠬᠢᠵᠠᠭᠠᠷ ᠦᠭᠡᠢ ᠶᠡᠬᠡ ᠬᠠᠶᠢᠷ᠎ᠠ ᠶᠢ ᠴᠥᠬᠦᠷᠡᠯᠲᠡ ᠦᠭᠡᠢ ᠨᠡᠬᠡᠨ ᠮᠡᠯᠮᠡᠷᠡᠵᠥ ᠪᠠᠶᠢᠯ᠎ᠠ᠃
ᠲᠦᠮᠡᠲᠦ ᠰᠢᠨ᠎ᠡ ᠬᠥᠷᠪᠡᠭᠦᠯᠪᠡ
6 0