  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1790945
   1251

ᠰᠢᠯᠢᠨᠭᠣᠣᠯ ᠤᠨ ᠲᠠᠯ᠎ᠠ ᠨᠤᠲᠤᠭ ᠢᠶᠡᠷ

ᠠᠶᠠᠯᠠᠯ ᠤᠨ ᠡᠬᠢᠨ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠢᠯᠢᠩᠭᠣᠣᠯ ᠠᠶᠢᠮᠠᠭ ᠢᠶᠠᠷ ᠰᠤᠷᠪᠤᠯᠵᠢᠯᠠᠬᠤ ᠠᠵᠢᠯ ᠢᠶᠠᠷ ᠶᠠᠪᠤᠭᠠᠳ ᠢᠷᠡᠯ᠎ᠡ᠃ ᠡᠷᠢᠶᠡᠨ ᠬᠣᠲᠠ ᠠᠴᠠ ᠰᠢᠯᠢᠨᠬᠣᠲᠠ ᠬᠦᠷᠲᠡᠯ᠎ᠡ 340 ᠺᠢᠯᠣᠮᠧᠲ᠋ᠷ᠃ ᠥᠪᠥᠷ ᠮᠣᠩᠭᠣᠯ ᠤᠨ ᠡᠯᠴᠢᠯ ᠦᠭᠡᠢ ᠶᠡᠬᠡ ᠲᠠᠯ᠎ᠠ ᠲᠠᠪᠠᠭ ᠰᠥᠯ ᠲᠡᠢ ᠰᠢᠷᠭᠠᠯ ᠡᠪᠡᠰᠦ ᠪᠡᠷ ᠬᠠᠯᠢᠭᠤᠷᠠᠵᠤ ᠨᠠᠮᠤᠷ ᠣᠷᠣᠢ ᠶᠢᠨ ᠰᠡᠷ ᠰᠡᠷ ᠰᠠᠯᠬᠢᠨ ᠳᠤ ᠬᠠᠮᠬᠤᠤᠯ ᠡᠪᠡᠰᠦ ᠳᠡᠩᠳᠡᠭᠡᠨᠡᠨ ᠬᠠᠮᠢᠭ᠎ᠠ ᠨᠢᠭᠡᠲᠡᠭᠡ ᠶᠢ ᠵᠣᠷᠢᠬᠤ ᠦᠵᠡᠭᠳᠡᠨ᠎ᠡ᠃
        6600     
2018-11-22 21:48    
发表于:内蒙古
ᠰᠢᠯᠢᠨᠭᠣᠣᠯ ᠤᠨ ᠲᠠᠯ᠎ᠠ ᠨᠤᠲᠤᠭ ᠢᠶᠡᠷ -- ᠠᠶᠠᠨ ᠵᠠᠮ ᠤᠨ ᠲᠡᠮᠳᠡᠭᠯᠡᠯ ᠠᠶᠠᠯᠠᠯ ᠤᠨ ᠡᠬᠢᠨ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠢᠯᠢᠩᠭᠣᠣᠯ ᠠᠶᠢᠮᠠᠭ ᠢᠶᠠᠷ ᠰᠤᠷᠪᠤᠯᠵᠢᠯᠠᠬᠤ ᠠᠵᠢᠯ ᠢᠶᠠᠷ ᠶᠠᠪᠤᠭᠠᠳ ᠢᠷᠡᠯ᠎ᠡ᠃ ᠡᠷᠢᠶᠡᠨ ᠬᠣᠲᠠ ᠠᠴᠠ ᠰᠢᠯᠢᠨᠬᠣᠲᠠ ᠬᠦᠷᠲᠡᠯ᠎ᠡ 340 ᠺᠢᠯᠣᠮᠧᠲ᠋ᠷ᠃ ᠥᠪᠥᠷ ᠮᠣᠩᠭᠣᠯ ᠤᠨ ᠡᠯᠴᠢᠯ ᠦᠭᠡᠢ ᠶᠡᠬᠡ ᠲᠠᠯ᠎ᠠ ᠲᠠᠪᠠᠭ ᠰᠥᠯ ᠲᠡᠢ ᠰᠢᠷᠭᠠᠯ ᠡᠪᠡᠰᠦ ᠪᠡᠷ ᠬᠠᠯᠢᠭᠤᠷᠠᠵᠤ ᠨᠠᠮᠤᠷ ᠣᠷᠣᠢ ᠶᠢᠨ ᠰᠡᠷ ᠰᠡᠷ ᠰᠠᠯᠬᠢᠨ ᠳᠤ ᠬᠠᠮᠬᠤᠤᠯ ᠡᠪᠡᠰᠦ ᠳᠡᠩᠳᠡᠭᠡᠨᠡᠨ ᠬᠠᠮᠢᠭ᠎ᠠ ᠨᠢᠭᠡᠲᠡᠭᠡ ᠶᠢ ᠵᠣᠷᠢᠬᠤ ᠦᠵᠡᠭᠳᠡᠨ᠎ᠡ᠃︽ᠦᠵᠦᠮᠦᠴᠢᠨ ᠦ ᠲᠠᠯ᠎ᠠ︾ ᠭᠡᠬᠦ ᠡᠨᠡ ᠨᠤᠲᠤᠭ ᠬᠢᠲᠠᠳ ᠣᠷᠣᠨ ᠤ ᠠᠯᠳᠠᠷᠲᠤ ᠳᠥᠷᠪᠡᠨ ᠶᠡᠬᠡ ᠲᠠᠯ᠎ᠠ ᠶᠢᠨ ᠨᠢᠭᠡ ᠠᠵᠢ᠃ ᠰᠠᠭᠤᠷᠢ ᠰᠠᠭᠤᠷᠢ ᠪᠠᠷ ᠬᠣᠨᠢ᠂ ᠦᠬᠡᠷ᠂ ᠠᠳᠤᠭᠤ᠂ ᠲᠡᠷᠡ ᠴᠤ ᠪᠤᠤ ᠬᠡᠯᠡ ᠲᠡᠮᠡᠭᠡ ᠪᠡᠯᠴᠢᠭᠡᠷᠯᠡᠨ ᠠᠬᠤᠢ ᠨᠢ ᠡᠭᠡᠭᠡ ᠯᠠ ᠮᠣᠩᠭᠣᠯ ᠤᠨ ᠲᠠᠯ᠎ᠠ ᠨᠤᠲᠤᠭ᠃ ᠬᠠᠶᠠ ᠭᠠᠭᠴᠠ ᠨᠢᠭᠡ ᠭᠡᠷ ᠴᠤ ᠦᠵᠡᠭᠳᠡᠬᠦ ᠶᠤᠮ᠃ ᠵᠠᠮ ᠳᠤ ᠡᠬᠢᠨ ᠦ ᠲᠠᠭᠠᠷᠠᠭᠰᠠᠨ ᠬᠣᠰᠢᠭᠤᠨ ᠤ ᠲᠥᠪ ᠵᠡᠭᠦᠨ ᠰᠥᠨᠢᠳ᠃ ᠡᠨᠡ ᠨᠤᠲᠤᠭ ᠢᠯᠡᠭᠦᠦ ᠨᠤᠭᠤᠯᠤᠮᠠᠳᠤ ᠮᠣᠩᠭᠣᠯ ᠬᠣᠨᠢ ᠪᠠᠷ ᠢᠶᠠᠨ ᠠᠯᠳᠠᠷᠲᠠᠢ᠃ ᠬᠣᠲᠠ ᠤᠷᠤᠭᠤ ᠤᠷᠤᠬᠤ ᠵᠠᠮ ᠳᠠᠬᠢ ᠥᠨᠳᠥᠷᠯᠢᠭ ᠲᠦ ᠭᠤᠷᠪᠠᠨ ᠲᠡᠰᠢ ᠬᠠᠷᠠᠭᠠᠳ ᠵᠣᠭᠰᠣᠵᠤ ᠪᠤᠢ ᠬᠠᠷ᠎ᠠ ᠨᠢᠳᠦᠨ ᠬᠣᠨᠢᠨ ᠤ ᠬᠤᠨ ᠴᠠᠭᠠᠨ ᠪᠠᠷᠢᠮᠠᠯ ᠵᠠᠯᠠᠭᠰᠠᠨ ᠨᠢ ᠡᠭᠦᠨ ᠢ ᠶᠠᠮᠠᠷ ᠨᠢᠭᠡ ᠲᠠᠶᠢᠯᠪᠤᠷᠢ ᠦᠭᠡᠢ ᠪᠡᠷ ᠣᠶᠢᠯᠠᠭᠠᠭᠤᠯᠤᠨ᠎ᠠ᠃ ᠵᠢᠷᠠᠭᠠᠳ ᠣᠨ ᠤ ᠳᠤᠮᠳᠠᠭᠤᠷ ᠪᠡᠯᠡᠳᠬᠡᠯ ᠦᠨ ᠠᠳᠤᠭᠤ ᠲᠠᠭᠤᠭᠰᠠᠨ ᠡᠪᠦᠭᠡ ᠳᠡᠭᠡᠳᠦᠰ ᠮᠠᠨᠢ ᠬᠢᠲᠠᠳ ᠤᠨ ᠬᠢᠯᠢ ᠳᠠᠪᠠᠵᠤ ᠰᠥᠨᠢᠳ ᠴᠠᠭᠠᠨ ᠣᠪᠣᠭ᠎ᠠ ᠬᠦᠷᠴᠦ ᠲᠤᠰᠢᠶᠠᠭᠠᠳ ᠢᠷᠡᠭᠰᠡᠨ ᠢᠶᠡᠨ ᠬᠠᠭᠤᠴᠢᠯᠠᠳᠠᠭ ᠰᠠᠨ᠃ ᠪᠠᠭ᠎ᠠ ᠳᠤ ᠪᠠᠨ ᠰᠣᠨᠣᠰᠤᠭᠰᠠᠨ ᠲᠡᠷᠡ ᠭᠠᠵᠠᠷ ᠢ ᠨᠤᠲᠤᠭ ᠤᠨ ᠥᠪᠥᠷ ᠮᠣᠩᠭᠣᠯ ᠨᠢᠭᠡᠨ ᠡᠴᠡ ᠠᠰᠠᠭᠤᠪᠠᠯ ᠮᠣᠩᠭᠣᠯ ᠤᠯᠤᠰ ᠤᠨ ᠬᠢᠯᠢ᠂ ᠰᠥᠨᠢᠳ ᠬᠣᠰᠢᠭᠤ ᠬᠣᠶᠠᠷ ᠤᠨ ᠲᠡᠭ ᠭᠣᠣᠯ ᠳᠤ ᠪᠠᠶᠢᠭ᠎ᠠ ᠶᠢ ᠬᠡᠯᠡᠨ᠎ᠡ ᠯᠡ᠃ ᠰᠥᠨᠢᠳ ᠬᠣᠰᠢᠭᠤ ᠭᠡᠰᠡᠨ ᠡᠴᠡ ᠮᠢᠩᠭ᠎ᠠ ᠶᠢᠰᠦᠨ ᠵᠠᠭᠤ ᠭᠤᠴᠢᠭᠠᠳ ᠣᠨ ᠤ ᠬᠢᠯᠢ ᠳᠠᠮᠨᠠᠭᠰᠠᠨ ᠶᠡᠬᠡ ᠨᠡᠭᠦᠳᠡᠯ ᠦᠨ ᠲᠤᠬᠠᠢ ᠰᠡᠳᠬᠢᠯ ᠳᠦ ᠵᠢᠷᠤᠰᠬᠢᠨ ᠣᠷᠣᠵᠤ ᠢᠷᠡᠯ᠎ᠡ᠃ ᠮᠣᠩᠭᠣᠯ ᠤᠨ᠂ ᠲᠡᠭᠦᠨ ᠦ ᠳᠣᠲᠣᠷ᠎ᠠ ᠮᠠᠨ ᠤ ᠳᠤᠮᠳᠠᠭᠣᠪᠢ ᠠᠴᠠ ᠣᠯᠠᠨ ᠠᠶᠢᠯ ᠡᠷᠦᠬᠡ ᠶᠡᠬᠡ ᠨᠡᠭᠦᠳᠡᠯ ᠳᠦ ᠥᠷᠲᠥᠨ ᠬᠢᠯᠢ ᠳᠠᠪᠠᠵᠤ ᠡᠨᠡ ᠰᠥᠨᠢᠳ ᠬᠣᠰᠢᠭᠤᠨ ᠤ ᠨᠤᠲᠤᠭ ᠲᠤ ᠠᠷᠪᠠ ᠭᠠᠷᠤᠢ ᠵᠢᠯ ᠰᠠᠭᠤᠷᠢᠰᠢᠭᠰᠠᠨ ᠶᠤᠮ ᠪᠢᠯᠡ᠃ ᠡᠨᠡ ᠶᠡᠬᠡ ᠨᠡᠭᠦᠳᠡᠯ ᠦᠨ ᠠᠮᠢᠳᠤ ᠭᠡᠷᠡᠴᠢ ᠥᠯᠵᠡᠶᠢᠲᠦ ᠰᠤᠮᠤᠨ ᠳᠤ ᠪᠠᠨ ᠡᠩᠬᠡ ᠲᠤᠩᠬ᠎ᠠ ᠠᠵᠤ ᠲᠥᠷᠦᠵᠦ ᠶᠡᠷᠡ ᠭᠠᠷᠤᠢ ᠨᠠᠰᠤ ᠵᠣᠭᠣᠭᠯᠠᠭᠠᠳ ᠪᠠᠶᠢᠭ᠎ᠠ ᠨᠢᠮ᠎ᠠ ᠶᠢᠨ ᠴᠠᠭᠠᠨ-ᠡᠪᠦᠭᠡᠨ ᠭᠤᠸᠠᠢ ᠰᠥᠨᠢᠳ ᠬᠣᠰᠢᠭᠤ ᠪᠠᠷ ᠨᠤᠲᠤᠭᠯᠠᠵᠤ ᠪᠠᠶᠢᠭᠰᠠᠨ ᠢᠶᠠᠨ᠂ ᠲᠡᠷᠡ ᠴᠤ ᠪᠤᠤ ᠬᠡᠯᠡ ᠪᠠᠭ᠎ᠠ ᠪᠠᠯᠴᠢᠷ ᠲᠤ ᠪᠠᠨ ᠳ᠋ᠢᠯᠠᠪᠠ ᠬᠤᠲᠤᠭᠲᠤ ᠵᠠᠮᠰᠠᠷᠠᠨᠵᠠᠪ ᠭᠡᠬᠦ ᠲᠡᠦᠬᠡᠨ ᠬᠦᠮᠦᠨ ᠦ ᠬᠦᠵᠦᠭᠦᠨ ᠳᠡᠭᠡᠷ᠎ᠡ ᠮᠣᠷᠳᠠᠨ ᠡᠷᠬᠡᠯᠡᠵᠦ ᠪᠠᠶᠢᠭᠰᠠᠨ ᠢᠶᠠᠨ ᠬᠠᠭᠤᠴᠢᠯᠠᠳᠠᠭ᠃ ᠠᠬᠠᠮᠠᠳ ᠰᠡᠳᠬᠦᠯᠴᠢ ᠪᠠᠳᠠᠷᠠᠬᠤ ᠶᠢᠨ ᠮᠠᠶᠢᠮᠠᠭ᠎ᠠ ᠶᠢᠨ ᠣᠯᠵᠤ ᠰᠤᠷᠪᠤᠯᠵᠢᠯᠠᠭᠰᠠᠨ ᠢᠶᠠᠷ ᠰᠥᠨᠢᠳ ᠬᠣᠰᠢᠭᠤᠨ ᠤ ᠭᠤᠷᠪᠠᠨ-ᠤᠰᠤᠨ ᠤ ᠬᠡᠶᠢᠳ ᠣᠷᠴᠢᠮ ᠳᠤ ᠨᠤᠲᠤᠭᠯᠠᠵᠤ ᠠᠭᠰᠠᠨ ᠴᠠᠭᠠᠨ-ᠡᠪᠦᠭᠡᠨ ᠭᠤᠸᠠᠶ ᠲᠠᠢ ᠶᠡᠬᠡ ᠬᠤᠲᠤᠭᠲᠤ ᠠᠶᠢᠯᠰᠠᠨ ᠴᠠᠭᠠᠨ ᠭᠡᠭᠦᠦ ᠶᠢᠨ ᠰᠠᠭᠠᠮ᠎ᠠ ᠤᠤᠭᠤᠬᠤ ᠵᠠᠭᠤᠷ᠎ᠠ ᠲᠡᠳᠡᠨ ᠦ ᠬᠢ ᠪᠠᠷᠢᠨᠲᠠᠭ ᠲᠠᠢ ᠨᠣᠮ ᠳᠤ ᠪᠠᠨ ᠬᠤᠲᠤᠭᠲᠤ ᠪᠠᠷ ︽ᠰᠠᠯᠬᠢ ᠣᠷᠣᠭᠤᠯᠭᠠᠵᠤ︾ ᠠᠳᠢᠰ ᠬᠦᠷᠲᠡᠵᠡᠭᠡᠵᠦ ᠯᠠ ᠳ᠋ᠡ᠃ ᠢᠩᠭᠢᠬᠦ ᠳᠦ ᠪᠡᠨ ᠶᠡᠬᠡ ᠬᠤᠲᠤᠭᠲᠤ ︽ᠠᠯᠲᠠᠨᠭᠡᠷᠡᠯ︾ ᠰᠤᠳᠤᠷ ᠲᠤ ᠨᠢ ᠥᠪᠡᠷ ᠦᠨ ᠨᠢᠭᠡᠨ ᠵᠢᠷᠤᠭ ᠢᠶᠡᠨ ᠦᠯᠡᠳᠡᠭᠡᠭᠰᠡᠨ ᠢ ᠬᠣᠵᠢᠭᠤ ᠮᠡᠳᠡᠵᠦ ᠬᠡᠪᠯᠡᠯ ᠳᠦ ᠨᠢᠭᠡ ᠴᠤ ᠤᠳᠠᠭ᠎ᠠ ᠭᠠᠷᠤᠭ᠎ᠠ ᠦᠭᠡᠢ ᠲᠡᠷᠡ ᠵᠢᠷᠤᠭ ᠢ ᠣᠳᠣ ᠴᠤ ᠨᠠᠨᠳᠢᠩᠨᠠᠨ ᠬᠠᠳᠠᠭᠠᠯᠠᠵᠤ ᠶᠠᠪᠤᠭ᠎ᠠ ᠭᠡᠰᠡᠨ᠃ ᠲᠡᠷᠡ ᠶᠡᠬᠡ ᠨᠡᠭᠦᠳᠡᠯ ᠢᠶᠡᠷ ᠰᠥᠨᠢᠳ ᠲᠤ ᠣᠯᠠᠨ ᠵᠢᠯ ᠠᠵᠤ ᠲᠥᠷᠦᠭᠡᠳ ᠨᠤᠲᠤᠭ ᠲᠤ ᠪᠠᠨ ᠢᠷᠡᠭᠰᠡᠨ ᠬᠤᠯᠠᠳᠤ ᠰᠤᠮᠤ ᠶᠢᠨ ᠤᠤᠭᠠᠯ ᠡᠮᠡᠭᠲᠡᠢ ᠫᠠᠭᠮᠠ ᠶᠢᠨ ᠰᠣᠳᠨᠠᠮᠰᠡᠷᠡᠩ ᠠᠭᠰᠠᠨ ᠳ᠋ᠢᠯᠠᠪᠠ ᠬᠤᠲᠤᠭᠲᠤ ᠶᠢᠨ ᠥᠷᠥᠭᠡᠰᠦᠨ ᠲᠣᠷᠭᠠᠨ ᠱᠠᠬᠠᠢ ᠬᠠᠳᠠᠭᠠᠯᠠᠵᠤ ᠶᠡᠬᠡᠳᠡ ᠨᠢᠭᠤᠴᠠᠯᠠᠨ ᠰᠢᠲᠦᠭᠰᠡᠭᠡᠷ ᠢᠷᠡᠭᠰᠡᠨ ᠨᠢ ᠣᠳᠣ ᠴᠤ ᠨᠤᠲᠤᠭ ᠤᠨ ᠨᠢᠭᠡᠨ ᠠᠶᠢᠯ ᠳᠤ ᠬᠠᠳᠠᠭᠠᠯᠠᠭᠳᠠᠵᠤ ᠪᠠᠶᠢᠭ᠎ᠠ ᠶᠢ ᠪ ᠊ ᠨᠠᠶᠢᠮᠠᠢ ᠪᠢᠴᠢᠭᠰᠡᠨ ᠢ ᠡᠨᠳᠡ ᠰᠠᠨᠠᠯ᠎ᠠ᠃ ᠰᠥᠨᠢᠳ ᠲᠡᠢ ᠵᠠᠯᠭᠠᠭᠠᠳ ᠠᠪᠠᠭ᠎ᠠ ᠬᠣᠰᠢᠭᠤᠨ ᠤ ᠨᠤᠲᠤᠭ ᠦᠷᠭᠦᠯᠵᠢᠯᠡᠨ᠎ᠡ᠃ ᠠᠪᠠᠭ᠎ᠠ ᠭᠡᠵᠦ ᠰᠣᠨᠣᠰᠤᠩᠭᠤᠲᠠ ᠮᠠᠨ ᠤ ᠳᠤ ᠥᠷᠭᠡᠨ ᠲᠠᠷᠬᠠᠭᠰᠠᠨ ᠠᠷᠠᠳ ᠤᠨ ᠨᠢᠭᠡᠨ ᠳᠠᠭᠤᠨ ᠤ ᠦᠭᠡ᠂ ᠠᠶ᠎ᠠ ᠰᠠᠨᠠᠭᠠᠨ ᠳᠤ ᠪᠠᠭᠤᠬᠤ ᠲᠡᠳᠦᠢ ᠦᠭᠡᠢ ᠬᠣᠵᠢᠮ ᠤᠨ ᠬᠢᠯᠢ ᠵᠠᠭᠠᠭᠯᠠᠭᠰᠠᠨ ᠯᠠ ᠪᠣᠯᠬᠤ ᠠᠴᠠ ᠪᠢᠰᠢ ᠶᠠᠭᠠᠬᠢᠬᠤ ᠠᠷᠭ᠎ᠠ ᠦᠭᠡᠢ ᠨᠢᠭᠡ ᠬᠡᠯᠡ ᠲᠡᠢ᠂ ᠨᠢᠭᠡ ᠵᠠᠩ ᠦᠢᠯᠡ ᠲᠡᠢ᠂ ᠡᠯᠢᠭᠡ ᠨᠢᠭᠡᠲᠦ ᠠᠬᠠᠨ ᠳᠡᠭᠦᠥᠰ ᠦᠨ ᠨᠤᠲᠤᠭ ᠢᠶᠠᠷ ᠵᠣᠷᠴᠢᠵᠤ ᠶᠠᠪᠤᠭ᠎ᠠ ᠪᠠᠨ ᠤᠬᠠᠭᠠᠷᠠᠬᠤ ᠪᠤᠶᠤ᠃ ︽ᠠᠪᠠᠭ᠎ᠠ ᠶᠢᠨ ᠴᠠᠭᠠᠨ ᠠᠭᠤᠯᠠᠨ ᠳᠤ ᠨᠢ ᠬᠥ ᠠᠭᠠᠷ ᠤᠨ ᠪᠤᠳᠠᠩ ᠴᠠᠶᠢᠷᠠᠭᠠᠳ ᠪᠠᠶᠢᠨ᠎ᠠ ᠳ᠋ᠠ ᠬᠥ ᠠᠮᠠᠷᠠᠭ ᠴᠢᠮ᠎ᠠ ᠪᠠᠨ ᠪᠣᠳᠣᠬᠤᠯᠠᠷ ᠨᠢ ᠬᠥ ᠠᠶᠠᠭ᠎ᠠ ᠲᠠᠢ ᠴᠠᠢ ᠪᠠᠨ ᠤᠤᠭᠤᠬᠤ ᠠᠴᠠ ᠳᠤᠷ᠎ᠠ ᠦᠭᠡᠢ ᠬᠥ ᠴᠢᠨᠠᠳᠤ ᠶᠢᠨ ᠴᠠᠭᠠᠨ ᠠᠭᠤᠯᠠᠨ ᠳᠤ ᠨᠢ ᠬᠥ ᠴᠠᠰᠤᠨ ᠤ ᠪᠤᠳᠠᠩ ᠴᠠᠶᠢᠷᠠᠭᠠᠳ ᠪᠠᠶᠢᠨ᠎ᠠ ᠳ᠋ᠠ ᠬᠥ ᠴᠢᠷᠠᠶᠢᠯᠢᠭ ᠴᠢᠮ᠎ᠠ ᠪᠠᠨ ᠪᠣᠳᠣᠬᠤᠯᠠᠷ ᠨᠢ ᠬᠥ ᠴᠠᠢ ᠪᠠᠨ ᠤᠤᠭᠤᠬᠤ ᠠᠴᠠ ᠳᠤᠷ᠎ᠠ ᠦᠭᠡᠢ ᠪᠠᠶᠢᠨ᠎ᠠ ᠬᠥ︾ ᠬᠡᠮᠡᠬᠦ ᠰᠡᠳᠬᠢᠯ ᠳᠦ ᠬᠣᠨᠣᠭᠰᠢᠭᠰᠠᠨ ᠦᠭᠡ ᠡᠴᠡ ᠡᠭᠦᠳᠥᠨ ᠪᠢᠳᠡᠨ ᠦ ᠬᠥᠲᠥᠴᠢ ᠪᠡᠷ ᠶᠠᠪᠤᠭ᠎ᠠ ᠰᠢᠯᠢᠢᠩᠭᠣᠯ ᠠᠶᠢᠮᠠᠭ ᠤᠨ ᠠᠪᠠᠭ᠎ᠠ ᠬᠣᠰᠢᠭᠤᠨ ᠤ ᠴᠠᠭᠠᠨᠨᠠᠭᠤᠷ ᠪᠠᠯᠭᠠᠰᠤᠨ ᠤ ᠥᠷᠭᠡᠨ-ᠤᠨᠳᠤᠷᠤᠯ ᠭᠠᠴᠠᠭᠠᠨ ᠤ ᠮᠠᠯᠴᠢᠨ ᠠᠳᠢᠶ᠎ᠠ ᠭᠤᠸᠠᠢ ᠲᠠᠢ ᠶᠠᠷᠢᠯᠴᠠᠬᠤ ᠵᠠᠪᠰᠢᠶᠠᠨ ᠣᠯᠳᠠᠯ᠎ᠠ᠃ ᠡᠳᠦᠭᠡ 74 ᠨᠠᠰᠤ ᠶᠢ ᠵᠣᠭᠣᠭᠯᠠᠭᠰᠠᠨ ᠡᠨᠡ ᠡᠷᠬᠢᠮ ᠢ ᠠᠩᠬ᠎ᠠ ᠬᠠᠷᠠᠬᠤ ᠳᠤ ᠪᠠᠨ ᠵᠢᠷᠠ ᠵᠢᠭᠠᠬᠠᠨ ᠭᠠᠷᠤᠭᠰᠠᠨ ᠪᠣᠯᠪᠠ ᠦᠦ ᠭᠡᠵᠦ ᠪᠣᠳᠣᠭᠰᠠᠨ ᠨᠢ ᠡᠨᠳᠡᠭᠦᠷᠡᠯ ᠪᠠᠶᠢᠯ᠎ᠠ᠃ ᠵᠠᠮ ᠵᠠᠭᠤᠷ᠎ᠠ ᠶᠡᠬᠡ ᠲᠠᠯ᠎ᠠ ᠶᠢᠨ ᠳᠤᠮᠳᠠ ᠠᠯᠤᠰ ᠲᠤ ᠲᠣᠷᠣᠯᠵᠠᠨ ᠡᠷᠬᠢᠮᠰᠦᠭ ᠤᠷᠤᠰᠢᠬᠤ ᠬᠠᠶᠢᠷᠬᠠᠨ ᠢ ᠨᠥᠭᠥᠭᠡ ᠠᠷᠠᠳ ᠤᠨ ᠳᠠᠭᠤᠨ ᠳᠤ ᠮᠥᠩᠬᠡᠷᠡᠭᠰᠡᠨ ᠠᠪᠠᠭ᠎ᠠ ᠶᠢᠨ ᠴᠠᠭᠠᠨ ᠠᠭᠤᠯᠠ ᠨᠢ ᠪᠢᠰᠢ ᠪᠠᠶᠢᠭ᠎ᠠ ᠳ᠋ᠠ ᠭᠡᠵᠦ ᠪᠣᠳᠣᠭᠠᠳ ᠯᠠᠪᠯᠠᠪᠠᠯ ᠠᠳᠢᠶ᠎ᠠ ᠭᠤᠸᠠᠢ ︽ᠲᠡᠷᠡ ᠴᠢᠨᠢ ᠴᠢᠩᠭᠢᠰ ᠪᠣᠭᠳᠠ ᠠᠭᠤᠯᠠ ᠳ᠋ᠠ᠃ ᠠᠪᠠᠭ᠎ᠠ ᠬᠣᠰᠢᠭᠤᠨ ᠤ ᠲᠥᠪ ᠡᠴᠡ ᠪᠠᠷᠠᠭᠤᠨ ᠬᠣᠶᠢᠰᠢ 45 ᠺᠢᠯᠣᠮᠧᠲ᠋ᠷ ᠲᠤ ᠪᠠᠶᠢᠭ᠎ᠠ ᠨᠢ ᠲᠡᠷᠡ᠃ ᠲᠣᠳᠣᠷᠬᠠᠢ ᠨᠢᠭᠡ ᠴᠡᠭ ᠡᠴᠡ ᠶᠡᠬᠡ ᠡᠵᠡᠨ ᠪᠣᠭᠳᠠ ᠴᠢᠩᠭᠢᠰ ᠲᠦᠷᠦᠭᠰᠡᠨ ᠨᠤᠲᠤᠭ ᠤᠷᠤᠭᠤ ᠪᠠᠨ ᠬᠠᠷᠠᠭ᠎ᠠ ᠪᠡᠯᠴᠢᠭᠡᠨ ᠬᠠᠵᠠᠭᠤᠯᠳᠠᠵᠤ ᠠᠯᠵᠢᠶᠠᠯ ᠲᠠᠶᠢᠯᠤᠨ ᠠᠮᠤᠰᠬᠢᠵᠤ ᠪᠠᠶᠢᠭ᠎ᠠ ᠳᠦᠷᠢ ᠲᠡᠢ ᠬᠠᠷᠠᠭᠳᠠᠳᠠᠭ ᠠᠭᠤᠯᠠ᠃ ᠲᠠᠷᠯᠠᠨ ᠴᠠᠰᠤ ᠲᠠᠢ ᠦᠶ᠎ᠡ ᠳᠦ ᠰᠠᠬᠠᠯ ᠦᠰᠦ ᠨᠢ ᠴᠤ ᠲᠣᠳᠣᠷᠠᠭᠠᠳ ᠪᠠᠶᠢᠬᠤ ᠰᠢᠭ ᠰᠠᠨᠠᠭᠳᠠᠳᠠᠭ᠃ ᠬᠠᠷᠢᠨ ᠲᠠᠨ ᠤ ᠠᠰᠠᠭᠤᠭᠠᠳ ᠪᠠᠶᠢᠭ᠎ᠠ ᠠᠪᠠᠭ᠎ᠠ ᠶᠢᠨ ᠴᠠᠭᠠᠨ ᠠᠭᠤᠯᠠ ᠬᠣᠰᠢᠭᠤᠨ ᠤ ᠲᠥᠪ ᠡᠴᠡ ᠬᠡᠳᠦᠬᠡᠨ ᠺᠢᠯᠣᠮᠧᠲ᠋ᠷ ᠲᠤ᠂ ᠣᠳᠣ ᠪᠠᠷᠤᠭ ᠬᠠᠷᠠᠭᠳᠠᠵᠤ ᠪᠠᠶᠢᠨ᠎ᠠ᠃ ᠠᠪᠠᠭᠠᠴᠣᠤᠯ ᠦᠶ᠎ᠡ ᠶᠢᠨ ᠦᠶ᠎ᠡ ᠳᠦ ᠲᠠᠬᠢᠵᠤ ᠰᠢᠲᠦᠭᠰᠡᠭᠡᠷ ᠢᠷᠡᠭᠰᠡᠨ︾ ᠭᠡᠯ᠎ᠡ᠃ ᠠᠪᠠᠭ᠎ᠠ ᠨᠤᠲᠤᠭ ᠭᠡᠬᠦ ᠪᠡᠷ ᠮᠠᠨ ᠤ ᠳᠤᠮᠳᠠᠭᠤᠪᠢ ᠳᠤ ᠠᠵᠤ ᠲᠥᠷᠥᠨ ᠰᠠᠭᠤᠭ᠎ᠠ ᠮᠢᠵᠦᠦᠷᠳᠣᠷᠵᠢ ᠶᠢᠨ ᠰᠣᠳᠨᠠᠮᠳᠣᠷᠵᠢ ᠪᠤᠶᠤ ᠵᠡᠭᠦᠨ ᠦᠵᠦᠮᠦᠴᠢᠨ ᠦ ᠰᠡᠭᠦᠯᠴᠢ ᠶᠢᠨ ᠨᠣᠶᠠᠨ ᠤ ᠡᠵᠢ ᠶᠢᠨ ᠨᠤᠲᠤᠭ ᠭᠡᠳᠡᠭ ᠢ ᠮᠡᠳᠡᠬᠦ ᠶᠤᠮ᠎᠃ ᠰᠠᠶᠢ᠍ᠪᠲᠤᠷᠬᠠᠨ ᠴᠢᠩᠭᠢᠰ ᠦᠨ ᠠᠯᠲᠠᠨ ᠤᠷᠤᠭ ᠤᠨ ᠰᠡᠭᠦᠯᠴᠢ ᠶᠢᠨ ᠨᠣᠶᠠᠨ ᠪᠣᠯᠬᠤ ᠰᠣᠳᠨᠠᠮᠳᠣᠷᠵᠢ ᠨᠣᠶᠠᠨ ᠤ ᠮᠡᠨᠳᠦᠯᠡᠭᠰᠡᠨ ᠦ 85 ᠨᠠᠰᠤᠨ ᠤ ᠪᠣᠯᠤᠨ ᠨᠣᠶᠠᠨ ᠰᠠᠭᠤᠳᠠᠯ ᠳᠤ ᠵᠠᠯᠠᠭᠳᠠᠭᠰᠠᠨ ᠤ 75 ᠵᠢᠯ ᠦᠨ ᠣᠢ ᠶᠢ ᠳᠤᠮᠳᠠᠭᠤᠪᠢ ᠳᠤ ᠶᠣᠰᠣ ᠲᠥᠷᠥ ᠲᠡᠢ ᠲᠡᠮᠳᠡᠭᠯᠡᠨ ᠥᠷᠭᠡᠨ ᠶᠡᠬᠡ ᠨᠠᠶᠢᠷ᠂ ᠨᠠᠭᠠᠳᠤᠮ ᠪᠣᠯᠬᠤ ᠳᠤ ᠠᠪᠠᠭ᠎ᠠ ᠨᠤᠲᠤᠭ ᠠᠴᠠ ᠬᠠᠮᠢᠶᠠᠲᠠᠨ ᠰᠠᠳᠤᠨ ᠤ ᠣᠯᠠᠨ ᠬᠦᠮᠦᠨ ᠣᠴᠢᠭᠰᠠᠨ ᠪᠢᠯᠡ᠃ ᠰᠣᠳᠨᠠᠮᠳᠣᠷᠵᠢ ᠭᠤᠸᠠᠢ ᠲᠤᠰ ᠠᠶᠢᠮᠠᠭ ᠤᠨ ᠬᠠᠯᠠᠭᠠᠯᠲᠠ ᠳᠤᠯᠠᠭᠠᠨ ᠤ ᠦᠢᠯᠡᠴᠢᠯᠡᠭᠡ ᠡᠷᠬᠢᠯᠡᠳᠡᠭ ︽ᠭᠠᠩ-ᠢᠯᠴᠢ︾ ᠺᠣᠮᠫᠠᠨᠢ ᠳᠤ ᠣᠳᠣ ᠬᠦᠷᠲᠡᠯ᠎ᠡ ᠠᠵᠢᠯᠯᠠᠳᠠᠭ ᠪᠥᠭᠡᠳ ᠰᠠᠶᠢ ᠶᠢᠨ ᠶᠣᠰᠣᠯᠠᠯ ᠤᠨ ᠦᠶ᠎ᠡ ᠪᠡᠷ ᠲᠡᠭᠦᠨ ᠳᠦ ᠣᠳᠣ ᠠᠪᠴᠤ ᠪᠠᠶᠢᠭ᠎ᠠ ᠴᠠᠯᠢᠩ ᠢ ᠺᠣᠮᠫᠠᠨᠢ ᠠᠴᠠ ᠨᠠᠰᠤᠨ ᠲᠤᠷᠰᠢᠳᠠ ᠨᠢ ᠣᠯᠭᠣᠬᠤ᠂ ᠤᠯᠠᠭᠠᠨᠪᠠᠭᠠᠲᠤᠷ ᠬᠣᠲᠠ ᠳ᠋ᠤ ᠭᠠᠵᠠᠷ ᠣᠯᠭᠤᠨ ᠲᠡᠨᠳᠡ ᠢᠷᠡᠬᠦ ᠬᠠᠪᠤᠷ ᠠᠴᠠ ᠣᠷᠣᠨ ᠰᠠᠭᠤᠴᠠ ᠪᠠᠷᠢᠵᠤ ᠥᠭᠬᠦ ᠪᠡᠷ ᠰᠢᠢᠳᠪᠦᠷᠢᠯᠡᠭᠰᠡᠨ ᠶᠤᠮ᠃ ᠠᠪᠠᠭ᠎ᠠ ᠨᠤᠲᠤᠭ ᠮᠥᠨ ᠯᠠ ᠮᠣᠩᠭᠣᠯ ᠬᠣᠨᠢ ᠨᠡᠷ᠎ᠡ ᠶᠢᠨ ᠬᠠᠭᠤᠳᠠᠰᠤ ᠨᠢ ᠪᠣᠯᠤᠭᠰᠠᠨ ᠨᠤᠲᠤᠭ ᠶᠤᠮ᠃ ᠴᠢᠩᠭᠢᠰ ᠪᠣᠭᠳᠠ ᠠᠭᠤᠯᠠ ᠶᠢᠨ ᠨᠠᠭᠠᠨ᠎ᠠ ᠬᠤᠨᠳᠠᠨ ᠴᠠᠭᠠᠨ ᠬᠣᠨᠢᠨ ᠰᠦᠷᠦᠭ ᠪᠡᠯᠴᠢᠭᠡᠷᠯᠡᠭᠰᠡᠨ ᠵᠢᠷᠤᠭ ᠪᠦᠬᠦᠢ ᠰᠠᠮᠪᠠᠷ᠎ᠠ ᠬᠣᠰᠢᠭᠤᠨ ᠤ ᠲᠥᠪ ᠢᠶᠡᠷ ᠬᠡᠳᠦ ᠬᠡᠳᠦ ᠲᠠᠭᠠᠷᠠᠨ᠎ᠠ ᠯᠡ᠃ ᠡᠨᠡ ᠨᠤᠲᠤᠭ ᠤᠨ ᠥᠭᠡᠷ᠎ᠡ ᠨᠢᠭᠡ ᠨᠡᠷ᠎ᠡ ᠶᠢᠨ ᠬᠠᠭᠤᠳᠠᠰᠤ ᠨᠢ ᠠᠪᠠᠭ᠎ᠠ ᠬᠠᠷ᠎ᠠ ᠠᠳᠤᠭᠤ ᠭᠡᠨ᠎ᠡ᠃ ᠮᠣᠩᠭᠣᠯ ᠤᠯᠤᠰ ᠤᠨ ᠬᠢᠯᠢ ᠳᠠᠭᠠᠤ ᠪᠤᠶᠤ ᠬᠣᠰᠢᠭᠤᠨ ᠤ ᠬᠣᠶᠢᠮᠣᠷ ᠲᠠᠯ᠎ᠠ ᠬᠡᠭᠡᠷ᠎ᠡ ᠠᠪᠠᠭ᠎ᠠ ᠬᠠᠷ᠎ᠠ ᠠᠳᠤᠭᠤᠨ ᠤ ᠨᠤᠲᠤᠭ᠃ ᠰᠡᠩᠰᠡᠨ ᠪᠤᠯᠠᠭ ᠤᠨ ᠤᠰᠤ ᠪᠠᠷ ᠢᠶᠠᠨ ᠤᠮᠳᠠᠭᠠᠯᠠᠵᠤ ᠰᠡᠷᠮᠡᠭᠦᠨ ᠰᠣᠷᠭᠣᠭ ᠨᠤᠲᠤᠭ ᠲᠤ ᠪᠠᠨ ᠳᠠᠰᠤᠨ ᠵᠣᠬᠢᠴᠠᠭᠰᠠᠨ ᠠᠪᠠᠭ᠎ᠠ ᠬᠠᠷ᠎ᠠ ᠠᠳᠤᠭᠤ ᠬᠤᠷᠳᠤᠨ ᠤᠭᠰᠢᠯ ᠢᠶᠠᠷ ᠢᠶᠠᠨ ᠠᠯᠳᠠᠷᠲᠠᠢ ᠭᠡᠨ᠎ᠡ᠃ ᠲᠡᠨᠳᠡᠬᠢ ᠶᠢᠨ ᠬᠡᠦᠬᠡᠳ ᠦᠳ ᠲᠠᠪᠤ᠂ ᠵᠢᠷᠭᠤᠭᠠᠨ ᠨᠠᠰᠤᠨ ᠠᠴᠠ ᠪᠠᠨ ᠨᠠᠭᠠᠳᠤᠮ ᠤᠨ ᠮᠣᠷᠢ ᠤᠨᠤᠵᠤ ᠠᠳᠤᠭᠤᠨ ᠤ ᠲᠣᠭᠣᠰᠣᠨ ᠳᠤ ᠴᠢᠭᠢᠷᠠᠭᠵᠢᠨ ᠠᠶᠢᠷᠠᠭ ᠤᠨ ᠠᠮᠲᠠᠨ ᠳᠤ ᠵᠢᠷᠭᠠᠨ ᠥᠰᠳᠡᠭ ᠪᠣᠯᠬᠣᠷ ᠡᠨᠡ ᠨᠤᠲᠤᠭ ᠠᠴᠠ ᠨᠡᠷ᠎ᠡ ᠳᠦ ᠭᠠᠷᠤᠭᠰᠠᠨ ᠠᠳᠤᠭᠤᠴᠢᠨ᠂ ᠵᠠᠷ ᠲᠠᠢ ᠬᠤᠷᠳᠤᠨ ᠬᠦᠯᠦᠭ ᠣᠯᠠᠨ ᠲᠥᠷᠦᠳᠡᠭ ᠠᠵᠢ᠃ ᠡᠵᠡᠨ ᠪᠣᠭᠳᠠ ᠴᠢᠩᠭᠢᠰ ᠬᠠᠭᠠᠨ ᠤᠰᠤ ᠬᠣᠮᠰᠠ ᠡᠨᠡ ᠨᠤᠲᠤᠭ ᠢᠶᠠᠷ ᠶᠠᠪᠤᠬᠤ ᠳᠤ ᠪᠠᠨ ᠰᠡᠯᠡᠮ᠎ᠡ ᠪᠡᠷ ᠢᠶᠡᠨ ᠴᠠᠪᠴᠢᠬᠤ ᠳᠤ ᠪᠤᠯᠠᠭ ᠤᠨ ᠤᠰᠤ ᠪᠤᠷᠭᠢᠯᠤᠨ ᠭᠠᠷᠴᠤ ᠠᠩᠭᠠᠵᠤ ᠴᠠᠩᠭᠠᠭᠰᠠᠨ ᠴᠡᠷᠢᠭ ᠦᠳ ᠨᠢ ᠴᠡᠩᠭᠡᠨ ᠪᠠᠶᠠᠰᠴᠤ ᠪᠠᠶᠢᠭᠰᠠᠨ ᠠᠴᠠ ︽ᠴᠡᠩᠭᠡᠨ ᠪᠤᠯᠠᠭ︾ ᠬᠡᠮᠡᠨ ᠨᠡᠷᠡᠯᠡᠭᠰᠡᠨ ᠨᠢ ᠰᠤᠨᠵᠢᠷᠠᠵᠤ ᠡᠳᠦᠭᠡ ᠰᠡᠩᠰᠡᠨ ᠪᠤᠯᠠᠭ ᠬᠡᠮᠡᠬᠦ ᠪᠣᠯᠤᠭᠰᠠᠨ ᠳᠣᠮᠣᠭ ᠲᠠᠢ᠃ ᠴᠢᠩᠭᠢᠰ ᠦᠨ ᠡᠴᠢᠭᠡ ᠨᠢᠭᠡᠲᠦ ᠳᠡᠭᠦᠦ᠂ ᠵᠠᠭᠤ ᠰᠢᠬᠠᠮ ᠨᠠᠰᠤᠯᠠᠭᠰᠠᠨ ᠶᠡᠬᠡ ᠪᠥᠬᠡ ᠪᠡᠯᠭᠦᠳᠡᠢ ᠶᠢᠨ ᠨᠤᠲᠤᠭ-ᠠᠪᠠᠭ᠎ᠠ ᠬᠣᠰᠢᠭᠤᠨ ᠤ ᠬᠢᠨ ᠨᠠᠶᠮᠠᠨ ᠵᠠᠭᠤᠨ ᠤ ᠲᠡᠷᠲᠡᠭᠡᠬᠢ ᠪᠡᠯᠭᠦᠳᠡᠢ ᠶᠢᠨ ᠠᠮᠠᠨ ᠬᠦᠵᠦᠭᠦᠨ ᠦ ᠶᠠᠰᠤ ᠶᠢ ᠳᠡᠭᠡᠳᠦᠯᠡᠨ ᠬᠠᠳᠠᠭᠠᠯᠠᠵᠤ ᠪᠠᠶᠢᠭ᠎ᠠ ᠪᠥᠭᠡᠳ ᠡᠨᠡ ᠠᠷᠠᠳ ᠲᠦᠮᠡᠨ ᠦ ᠨᠤᠲᠤᠭ ᠲᠤ ᠪᠡᠯᠭᠦᠳᠡᠢ ᠶᠢᠨ ᠳᠤᠷᠠᠰᠬᠠᠯ ᠤᠨ ᠴᠣᠭᠴᠠᠯᠠᠪᠤᠷᠢ ᠬᠦᠷᠢᠶᠡᠯᠡᠩ᠂ ᠪᠠᠰᠠ ᠲᠡᠭᠦᠨ ᠦ ᠨᠡᠷ᠎ᠡ ᠲᠡᠢ ᠵᠢᠭᠤᠯᠴᠢᠨ ᠤ ᠪᠠᠽᠠ ᠴᠤ ᠪᠠᠶᠢᠳᠠᠭ᠃ ᠴᠢᠩᠭᠢᠰ ᠬᠠᠭᠠᠨ ᠡᠴᠢᠭᠡ ᠨᠢᠭᠡᠲᠦ ᠳᠡᠭᠦᠦ ᠳᠦ ᠪᠡᠨ ᠲᠠᠰᠤᠯᠵᠤ ᠥᠭᠭᠦᠭᠰᠡᠨ ᠭᠠᠵᠠᠷ ᠨᠤᠲᠤᠭ ᠢ ᠡᠵᠡᠩᠨᠡᠨ ᠰᠠᠭᠤᠭᠰᠠᠨ ᠠᠷᠠᠳ ᠲᠦᠮᠡᠨ ᠦ ᠬᠣᠶᠢᠴᠢᠰ ᠨᠢ ᠥᠨᠥ ᠶᠢᠨ ᠠᠪᠠᠭᠠᠴᠣᠤᠯ ᠶᠤᠮ᠃ ᠴᠢᠩᠭᠢᠰ ᠬᠠᠭᠠᠨ ᠶᠡᠬᠡ ᠮᠣᠩᠭᠣᠯ ᠤᠯᠤᠰ ᠢ ᠨᠢᠭᠡᠳᠬᠡᠬᠦ ᠳᠦ ᠪᠡᠨ ᠬᠠᠰᠠᠷ ᠤᠨ ᠬᠠᠪᠤ ᠪᠠᠷ᠂ ᠪᠡᠯᠭᠦᠳᠡᠢ ᠶᠢᠨ ᠪᠢᠷ᠎ᠠ ᠪᠠᠷ ᠢᠯᠠᠭᠰᠠᠨ ᠭᠡᠵᠦ ᠦᠵᠡᠳᠡᠭ ᠲᠡᠳᠦᠢ ᠦᠭᠡᠢ ᠪᠡᠯᠭᠦᠳᠡᠢ ᠶᠢᠨ ᠠᠮᠠᠨ ᠬᠦᠵᠦᠭᠦᠨ ᠦ ᠶᠠᠰᠤᠨ ᠳᠤ ᠳᠥᠷᠪᠡᠨ ᠠᠪᠠᠭᠠᠴᠣᠤᠯ ᠠᠴᠠ ᠭᠠᠳᠠᠨ᠎ᠠ ᠦᠵᠦᠮᠦᠴᠢᠨ᠂ ᠰᠥᠨᠢᠳ ᠨᠦᠭᠦᠳ ᠴᠤ ᠮᠥᠷᠭᠥᠨ ᠰᠠᠶᠢᠨ ᠪᠥᠬᠡ ᠲᠥᠷᠥᠬᠦ ᠠᠳᠢᠰ ᠠᠪᠳᠠᠭ ᠭᠡᠰᠡᠨ᠃ ᠵᠠᠮ ᠵᠠᠭᠤᠷ᠎ᠠ ᠠᠳᠢᠶ᠎ᠠ ᠭᠤᠸᠠᠢ᠄ ᠰᠢᠯᠢᠢᠩᠭᠣᠯ ᠪᠣᠯ ᠮᠠᠯᠵᠢᠬᠤ ᠨᠤᠲᠤᠭ᠃ ᠮᠠᠨ ᠤ ᠬᠢᠨ ᠲᠣᠭ᠎ᠠ ᠶᠢ ᠲᠦᠮᠡ ᠪᠡᠷ ᠶᠠᠷᠢᠨ᠎ᠠ ᠰᠢᠦ ᠳ᠋ᠡ᠃ ᠰᠢᠯᠢᠢᠩᠭᠣᠯ 1900 ᠲᠦᠮᠡᠨ ᠮᠠᠯ ᠲᠠᠢ᠂ ᠬᠠᠷᠢᠨ ᠠᠪᠠᠭ᠎ᠠ ᠬᠣᠰᠢᠭᠤᠨ ᠤ ᠬᠢ 100 ᠲᠦᠮᠡ ᠪᠡᠷ ᠶᠠᠷᠢᠭᠳᠠᠳᠠᠭ᠃ ᠲᠠᠨ ᠤ ᠬᠢ ᠪᠠᠷ ᠪᠣᠯ ᠠᠶᠢᠮᠠᠭ 19 ᠰᠠᠶ᠎ᠠ᠂ ᠮᠠᠨ ᠤ ᠬᠣᠰᠢᠭᠤ ᠨᠢᠭᠡ ᠰᠠᠶ᠎ᠠ ᠮᠠᠯ ᠲᠠᠢ ᠭᠡᠰᠡᠨ ᠦᠭᠡ᠃ ᠬᠣᠰᠢᠭᠤᠨ ᠤ ᠬᠣᠶᠢᠭᠤᠷ ᠬᠣᠨᠢ᠂ ᠠᠳᠤᠭᠤᠨ ᠤ ᠲᠠᠯ᠎ᠠ ᠬᠡᠭᠡᠷ᠎ᠡ ᠨᠤᠲᠤᠭ᠃ ᠬᠠᠷᠢᠨ ᠡᠮᠦᠨᠡᠭᠦᠷ ᠢᠶᠡᠨ ᠳᠡᠷᠡᠰᠦ᠂ ᠮᠠᠩᠬᠠᠨ᠂ ᠨᠥᠮᠥᠷᠢ ᠬᠣᠷᠭᠣ ᠶᠡᠬᠡ ᠲᠡᠢ ᠦᠬᠡᠷ ᠦᠨ ᠨᠤᠲᠤᠭ᠃ ᠣᠳᠣ ᠴᠤ ᠦᠬᠡᠷ ᠦᠨ ᠡᠭᠦᠯᠳᠡᠷ ᠰᠠᠶᠢᠵᠢᠷᠠᠭᠠᠳ ᠰᠠᠭᠤᠷᠢᠨ ᠮᠠᠯᠯᠠᠭᠠᠨ ᠳᠤ ᠣᠷᠣᠴᠢᠬᠠᠯ᠎ᠠ ᠳ᠋ᠠ᠃ ᠮᠠᠨ ᠤ ᠬᠢ ᠬᠣᠷᠢᠭᠠᠳ ᠵᠢᠯ ᠦᠬᠡᠷ ᠮᠠᠯᠯᠠᠵᠤ ᠪᠠᠶᠢᠨ᠎ᠠ᠃ 200-300 ᠬᠦᠷᠴᠦ ᠪᠠᠶᠢᠭᠰᠠᠨ ᠴᠤ ᠲᠣᠭ᠎ᠠ ᠶᠢ ᠬᠢᠵᠠᠭᠠᠷᠯᠠᠭᠰᠠᠨ ᠲᠥᠷᠥ ᠶᠢᠨ ᠪᠣᠳᠣᠯᠭ᠎ᠠ ᠪᠠᠷ ᠴᠢᠨᠠᠷᠵᠢᠭᠤᠯᠤᠭᠰᠠᠨ ᠢᠶᠠᠷ ᠮᠢᠬ᠎ᠠ᠂ ᠰᠦᠨ ᠦ ᠴᠢᠭᠯᠡᠯ ᠬᠣᠣᠰᠯᠠᠭᠰᠠᠨ ᠰᠢᠮᠧᠨᠲ᠋ᠠᠯᠢ ᠡᠭᠦᠯᠳᠡᠷ ᠦᠨ 100 ᠭᠠᠷᠤᠢ ᠦᠬᠡᠷ ᠲᠡᠢ᠃ ᠨᠢᠭᠡ ᠲᠤᠭᠤᠯ ᠬᠤᠳᠠᠯᠳᠤᠬᠤ ᠳᠤ ᠵᠢᠩ᠂ ᠦᠨ᠎ᠡ ᠪᠡᠷ ᠢᠶᠡᠨ ᠨᠤᠲᠤᠭ ᠤᠨ 2-3 ᠲᠤᠭᠤᠯ ᠲᠠᠢ ᠲᠡᠩᠴᠡᠨ᠎ᠡ ᠭᠡᠬᠦᠯᠡᠷ ᠴᠢᠨᠠᠷ ᠤᠨ ᠦᠵᠡᠭᠦᠯᠦᠯᠲᠡ ᠰᠠᠶᠢᠨ ᠪᠠᠶᠢᠭ᠎ᠠ ᠪᠢᠵᠡ᠃ ᠮᠠᠨ ᠤ ᠬᠢ ᠬᠦᠨᠳᠦ ᠶᠢ ᠵᠢᠩ ᠢᠶᠡᠷ ᠶᠠᠷᠢᠳᠠᠭ᠂ ᠨᠢᠭᠡ ᠵᠢᠩ ᠭᠡᠳᠡᠭ ᠴᠢᠨᠢ ᠲᠠᠨ ᠤ ᠬᠢ ᠪᠠᠷ 500 ᠭᠷᠠᠮ ᠰᠢᠦ ᠳ᠋ᠡ᠃ ᠢᠩᠭᠢᠵᠦ ᠪᠣᠳᠣᠪᠠᠯ ᠬᠣᠨᠢᠨ ᠤ ᠵᠢᠩ ᠮᠢᠬ᠎ᠠ 24.5 ᠶᠤᠸᠠᠨ᠂ ᠦᠬᠡᠷ ᠦᠨ ᠬᠢ 30 ᠭᠠᠷᠤᠢ ᠶᠤᠸᠠᠨ ᠬᠦᠷᠦᠯ᠎ᠡ᠃ ᠮᠠᠨ ᠤ ᠨᠢᠭᠡ ᠡᠷ᠎ᠡ ᠲᠤᠭᠤᠯ ᠭᠡᠬᠦ ᠳᠦ ᠲᠠᠨ ᠤ ᠮᠥᠩᠭᠥ ᠪᠡᠷ ᠪᠣᠳᠣᠬᠤ ᠳᠤ ᠳᠥᠷᠪᠡᠨ ᠰᠠᠶ᠎ᠠ ᠬᠦᠷᠳᠡᠭ᠃ ᠮᠠᠨ ᠤ ᠨᠢᠭᠡ ᠡᠷ᠎ᠡ ᠲᠤᠭᠤᠯ ᠨᠢᠭᠡ ᠲᠦᠮᠡ ᠭᠤᠷᠪᠠᠨ ᠮᠢᠩᠭ᠎ᠠ᠂ ᠪᠦᠳᠦᠭᠦᠨ ᠦᠬᠡᠷ ᠨᠢᠭᠡ ᠲᠦᠮᠡ ᠳᠣᠯᠣᠭᠠᠨ ᠮᠢᠩᠭ᠎ᠠ᠂ ᠵᠠᠯᠠᠭᠤ ᠪᠦᠳᠦᠭᠦᠨ ᠦᠬᠡᠷ ᠬᠣᠶᠠᠷ ᠲᠦᠮᠡᠨ ᠶᠤᠸᠠᠨ ᠬᠦᠷᠴᠦ ᠦᠨᠡᠯᠡᠭᠳᠡᠵᠦ ᠪᠠᠶᠢᠨ᠎ᠠ᠃ ᠮᠣᠩᠭᠣᠯ ᠮᠥᠩᠭᠥ ᠪᠡᠷ ᠪᠣᠯ 6-8 ᠰᠠᠶ᠎ᠠ ᠲᠥᠭᠥᠷᠢᠭ ᠪᠢᠵᠡ ᠳ᠋ᠡ ᠬᠡᠮᠡᠨ ᠮᠠᠯ ᠠᠵᠤ ᠠᠬᠤᠢ ᠶᠢᠨ ᠢᠶᠠᠨ ᠠᠰᠢᠭ ᠣᠷᠣᠯᠭ᠎ᠠ ᠶᠢ ᠣᠶᠢᠯᠠᠭᠠᠮᠵᠢᠲᠠᠢ ᠨᠢ ᠠᠷᠭ᠎ᠠ ᠦᠭᠡᠢ ᠶᠠᠷᠢᠵᠤ ᠥᠭᠭᠦᠯ᠎ᠡ᠃ ᠠᠪᠠᠭ᠎ᠠ ᠬᠣᠰᠢᠭᠤᠨ ᠤ ᠮᠦᠽᠧᠢ ᠭᠡᠬᠦ ᠳᠦ ᠬᠣᠶᠠᠷ ᠳᠠᠪᠬᠤᠷ ᠪᠠᠷᠢᠯᠭ᠎ᠠ ᠳᠡᠭᠡᠷᠡᠬᠢ ᠠᠰᠤᠷᠤ ᠲᠣᠮᠣ ᠲᠤᠯᠭ᠎ᠠ ᠶᠢᠨ ᠬᠡᠯᠪᠡᠷᠢ ᠲᠡᠢ ᠠᠯᠲᠠᠯᠢᠭ ᠥᠩᠭᠡ ᠶᠢᠨ ᠠᠰᠠᠷ ᠶᠤᠮ᠃ ᠡᠨᠳᠡ ᠡᠴᠡ ᠥᠪᠥᠷ ᠮᠣᠩᠭᠣᠯᠴᠤᠳ ᠮᠣᠩᠭᠣᠯ ᠠᠵᠤ ᠲᠥᠷᠥᠬᠦ ᠶᠣᠰᠣ᠂ ᠵᠠᠩ ᠦᠢᠯᠡ ᠪᠡᠨ ᠶᠠᠮᠠᠷ ᠶᠡᠬᠡ ᠡᠷᠬᠢᠮᠯᠡᠨ ᠳᠡᠭᠡᠳᠦᠯᠡᠵᠦ ᠪᠢᠴᠢᠭ ᠰᠤᠶᠤᠯ᠂ ᠦᠦᠬᠡ ᠲᠡᠦᠬᠡ ᠪᠡᠨ ᠦᠶ᠎ᠡ ᠵᠠᠯᠭᠠᠮᠵᠢᠯᠠᠨ ᠲᠡᠭᠡᠭᠡᠵᠦ ᠢᠷᠡᠭᠰᠡᠨ ᠲᠡᠳᠡᠨ ᠦ ᠭᠠᠪᠢᠶ᠎ᠠ ᠶᠢ ᠪᠢᠳᠡ ᠦᠨᠡᠯᠡᠬᠦ ᠬᠡᠷᠡᠭᠲᠡᠢ ᠰᠠᠨᠠᠭᠳᠠᠭᠰᠠᠨ᠃ ᠥᠪᠥᠷ ᠮᠣᠩᠭᠣᠯ ᠳᠤ ᠠᠯᠢᠪᠠ ᠪᠠᠶᠢᠭᠤᠯᠤᠯᠭ᠎ᠠ ᠶᠢᠨ ᠬᠠᠶᠢᠭ᠂ ᠡᠯᠳᠡᠪ ᠤᠷᠢᠶ᠎ᠠ ᠯᠣᠽᠦ᠋ᠩ ᠢ ᠵᠠᠪᠠᠯ ᠮᠣᠩᠭᠣᠯ ᠦᠰᠦᠭ ᠢᠶᠡᠷ ᠡᠬᠢᠯᠡᠵᠦ ᠪᠢᠴᠢᠭᠡᠳ ᠳᠣᠣᠷ᠎ᠠ ᠨᠢ ᠬᠢᠲᠠᠳ ᠢᠶᠠᠷ ᠬᠠᠳᠠᠮᠠᠯᠳᠤᠳᠠᠭ ᠵᠢᠷᠤᠮ ᠲᠠᠢ᠃ ᠰᠢᠯᠢᠨᠬᠣᠲᠠ᠃ ᠥᠩᠭᠡ ᠥᠩᠭᠡ ᠶᠢᠨ ᠭᠡᠷᠡᠯ ᠲᠤᠨᠤᠷᠠᠭᠰᠠᠨ ᠰᠢᠯᠢᠨᠬᠣᠲᠠ ︵ ᠠᠩᠭ᠍ᠯᠢ ᠪᠠᠷ Xiliinhaot ᠭᠡᠵᠦ ᠪᠢᠴᠢᠨ᠎ᠡ︶ ᠳ᠋ᠤ ᠰᠢᠷ᠎ᠠ ᠭᠡᠭᠡ ᠵᠠᠮᠬᠠᠷᠠᠨ ᠠᠯᠳᠠᠬᠤ ᠦᠶᠡᠰ ᠳᠥᠷᠥᠭᠡ ᠮᠤᠯᠲᠤᠯᠤᠯ᠎ᠠ᠃ ᠪᠢᠳᠡᠨ ᠢ ᠤᠷᠢᠨ ᠵᠠᠯᠠᠭᠰᠠᠨ ᠰᠢᠯᠢᠢᠩᠭᠣᠯ ᠠᠶᠢᠮᠠᠭ ᠤᠨ ︽ᠲᠤᠯᠭ᠎ᠠ︾ ᠬᠠᠶᠢᠷ᠎ᠠ᠂ ᠬᠠᠯᠠᠮᠵᠢ ᠶᠢᠨ ᠨᠡᠶᠢᠭᠡᠮᠯᠢᠭ ᠦᠨ ᠲᠡᠷᠢᠭᠦᠨ᠂ ᠬᠠᠭᠤᠴᠢᠨ ᠲᠠᠨᠢᠯ ᠲᠦᠮᠡᠨᠭᠡᠷᠡᠯ ᠳᠠᠭᠤ ᠱᠤᠤ᠂ ᠢᠨᠢᠶᠡᠳᠦ ᠨᠠᠷᠭᠢᠶᠠᠨ ᠪᠣᠯᠤᠨ ᠤᠭᠲᠤᠯ᠎ᠠ᠃ ᠲᠡᠳᠡᠨ ᠦ ᠬᠡᠯᠡᠯᠭᠡ ᠪᠡᠷ ᠪᠣᠯ ︽ᠪᠠᠶᠠᠷᠯᠠᠨ ᠤᠭᠲᠤᠬᠤ︾ ᠨᠢ ᠲᠡᠷᠡ᠃ ᠲᠦᠮᠡᠨᠭᠡᠷᠡᠯ ᠨᠢ ᠪᠦᠬᠦ ᠬᠢᠲᠠᠳ ᠤᠨ ᠬᠠᠶᠢᠷ᠎ᠠ ᠬᠠᠯᠠᠮᠵᠢ ᠶᠢᠨ ᠡᠯᠴᠢ ᠲᠥᠯᠥᠭᠡᠯᠡᠭᠴᠢ᠂ ᠮᠣᠩᠭᠣᠯ ᠤᠯᠤᠰ ᠤᠨ ᠪᠠᠶᠢᠭᠠᠯᠢ ᠣᠷᠴᠢᠨ ᠤ ᠲᠡᠷᠢᠭᠦᠨ ᠦ ᠠᠵᠢᠯᠲᠠᠨ᠂ ᠵᠠᠯᠠᠭᠤᠴᠤᠳ ᠤᠨ ᠬᠣᠯᠪᠣᠭᠠᠨ ᠤ ︽ᠰᠢᠯᠢᠳᠡᠭ ᠤᠳᠤᠷᠢᠳᠤᠭᠴᠢ︾ ᠴᠣᠯᠠ᠂ ᠲᠡᠮᠳᠡᠭ ᠲᠡᠢ᠂ ᠨᠡᠷ᠎ᠡ ᠠᠯᠳᠠᠷ᠂ ᠦᠢᠯᠡ ᠠᠵᠢᠯᠯᠠᠭ᠎ᠠ ᠨᠢ ᠬᠢᠲᠠᠳ ᠣᠷᠣᠨ ᠳᠤ ᠪᠠᠨ ᠦᠨᠳᠦᠰᠦᠨ ᠦ ᠬᠡᠮᠵᠢᠶᠡᠨ ᠳᠦ ᠲᠠᠨᠢᠭᠳᠠᠭᠰᠠᠨ ᠲᠡᠳᠦᠢ ᠦᠭᠡᠢ ᠮᠣᠩᠭᠣᠯ ᠲᠤᠭᠤᠷᠭᠠᠲᠠᠨ ᠨᠤᠭᠤᠳ ᠤᠨ ᠳᠤᠮᠳᠠ ᠣᠯᠠᠨ ᠤ ᠲᠠᠨᠢᠯ ᠳᠣᠲᠣᠨᠣ ᠡᠷᠬᠢᠮ ᠪᠢᠯᠡ᠃ ᠪᠢᠳᠡ ᠭᠡᠳᠡᠭ ᠨᠢ ︽ᠪᠠᠶᠢᠭᠠᠯᠢ᠂ ᠡᠬᠡ ᠳᠡᠯᠡᠬᠡᠢ ᠪᠡᠨ ᠠᠪᠤᠷᠠᠬᠤ ᠲᠩᠷᠢᠯᠢᠭ ᠠᠶᠠᠨ︾ ᠤ ᠲᠡᠷᠢᠭᠦᠨ᠂ ᠮᠣᠩᠭᠤᠯ ᠤᠨ ᠰᠡᠳᠭᠦᠯᠴᠢᠳ ᠤᠨ ᠨᠢᠭᠡᠳᠦᠭᠰᠡᠨ ᠡᠪᠯᠡᠯ ᠦᠨ ᠳᠤᠮᠳᠠᠭᠤᠪᠢ ᠠᠶᠢᠮᠠᠭ ᠤᠨ ᠰᠠᠯᠪᠤᠷᠢ ᠳᠤ ᠬᠠᠷᠢᠶᠠᠯᠠᠯ ᠲᠠᠢ ᠭᠡᠰᠢᠭᠦᠨ ᠳ ᠊ ᠨᠠᠷᠠᠨᠴᠣᠭᠲᠤ᠂ ᠳᠤᠮᠳᠠᠭᠤᠪᠢ ᠠᠶᠢᠮᠠᠭ ᠤᠨ ᠥᠨᠳᠥᠷᠰᠢᠯᠢ ᠰᠤᠮᠤ ᠶᠢᠨ ᠵᠠᠰᠠᠭ ᠳᠠᠷᠤᠭ᠎ᠠ ᠯ ᠊ ᠮᠥᠩᠬᠡᠪᠠᠳᠠᠷᠠᠬᠤ᠂ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠪ ᠊ ᠠᠮᠤᠭᠤᠯᠠᠩᠵᠢᠷᠭᠠᠯ᠂ ᠰᠤᠮᠤ ᠶᠢᠨ ᠡᠷᠡᠭᠦᠯ ᠮᠡᠨᠳᠦ ᠶᠢᠨ ᠲᠥᠪ ᠦᠨ ᠳᠠᠷᠤᠭ᠎ᠠ᠂ ︽ᠠᠷᠠᠳ ᠲᠦᠮᠡᠨ ᠦ ᠭᠠᠪᠢᠶᠠᠲᠤ︾ ᠡᠮᠴᠢ ᠳ ᠊ ᠡᠷᠳᠡᠨᠢᠴᠢᠯᠠᠭᠤᠨ᠂ ᠰᠤᠶᠤᠯ ᠤᠨ ᠲᠥᠪ ᠦᠨ ᠡᠷᠬᠢᠯᠡᠭᠴᠢ᠂ ᠰᠤᠮᠤ ᠶᠢᠨ ᠠᠬᠠᠮᠠᠳ ᠤᠨ ᠬᠣᠷᠢᠶᠠᠨ ᠤ ᠳᠠᠷᠤᠭ᠎ᠠ᠂ ᠰᠤᠶᠤᠯ ᠤᠨ ᠲᠡᠷᠢᠭᠦᠨ ᠦ ᠠᠵᠢᠯᠲᠠᠨ ᠲ ᠊ ᠮᠥᠩᠬᠡᠴᠡᠴᠡᠭ᠂ ᠰᠤᠷᠭᠠᠭᠤᠯᠢ ᠶᠢᠨ ᠵᠠᠬᠢᠷᠤᠯ ᠨ ᠊ ᠳᠡᠯᠭᠡᠷᠰᠠᠶᠢᠬᠠᠨ ᠬᠡᠦᠬᠡᠳ ᠦᠨ ᠴᠡᠴᠡᠷᠯᠢᠭ ᠦᠨ ᠡᠷᠬᠢᠯᠡᠭᠴᠢ ᠳ ᠊∙ᠨᠣᠮᠢᠨ-ᠡᠷᠳᠡᠨᠢ ᠳᠡᠭᠡᠷ᠎ᠡ ᠨᠢ ᠰᠡᠳᠬᠦᠯᠴᠢ ᠪᠢ ᠣᠷᠣᠯᠴᠠᠭᠰᠠᠨ ᠪᠥᠷᠢᠯᠳᠦᠬᠦᠨ ᠲᠡᠢ᠃ ︽ᠲᠤᠯᠭ᠎ᠠ︾ ᠨᠡᠶᠢᠭᠡᠮᠯᠢᠭ ᠨᠢ ᠬᠠᠮᠢᠭ᠎ᠠ᠂ ᠬᠡᠨ ᠳᠦ ᠬᠠᠶᠢᠷ᠎ᠠ ᠬᠠᠯᠠᠮᠵᠢ ᠬᠡᠷᠡᠭ ᠲᠡᠢ ᠪᠠᠶᠢᠨ᠎ᠠ᠂ ᠲᠡᠭᠦᠨ ᠳᠦ ᠲᠤᠰᠯᠠᠬᠤ ᠪᠤᠶᠠᠨ ᠲᠠᠢ ᠦᠢᠯᠡ ᠡᠷᠬᠢᠯᠡᠳᠡᠭ᠂ ᠲᠡᠳᠡᠨ ᠦ ᠦᠢᠯᠡ ᠠᠵᠢᠯᠯᠠᠭᠠᠨ ᠳᠤ ᠬᠢᠯᠢ ᠬᠢᠵᠠᠭᠠᠷ ᠭᠡᠵᠦ ᠦᠭᠡᠢ᠃ ᠠᠶᠢᠮᠠᠭ ᠤᠨ ᠢᠶᠠᠨ ᠶᠢᠰᠦᠨ ᠬᠣᠰᠢᠭᠤ᠂ ᠵᠠᠰᠠᠭ ᠵᠠᠬᠢᠷᠭᠠᠨ ᠤ ᠪᠤᠰᠤᠳ ᠨᠢᠭᠡᠴᠡ ᠳᠦ ᠰᠠᠯᠪᠤᠷᠢ ᠲᠠᠢ ᠲᠡᠳᠦᠢ ᠦᠭᠡᠢ ᠪᠤᠰᠤᠳ ᠠᠶᠢᠮᠠᠭ᠂ ᠮᠤᠵᠢ᠂ ᠬᠢᠯᠢ ᠶᠢᠨ ᠴᠢᠨᠠᠳᠤ ᠶᠢᠨ ᠢᠵᠢᠯ ᠲᠥᠰᠲᠡᠢ ᠪᠠᠶᠢᠭᠤᠯᠤᠯᠭ᠎ᠠ ᠲᠠᠢ ᠬᠠᠮᠲᠤᠷᠠᠨ ᠠᠵᠢᠯᠯᠠᠭᠰᠠᠨ ᠢᠶᠠᠷ ᠨᠦᠯᠦᠭᠡᠯᠡᠬᠦ ᠬᠦᠷᠢᠶ᠎ᠡ ᠠᠰᠠᠷᠣ ᠥᠷᠭᠡᠵᠢᠭᠰᠡᠨ᠂ ᠣᠯᠠᠨ ᠵᠠᠭᠤᠨ ᠮᠢᠩᠭᠠᠨ ᠳᠡᠮᠵᠢᠭᠴᠢ ᠲᠡᠢ ᠬᠣᠯᠪᠣᠭ᠎ᠠ ᠶᠤᠮ᠃ ᠠᠶᠢᠮᠠᠭ ᠤᠨ ᠢᠶᠠᠨ ᠲᠡᠳᠦᠢ ᠦᠭᠡᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠡᠮᠵᠢᠶᠡᠨ ᠦ ᠵᠣᠷᠢᠯᠲᠠᠲᠤ ᠪᠦᠯᠦᠭ ᠦᠨ ᠬᠦᠮᠦᠨ ᠠᠷᠠᠳ ᠲᠤ ᠬᠥᠩᠭᠡᠯᠡᠯᠲᠡ ᠲᠡᠢ ᠦᠢᠯᠡᠴᠢᠯᠡᠭᠡ ᠦᠵᠡᠭᠦᠯᠬᠦ᠂ ᠡᠳ᠋ ᠮᠠᠲ᠋ᠧᠷᠢᠶᠠᠯ ᠢᠶᠠᠷ ᠲᠤᠰᠠᠯᠠᠬᠤ᠂ ᠡᠮᠨᠡᠯᠭᠡ ᠶᠢᠨ ᠲᠥᠯᠥᠪᠦᠷᠢ ᠶᠢᠨ ᠵᠣᠬᠢᠬᠤ ᠬᠤᠪᠢ ᠶᠢ ᠤᠯᠭᠤᠬᠤ ᠵᠡᠷᠭᠡ ᠡᠴᠡ ᠭᠠᠳᠠᠨ᠎ᠠ ᠣᠷᠣᠰ ᠬᠣᠯᠪᠣᠭᠠᠨ ᠤ ᠤᠯᠤᠰ ᠤᠨ ᠪᠤᠷᠢᠶᠠᠳ ᠤᠯᠤᠰ᠂ ᠲᠦᠪᠡᠳ᠂ ᠰᠢᠨᠵᠢᠶᠠᠩ᠂ ᠶᠦᠨᠨᠠᠨ ᠤ ᠮᠣᠩᠭᠣᠯᠴᠤᠳ᠂ ᠳᠡᠭᠡᠳᠦ ᠮᠣᠩᠭᠣᠯᠴᠤᠳ ᠤᠨ ᠳᠤᠮᠳᠠ ᠴᠤ ᠡᠳᠡᠨ ᠦ ᠰᠠᠶᠢᠨ ᠦᠢᠯᠡᠰ ᠦᠨ ᠠᠶᠠᠨ ᠬᠦᠷᠴᠦ ᠠᠮᠵᠢᠵᠠᠢ᠃ ᠲᠡᠷᠡᠴᠢᠯᠡᠨ ᠰᠡᠳᠬᠦᠯᠴᠢ ᠳ ᠊ ᠨᠠᠷᠠᠨᠴᠣᠭᠲᠤ ᠶᠢᠨ ᠲᠡᠷᠢᠭᠦᠯᠡᠳᠡᠭ ︽ᠪᠠᠶᠢᠭᠠᠯᠢ ᠡᠬᠡ ᠳᠡᠯᠡᠬᠡᠢ ᠪᠡᠨ ᠠᠪᠤᠷᠠᠬᠤ ᠲᠩᠷᠢᠯᠢᠭ ᠠᠶᠠᠨ︾ ᠲᠠᠢ ᠬᠠᠮᠲᠤᠷᠠᠨ ᠤᠯᠠᠭᠠᠨᠪᠠᠭᠠᠲᠤᠷ ᠬᠣᠲᠠ ᠶᠢᠨ ᠴᠡᠩᠭᠡᠯᠳᠡᠢ᠂ ᠬᠠᠨ-ᠠᠭᠤᠯᠠ᠂ ᠰᠦᠬᠡᠪᠠᠭᠠᠲᠤᠷ᠂ ᠪᠠᠶᠠᠨᠵᠢᠷᠦᠬᠡ ᠳᠡᠭᠦᠷᠭᠡ ᠪᠣᠯᠤᠨ ᠳᠤᠮᠳᠠᠭᠤᠪᠢ ᠠᠶᠢᠮᠠᠭ ᠤᠨ ᠲᠥᠪ᠂ ᠥᠨᠳᠥᠷᠰᠢᠯᠢ ᠰᠤᠮᠤᠨ ᠳᠤ ᠰᠠᠶᠢᠨ ᠦᠢᠯᠡᠰ ᠦᠨ ᠣᠯᠠᠨ ᠠᠵᠢᠯ ᠵᠣᠬᠢᠶᠠᠨ ᠪᠠᠶᠢᠭᠤᠯᠤᠭᠰᠠᠨ ᠤ ᠳᠣᠲᠣᠷ᠎ᠠ ᠬᠣᠶᠠᠷ ᠣᠷᠣᠨ ᠤ ᠵᠣᠬᠢᠶᠠᠯᠴᠢᠳ ᠤᠨ ᠳᠤᠮᠳᠠ ᠪᠣᠭᠣᠨᠢ ᠥᠭᠦᠯᠡᠯᠭᠡ ᠶᠢᠨ ᠤᠷᠤᠯᠳᠤᠭᠠᠨ ᠵᠠᠷᠯᠠᠨ ᠮᠠᠨᠳᠠᠯᠭᠣᠪᠢ ᠳᠤ ᠳ᠋ᠦᠩ ᠢᠶᠡᠨ ᠭᠠᠷᠭᠠᠭᠰᠠᠨ᠂ ᠣᠯᠠᠨ ᠮᠢᠩᠭᠠᠨ ᠮᠣᠳᠣ ᠪᠤᠲᠠ ᠲᠠᠷᠢᠵᠤ ᠨᠣᠭᠣᠭᠠᠨ ᠪᠠᠶᠢᠭᠤᠯᠤᠮᠵᠢ ᠶᠢ ᠨᠡᠮᠡᠭᠳᠡᠭᠦᠯᠦᠭᠰᠡᠨ᠂ ᠵᠣᠷᠢᠯᠲᠠᠲᠤ ᠪᠦᠯᠦᠭ ᠦᠨ 15 ᠠᠶᠢ᠍ᠯ ᠳᠤ ᠭᠡᠷ ᠪᠡᠯᠡᠭᠯᠡᠨ ᠣᠷᠣᠨ ᠭᠡᠷ ᠲᠡᠢ ᠪᠣᠯᠭᠠᠵᠤ ᠪᠠᠶᠠᠷᠯᠠᠭᠤᠯᠤᠨ ᠣᠯᠠᠨ ᠮᠢᠩᠭᠠᠨ ᠬᠥᠮᠦᠨ ᠳ᠋ᠤ ᠬᠤᠪᠴᠠᠰᠤᠨ ᠤ ᠳᠡᠮᠵᠢᠯᠭᠡ ᠦᠵᠡᠭᠦᠯᠦᠭᠰᠡᠨ ᠶᠤᠮ᠃ ᠳᠡᠭᠡᠷᠡᠬᠢ ᠤᠷᠤᠯᠳᠤᠭᠠᠨ ᠤ ᠰᠢᠯᠢᠳᠡᠭ ᠬᠣᠷᠢᠨ ᠥᠭᠦᠯᠡᠯᠭᠡ ᠶᠢᠨ ᠡᠮᠬᠢᠳᠬᠡᠯ ᠮᠣᠩᠭᠣᠯ᠂ ᠺᠢᠷᠢᠯ ᠦᠰᠦᠭ᠂ ᠬᠢᠲᠠᠳ ᠬᠡᠯᠡ ᠪᠡᠷ ᠭᠠᠷᠴᠤ ᠨᠡᠭᠡᠭᠡᠯᠲᠡ ᠪᠡᠨ ᠬᠢᠬᠦ ᠪᠡᠷ ᠪᠡᠯᠡᠳᠬᠡᠵᠦ ᠪᠠᠶᠢᠨ᠎ᠠ᠃ ᠲᠡᠷᠡᠴᠢᠯᠡᠨ ᠪᠠᠶᠠᠨᠬᠣᠩᠭᠣᠷ᠂ ᠳᠤᠮᠳᠠᠭᠤᠪᠢ ᠠᠶᠢᠮᠠᠭ ᠤᠨ ᠤᠷᠠᠯᠢᠭ᠂ ᠰᠫᠣᠷᠲ ᠤᠨ ᠠᠪᠢᠶᠠᠰ ᠢ ᠳᠡᠮᠵᠢᠨ ᠬᠣᠷᠢ ᠭᠠᠷᠤᠢ ᠬᠡᠦᠬᠡᠳ ᠲᠦ 18 ᠨᠠᠰᠤ ᠬᠦᠷᠲᠡᠯᠡᠬᠢ ᠰᠠᠷ᠎ᠠ ᠪᠦᠷᠢ 100 ᠶᠤᠸᠠᠨ ᠦ ᠲᠡᠳᠬᠦᠯᠭᠡ ᠣᠯᠭᠣᠭᠤᠯᠵᠤ ᠪᠠᠶᠢᠭ᠎ᠠ ᠁ ᠭᠡᠳ ᠣᠯᠠᠨ ᠠᠵᠢᠯ ᠢ ᠳᠤᠮᠳᠠᠭᠣᠪᠢᠴᠤᠳ ᠮᠡᠳᠡᠳᠡᠭ ᠪᠣᠯᠤᠭᠰᠠᠨ ᠶᠤᠮ᠃ ᠰᠢᠯᠢᠢᠩᠭᠣᠯ ᠠᠶᠢᠮᠠᠭ ᠤᠨ ᠲᠥᠪ᠂ ︽ᠲᠠᠯ᠎ᠠ ᠨᠤᠲᠤᠭ ᠤᠨ ᠭᠡᠷᠡᠯᠲᠦ ᠰᠤᠪᠤᠳ︾ ᠬᠡᠮᠡᠨ ᠨᠡᠷᠡᠯᠡᠭᠳᠡᠭᠰᠡᠨ ᠰᠢᠯᠢᠨᠬᠣᠲᠠ ᠠᠩᠭ᠍ᠯᠢ ᠪᠠᠷ Xiliinhaote ᠤᠲᠤᠭᠠᠨ ᠤ ᠠᠰᠠᠭᠤᠳᠠᠯ ᠢ ᠬᠡᠷᠬᠢᠨ ᠰᠢᠢᠳᠥᠭᠰᠡᠨ ᠪᠤᠢ︖ ᠲᠡᠨᠳᠡ ᠮᠠᠨᠠᠶᠢᠬᠢᠨ ᠤ ᠨᠡᠷᠡᠯᠡᠭᠰᠡᠨ ᠢᠶᠡᠷ ᠬᠠᠭᠤᠴᠢᠨ ᠭᠡᠷ ᠬᠣᠷᠢᠶᠠᠯᠠᠯ ᠣᠷᠴᠢᠨ ᠦᠶ᠎ᠡ ᠶᠢᠨ ᠨᠢᠭᠡᠳᠦᠭᠰᠡᠨ ᠣᠷᠣᠨ ᠰᠠᠭᠤᠴᠠᠨ ᠳᠤ ᠪᠦᠷᠢᠨ ᠬᠠᠯᠠᠭ᠎ᠠ ᠪᠠᠨ ᠥᠭᠭᠦᠭᠰᠡᠨ ᠪᠠᠶᠢᠨ᠎ᠠ᠃ ᠠᠬᠠᠮᠠᠳ ᠨᠠᠰᠤᠲᠠᠨ ᠤ ᠬᠣᠲᠠᠬᠠᠨ ᠢ ᠪᠠᠷᠢᠵᠤ ᠪᠠᠶᠢᠭᠤᠯᠤᠨ ᠣᠷᠣᠨ ᠰᠠᠭᠤᠴᠠ ᠪᠠᠷ ᠬᠠᠩᠭᠠᠭᠰᠠᠨ᠃ ᠲᠤᠬᠠᠢ ᠶᠢᠨ ᠠᠬᠠᠮᠠᠳ ᠨᠠᠰᠤᠲᠠᠨ ᠨᠠᠰᠤ ᠪᠠᠷᠠᠭᠰᠠᠨ ᠲᠣᠬᠢᠶᠠᠯᠳᠤᠯ ᠳᠤ ᠤᠤᠯ ᠣᠷᠣᠨ ᠰᠠᠭᠤᠴᠠ ᠶᠢ ᠦᠷ᠎ᠡ ᠬᠡᠦᠬᠡᠳ ᠨᠢ ᠥᠪᠯᠡᠬᠦ ᠦᠭᠡᠢ᠂ ᠬᠠᠷᠢᠨ ᠪᠠᠶᠢᠷᠢ ᠱᠠᠭᠠᠷᠳᠠᠯᠭ᠎ᠠ ᠲᠠᠢ ᠥᠭᠡᠷ᠎ᠡ ᠠᠬᠠᠮᠠᠳ ᠲᠤ ᠰᠢᠯᠵᠢᠭᠦᠯᠦᠨ᠎ᠡ᠃ ᠲᠡᠨᠳᠡ ᠨᠡᠶᠢᠭᠡᠮ ᠠᠬᠤᠢ ᠶᠢᠨ ᠠᠰᠠᠭᠤᠳᠠᠯ ᠢ ᠲᠥᠷᠥ ᠡᠴᠡ ᠪᠦᠷᠢᠨ ᠰᠢᠢᠳᠪᠦᠷᠢᠯᠡᠭᠰᠡᠨ ᠲᠡᠳᠦᠢ ᠦᠭᠡᠢ ᠠᠬᠠᠮᠠᠳ ᠤᠳ ᠤᠨ ᠠᠮᠤᠷ ᠲᠠᠶᠢᠪᠤᠩ ᠪᠠᠶᠢᠳᠠᠯ ᠢ ᠬᠠᠩᠭᠠᠬᠤ ᠡᠭᠦᠳᠡᠨ ᠡᠴᠡ ᠡᠨᠡ ᠬᠣᠲᠠᠬᠠᠨ ᠤᠷᠤᠭᠤ ᠮᠠᠰᠢᠨ ᠲᠡᠷᠭᠡ ᠣᠷᠣᠭᠤᠯᠬᠤ ᠦᠭᠡᠢ᠂ ᠵᠥᠪᠬᠡᠨ ᠵᠣᠬᠢᠬᠤ ᠪᠠᠶᠢᠭᠤᠯᠤᠯᠭ᠎ᠠ ᠶᠢᠨ ᠵᠥᠪᠰᠢᠶᠡᠷᠡᠯ ᠢᠶᠡᠷ ᠨᠡᠪᠲᠡᠷᠡᠨ᠎ᠡ᠃ ᠡᠨᠡ ᠬᠣᠲᠠᠬᠠᠨ ᠳᠤ ᠠᠬᠠᠮᠠᠳ ᠤᠳ ᠲᠤ ᠶᠠᠭᠤ ᠬᠡᠷᠡᠭᠲᠡᠢ ᠪᠠᠶᠢᠨ᠎ᠠ᠂ ᠲᠡᠷᠡ ᠪᠦᠬᠦᠨ ᠢ ᠲᠥᠷᠥ᠂ ᠵᠠᠰᠠᠭ ᠠᠴᠠ ᠬᠠᠩᠭᠠᠭᠠᠳ ᠥᠭᠴᠢᠬᠡᠭᠰᠡᠨ ᠨᠢ ᠳᠡᠩᠳᠡᠭᠦᠦ ᠰᠠᠶᠢᠬᠠᠨ᠃ ᠳᠠᠭᠤᠯᠠᠳᠠᠭ ᠨᠢ ᠳᠠᠭᠣᠤ ᠪᠠᠨ᠂ ᠬᠣᠭᠤᠷᠳᠠᠳᠠᠭ ᠨᠢ ᠬᠤᠭᠤᠷ ᠢᠶᠠᠨ᠂ ᠪᠦᠵᠢᠭᠯᠡᠳᠡᠭ ᠨᠢ ᠪᠦᠵᠢᠭ ᠢᠶᠡᠨ ᠲᠣᠭᠯᠠᠭᠠᠳ ᠯᠠ ᠥᠷᠥᠭᠡ ᠥᠷᠥᠭᠡᠨ ᠳᠦ ᠪᠡᠨ ᠵᠤᠭ᠎ᠠ ᠲᠠᠢ ᠨᠢ ᠠᠷᠭ᠎ᠠ ᠦᠭᠡᠢ ᠪᠠᠶᠢᠬᠤ ᠳᠤ ᠨᠢᠭᠡ ᠬᠡᠰᠡᠭ ᠨᠢ ᠲᠣᠭᠯᠠᠭᠠᠮ ᠨᠠᠭᠠᠳᠤᠭᠠᠢ ᠶᠢᠨ ᠥᠷᠥᠭᠡᠨ ᠳᠦ ᠬᠡᠳᠦ ᠭᠤᠷᠪᠠ ᠪᠠᠷ ᠢᠶᠠᠨ ᠶᠠᠩᠵᠤ ᠪᠦᠷᠢ ᠶᠢᠨ ᠲᠣᠭᠯᠠᠭᠠᠮ ᠢᠶᠠᠷ ᠵᠤᠭᠠᠴᠠᠵᠤ᠂ ᠭᠠᠳᠠᠭ᠎ᠠ ᠴᠤ ᠶᠢᠰᠦᠨ ᠰᠢᠳᠢ ᠶᠢᠨ ᠲᠥᠬᠥᠭᠡᠷᠦᠮᠵᠢ ᠪᠦᠬᠦᠢ ᠲᠠᠯᠠᠪᠠᠢ ᠳᠤ ᠨᠢᠭᠡ ᠬᠡᠰᠡᠭ ᠨᠢ ᠳᠠᠰᠬᠠᠯ ᠬᠥᠳᠡᠯᠭᠡᠭᠡᠨ ᠢᠶᠡᠷ ᠬᠢᠴᠢᠶᠡᠯᠯᠡᠬᠦ ᠵᠢᠱᠢᠶᠡᠨ ᠦ᠃ ᠨᠥᠭᠥᠭᠡ ᠲᠠᠯ᠎ᠠ ᠪᠠᠷ ᠮᠠᠯᠴᠢᠳ ᠲᠤ ᠵᠣᠷᠢᠭᠤᠯᠤᠨ ᠣᠷᠴᠢᠨ ᠦᠶ᠎ᠡ ᠶᠢᠨ ᠬᠣᠷᠢᠶᠠᠯᠠᠯ ᠪᠠᠷᠢᠵᠤ ᠪᠦᠬᠦ ᠮᠠᠯᠴᠢᠨ ᠠᠶᠢᠯ ᠡᠷᠦᠬᠡ ᠪᠦᠷᠢ ᠬᠣᠲᠠ ᠶᠢᠨ ᠲᠥᠪ ᠲᠦ 3 ᠍ ᠠᠴᠠ ᠳᠡᠭᠡᠭᠰᠢ ᠥᠷᠥᠭᠡ ᠲᠡᠢ ᠪᠠᠶᠢᠷᠢ ᠲᠠᠢ ᠪᠣᠯᠤᠭᠰᠠᠨ᠃ ᠮᠠᠯᠴᠢᠳ ᠬᠥᠳᠡᠭᠡ ᠮᠠᠯ ᠠᠵᠤ ᠠᠬᠤᠢ ᠪᠠᠨ ᠡᠷᠬᠢᠯᠡᠬᠦ ᠭᠡᠷ ᠣᠷᠣᠨ ᠲᠠᠢ᠂ ᠲᠡᠨᠳᠡ ᠪᠡᠨ ᠲᠥᠪᠯᠡᠷᠡᠭᠰᠡᠨ ᠡᠷᠴᠢᠮ ᠬᠦᠴᠥ ᠪᠡᠷ ᠬᠠᠩᠭᠠᠭᠳᠠᠭᠰᠠᠨ᠂ ᠬᠣᠲᠠ ᠶᠢᠨ ᠬᠢᠨ ᠠᠴᠠ ᠳᠤᠲᠠᠬᠤ ᠦᠭᠡᠢ ᠣᠷᠴᠢᠨ ᠨᠥᠬᠥᠴᠡᠯ ᠲᠡᠢ ᠴᠤ ᠠᠶᠢᠮᠠᠭ ᠤᠨ ᠲᠥᠪ ᠲᠦ ᠡᠶᠢᠨᠬᠦ ᠲᠥᠷᠥ ᠡᠴᠡ ᠬᠥᠩᠭᠡᠯᠡᠯᠲᠡ ᠲᠡᠢ ᠨᠥᠬᠥᠴᠡᠯ ᠢᠶᠡᠷ ᠥᠭᠭᠦᠭᠰᠡᠨ ᠪᠠᠶᠢᠷᠢ ᠲᠠᠢ᠃ ᠡᠨᠡ ᠬᠣᠷᠢᠶᠠᠯᠠᠯ ᠨᠢ 5-6 ᠳᠠᠪᠬᠤᠷ ᠪᠠᠷᠢᠯᠭ᠎ᠠ ᠨᠤᠭᠤᠳ ᠪᠦᠬᠦᠢ ᠲᠣᠮᠣ ᠴᠣᠭᠴᠠᠯᠠᠪᠤᠷᠢ ᠶᠤᠮ᠃ ᠢᠩᠭᠢᠬᠦ ᠪᠡᠷ ᠤᠲᠤᠭ᠎ᠠ ᠭᠠᠷᠭᠠᠳᠠᠭ ᠪᠠᠶᠢᠰᠢᠩ ᠪᠠᠷᠢᠯᠭ᠎ᠠ ᠭᠡᠵᠦ ᠠᠯᠠᠭ᠎ᠠ᠃ ᠣᠳᠣ ᠠᠯᠢ ᠪᠣᠯᠬᠤ ᠤᠲᠤᠭ᠎ᠠ ᠭᠠᠷᠭᠠᠳᠠᠭ ᠦᠭᠡᠢ᠂ ᠴᠠᠬᠢᠯᠭᠠᠨ ᠮᠠᠰᠢᠨ ᠲᠡᠷᠭᠡ ᠬᠡᠷᠡᠭᠯᠡᠬᠦ ᠲᠤᠬᠠᠢ ᠴᠤ ᠶᠠᠷᠢᠵᠤ ᠡᠬᠢᠯᠡᠵᠡᠢ᠃ ᠠᠯᠢ ᠴᠤ ᠤᠯᠠᠷᠢᠯ ᠳᠤ ᠤᠲᠤᠭ᠎ᠠ ᠤᠨᠢᠶᠠᠷ ᠭᠡᠵᠦ ᠪᠠᠶᠢᠬᠤ ᠦᠭᠡᠢ᠂ 360 ᠮᠢᠩᠭ᠎ᠠ ᠣᠷᠴᠢᠮ ᠬᠦᠮᠦᠨ ᠠᠮᠠ ᠣᠷᠣᠰᠢᠨ ᠰᠠᠭᠤᠳᠠᠭ ᠡᠨᠡ ᠬᠣᠲᠠ ᠶᠢ ︽ᠲᠠᠯ᠎ᠠ ᠶᠢᠨ ᠴᠠᠭᠠᠨ ᠰᠤᠪᠤᠳ︾ ᠬᠡᠮᠡᠨ ᠨᠡᠷᠡᠯᠡᠭᠰᠡᠨ ᠨᠢ ᠣᠨᠣᠭᠰᠠᠨ ᠨᠡᠷ᠎ᠡ ᠭᠡᠯᠲᠡᠢ᠃ ᠮᠠᠯᠴᠢᠨ ᠡᠷᠦᠬᠡ ᠶᠢᠨ 80 ᠬᠤᠪᠢ ᠨᠢ ᠡᠷᠴᠢᠮ ᠬᠦᠴᠦᠨ ᠦ ᠲᠥᠪᠯᠡᠷᠡᠭᠰᠡᠨ ᠰᠦᠯᠵᠢᠶᠡᠨ ᠳᠦ ᠬᠠᠮᠤᠷᠤᠭᠳᠠᠭᠰᠠᠨ᠂ ᠬᠣᠷᠢᠨ ᠬᠤᠪᠢ ᠨᠢ ᠰᠡᠷᠭᠥᠭᠳᠡᠬᠦ ᠡᠷᠴᠢᠮ ᠬᠦᠴᠦ ᠲᠡᠢ ᠪᠠᠶᠢᠭ᠎ᠠ ᠶᠤᠮ ᠪᠠᠶᠢᠨ᠎ᠠ᠃ ᠪᠢᠳᠡ ᠥᠷᠯᠥᠭᠡ ᠨᠢ ᠮᠠᠯᠴᠢᠨ ᠤ ᠰᠢᠨ᠎ᠡ ᠬᠣᠷᠢᠶᠠᠯᠠᠯ ᠳᠠᠬᠢ᠂ ᠬᠣᠰᠢᠭᠤᠨ ᠤ ᠨᠡᠷᠡᠲᠡᠢ ᠪᠥᠬᠡ ᠪᠣᠯᠣᠳ ᠤᠨ ᠳᠤ ᠥᠷᠯᠥᠭᠡᠨ ᠦ ᠴᠠᠢ ᠤᠤᠭᠤᠬᠤ ᠪᠠᠷ ᠵᠠᠯᠠᠭᠳᠠᠭᠰᠠᠨ ᠶᠤᠮ᠃ ᠮᠠᠯᠴᠢᠨ ᠤ ᠬᠣᠷᠢᠶᠠᠯᠠᠯ ᠨᠢ ᠨᠢᠭᠡ ᠵᠠᠭᠪᠤᠷ ᠤᠨ ᠲᠠᠪᠤ᠂ ᠵᠢᠷᠭᠤᠭᠠᠨ ᠳᠠᠪᠬᠤᠷ ᠣᠷᠣᠨ ᠰᠠᠭᠤᠴᠠᠨ ᠤ ᠮᠠᠰᠢ ᠲᠣᠮᠣ ᠬᠣᠷᠢᠶᠠᠯᠠᠯ ᠶᠤᠮ᠃ ᠨᠢᠭᠡ ᠪᠠᠶᠢᠷᠢᠨ ᠳᠤ 100-150 ᠠᠶᠢᠯ ᠪᠠᠶᠢᠭ᠎ᠠ ᠪᠣᠯᠪᠠ ᠦᠦ ᠭᠡᠵᠦ ᠪᠣᠳᠣᠭᠰᠠᠨ᠃ ᠭᠡᠷ ᠦᠨ ᠡᠵᠡᠭᠲᠡᠢ ᠠᠯᠲᠠᠨᠬᠤᠸᠠᠷ ᠵᠤᠵᠠᠭᠠᠨ ᠳᠤᠭᠤᠢ ᠴᠠᠭᠠᠨ ᠬᠤᠷᠤᠳ ᠳᠠᠪᠬᠤᠷᠯᠠᠨ ᠦᠷᠦᠭᠰᠡᠨ ᠢᠳᠡᠭᠡ ᠪᠠᠷᠢᠨ ᠣᠷᠣᠴᠠᠨ ᠤ ᠬᠢ ᠪᠠᠨ ᠡᠭᠦᠳᠡᠨ ᠳᠦ ᠪᠢᠳᠡᠨ ᠢ ᠤᠭᠲᠤᠯ᠎ᠠ᠃ ᠲᠡᠳᠡᠨ ᠦ ᠬᠢ ᠰᠥ᠋ ᠠᠮᠲᠠᠭᠳᠠᠭᠰᠠᠨ ᠰᠢᠷᠭᠠᠯ ᠴᠠᠢ ᠠᠶᠠᠭᠠᠯᠠᠵᠤ ᠰᠢᠷᠡᠭᠡ ᠳᠦᠭᠦᠷᠡᠩ ᠦᠷᠦᠭᠰᠡᠨ ᠫᠡᠮᠪᠡᠶᠢᠭᠰᠡᠨ ᠤᠯᠠᠭᠠᠨ ᠪᠣᠭᠣᠷᠰᠣᠭ᠂ ᠰᠢᠬᠢᠷ ᠲᠡᠢ ᠰᠢᠬᠢᠷ ᠦᠭᠡᠢ ᠠᠭᠠᠷᠤᠤᠯ᠂ ᠰᠢᠷ᠎ᠠ ᠲᠣᠰᠣ ᠨᠢ ᠮᠡᠯᠲᠡᠭᠡᠨᠡᠭᠰᠡᠨ ᠬᠠᠶᠢᠯᠤᠮᠠᠭ᠂ ᠥᠷᠥᠮᠡᠨ ᠡᠴᠡ ︽ᠴᠠᠶ ᠳᠤ ᠪᠠᠨ ᠬᠢᠵᠦ ᠤᠤᠭᠤᠭᠠᠷᠠᠢ᠂ ᠢᠳᠡᠭᠡᠷᠡᠢ︾ ᠭᠡᠯᠴᠡᠨ ᠬᠥᠯ ᠪᠣᠯᠴᠠᠭᠠᠯ᠎ᠠ᠃ ᠥᠭᠡᠬᠦ ᠮᠢᠬ᠎ᠠ ᠠᠯᠠᠭᠯᠠᠭᠰᠠᠨ ᠦᠬᠡᠷ᠂ ᠬᠣᠨᠢᠨ ᠤ ᠮᠢᠬ᠎ᠠ ᠴᠤ ᠲᠦᠮᠫᠡᠨ ᠲᠦᠮᠫᠡᠨ ᠢᠶᠡᠷ ᠥᠷᠥᠵᠦ ︽ᠴᠠᠶ ᠳᠤ ᠪᠠᠨ ᠮᠢᠬ᠎ᠠ ᠬᠥᠰᠬᠥᠯᠡ︾ ᠭᠡᠳ ᠬᠦᠮᠦᠨ ᠪᠦᠷᠢ ᠳᠦ ᠵᠢᠵᠢᠭ ᠬᠢᠲᠤᠭ᠎ᠠ ᠲᠠᠷᠬᠠᠭᠠᠨ ᠠᠮᠠ ᠠᠮᠠᠨ ᠳᠤ ᠪᠠᠨ ᠰᠢᠮᠳᠠᠭᠤᠯᠬᠤ ᠨᠢ ᠲᠡᠷᠡ᠃ ᠪᠢᠳᠡᠨ ᠦ ᠶᠠᠷᠢᠶᠠᠨ ᠳᠤᠮᠳᠠᠭᠤᠷ ᠰᠢᠯᠢᠨᠬᠣᠲᠠ ᠳᠠᠬᠢ︽ᠴᠣᠭᠣᠷ︾ ᠭᠡᠬᠦ ᠵᠢᠵᠢᠭ ᠵᠣᠭᠣᠭ ᠤᠨ ᠭᠠᠵᠠᠷ ᠤᠨ ᠲᠤᠬᠠᠢ ᠣᠷᠣᠵᠤ ᠢᠷᠡᠭᠰᠡᠨ ᠨᠢ ᠡᠨᠳᠡᠬᠢ ᠶᠢᠨ ᠥᠪᠥᠷ ᠮᠣᠩᠭᠣᠯᠴᠤᠳ ᠤᠨ ᠤᠷᠤᠬᠤ ᠳᠤᠷᠠᠲᠠᠢ ᠭᠠᠵᠠᠷ ᠤᠨ ᠨᠢᠭᠡ ᠠᠵᠢ᠃ ᠡᠨᠡ ᠵᠢᠵᠢᠭᠡᠪᠲᠦᠷ ᠵᠣᠭᠣᠭ ᠤᠨ ᠭᠠᠵᠠᠷ ᠲᠤ ᠬᠦᠮᠦᠰ ᠰᠠᠭᠤᠳᠠᠯ ᠤᠨ ᠳᠠᠷᠠᠭᠠᠯᠠᠯ ᠬᠦᠯᠢᠶᠡᠭᠡᠳ ᠬᠡᠳᠦᠨ ᠠᠷᠪᠠ ᠪᠠᠷ ᠢᠶᠠᠨ ᠵᠣᠭᠰᠣᠵᠤ ᠪᠠᠶᠢᠳᠠᠭ ᠨᠢ ᠳᠠᠩ ᠦᠬᠡᠷ ᠦᠨ ᠮᠢᠬ᠎ᠠ ᠲᠠᠢ ᠬᠣᠭᠣᠯᠠ ᠪᠠᠷ ᠦᠢᠯᠡᠴᠢᠯᠡᠳᠡᠭ ᠦᠨ ᠬᠢ ᠠᠵᠢ᠃ ᠨᠡᠷ᠎ᠡ ᠶᠢᠨ ᠬᠣᠭᠣᠯᠠ ᠨᠢ ᠦᠬᠡᠷ ᠦᠨ ᠮᠢᠬ᠎ᠠ ᠲᠠᠢ᠂ ᠭᠤᠯᠢᠷ ᠲᠠᠢ ᠱᠥᠯᠥ ᠶᠤᠮ᠃ ᠵᠢᠯ ᠳᠦ ᠪᠡᠨ ᠵᠠᠭᠤᠭᠠᠳ ᠦᠬᠡᠷ ᠵᠣᠭᠣᠭ ᠲᠤ ᠪᠠᠨ ᠬᠡᠷᠡᠭᠯᠡᠳᠡᠭ ᠨᠢ ᠨᠢᠭᠡ ᠦᠬᠡᠷ 3-4 ᠡᠳᠦᠷ ᠲᠦ ᠬᠦᠷᠦᠯᠴᠡᠬᠦ ᠲᠡᠳᠦᠢ ᠪᠣᠯᠤᠯᠲᠠᠢ᠃ ᠴᠠᠶᠢᠯᠠᠭᠰᠠᠨ ᠤ ᠳᠠᠷᠠᠭ᠎ᠠ ᠡᠵᠡᠭᠲᠡᠢ ᠠᠯᠲᠠᠨᠬᠤᠸᠠᠷ ᠥᠪᠡᠷ ᠦᠨ ᠣᠶᠢᠷ᠎ᠠ ᠬᠠᠷᠢᠯᠴᠠᠭ᠎ᠠ ᠲᠠᠢ ᠨᠢᠭᠡᠨ ᠦᠢᠯᠡᠳᠪᠦᠷᠢ ᠪᠡᠷ ᠣᠷᠣᠭᠤᠯᠤᠭᠰᠠᠨ ᠨᠢ ︽ᠬᠥᠬᠡ ᠠᠷᠭᠠᠯ ᠤᠨ ᠬᠥᠵᠢ︾ ᠶᠢᠨ ᠬᠢ ᠠᠵᠢ᠃ ᠲᠡᠳᠡᠨ ᠦ ︽ᠬᠥᠬᠡ ᠠᠷᠭᠠᠯ ᠤᠨ ᠬᠥᠵᠢ︾ ᠨᠡᠷ᠎ᠡ ᠲᠡᠢ ᠠᠰᠢᠭ ᠣᠷᠣᠯᠭ᠎ᠠ ᠲᠠᠢ ᠺᠣᠮᠫᠠᠨᠢ ᠦᠨᠳᠦᠰᠦᠨ ᠦ ᠬᠡᠮᠵᠢᠶᠡᠨ ᠦ ᠦᠢᠯᠡᠳᠪᠦᠷᠢᠯᠡᠯ ᠶᠠᠪᠤᠭᠤᠯᠵᠤ ᠪᠠᠶᠢᠭ᠎ᠠ ᠶᠢ ᠰᠣᠨᠢᠷᠬᠠᠯ᠎ᠠ᠃ ᠡᠨᠡ ᠦᠢᠯᠡᠳᠪᠦᠷᠢ ᠶᠢᠨ ᠭᠣᠣᠯ ᠲᠧᠭᠨᠣᠯᠣᠭᠢᠴᠢ᠂ ᠤᠯᠠᠮᠵᠢᠯᠠᠯᠲᠤ ᠠᠨᠠᠭᠠᠬᠤ ᠤᠬᠠᠭᠠᠨ ᠤ ᠡᠮᠴᠢ ᠭᠠᠩᠴᠢᠯᠠᠭᠤᠨ ᠤ ᠲᠠᠶᠢᠯᠪᠤᠷᠢᠯᠠᠭᠰᠠᠨ ᠢᠶᠠᠷ ᠭᠤᠷᠪᠠᠨ ᠵᠢᠯ ᠪᠣᠯᠤᠭᠰᠠᠨ ᠬᠥᠬᠡ ᠠᠷᠭᠠᠯ ᠤᠨ ᠤᠲᠤᠭ᠎ᠠ ᠣᠯᠠᠨ ᠲᠥᠷᠥᠯ ᠦᠨ ᠡᠪᠡᠳᠴᠢᠨ ᠢ ᠠᠨᠠᠭᠠᠬᠤ᠂ ᠪᠦᠷ ᠡᠷᠳᠡᠮᠲᠡᠳ ᠦᠨ ᠲᠣᠭᠠᠴᠠᠭᠠᠯᠠᠭᠰᠠᠨ ᠢᠶᠠᠷ ᠬᠦᠮᠦᠨ ᠦ ᠪᠡᠶ᠎ᠡ ᠳ᠋ᠡᠬᠢ 300 ᠣᠷᠴᠢᠮ ᠲᠥᠷᠥᠯ ᠦᠨ ᠨᠢᠶᠠᠨ ᠢ ᠤᠰᠠᠳᠬᠠᠬᠤ ᠢᠳᠡ ᠰᠢᠳᠢ ᠲᠡᠢ ᠠᠵᠢ᠃ ᠡᠨᠡ ᠢᠳᠢ ᠰᠢᠳᠢ ᠶᠢ ᠰᠢᠨᠵᠢᠯᠡᠬᠦ ᠤᠬᠠᠭᠠᠨ ᠤ ᠦᠨᠳᠦᠰᠦ ᠲᠡᠢ ᠲᠣᠭᠲᠠᠭᠠᠭᠰᠠᠨ ᠲᠤᠯᠠ ᠬᠥᠬᠡ ᠠᠷᠭᠠᠯ ᠢᠶᠠᠷ ᠣᠯᠠᠨ ᠲᠥᠷᠥᠯ ᠦᠨ ᠬᠥᠵᠢ ᠦᠢᠯᠡᠳᠪᠦᠷᠢᠯᠡᠨ ᠭᠣᠶᠣᠮᠰᠣᠭ ᠬᠠᠶᠢᠷᠴᠠᠭ ᠰᠠᠪᠠ ᠲᠠᠢ ᠪᠠᠷ ᠵᠠᠬ᠎ᠠ ᠵᠡᠭᠡᠯᠢ ᠳᠦ ᠨᠡᠶᠢᠯᠡᠭᠦᠯᠵᠦ ᠪᠠᠶᠢᠨ᠎ᠠ᠃ ᠬᠦᠮᠦᠨ ᠦ ᠦᠨᠦᠷᠳᠦᠬᠦ ᠰᠡᠷᠡᠯ᠂ ᠬᠠᠷᠠᠬᠤ ᠰᠡᠷᠡᠯ᠂ ᠬᠦᠷᠲᠡᠬᠦ ᠰᠡᠷᠡᠯ ᠪᠦᠬᠦᠨ ᠳᠦ ᠪᠡᠶ᠎ᠡ᠂ ᠰᠡᠳᠬᠢᠯ ᠢ ᠲᠠᠶᠢᠪᠤᠰᠢᠷᠠᠭᠤᠯᠤᠨ ᠠᠷᠢᠭᠤᠰᠬᠠᠬᠤ᠂ ᠡᠷᠡᠭᠦᠯᠵᠢᠭᠦᠯᠬᠦ ᠤᠪᠠᠳᠢᠰ ᠲᠠᠢ ᠡᠨᠡ ᠨᠠᠨᠳᠢᠨ ᠪᠦᠲᠦᠭᠡᠭᠳᠡᠬᠦᠨ ᠶᠡᠬᠡᠬᠡᠨ ᠡᠷᠢᠯᠲᠡ ᠲᠡᠢ ᠪᠣᠯᠤᠭᠰᠠᠨ ᠭᠡᠨ᠎ᠡ᠃ ᠡᠳᠡᠨ ᠦ ᠦᠵᠡᠰᠬᠦᠯᠡᠩ ᠦᠨ ᠲᠠᠩᠬᠢᠮ ᠳᠤ ᠠᠷᠤᠭ ᠳᠦᠭᠦᠷᠡᠩ ᠬᠥᠬᠡ ᠠᠷᠭᠠᠯ ᠳᠡᠭᠡᠷ᠎ᠡ ᠰᠠᠪᠠᠷ ᠬᠥᠨᠳᠡᠯᠢᠳᠦᠭᠦᠯᠦᠨ ᠲᠠᠯᠪᠢᠭᠰᠠᠨ ᠬᠠᠷᠠᠭᠳᠠᠨ᠎ᠠ᠃ ᠦᠬᠡᠷ ᠦᠨ ᠬᠥᠬᠡ ᠠᠷᠭᠠᠯ ᠢ ᠪᠦᠲᠦᠨ ᠢᠶᠡᠷ ᠨᠢ ᠰᠢᠯ ᠤᠨ ᠬᠣᠷᠭᠣᠨ ᠳᠤ ᠵᠠᠯᠠᠭᠰᠠᠨ ᠴᠤ ᠪᠠᠶᠢᠨ᠎ᠠ᠃ ᠬᠥᠬᠡ ᠠᠷᠭᠠᠯ ᠤᠨ ᠨᠢᠭᠡ ᠪᠠᠭᠴᠠ ᠬᠥᠵᠢ ᠭᠡᠬᠦ ᠳᠦ 128᠂ 168᠂ 188 ᠶᠤᠸᠠᠨ ᠭᠡᠳ ᠶᠠᠩᠵᠤ ᠪᠦᠷᠢ ᠶᠢᠨ ᠦᠨ᠎ᠡ ᠲᠡᠢ ᠶᠤᠮ᠃ ᠪᠦᠷ ᠬᠢᠮᠳᠠᠬᠠᠨ ᠬᠦᠵᠢᠨ ᠳᠦ ᠨᠢ ᠬᠥᠬᠡ ᠠᠷᠭᠠᠯ ᠲᠤᠩ ᠪᠠᠭ᠎ᠠ ᠣᠷᠣᠭᠰᠠᠨ ᠪᠠᠶᠢᠳᠠᠭ ᠭᠡᠨ᠎ᠡ᠃ ᠡᠮᠦᠨᠡᠲᠦ ᠬᠥᠷᠰᠢ ᠥᠪᠥᠷᠯᠡᠭᠴᠢ ᠡᠯᠢᠭᠡ ᠨᠢᠭᠡᠲᠡᠨ ᠨᠦᠭᠦᠳ ᠮᠠᠨᠢ ᠠᠷᠭᠠᠯ ᠢ ᠲᠦᠯᠡᠰᠢ ᠭᠢᠬᠦ ᠡᠴᠡ ᠭᠠᠳᠠᠨ᠎ᠠ ᠶᠡᠬᠡᠳᠡ ᠳᠡᠭᠡᠳᠦᠯᠡᠵᠦ ᠦᠨᠦᠷᠲᠡᠨ ᠬᠥᠵᠢ ᠦᠢᠯᠡᠳᠪᠦᠷᠢᠯᠡᠬᠦ ᠡᠴᠡ ᠭᠠᠳᠠᠨ᠎ᠠ ᠥᠭᠡᠷ᠎ᠡ ᠴᠤ ᠣᠯᠠᠨ ᠲᠠᠯ᠎ᠠ ᠪᠠᠷ ᠠᠮᠢᠳᠤᠷᠠᠯ ᠠᠬᠤᠢ᠂ ᠠᠵᠢᠯ ᠦᠢᠯᠡᠳᠪᠦᠷᠢᠯᠡᠯ ᠳᠦ ᠪᠡᠨ ᠬᠡᠷᠡᠭᠯᠡᠳᠡᠭ ᠶᠤᠮ ᠪᠠᠶᠢᠨ᠎ᠠ᠃ ︽ᠬᠡᠨ ᠦ ᠬᠢ ᠠᠷᠭᠠᠯ᠂ ᠬᠥᠷᠵᠡᠩ ᠢᠶᠡᠨ ᠭᠣᠶᠣ ᠰᠠᠶᠢᠬᠠᠨ ᠥᠷᠥᠬᠦ ᠪᠤᠢ︾ ᠭᠡᠰᠡᠨ ᠤᠷᠤᠯᠳᠤᠭᠠᠨ ᠰᠢᠯᠢᠢᠩᠭᠣᠯ ᠳᠠᠶᠠᠭᠠᠷ ᠪᠣᠯᠵᠤ ᠠᠪᠤᠷᠭᠤ᠂ ᠲᠡᠷᠢᠭᠦᠨ ᠢ ᠵᠢᠯ ᠪᠦᠷᠢ ᠲᠣᠳᠣᠷᠠᠭᠤᠯᠳᠠᠭ ᠤᠯᠠᠮᠵᠢᠯᠠᠯ ᠲᠠᠢ ᠶᠤᠮ ᠪᠠᠶᠢᠨ᠎ᠠ᠃ ᠢᠩᠭᠢᠵᠦ ᠭᠣᠶᠣᠮᠰᠣᠭᠯᠠᠨ ᠬᠤᠷᠢᠶᠠᠭᠰᠠᠨ ᠠᠷᠭᠠᠯ᠂ ᠬᠥᠷᠵᠡᠩ ᠢᠶᠡᠨ ᠵᠢᠯ ᠵᠢᠯ ᠢᠶᠡᠷ ᠳᠠᠯᠠᠩᠨᠠᠭᠤᠯᠤᠨ ᠬᠤᠷᠢᠶᠠᠵᠤ ᠦᠬᠡᠷ ᠦᠨ ᠪᠠᠭᠠᠰᠤᠨ ᠵᠠᠭᠤᠷᠮᠠᠭ ᠢᠶᠠᠷ ᠬᠤᠴᠢᠨ ᠪᠣᠷᠣᠭ᠎ᠠ᠂ ᠰᠠᠯᠬᠢᠨ ᠠᠴᠠ ᠬᠠᠮᠠᠭᠠᠯᠠᠵᠤ ᠲᠦᠯᠡᠰᠢᠨ ᠳᠦ ᠪᠡᠨ ᠬᠡᠷᠡᠭᠯᠡᠳᠡᠭ ᠠᠵᠢ᠃ ᠲᠡᠳᠡ ᠡᠶᠢᠨᠬᠦ ᠡᠩᠨᠡᠭᠦᠯᠦᠨ ᠬᠤᠷᠢᠶᠠᠭᠰᠠᠨ ᠠᠷᠭᠠᠯ᠂ ᠬᠥᠷᠵᠡᠩ ᠢᠶᠡᠨ ︽ᠡᠨᠡ ᠲᠡᠷᠡ ᠵᠢᠯ ᠦᠨ ᠳᠠᠯᠠᠩ︾ ︽ᠲᠡᠷᠡ ᠲᠡᠳᠦᠢ ᠣᠨ ᠤ ᠳᠠᠯᠠᠩ︾ ᠭᠡᠵᠦ ᠶᠠᠷᠢᠬᠤ ᠶᠤᠮ᠃ ᠣᠶᠣᠳᠠᠯᠴᠢᠨ ᠰᠤᠶᠤᠯ ᠭᠡᠬᠦ ᠦᠢᠯᠡᠴᠢᠨ ᠡᠮᠡᠭᠲᠡᠢ ᠶᠢᠨ ᠤᠷᠠᠯᠠᠩ ᠢᠶᠠᠷ ᠣᠷᠣᠬᠤ ᠳᠤ ᠦᠵᠦᠮᠦᠴᠢᠨ᠂ ᠠᠪᠠᠭ᠎ᠠ ᠵᠠᠭᠪᠤᠷ ᠤᠨ ᠳᠡᠪᠡᠯ ᠬᠤᠪᠴᠠᠰᠤᠨ ᠠᠴᠠ ᠭᠠᠳᠠᠨ᠎ᠠ᠂ ᠬᠣᠨᠢ᠂ ᠬᠤᠷᠠᠭᠠᠨ ᠤ ᠠᠷᠠᠰᠤ ᠪᠠᠷ ᠬᠢᠭᠰᠡᠨ ᠳᠡᠪᠡᠯ ᠴᠤ ᠪᠠᠶᠢᠨ᠎ᠠ᠃ ᠲᠤᠬᠠᠶᠢᠯᠠᠪᠠᠯ᠂ ᠡᠷ᠎ᠡ ᠬᠣᠨᠢᠨ ᠤ ᠨᠡᠬᠡᠢ ᠶᠢ ᠡᠯᠳᠡᠭᠡᠳ ᠠᠷᠭᠠᠯ ᠤᠨ ᠤᠲᠤᠭ᠎ᠠ ᠪᠠᠷ ᠤᠲᠤᠨ ᠥᠩᠭᠡ᠂ ᠦᠨᠦᠷ ᠣᠷᠣᠭᠤᠯᠤᠭᠠᠳ ᠪᠥᠰ ᠮᠠᠲ᠋ᠧᠷᠢᠶᠠᠯ ᠢᠶᠠᠷ ᠥᠩᠭᠡ ᠲᠠᠲᠠᠯ ᠦᠭᠡᠢ ᠰᠠᠶᠢᠬᠠᠨ ᠳᠡᠪᠡᠯ ᠬᠢᠭᠰᠡᠨ ᠨᠢ ᠡᠪᠦᠯ ᠦᠨ ᠲᠡᠰᠬᠢᠮ᠎ᠡ ᠬᠦᠢᠲᠡᠨ ᠳ᠋ᠤ ᠳᠠᠭᠠᠷᠠᠭᠤᠯᠬᠤ ᠦᠭᠡᠢ ᠡᠴᠡ ᠭᠠᠳᠠᠨ᠎ᠠ ᠠᠷᠭᠠᠯ ᠤᠨ ᠰᠣᠳᠣᠨ ᠦᠨᠦᠷ ᠲᠡᠢ᠂ ᠰᠡᠳᠬᠢᠯ ᠳᠦ ᠳᠤᠯᠠᠭᠠᠨ ᠪᠣᠷᠣ ᠰᠢᠷᠭᠠᠯ ᠥᠩᠭᠡ ᠲᠡᠢ ᠶᠤᠮ᠃ ᠡᠨᠡ ᠳᠡᠪᠡᠯ ᠢ ᠪᠢᠳᠡ ᠡᠭᠡᠯᠵᠢᠯᠡᠨ ᠡᠮᠦᠰᠴᠥ ᠦᠵᠡᠬᠦ ᠳᠦ ᠠᠷᠭ᠎ᠠ ᠦᠭᠡᠢ ᠯᠠ ︽ᠠᠷᠭᠠᠯ ᠤᠨ ᠤᠲᠤᠭ᠎ᠠ ᠪᠤᠷᠭᠢᠯᠣᠭᠰᠠᠨ ᠮᠠᠯᠴᠢᠨ ᠤ ᠭᠡᠷ ᠲᠦ ᠲᠦᠷᠦᠭᠰᠡᠨ ᠪᠢ︾ ᠭᠡᠵᠦ ᠪᠠᠬᠠᠷᠬᠠᠮᠠᠷ ᠰᠠᠨᠠᠭᠳᠠᠭᠰᠠᠨ ᠰᠢᠦ᠃ ᠮᠠᠨᠠᠶᠢᠬᠢᠨ ᠤ ᠵᠦᠭᠡᠷ ᠯᠠ ᠲᠦᠯᠡᠰᠢ ᠭᠡᠵᠦ ᠦᠵᠡᠳᠡᠭ᠂ ᠬᠠᠩᠭᠠᠢ ᠨᠤᠲᠤᠭ ᠤᠨ ᠬᠢᠨ ᠪᠣᠯ ᠦᠨᠡᠰᠥ ᠶᠡᠬᠡ ᠲᠡᠢ ᠭᠡᠳ ᠠᠳᠠ ᠦᠵᠡᠳᠡᠭ ᠠᠷᠭᠠᠯ ᠡᠨᠡ ᠨᠤᠲᠤᠭ ᠲᠤ ︽ᠠᠷᠭᠠᠯ ᠤᠨ ᠰᠤᠶᠤᠯ︾᠍ ᠤᠨ ᠲᠦᠪᠰᠢᠨ ᠳᠦ ᠳᠡᠭᠡᠳᠦᠯᠡᠭᠳᠡᠨ ᠣᠯᠠᠨ ᠵᠦᠢᠯ ᠳᠦ ᠦᠨᠡᠨᠬᠦ ᠠᠰᠢᠭ ᠲᠤᠰᠠ ᠶᠢ ᠮᠡᠳᠡᠷᠡᠵᠥ᠂ ᠦᠢᠯᠡᠳᠪᠦᠷᠢᠯᠡᠯ᠂ ᠪᠢᠽᠨ᠋ᠧᠰ᠂ ᠠᠵᠤ ᠲᠥᠷᠥᠬᠦ ᠨᠢᠭᠡ ᠰᠤᠶᠤᠯ ᠳᠤ ᠲᠣᠭᠠᠴᠠᠭᠳᠠᠬᠤ ᠪᠣᠯᠤᠭᠰᠠᠨ ᠠᠴᠠ ᠦᠯᠢᠭᠡᠷ ᠠᠪᠤᠮᠠᠷ᠃ ᠮᠠᠯᠴᠢᠨ ᠢᠯᠠᠯᠲᠠ ᠶᠢᠨ ᠬᠢ᠃ ᠡᠨᠡ ᠨᠤᠲᠤᠭ ᠲᠤ ᠮᠠᠯ ᠠᠵᠤ ᠠᠬᠤᠢ ᠬᠡᠷᠬᠢᠨ ᠡᠷᠬᠢᠯᠡᠵᠦ ᠪᠠᠶᠢᠭ᠎ᠠ ᠲᠤᠬᠠᠢ ᠠᠳᠢᠶ᠎ᠠ ᠭᠤᠸᠠᠢ ᠠᠴᠠ ᠰᠣᠨᠣᠰᠤᠭᠰᠠᠨ ᠢᠶᠡᠨ ᠪᠠᠲᠤᠳᠬᠠᠬᠤ ᠰᠠᠶᠢᠬᠠᠨ ᠪᠣᠯᠤᠮᠵᠢ ᠰᠢᠯᠢᠨᠬᠣᠲᠠ ᠶᠢᠨ ᠣᠶᠢᠷᠠᠯᠴᠠᠭ᠎ᠠ᠂ ᠲᠠᠬᠢᠷᠠᠯᠳᠤᠵᠤ ᠤᠭᠠᠯᠵᠠᠷᠠᠨ ᠤᠷᠤᠰᠬᠤ ᠰᠢᠯᠢ ᠶᠢᠨ ᠭᠣᠣᠯ ᠤᠨ ᠢᠶᠠᠨ ᠬᠥᠪᠡᠭᠡᠨ ᠳᠦ ᠰᠠᠭᠤᠷᠢᠰᠢᠭᠰᠠᠨ ᠮᠠᠯᠴᠢᠨ ᠢᠯᠠᠯᠲᠠ ᠶᠢᠨ ᠳᠤ ᠵᠣᠴᠢᠯᠠᠭᠰᠠᠨ ᠢᠶᠠᠷ ᠭᠠᠷᠤᠯ᠎ᠠ᠃ ᠲᠡᠳᠡᠨ ᠦ ᠬᠢ ᠰᠠᠭᠤᠷᠢᠨ ᠮᠠᠯᠯᠠᠭᠠᠨ ᠤ ᠮᠢᠬᠠᠨ ᠤ ᠴᠢᠭᠯᠡᠯ ᠦᠨ 80 ᠦᠬᠡᠷ ᠪᠣᠷᠳᠣᠬᠤ ᠠᠴᠠ ᠭᠠᠳᠠᠨ᠎ᠠ ᠬᠠᠭᠠᠰ ᠰᠠᠭᠤᠷᠢᠨ ᠮᠠᠯᠯᠠᠭᠠᠨ ᠤ 200 ᠭᠠᠷᠤᠢ ᠬᠣᠨᠢ ᠲᠠᠢ᠃ ᠡᠨᠡ ᠨᠤᠲᠤᠭ ᠲᠤ ᠮᠠᠯ ᠤᠨ ᠲᠣᠭ᠎ᠠ ᠲᠣᠯᠣᠭᠠᠢ ᠬᠢᠵᠠᠭᠠᠷ ᠲᠠᠢ ᠲᠤᠯᠠ ᠡᠨᠡ ᠯᠠ ᠲᠣᠭᠣᠨᠣ ᠠᠴᠠ ᠪᠠᠨ ᠬᠡᠲᠦᠷᠡᠭᠦᠯᠦᠨ᠎ᠡ ᠭᠡᠵᠦ ᠦᠭᠡᠢ᠃ ᠭᠤᠴᠢᠨ ᠵᠢᠯ ᠢᠶᠡᠷ ᠡᠵᠡᠮᠰᠢᠭᠰᠡᠨ ᠭᠠᠵᠠᠷ ᠨᠢ ᠮᠠᠨᠠᠶᠢᠬᠢ ᠪᠠᠷ ᠪᠣᠯ ᠬᠠᠰᠢᠶᠠᠯᠠᠭᠰᠠᠨ ᠪᠡᠯᠴᠢᠭᠡᠷ ᠶᠤᠮ ᠳ᠋ᠠ᠃ ᠲᠥᠪᠯᠡᠷᠡᠭᠰᠡᠨ ᠡᠷᠴᠢᠮ ᠬᠦᠴᠦᠨ ᠦ ᠡᠬᠢ ᠡᠭᠦᠰᠪᠦᠷᠢ ᠲᠡᠢ᠂ ᠬᠡᠳᠦᠨ ᠥᠷᠥᠭᠡ ᠲᠣᠬᠢᠯᠢᠭ ᠰᠠᠭᠤᠴᠠ ᠲᠠᠢ᠂ ᠲᠧᠯᠧᠢᠰ᠂ ᠢᠨᠲ᠋ᠧᠷᠨᠡᠲ᠂ ᠭᠠᠷ ᠤᠲᠠᠰᠤ ᠁ ᠭᠡᠳ ᠬᠣᠲᠠ ᠶᠢᠨ ᠬᠢ ᠠᠴᠠ ᠳᠤᠲᠠᠬᠤ ᠦᠭᠡᠢ ᠤᠷᠴᠢᠨ ᠳᠤ ᠠᠵᠤ ᠲᠥᠷᠦᠵᠥ ᠪᠠᠶᠢᠨ᠎ᠠ᠃ ᠢᠯᠠᠯᠲᠠ ᠶᠢᠨ ᠬᠢ ᠨᠢᠭᠡ ᠥᠬᠢᠨ ᠲᠠᠢ᠃ ᠥᠬᠢᠨ ᠢᠷᠦᠭᠡᠯ ᠨᠢ ᠱᠠᠩᠬᠠᠢ ᠳᠤ ᠳᠥᠷᠪᠡᠨ ᠵᠢᠯ᠂ ᠪᠡᠭᠡᠵᠢᠩ ᠳᠦ ᠨᠢᠭᠡ ᠵᠢᠯ ᠲᠡᠨᠳᠡᠬᠢ ᠶᠢᠨ ᠨᠡᠷ᠎ᠡ ᠬᠦᠨᠳᠦᠲᠡᠢ ᠰᠤᠷᠭᠠᠭᠤᠯᠢ ᠳᠤ ᠠᠨᠠᠭᠠᠬᠤ ᠤᠬᠠᠭᠠᠨ ᠤ ᠴᠢᠭᠯᠡᠯ ᠢᠶᠡᠷ ᠰᠤᠷᠤᠯᠴᠠᠭᠠᠳ ᠰᠢᠯᠢᠨᠬᠣᠲᠠ ᠶᠢᠨ ᠬᠠᠮᠤᠭ ᠤᠨ ᠲᠣᠮᠣ ᠡᠮᠨᠡᠯᠭᠡ ᠳᠦ ᠠᠵᠢᠯᠯᠠᠵᠤ ᠪᠠᠶᠢᠭ᠎ᠠ᠃ ᠢᠷᠦᠭᠡᠯ ᠥᠬᠢᠨ ᠡᠵᠢ᠂ ᠠᠪᠤ ᠶᠢᠨ ᠢᠶᠠᠨ ᠰᠤᠷᠭᠠᠯ ᠢᠶᠠᠷ ᠶᠠᠪᠤᠭ᠎ᠠ᠂ ᠡᠵᠢ ᠠᠪᠤ ᠶᠢᠨ ᠢᠶᠠᠨ ᠠᠴᠢ ᠶᠢ ᠬᠠᠷᠢᠭᠤᠯᠬᠤ ᠨᠢ ᠥᠪᠡᠷ ᠦᠨ ᠬᠣᠯᠠ ᠭᠠᠵᠠᠷ ᠡᠷᠳᠡᠮ ᠰᠤᠷᠣᠭᠰᠠᠨ ᠤ ᠤᠳᠬ᠎ᠠ ᠤᠴᠢᠷ ᠭᠡᠵᠦ ᠶᠠᠷᠢᠳᠠᠭ᠃ ᠦᠨᠡᠨ ᠳᠦ ᠪᠡᠨ ᠡᠨᠡ ᠨᠤᠲᠤᠭ ᠠᠴᠠ ᠮᠣᠩᠭᠣᠯ ᠮᠠᠯᠴᠢᠨ ᠤ ᠥᠬᠢᠨ ᠲᠡᠷᠡ ᠬᠣᠯᠠ ᠪᠡᠭᠡᠵᠢᠩ᠂ ᠱᠠᠩᠬᠠᠢ ᠳᠠᠬᠢ ᠳᠡᠯᠡᠬᠡᠢ ᠶᠢᠨ ᠨᠡᠷᠡᠲᠡᠢ ᠶᠡᠬᠡ ᠰᠤᠷᠭᠠᠭᠤᠯᠢ ᠳᠤ ᠰᠤᠷᠣᠨ᠎ᠠ ᠭᠡᠳᠡᠭ ᠲᠡᠶᠢᠮᠦ ᠴᠤ ᠡᠯᠪᠡᠭ ᠲᠣᠬᠢᠶᠠᠯ ᠪᠢᠰᠢ ᠪᠣᠯᠤᠯᠲᠠᠢ᠃ ᠡᠪᠦᠭᠡ ᠳᠡᠭᠡᠳᠦᠰ ᠡᠴᠡ ᠦᠶ᠎ᠡ ᠳᠠᠮᠵᠢᠨ ᠬᠡᠷᠡᠭᠯᠡᠵᠦ ᠢᠷᠡᠭᠰᠡᠨ ᠡᠷᠲᠡᠨ ᠦ ᠭᠠᠩ ᠲᠤᠯᠭ᠎ᠠ᠂ ᠤᠭᠤᠷ ᠨᠦᠳᠦᠭᠦᠷ᠂ ᠵᠢᠵᠢᠭ ᠱᠦᠭᠦᠢ ︵ᠥᠪᠡᠷᠰᠡᠳ ᠢᠶᠡᠨ ᠬᠣᠷᠭᠣ ᠭᠡᠵᠦ ᠨᠡᠷᠡᠯᠡᠳᠡᠭ︶ ᠡᠳᠡᠨ ᠦ ᠪᠤᠷᠬᠠᠨ ᠤ ᠬᠢ ᠪᠠᠨ ᠠᠳᠠᠯᠢ ᠨᠠᠨᠳᠢᠩᠨᠠᠨ ᠰᠢᠲᠦᠳᠡᠭ ᠡᠳ᠋ᠯᠡᠯ ᠶᠤᠮ᠃ ᠥᠩᠭᠡ ᠥᠩᠭᠡ ᠶᠢᠨ ᠬᠠᠳᠠᠭ ᠲᠠᠯᠪᠢᠭᠰᠠᠨ ᠡᠨᠡ ᠬᠣᠷᠭᠣ ᠶᠢ ᠡᠵᠡᠭᠲᠡᠢ ᠰᠤᠶᠤᠯᠴᠡᠴᠡᠭ ᠲᠠᠶᠢᠯᠪᠤᠷᠢᠯᠠᠬᠤ ᠳᠤ ᠪᠠᠨ ︽ᠬᠠᠳᠠᠮ ᠡᠵᠢ ᠶᠢ ᠮᠠᠨᠢ ᠠᠶᠢᠯ ᠤᠨ ᠪᠡᠷᠢ ᠪᠣᠯᠬᠤ ᠳᠤ ᠡᠵᠢ ᠨᠢ ᠥᠭᠭᠦᠭᠰᠡᠨ ᠡᠳ᠋ᠯᠡᠯ ᠭᠡᠬᠦ ᠪᠡᠷ ᠯᠠᠪᠲᠠᠶ᠎ᠠ 100 ᠭᠠᠷᠤᠢ ᠵᠢᠯ ᠦᠨ ᠲᠡᠦᠬᠡ ᠦᠭᠦᠯᠡᠨ᠎ᠡ︾ ᠭᠡᠯ᠎ᠡ᠃ ᠲᠡᠳᠡᠨ ᠦ ᠬᠢ ︽ᠠᠵᠢᠯ ᠤᠨ ᠬᠦᠮᠦᠨ︾ ᠭᠡᠵᠦ ᠨᠡᠷᠡᠯᠡᠬᠦ᠂ ᠭᠤᠷᠪᠠᠨ ᠲᠤᠰᠯᠠᠬᠤ ︵ᠵᠠᠷᠢᠮ ᠨᠢ ᠬᠢᠲᠠᠳ︶ ᠮᠠᠯᠴᠢᠨ ᠲᠠᠢ᠃ ᠲᠡᠳᠡᠨ ᠳᠦ ᠰᠠᠷ᠎ᠠ ᠳᠤ ᠲᠤᠰ ᠪᠦᠷᠢ 2000-3000 ᠶᠤᠸᠠᠨ ᠤ ᠴᠠᠯᠢᠩ ᠬᠥᠯᠥᠰᠥ ᠥᠭᠳᠡᠭ ᠶᠤᠮ ᠪᠠᠶᠢᠨ᠎ᠠ᠃ ᠤᠨᠤᠭᠠᠨ ᠤ ᠨᠠᠶᠮᠠ ᠶᠢᠰᠦᠨ ᠮᠣᠷᠢ ᠲᠠᠢ᠃ ᠮᠠᠨ ᠤ ᠬᠢᠨ ᠠᠴᠠ ᠢᠯᠭᠠᠭ᠎ᠠ ᠲᠠᠢ ᠨᠢ ᠬᠣᠨᠢ ᠪᠠᠨ ᠮᠣᠷᠢ ᠲᠠᠢ ᠬᠠᠷᠢᠭᠤᠯᠤᠨ᠎ᠠ᠃ ᠴᠢᠯᠦᠭᠡ ᠪᠡᠷ ᠨᠢ ᠵᠢᠭᠤᠯᠴᠢᠳ ᠲᠤ ᠮᠣᠷᠢ ᠤᠨᠤᠭᠤᠯᠤᠨ ᠮᠥᠩᠭᠥ ︽ᠰᠠᠭᠠᠨ᠎ᠠ︾ ᠢᠯᠠᠯᠲᠠ ᠶᠢᠨ ᠥᠮᠴᠢᠯᠡᠭᠰᠡᠨ ᠭᠠᠵᠠᠷ ᠰᠢᠯᠢ ᠶᠢᠨ ᠭᠣᠣᠯ ᠤᠨ ᠨᠠᠭᠠᠳᠤ ᠡᠷᠭᠢ ᠳᠦ ᠲᠤᠯᠤᠨ ᠬᠠᠰᠢᠭᠳᠠᠭᠰᠠᠨ ᠪᠣᠯ ᠬᠥᠷᠰᠢ ᠮᠠᠯᠴᠢᠨ ᠤ ᠬᠢ ᠭᠣᠣᠯ ᠤᠨ ᠴᠢᠨᠠᠲᠤ ᠡᠷᠭᠢ ᠪᠡᠷ ᠬᠠᠰᠢᠵᠤ ᠭᠣᠣᠯ ᠤᠨ ᠤᠰᠤ ᠪᠠᠨ ᠬᠣᠶᠠᠷ ᠲᠠᠯ᠎ᠠ ᠠᠴᠠ ᠠᠰᠢᠭᠯᠠᠬᠤ ᠪᠣᠯᠤᠮᠵᠢ ᠲᠠᠢ ᠭᠡᠨ᠎ᠡ᠃ ᠰᠢᠯᠢᠨᠬᠣᠲᠠ ᠳ᠋ᠤ ︽ᠮᠠᠯᠴᠢᠨ ᠤ ᠬᠣᠷᠢᠶᠠᠯᠠᠯ︾ ᠭᠡᠵᠦ ᠪᠤᠢ᠃ ᠲᠡᠷᠡ ᠨᠢ 5-6 ᠳᠠᠪᠬᠤᠷ ᠣᠷᠣᠨ ᠰᠠᠭᠤᠴᠠᠨ ᠤ ᠲᠣᠮᠣ ᠬᠣᠷᠢᠶᠠᠯᠠᠯ ᠶᠤᠮ᠃ ᠲᠥᠷᠥ ᠡᠴᠡ ᠠᠩᠬᠠᠷᠴᠤ ᠮᠠᠯᠴᠢᠳ ᠲᠤ ᠪᠠᠨ ᠵᠣᠷᠢᠭᠤᠯᠤᠨ ᠡᠶᠢᠮᠦ ᠣᠷᠣᠨ ᠰᠠᠭᠤᠴᠠ ᠪᠠᠷᠢᠭᠰᠠᠨ ᠢᠶᠠᠷ ᠲᠡᠨᠳᠡ ᠠᠶᠢᠯ ᠪᠦᠷᠢ 3-4 ᠥᠷᠥᠭᠡ ᠰᠠᠭᠤᠴᠠ ᠡᠵᠡᠮᠰᠢᠳᠡᠭ᠃ ᠢᠯᠠᠯᠲᠠ ᠶᠢᠨ ᠬᠢ ᠴᠤ ᠮᠥᠨ ᠲᠡᠨᠳᠡ ᠰᠠᠭᠤᠴᠠ ᠲᠠᠢ᠂ ᠲᠡᠭᠦᠨ ᠢ ᠪᠡᠨ ︽ᠬᠣᠲᠠ ᠶᠢᠨ ᠭᠡᠷ︾ ᠭᠡᠵᠦ ᠨᠡᠷᠡᠯᠡᠬᠦ ᠶᠤᠮ᠃ ᠢᠯᠠᠯᠲᠠ ᠶᠢᠨ ᠡᠬᠡᠨᠡᠷ ᠰᠤᠶᠤᠯᠴᠡᠴᠡᠭ ᠭᠡᠬᠦ ᠳᠦ ᠤᠷᠠᠯᠢᠭ᠂ ᠤᠷᠠᠨ ᠰᠠᠶᠢᠬᠠᠨ ᠤ ᠠᠵᠢᠯ ᠳᠤ ᠢᠳᠡᠪᠬᠢᠲᠡᠢ ᠣᠷᠣᠯᠴᠠᠨ᠎ᠠ᠂ ᠪᠠᠰᠠ ᠬᠠᠵᠠᠭᠤ ᠪᠠᠷ ᠨᠢ ᠬᠣᠲᠠ ᠳ᠋ᠤ︽ᠱᠠᠭ᠎ᠠ ᠨᠠᠭᠠᠳᠤᠭᠠᠨ ᠤ ᠲᠥᠪ︾ ᠡᠷᠬᠢᠯᠡᠨ ᠠᠵᠢᠯᠯᠠᠭᠤᠯᠤᠨ᠎ᠠ᠃ ᠲᠡᠨᠳᠡ ᠱᠠᠭ᠎ᠠ ᠶᠢᠨ ᠪᠦᠬᠦ ᠲᠥᠷᠥᠯ ᠦᠨ ᠲᠣᠭᠯᠠᠭᠠᠮ ᠢ ᠰᠤᠷᠲᠠᠯᠴᠢᠯᠠᠭᠰᠠᠨ ᠦᠵᠡᠮᠦᠷᠢ ᠳᠦᠭᠦᠷᠡᠩ᠃ ᠢᠷᠭᠡᠳ ᠴᠢᠯᠦᠭᠡ ᠴᠠᠭ ᠢᠶᠠᠷ ᠢᠶᠠᠨ ᠲᠡᠨᠳᠡ ᠢᠷᠡᠵᠦ ᠱᠠᠭ᠎ᠠ ᠬᠠᠮᠤᠨ᠎ᠠ᠂ ᠮᠣᠷᠢ ᠤᠷᠤᠯᠳᠤᠭᠤᠯᠤᠨ᠎ᠠ᠂ ︽ᠳᠠᠭᠤ ᠦᠭᠡᠢ ᠳᠣᠯᠣᠭ᠎ᠠ︾ ᠨᠢᠰᠠᠯᠤᠨ᠎ᠠ᠂ ᠱᠠᠭ᠎ᠠ ᠬᠠᠷᠪᠤᠨ᠎ᠠ᠃ ᠰᠤᠶᠤᠯ᠎ᠠ ᠶᠢ ᠡᠵᠡᠭᠦᠢ ᠳᠦ ᠡᠵᠢ ᠨᠢ ᠡᠨᠡ ᠲᠥᠪ ᠢ ᠠᠵᠢᠯᠯᠠᠭᠤᠯᠤᠨ᠎ᠠ᠃ ᠶᠡᠷᠦ ᠨᠢ ᠡᠨᠡ ᠨᠤᠲᠤᠭ ᠲᠤ ᠱᠠᠭ᠎ᠠ ᠶᠢᠨ ᠰᠤᠶᠤᠯ᠂ ᠳᠡᠭᠡᠰᠦᠨ ᠰᠤᠶᠤᠯ᠂ ᠠᠷᠭᠠᠯ ᠤᠨ ᠰᠤᠶᠤᠯ᠂ ᠠᠳᠤᠭᠤᠨ ᠰᠤᠶᠤᠯ ᠁ ᠭᠡᠰᠡᠨ ᠦᠭᠡ ᠣᠯᠠᠨ ᠢ ᠰᠣᠨᠣᠰᠴᠤ ᠪᠣᠯᠤᠨ᠎ᠠ᠃ ᠨᠢᠭᠡ ᠦᠭᠡ ᠪᠡᠷ᠂ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ ᠢ ᠤᠯᠠᠮᠵᠢᠯᠠᠬᠤ ᠤᠬᠠᠭᠠᠨ ᠥᠨᠳᠥᠷ ᠲᠦᠪᠰᠢᠨ ᠳᠦ ᠬᠥᠭᠵᠢᠭᠰᠡᠨ ᠠᠷᠠᠳ ᠲᠦᠮᠡᠨ ᠶᠤᠮ᠃ ᠡᠨᠡ ᠨᠤᠲᠤᠭ ᠲᠤ ᠬᠠᠪᠤᠷ ᠤᠨ ᠨᠣᠭᠣᠭ᠎ᠠ ᠴᠤᠬᠤᠶᠢᠬᠤ ᠠᠴᠠ ᠡᠬᠢᠯᠡᠭᠡᠳ 40 ᠬᠣᠨᠣᠭ ᠨᠢᠭᠡ ᠴᠤ ᠮᠠᠯ ᠢ ᠬᠣᠲᠠᠨ ᠠᠴᠠ ᠨᠢ ᠭᠠᠷᠭᠠᠬᠤ ᠦᠭᠡᠢ᠂ ᠬᠠᠰᠢᠶᠠᠨ ᠳᠤ ᠨᠢ ᠲᠡᠵᠢᠭᠡᠳᠡᠭ ᠬᠠᠤᠯᠢ ᠲᠠᠢ᠃ ᠰᠢᠨ᠎ᠡ ᠤᠷᠭᠤᠮᠠᠯ ᠢ ᠤᠷᠭᠤᠬᠤ ᠦᠶ᠎ᠡ ᠳᠦ ᠨᠢ ᠮᠠᠯ ᠤᠨ ᠬᠥᠯ ᠢᠶᠡᠷ ᠲᠠᠯᠬᠠᠯᠠᠭᠤᠯᠬᠤ ᠦᠭᠡᠢ ᠶᠢᠨ ᠲᠤᠯᠠᠳᠠ ᠡᠶᠢᠮᠦ ᠬᠠᠤᠯᠢ ᠦᠢᠯᠡᠴᠢᠯᠡᠳᠡᠭ᠃ ᠭᠠᠵᠠᠷ ᠢ ᠬᠦᠮᠦᠨ ᠦ ᠲᠣᠭᠠᠨ ᠳᠤ ᠬᠠᠷᠢᠴᠠᠭᠤᠯᠤᠨ ᠨᠢᠭᠡ ᠠᠮᠠ ᠪᠦᠯᠢ ᠳᠦ 200 ᠮᠦ ︵ᠨᠢᠭᠡ ᠮᠦ ᠨᠢ 660 ᠠᠮᠠ ᠳᠥᠷᠪᠡᠯᠵᠢᠨ ᠮᠧᠲ᠋ᠷ ᠲᠡᠢ ᠲᠡᠩᠴᠡᠨ᠎ᠡ︶ ᠍ ᠪᠠᠷ ᠪᠣᠳᠣᠨ 30 ᠵᠢᠯ ᠢᠶᠡᠷ ᠭᠡᠷᠡᠯᠡᠨ ᠡᠵᠡᠮᠰᠢᠭᠦᠯᠦᠭᠰᠡᠨ᠃ ᠢᠯᠠᠯᠲᠠ ᠶᠢᠨ ᠬᠢ ᠡᠵᠡᠮᠰᠢᠭᠰᠡᠨ ᠪᠣᠯᠤᠨ ᠲᠦᠷᠢᠶᠡᠰᠦᠯᠡᠭᠰᠡᠨ ᠭᠠᠵᠠᠷ ᠲᠠᠢ ᠪᠠᠨ ᠮᠢᠩᠭᠠᠭᠠᠳ ᠮᠦ ᠳ᠋ᠤ ᠮᠠᠯ ᠢᠶᠠᠨ ᠪᠡᠯᠴᠢᠭᠡᠷᠯᠡᠭᠦᠯᠵᠦ ᠪᠠᠶᠢᠨ᠎ᠠ᠃ ᠵᠢᠯ ᠳᠦ ᠪᠡᠨ 100 ᠲᠣᠨ ᠡᠪᠡᠰᠦ᠂ 10 ᠲᠣᠨ ᠲᠡᠵᠢᠭᠡᠯ ︵ᠪᠣᠷᠳᠣᠭᠤᠷ ᠭᠡᠨ᠎ᠡ︶ᠬᠤᠳᠠᠯᠳᠤᠨ ᠠᠪᠬᠤ ᠳᠤ ᠬᠦᠷᠦᠯᠴᠡᠳᠡᠭ ᠭᠡᠨ᠎ᠡ᠃ ᠬᠠᠪᠤᠷ ᠤᠨ ᠲᠥᠯ ᠢ ᠪᠣᠷᠳᠣᠭᠠᠳ ︽ᠬᠦᠢᠲᠡᠨ ᠬᠥᠮᠥᠷᠭᠡ︾ ᠶᠢᠨ ᠠᠵᠤ ᠠᠬᠤᠢ ︵ᠵᠣᠭᠣᠷᠢ︶ ᠍ ᠳᠦ ᠨᠠᠮᠤᠷ ᠬᠤᠳᠠᠯᠳᠤᠨ ᠪᠣᠷᠣᠯᠠᠭᠤᠯᠤᠨ᠎ᠠ᠃ ᠵᠢᠯ ᠳᠦ ᠮᠢᠬᠠᠨ ᠤ ᠴᠢᠭᠯᠡᠯ ᠦᠨ 30-40 ᠲᠤᠭᠤᠯ᠂ 100 ᠣᠷᠴᠢᠮ ᠬᠤᠷᠠᠭ᠎ᠠ ᠪᠣᠷᠳᠣᠨ ᠨᠠᠮᠤᠷ ᠵᠠᠬ᠎ᠠ ᠵᠡᠭᠡᠯᠢ ᠳᠦ ᠥᠨᠳᠥᠷ ᠵᠢᠩ ᠲᠡᠢ ᠨᠡᠶᠢᠯᠡᠭᠦᠯᠦᠭᠰᠡᠨ ᠦ ᠣᠷᠣᠯᠭ᠎ᠠ ᠠᠮᠢᠳᠤᠷᠠᠯ ᠳᠤ ᠨᠢ ᠬᠠᠩᠭᠠᠯᠲᠠᠲᠠᠢ ᠬᠦᠷᠦᠯᠴᠡᠳᠡᠭ ᠠᠵᠢ᠃ ᠮᠢᠬᠠᠨ ᠤ ᠴᠢᠭᠯᠡᠯ ᠦᠨ ᠡᠭᠦᠯᠳᠡᠷ ᠦᠨ ᠪᠣᠷᠳᠣᠭᠰᠠᠨ ᠲᠥᠯ ᠨᠠᠮᠤᠷ ᠪᠡᠶ᠎ᠡ ᠭᠦᠢᠴᠡᠭᠰᠡᠨ ᠮᠠᠯ ᠤᠨ ᠵᠢᠩ ᠳᠦ ᠬᠦᠷᠳᠡᠭ᠃ ᠥᠪᠥᠷ ᠮᠣᠩᠭᠣᠯᠴᠤᠳ ᠳᠠᠭᠤᠤ ᠬᠤᠭᠤᠷ᠂ ᠨᠠᠶᠢᠷ ᠨᠠᠭᠠᠳᠤᠮ ᠳᠤ ᠳᠤᠷᠠᠲᠠᠢ᠃︽ᠠᠷᠪᠠᠨ ᠲᠠᠪᠤᠨ ᠤ ᠰᠠᠷᠠ︾ ︽ᠭᠠᠷ ᠤᠨ ᠠᠷᠪᠠᠨ ᠬᠤᠷᠤᠭᠤ︾ ︽ᠪᠦᠰᠡᠭᠦᠢ ᠬᠦᠮᠦᠨ ᠦ ᠵᠠᠶᠠᠭ᠎ᠠ︾᠁ ᠭᠡᠳ ᠮᠠᠨ ᠤ ᠳᠤ ᠥᠷᠭᠡᠨ ᠳᠡᠯᠭᠡᠷᠡᠭᠰᠡᠨ ᠠᠷᠠᠳ ᠤᠨ ᠣᠯᠠᠨ ᠳᠠᠭᠤᠨ ᠤ ᠲᠡᠦᠬᠡ ᠥᠪᠥᠷ ᠮᠣᠩᠭᠣᠯᠴᠤᠳ ᠲᠠᠢ ᠬᠣᠯᠪᠣᠭᠳᠠᠬᠤ ᠶᠤᠮ᠃ ᠲᠡᠳᠡᠨ ᠡᠴᠡ ᠭᠠᠭᠴᠠᠬᠠᠨ ᠢ ᠰᠣᠨᠢᠷᠬᠠᠭᠤᠯᠪᠠᠯ᠂ ︽ᠭᠠᠷ ᠤᠨ ᠠᠷᠪᠠᠨ ᠬᠤᠷᠤᠭᠤ ᠨᠢ ᠭᠠᠵᠢᠭ᠎ᠠ ᠨᠢ ᠦᠭᠡᠢ ᠰᠢᠯᠤᠭᠤᠨ ᠳ᠋ᠠ ᠭᠠᠷ ᠲᠤ ᠪᠠᠨ ᠬᠢᠭᠰᠡᠨ ᠪᠥᠭᠡᠵᠢ ᠨᠢ ᠬᠣᠯᠢᠴᠠᠭ᠎ᠠ ᠨᠢ ᠦᠭᠡᠢ ᠰᠢᠵᠢᠷ ᠳ᠋ᠡ︾ ᠬᠡᠮᠡᠬᠦ ᠠᠷᠠᠳ ᠤᠨ ᠳᠠᠭᠤᠤ ᠨᠢ ᠥᠪᠥᠷ ᠮᠣᠩᠭᠣᠯ ᠤᠨ ᠦᠵᠦᠮᠦᠴᠢᠨ ᠨᠤᠲᠤᠭ ᠤᠨ ᠳᠣᠮᠣᠭᠲᠤ ᠳᠠᠭᠤᠤ ᠶᠤᠮ᠃ ᠡᠨᠡ ᠳᠠᠭᠤᠤ ᠶᠢ ᠦᠵᠦᠮᠦᠴᠢᠨ ᠨᠤᠲᠤᠭ ᠤᠨ ᠠᠯᠳᠠᠷᠲᠤ ᠪᠥᠬᠡ ᠳᠦᠭᠦᠷᠡᠩᠵᠠᠭᠠᠨ ᠤ ᠡᠬᠡᠨᠡᠷ ᠬᠥᠯᠦᠨ ᠪᠤᠶᠢᠷ ᠠᠶᠢᠮᠠᠭ ᠤᠨ ︽ᠮᠢᠩᠭᠠᠨ ᠴᠠᠭᠠᠨ ᠠᠳᠤᠭᠤᠳᠤ︾ ᠬᠡᠮᠡᠬᠦ ᠪᠠᠶᠠᠨ ᠤ ᠦᠵᠡᠰᠬᠦᠯᠡᠩᠲᠦ ᠥᠬᠢᠨ ᠵᠤᠯᠠᠴᠡᠴᠡᠭ ᠵᠣᠬᠢᠶᠠᠭᠰᠠᠨ ᠲᠡᠦᠬᠡ ᠲᠡᠢ ᠶᠤᠮ ᠪᠠᠶᠢᠨ᠎ᠠ᠃ ᠲᠤᠬᠠᠢ ᠶᠢᠨ ᠦᠶ᠎ᠡ ᠳᠦ ᠬᠣᠷᠴᠢᠨ ᠤ ᠵᠠᠰᠠᠭᠲᠤ ᠸᠠᠩ ᠤᠨ ᠣᠷᠳᠣᠨ ᠪᠤᠶᠤ ᠣᠳᠣ ᠶᠢᠨ ︽ᠤᠯᠠᠭᠠᠨ ᠬᠣᠲᠠ︾ ᠬᠣᠰᠢᠭᠤᠨ ᠤ ᠨᠠᠭᠠᠳᠤᠮ ᠳᠤ ᠦᠵᠦᠮᠦᠴᠢᠨ ᠨᠤᠲᠤᠭ ᠤᠨ ᠳᠦᠭᠦᠷᠡᠩᠵᠠᠭᠠᠨ ᠲᠦᠷᠦᠭᠦᠯᠡᠭᠰᠡᠨ ᠪᠠᠶᠢᠨ᠎ᠠ᠃ ᠬᠣᠷᠴᠢᠨ ᠤ ᠨᠣᠶᠠᠨ ᠬᠤᠲᠤᠭᠲᠤ ᠭᠡᠭᠡᠨ ᠦ ᠪᠥᠬᠡ ᠡᠨᠡ ᠨᠠᠭᠠᠳᠤᠮ ᠳᠤ ᠳᠦᠭᠦᠷᠡᠩᠵᠠᠭᠠᠨ ᠢ ᠳᠠᠪᠠᠭᠰᠠᠨ ᠦᠭᠡᠢ᠃ ᠡᠨᠡ ᠨᠠᠭᠠᠳᠤᠮ ᠳᠤ ᠢᠷᠡᠭᠰᠡᠨ ᠦᠵᠦᠮᠴᠢᠨ ᠨᠦᠭᠦᠳ ᠬᠡᠳᠦᠨ ᠡᠳᠦᠷ ᠦᠨ ᠲᠤᠷᠰᠢ ᠠᠷᠰᠯᠠᠨ ᠪᠠᠷᠰ ᠰᠢᠭ ᠰᠦᠷ ᠵᠢᠪᠬᠤᠯᠠᠩ ᠲᠠᠢ ᠪᠠᠷᠢᠯᠳᠤᠭᠰᠠᠨ ᠳᠦᠭᠦᠷᠡᠩᠵᠠᠭᠠᠨ ᠢ ᠬᠠᠷᠠᠵᠤ ᠪᠠᠶᠠᠰᠤᠭᠠᠳ᠂ ︽ᠦᠳᠡᠰᠢ ᠪᠡᠷ ᠭᠠᠷᠳᠠᠭ ᠦᠭᠡᠢ ᠴᠣᠯᠮᠣᠨ ᠣᠳᠣ ᠨᠢ ᠦᠷ ᠦᠨ ᠡᠷᠲᠡ ᠪᠡᠷ ᠭᠢᠯᠠᠯᠵᠠᠭᠠᠳ ᠪᠠᠶᠢᠨ᠎ᠠ ᠦᠵᠦᠮᠦᠴᠢᠨ ᠬᠣᠰᠢᠭᠤᠨ ᠤ ᠳᠦᠭᠦᠷᠡᠩᠵᠠᠭᠠᠨ ᠦᠵᠡᠭᠳᠡᠬᠦ ᠶᠢᠨ ᠪᠠᠷ᠎ᠠ ᠠᠴᠠ ᠭᠢᠯᠠᠯᠵᠠᠭᠠᠳ ᠪᠠᠶᠢᠨ᠎ᠠ︾ ᠭᠡᠵᠦ ᠦᠵᠦᠮᠴᠢᠨ ᠪᠥᠬᠡ ᠪᠡᠨ ᠪᠠᠬᠠᠷᠬᠠᠨ ᠳᠠᠭᠤᠯᠠᠭᠰᠠᠨ ᠭᠡᠳᠡᠭ᠃︽ᠭᠠᠷ ᠤᠨ ᠠᠷᠪᠠᠨ ᠬᠤᠷᠤᠭᠤ︾ ᠳᠠᠭᠤᠤ ᠪᠣᠯ ᠪᠠᠰᠠ ᠯᠠ ᠳᠦᠭᠦᠷᠡᠩᠵᠠᠭᠠᠨ ᠳᠤ ᠵᠣᠷᠢᠭᠤᠯᠤᠭᠳᠠᠭᠰᠠᠨ ᠪᠥᠭᠡᠳ ᠵᠤᠯᠠᠴᠡᠴᠡᠭ ᠪᠦᠰᠡᠭᠦᠢ ᠠᠯᠤᠰ ᠬᠣᠯᠠ ᠣᠳᠤᠭᠰᠠᠨ ᠳᠦᠭᠦᠷᠡᠩᠵᠠᠭᠠᠨ ᠢ ᠰᠠᠨᠠᠭᠠᠯᠵᠠᠨ᠄ ︽ᠭᠠᠷ ᠤᠨ ᠠᠷᠪᠠᠨ ᠬᠤᠷᠤᠭᠤ ᠨᠢ ᠭᠠᠵᠢᠭ᠎ᠠ ᠨᠢ ᠦᠭᠡᠢ ᠰᠢᠯᠤᠭᠤᠨ ᠳ᠋ᠠ ᠭᠠᠷ ᠲᠤ ᠪᠠᠨ ᠬᠢᠭᠰᠡᠨ ᠪᠥᠭᠡᠵᠢ ᠨᠢ ᠬᠣᠯᠢᠴᠠᠭ᠎ᠠ ᠨᠢ ᠦᠭᠡᠢ ᠰᠢᠵᠢᠷ ᠳ᠋ᠡ ᠬᠠᠷ᠎ᠠ ᠥᠩᠭᠡ ᠶᠢᠨ ᠬᠣᠷᠭᠣᠢ ᠪᠠᠷ ᠬᠠᠨᠴᠤᠢ ᠪᠠᠨ ᠶᠠᠭᠤᠨ ᠳᠤ ᠪᠠᠨ ᠴᠢᠮᠡᠪᠡ ᠳ᠋ᠡ ᠬᠠᠷᠢ ᠶᠢᠨ ᠬᠣᠰᠢᠭᠤᠨ ᠤ ᠴᠢᠮ᠎ᠠ ᠳᠤ ᠪᠠᠨ ᠬᠠᠶᠢᠷ᠎ᠠ ᠪᠠᠨ ᠶᠠᠭᠤᠨ ᠳᠤ ᠪᠠᠨ ᠥᠭᠪᠡ ᠳ᠋ᠡ ᠡᠷᠢᠶᠡᠨ ᠥᠩᠭᠡ ᠶᠢᠨ ᠲᠣᠷᠭ᠎ᠠ ᠪᠠᠷ ᠨᠢ ᠡᠩᠭᠡᠷ ᠢᠶᠡᠨ ᠶᠠᠭᠤᠨ ᠳᠤ ᠪᠠᠨ ᠴᠢᠮᠡᠪᠡ ᠳ᠋ᠡ ᠡᠩ ᠦᠨ ᠬᠣᠰᠢᠭᠤᠨ ᠤ ᠴᠢᠮ᠎ᠠ ᠳᠤ ᠪᠠᠨ ᠢᠩᠭᠢᠲᠡᠯ᠎ᠡ ᠪᠡᠨ ᠶᠠᠭᠤᠨ ᠳᠤ ᠪᠠᠨ ᠳᠠᠰᠤᠯ᠎ᠠ ᠳ᠋ᠠ︾ ᠭᠡᠵᠦ ᠳᠠᠭᠤᠯᠠᠭᠰᠠᠨ ᠢᠶᠠᠷ ᠡᠨᠡ ᠳᠠᠭᠤᠤ ᠦᠵᠦᠮᠦᠴᠢᠨ᠂ ᠪᠠᠷᠭᠤ ᠲᠡᠳᠦᠢ ᠦᠭᠡᠢ ᠬᠠᠯᠬ᠎ᠠ ᠮᠣᠩᠭᠣᠯ ᠳᠠᠶᠠᠭᠠᠷ ᠲᠠᠷᠬᠠᠵᠠᠢ᠃ ᠢᠯᠠᠯᠲᠠ ᠶᠢᠨ ᠳᠤ ᠠᠷᠠᠳ ᠤᠨ ᠳᠠᠭᠤᠨ ᠤ ᠲᠤᠬᠠᠢ ᠬᠥᠭᠡᠷᠦᠯᠳᠦᠬᠦ ᠵᠠᠭᠤᠷ᠎ᠠ ᠭᠡᠷ ᠦᠨ ᠡᠵᠡᠭᠲᠡᠢ ᠶᠢ ᠳᠠᠭᠤᠯᠠᠭᠤᠯᠬᠤ ᠪᠣᠯᠬᠤ ᠳᠤ ᠰᠤᠶᠤᠯᠴᠡᠴᠡᠭ ︽ᠵᠠ ᠬᠥ᠂ ᠮᠢᠨᠦ ᠬᠥᠳᠡᠭᠡ︾ ᠍ ᠪᠡᠨ ᠳᠤᠭᠤᠯᠴᠢᠬᠠᠨ᠎ᠠ ᠡ ᠭᠡᠳ᠂ ︽ᠠᠯᠤᠰ ᠤᠨ ᠠᠨᠢᠷᠬᠠᠨ ᠠᠭᠤᠯᠠᠰ ᠳᠤᠮᠳᠠ ᠪᠠᠨ ᠠᠭᠠᠷ ᠤᠨ ᠰᠠᠶᠢᠬᠠᠨ ᠬᠥᠳᠡᠭᠡ ᠶᠤᠮ ᠡ ᠠᠵᠢᠯ ᠬᠢᠵᠦ ᠠᠮᠢᠳᠤᠷᠠᠨ ᠰᠠᠭᠤᠮᠠᠷ ᠠᠶᠠᠲᠠᠢ ᠰᠠᠶᠢᠬᠠᠨ ᠨᠤᠲᠤᠭ ᠶᠠᠭᠤᠮ᠎ᠠ ᠡ ︾ ᠭᠡᠳ ᠬᠠᠩᠭᠢᠨᠠᠭᠤᠯᠵᠤ ᠭᠠᠷᠬᠤ ᠨᠢ ᠲᠡᠷᠡ᠃ ᠲᠡᠳᠡ ᠠᠷᠠᠳ ᠤᠨ ᠲᠡᠳᠦᠢ ᠦᠭᠡᠢ ᠮᠠᠨ ᠤ ᠳᠤ ᠥᠷᠭᠡᠨ ᠲᠠᠷᠬᠠᠭᠰᠠᠨ ᠵᠣᠬᠢᠶᠠᠯ ᠤᠨ ᠳᠠᠭᠤᠤ ᠶᠢ ᠴᠤ ᠲᠦᠭᠡᠮᠡᠯ ᠮᠡᠳᠡᠳᠡᠭ ᠶᠤᠮ ᠪᠢᠯᠡ᠃ ᠡᠸᠦ ᠶᠠ ᠡᠮᠨᠡᠯᠭᠡ ᠥᠨᠳᠥᠷᠰᠢᠯᠢ ᠶᠢᠨ ᠡᠷᠡᠭᠦᠯ ᠮᠡᠨᠳᠦ ᠶᠢᠨ ᠲᠥᠪ ᠲᠡᠢ ᠬᠠᠮᠲᠤᠷᠠᠨ᠎ᠠ᠃ ᠪᠢᠳᠡᠨ ᠢ ᠡᠷᠢᠶᠡᠨ ᠬᠣᠲᠠ ᠳᠤ ᠪᠠᠶᠠᠷᠯᠠᠨ ᠤᠭᠲᠤᠭᠰᠠᠨ ᠨᠥᠬᠥᠳ ᠡᠸᠦ ᠶᠠ ᠡᠮᠨᠡᠯᠭᠡ ᠶᠢᠨ ᠨᠠᠮ ᠤᠨ ᠬᠣᠷᠢᠶᠠᠨ ᠤ ᠳᠠᠷᠤᠭ᠎ᠠ ᠡᠦ ᠶᠤᠸᠠᠨ᠂ ᠮᠥᠨ ᠲᠡᠭᠦᠨ ᠲᠡᠢ ᠬᠠᠮᠲᠤᠷᠠᠨ ᠠᠵᠢᠯᠯᠠᠳᠠᠭ 《ᠲᠤᠯᠭ᠎ᠠ》 ᠨᠡᠶᠢᠭᠡᠮᠯᠢᠭ ᠦᠨ ᠲᠡᠷᠢᠭᠦᠯᠡᠭᠴᠢ ᠲᠦᠮᠡᠨᠪᠠᠶᠠᠷ ᠨᠠᠷ ᠪᠠᠶᠢᠭᠰᠠᠨ ᠨᠢ ᠤᠴᠢᠷᠲᠠᠢ ᠠᠵᠢ᠃ᠰᠢᠯᠢᠩᠬᠣᠲᠠ ᠳᠤ ᠡᠨᠡ ᠡᠮᠨᠡᠯᠭᠡ ᠶᠢᠨ ᠬᠠᠮᠲᠤ ᠣᠯᠠᠨ ᠪᠢᠳᠡᠨ ᠢ ᠡᠭᠦᠳᠡᠨ ᠳᠦ ᠪᠡᠨ ᠪᠠᠭᠯᠠᠭ᠎ᠠ ᠴᠡᠴᠡᠭ ᠪᠠᠷᠢᠨ ᠪᠠᠶᠠᠷ ᠬᠥᠷ ᠪᠣᠯᠤᠨ ᠤᠭᠲᠤᠯ᠎ᠠ᠃ ᠭᠠᠳᠠᠨ᠎ᠠ ᠭᠣᠣᠯ ᠬᠠᠭᠠᠯᠭᠠᠨ ᠤ ᠳᠡᠭᠡᠷ᠎ᠡ ᠮᠣᠩᠭᠣᠯ᠂ ᠺᠢᠷᠢᠯ᠂ ᠬᠢᠲᠠᠳ ᠦᠰᠦᠭ ᠢᠶᠡᠷ ᠮᠣᠩᠭᠣᠯ ᠵᠣᠴᠢᠳ ᠢᠶᠠᠨ ᠪᠠᠶᠠᠷᠯᠠᠨ ᠤᠭᠲᠤᠵᠤ ᠪᠠᠶᠢᠭ᠎ᠠ ᠶᠢ ᠢᠯᠡᠷᠬᠡᠶᠢᠯᠡᠭᠰᠡᠨ ᠤᠷᠢᠶ᠎ᠠ ᠯᠣᠽᠦ᠋ᠩ ᠬᠠᠷᠠᠭᠳᠠᠨ᠎ᠠ᠃ ᠥᠨᠳᠥᠷᠰᠢᠯᠢ ᠰᠤᠮᠤ ᠶᠢᠨ ᠡᠷᠡᠭᠦᠯ ᠮᠡᠨᠳᠦ ᠶᠢᠨ ᠲᠥᠪ ᠦᠨ ᠳᠠᠷᠤᠭ᠎ᠠ ᠳ ᠊ ᠡᠷᠳᠡᠨᠢᠴᠢᠯᠠᠭᠤᠨ ᠡᠮᠴᠢ ᠴᠤ ᠡᠮᠨᠡᠯᠭᠡ ᠶᠢᠨ ᠭᠠᠵᠠᠷ ᠣᠷᠣᠩᠭᠤᠲᠠ ᠪᠠᠨ ᠴᠠᠭᠠᠨ ᠬᠠᠯᠠᠲ ᠪᠠᠨ ᠡᠮᠦᠰᠦᠭᠡᠳ ᠳᠦᠷᠢ ᠳᠦ ᠪᠡᠨ ᠣᠷᠣᠭᠠᠳ ᠶᠠᠪᠤᠴᠢᠬᠠᠯ᠎ᠠ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠠᠬᠢ ᠬᠣᠶᠠᠳᠤᠭᠠᠷ ᠳᠡᠰ ᠦᠨ ︵ᠵᠡᠷᠭᠡᠯᠡᠯ ᠤᠨ︶ ᠡᠨᠡ ᠡᠮᠨᠡᠯᠭᠡ ᠬᠦᠮᠦᠨ ᠠᠷᠠᠳ ᠤᠨ ᠡᠷᠡᠭᠦᠯ ᠡᠩᠬᠡ ᠶᠢᠨ ᠦᠢᠯᠡᠰ ᠲᠦ ᠶᠡᠬᠡᠬᠡᠨ ᠡᠭᠦᠷᠭᠡ ᠭᠦᠢᠴᠡᠳᠭᠡᠬᠦ ᠶᠢᠨ ᠵᠡᠷᠭᠡᠴᠡᠭᠡ ᠬᠠᠶᠢᠷ᠎ᠠ ᠬᠠᠯᠠᠮᠵᠢ᠂ ᠬᠦᠮᠦᠨᠯᠢᠭ ᠦᠨ ᠲᠤᠰᠠᠯᠠᠮᠵᠢ᠂ ᠳᠡᠮᠵᠢᠯᠭᠡ ᠦᠵᠡᠭᠦᠯᠬᠦ ᠲᠠᠯ᠎ᠠ ᠪᠠᠷ ᠶᠡᠬᠡᠬᠡᠨ ᠰᠠᠨᠠᠭᠠᠴᠢᠯᠠᠭ᠎ᠠ ᠲᠠᠢ ᠠᠵᠢᠯᠯᠠᠳᠠᠭ ᠶᠤᠮ ᠪᠠᠶᠢᠨ᠎ᠠ᠃ ᠬᠣᠰᠢᠭᠤᠳ ᠤᠨ ᠬᠠᠯᠠᠮᠵᠢ ᠶᠢᠨ ᠭᠠᠵᠠᠷ ᠳᠠᠬᠢ ᠬᠦᠮᠦᠰ ᠲᠦ ᠣᠴᠢᠵᠤ ᠦᠨ᠎ᠡ ᠲᠥᠯᠦᠪᠦᠷᠢ ᠦᠭᠡᠢ ᠦᠵᠡᠯᠭᠡ ᠬᠢᠨ ᠬᠥᠩᠭᠡᠯᠡᠯᠲᠡ ᠲᠡᠢ ᠦᠨ᠎ᠡ ᠪᠡᠷ ᠡᠮᠴᠢᠯᠡᠬᠦ᠂ ᠳᠡᠮᠵᠢᠯᠭᠡ ᠱᠠᠭᠠᠷᠳᠠᠯᠭ᠎ᠠ ᠲᠠᠢ ᠮᠠᠯᠴᠢᠨ ᠠᠶᠢᠯ ᠡᠷᠦᠬᠡ ᠦᠳ ᠲᠤ ᠮᠥᠩᠭᠥᠨ ᠲᠤᠰᠠᠯᠠᠮᠵᠢ ᠥᠭᠬᠦ ᠵᠡᠷᠭᠡ ᠰᠠᠶᠢᠨ ᠦᠢᠯᠡᠰ ᠢ ᠨᠡᠷᠡᠯᠡᠪᠡᠯ ᠣᠯᠠᠨ᠃ ︽ᠪᠤᠶᠠᠨ ᠲᠠᠢ ᠦᠢᠯᠡᠰ ᠲᠦ ᠬᠢᠯᠢ ᠬᠢᠵᠠᠭᠠᠷ ᠪᠠᠶᠢᠬᠤ ᠦᠭᠡᠢ᠂ ᠲᠡᠷᠡ ᠡᠨᠡ ᠣᠷᠣᠨ ᠭᠦᠷᠦᠨ ᠭᠡᠵᠦ ᠬᠤᠪᠢᠶᠠᠬᠤ ᠶᠣᠰᠣ ᠦᠭᠡᠢ》 ᠭᠡᠵᠦ ᠦᠵᠡᠨ ᠬᠥᠷᠰᠢ ᠣᠷᠣᠨ ᠤ᠂ ᠲᠤᠬᠠᠶᠢᠯᠠᠪᠠᠯ ᠮᠣᠩᠭᠣᠯᠴᠤᠳ ᠲᠤ ᠡᠮᠨᠡᠯᠭᠡ ᠶᠢᠨ ᠦᠵᠡᠯᠭᠡ ᠦᠢᠯᠡᠴᠢᠯᠡᠭᠡ ᠦᠵᠡᠭᠦᠯᠬᠦ ᠳᠦ ᠴᠤ ᠪᠡᠯᠡᠨ ᠪᠠᠶᠢᠭ᠎ᠠ ᠪᠠᠨ ᠡᠮᠨᠡᠯᠭᠡ ᠶᠢᠨ ᠤᠳᠤᠷᠢᠳᠤᠯᠭ᠎ᠠ ᠢᠯᠡᠷᠬᠡᠶᠢᠯᠡᠵᠦ ᠪᠠᠶᠢᠯ᠎ᠠ᠃ ᠡᠨᠡ ᠡᠮᠨᠡᠯᠭᠡ ᠰᠠᠶᠢᠨ ᠦᠢᠯᠡᠰ ᠦᠨ ᠠᠵᠢᠯ ᠢᠶᠠᠨ ︽ᠲᠤᠯᠭ᠎ᠠ︾ ᠨᠡᠶᠢᠭᠡᠮᠯᠢᠭ ᠲᠡᠢ ᠬᠠᠮᠲᠤᠷᠠᠨ ᠵᠣᠬᠢᠶᠠᠨ ᠪᠠᠶᠢᠭᠤᠯᠳᠠᠭ᠃ ︽ᠲᠤᠯᠭ᠎ᠠ》 ᠨᠡᠶᠢᠭᠡᠮᠯᠢᠭ ᠦᠨ ᠳᠡᠳ᠋ ᠲᠡᠷᠢᠭᠦᠨ ᠨᠠᠰᠤᠨ᠂ ᠡᠨᠡ ᠨᠡᠶᠢᠭᠡᠮᠯᠢᠭ ᠢ ᠡᠭᠦᠰᠬᠡᠨ ᠪᠠᠶᠢᠭᠤᠯᠤᠭᠴᠢᠳ ᠤᠨ ᠨᠢᠭᠡ ᠲᠦᠮᠡᠨᠪᠠᠶᠠᠷ ᠨᠠᠷ ᠡᠨᠡ ᠡᠮᠨᠡᠯᠭᠡ ᠲᠡᠢ ᠶᠡᠬᠡ ᠣᠶᠢᠷ᠎ᠠ ᠬᠠᠷᠢᠴᠠᠵᠤ ᠬᠠᠶᠢᠷ᠎ᠠ ᠬᠠᠯᠠᠮᠵᠢ ᠶᠢᠨ ᠠᠵᠢᠯ ᠢ ᠬᠠᠮᠲᠤᠷᠠᠨ ᠵᠣᠬᠢᠶᠠᠨ ᠪᠠᠶᠢᠭᠤᠯᠳᠠᠭ ᠨᠢ ᠬᠠᠷᠠᠭᠳᠠᠵᠤ ᠪᠠᠶᠢᠰᠠᠨ᠃ ᠲᠡᠷᠡ ᠬᠣᠶᠠᠷ ᠡᠷᠬᠢᠮ ᠡᠨᠡ ᠡᠮᠨᠡᠯᠭᠡ ᠶᠢᠨ ᠲᠠᠯ᠎ᠠ ᠪᠠᠷ ᠥᠷᠭᠡᠨ ᠮᠡᠳᠡᠯᠭᠡ ᠲᠡᠢ ᠨᠢ ᠪᠢᠳᠡᠨ ᠳᠦ ᠣᠷᠴᠢᠭᠤᠯᠭ᠎ᠠ ᠬᠢᠬᠦ ᠶᠠᠪᠤᠴᠠ ᠳᠤ ᠲᠣᠳᠣ ᠮᠡᠳᠡᠷᠡᠭᠳᠡᠭᠰᠡᠨ᠃ ᠲᠡᠭᠦᠨ ᠡᠴᠡ ᠭᠠᠳᠠᠨ᠎ᠠ ᠰᠢᠯᠢᠩᠬᠣᠲᠠ ᠳᠤ ᠪᠣᠯᠤᠨ ᠪᠡᠭᠡᠵᠢᠩ ᠳᠦ ᠴᠤ ᠬᠠᠮᠲᠤᠷᠠᠨ ᠠᠵᠢᠯᠯᠠᠳᠠᠭ ᠡᠮᠨᠡᠯᠭᠡ ᠨᠦᠭᠦᠳ ᠲᠡᠢ᠂ ᠢᠯᠡᠭᠦᠦ ᠥᠨᠳᠥᠷ ᠵᠡᠷᠭᠡᠯᠡᠯ ᠦᠨ ᠡᠮᠨᠡᠯᠭᠡ ᠳᠦ ᠡᠮᠴᠢᠯᠡᠭᠦᠯᠬᠦ ᠱᠠᠭᠠᠷᠳᠠᠯᠭ᠎ᠠ ᠲᠠᠢ ᠬᠦᠮᠦᠨ ᠢ ᠪᠡᠭᠡᠵᠢᠩ ᠳ᠋ᠡᠬᠢ ᠬᠠᠮᠲᠤᠷᠠᠨ ᠠᠵᠢᠯᠯᠠᠳᠠᠭ ᠡᠮᠨᠡᠯᠭᠡ ᠳᠦ ᠢᠯᠡᠭᠡᠨ᠎ᠡ᠃ ᠡᠸᠦ ᠶᠠ ᠡᠮᠨᠡᠯᠭᠡ ᠳᠦ ᠳᠠᠩ ᠢᠶᠠᠷ ᠢᠶᠠᠨ ᠥᠷᠥᠭᠡ ᠡᠵᠡᠯᠡᠭᠰᠡᠨ ᠲᠣᠮᠣ ᠠᠴᠠ ᠲᠣᠮᠣ ᠲᠣᠨᠣᠭ ᠲᠥᠬᠥᠭᠡᠷᠦᠮᠵᠢ ᠬᠡᠴᠢᠨᠡᠨ ᠴᠤ ᠶᠤᠮ ᠪᠤᠢ᠃ ᠲᠡᠷᠡ ᠪᠦᠭᠦᠳᠡ ᠥᠭᠡᠷ᠎ᠡ ᠥᠭᠡᠷ᠎ᠡ ᠡᠪᠡᠳᠴᠢᠨ ᠢ ᠣᠨᠣᠰᠢᠯᠠᠬᠤ ᠵᠣᠷᠢᠭᠤᠯᠤᠯᠲᠠ ᠶᠢᠨ ︽ᠮᠠᠰᠢᠨ》 ᠶᠤᠮ᠃ ᠣᠨᠣᠰᠢᠯᠠᠭᠠᠨ ᠤ ᠬᠢ ᠠᠴᠠ ᠭᠠᠳᠠᠨ᠎ᠠ ᠡᠮᠴᠢᠯᠡᠭᠡᠨ ᠦ ᠮᠠᠰᠢ ᠣᠯᠠᠨ ᠲᠥᠬᠥᠭᠡᠷᠦᠮᠵᠢ ᠶᠢ ᠦᠵᠡᠭᠡᠳ ᠮᠡᠷᠭᠡᠵᠢᠯ ᠦᠨ ᠪᠢᠰᠢ ᠮᠢᠨᠦ ᠬᠤᠪᠢ ᠳᠤ ᠲᠣᠯᠣᠭᠠᠢ ᠡᠷᠭᠢᠵᠦ ᠭᠦᠢᠴᠡᠭᠰᠡᠨ᠃ ᠢᠯᠠᠩᠭᠤᠶ᠎ᠠ ᠡᠷᠡᠭᠲᠡᠶᠢᠴᠦᠳ᠂ ᠡᠮᠡᠭᠲᠡᠶᠢᠴᠦᠳ ᠲᠦ ᠳᠠᠩᠨᠠᠨ ᠲᠣᠬᠢᠶᠠᠯᠳᠤᠳᠠᠭ ᠡᠪᠡᠳᠴᠢᠯᠡᠯ ᠢ ᠮᠠᠰᠢ ᠲᠦᠷᠭᠡᠨ᠂ ᠪᠦᠷ 3-5 ᠬᠣᠨᠣᠭ ᠲᠤ ᠣᠷᠣ ᠮᠥᠷ ᠦᠭᠡᠢ ᠪᠣᠯᠲᠠᠯ᠎ᠠ ᠡᠳᠡᠭᠡᠷᠡᠭᠦᠯᠴᠢᠬᠡᠳᠡᠭ ᠲᠥᠬᠥᠭᠡᠷᠦᠮᠵᠢ ᠪᠠᠶᠢᠨ᠎ᠠ ᠭᠡᠵᠦ ᠲᠠᠶᠢᠯᠪᠤᠷᠢᠯᠠᠬᠤ ᠳᠤ ᠶᠡᠬᠡᠳᠡ ᠭᠠᠶᠢᠬᠠᠭᠰᠠᠨ ᠴᠤ ᠡᠮᠴᠢᠯᠡᠭᠦᠯᠵᠦ ᠪᠠᠶᠢᠭ᠎ᠠ᠂ ᠡᠳᠡᠭᠡᠷᠡᠭᠡᠳ ᠭᠠᠷᠴᠤ ᠪᠠᠶᠢᠭ᠎ᠠ ᠲᠡᠷᠡ ᠣᠯᠠᠨ ᠬᠦᠮᠦᠨ ᠦ ᠶᠠᠷᠢᠶ᠎ᠠ ᠶᠢ ᠰᠣᠨᠣᠰᠤᠭᠠᠳ ᠢᠲᠡᠭᠡᠬᠦ ᠦᠭᠡᠢ ᠭᠡᠳ ᠶᠠᠭᠠᠬᠢᠬᠤ ᠶᠤᠮ ᠪᠤᠢ᠃ ᠦᠨ᠎ᠡ ᠥᠷᠲᠡᠭ ᠬᠠᠷᠢᠴᠠᠩᠭᠤᠢ ᠬᠢᠮᠳᠠ ᠲᠡᠳᠦᠢ ᠦᠭᠡᠢ ᠠᠶᠢᠮᠠᠭ ᠤᠨ ᠢᠶᠠᠨ ᠮᠠᠯᠴᠢᠳ ᠤᠨ ᠬᠤᠪᠢ ᠳᠤ 30 ᠬᠤᠪᠢ ᠬᠦᠷᠲᠡᠯ᠎ᠡ ᠬᠥᠩᠭᠡᠯᠡᠵᠦ ᠵᠥᠷᠢᠭᠦᠦ ᠶᠢ ︽ᠲᠤᠯᠭ᠎ᠠ》 ᠬᠠᠶᠢᠷ᠎ᠠ᠂ ᠬᠠᠯᠠᠮᠵᠢ ᠶᠢᠨ ᠨᠡᠶᠢᠭᠡᠮᠯᠢᠭ ᠳᠠᠭᠠᠭᠠᠳᠠᠭ ᠡᠨᠡ ᠵᠢᠱᠢᠭ ᠢᠶᠡᠨ ᠳᠤᠮᠳᠠᠭᠤᠪᠢ ᠠᠶᠢᠮᠠᠭ ᠤᠨ ᠥᠨᠳᠥᠷᠰᠢᠯᠢ ᠰᠤᠮᠤ ᠠᠴᠠ᠂ ᠲᠡᠷᠡᠴᠢᠯᠡᠨ ᠪᠤᠰᠤᠳ ᠰᠤᠮᠤ ᠠᠴᠠ ᠬᠦᠰᠡᠭᠰᠡᠨ ᠢᠷᠭᠡᠨ ᠢ ᠡᠮᠡᠴᠢᠯᠡᠭᠦᠯᠬᠦ ᠪᠡᠷ ᠢᠷᠡᠭᠦᠯᠪᠡᠯ ᠮᠥᠨ ᠬᠡᠪ ᠢᠶᠡᠷ ᠮᠥᠷᠳᠡᠨ᠎ᠡ ᠭᠡᠳᠡᠭ ᠢᠶᠡᠨ ᠴᠤ ᠬᠠᠮᠲᠤᠷᠠᠨ ᠠᠵᠢᠯᠯᠠᠬᠤ ᠲᠤᠬᠠᠢ ᠶᠠᠷᠢᠯᠴᠠᠯᠭ᠎ᠠ ᠶᠢᠨ ᠦᠶ᠎ᠡ ᠪᠡᠷ ᠲᠡᠳᠡᠨ ᠦ ᠲᠠᠯ᠎ᠠ ᠢᠯᠡᠷᠬᠡᠶᠢᠯᠡᠵᠦ ᠪᠠᠶᠢᠯ᠎ᠠ᠃ ᠢᠩᠭᠢᠭᠡᠳ ᠥᠨᠳᠥᠷᠰᠢᠯᠢ ᠰᠤᠮᠤ ᠶᠢᠨ ᠡᠷᠡᠭᠦᠯ ᠮᠡᠨᠳᠦ ᠶᠢᠨ ᠲᠥᠪ ᠲᠦ ᠡᠮᠡᠭᠲᠡᠶᠢᠴᠦᠳ ᠦᠨ ᠡᠪᠡᠳᠴᠢᠨ ᠦ ᠳᠦᠷᠰᠦ ᠣᠨᠣᠰᠢᠯᠠᠭᠠᠨ ᠤ ︵ᠮᠠᠨ ᠤ ᠳᠤ ЭХО ᠭᠡᠵᠦ ᠨᠡᠷᠡᠯᠡᠳᠡᠭ︶ ᠲᠤᠰ ᠪᠦᠷᠢ 15000 ᠶᠤᠸᠠᠨ ᠪᠤᠶᠤ 5.5 ᠰᠠᠶ᠎ᠠ ᠲᠥᠭᠥᠷᠢᠭ ᠢᠶᠡᠷ ᠦᠨᠡᠯᠡᠭᠳᠡᠬᠦ ᠢᠵᠢ ᠪᠦᠷᠢᠨ ᠠᠫᠫᠠᠷᠠᠳ᠋ ᠬᠣᠶᠠᠷ ᠢ ︵ᠨᠡᠶᠢᠯᠡᠭᠡᠳ 11 ᠰᠠᠶ᠎ᠠ ᠲᠥᠭᠥᠷᠢᠭ︶ ᠪᠡᠯᠡᠭᠯᠡᠬᠦ ᠪᠡᠨ ᠮᠡᠳᠡᠭᠳᠡᠭᠰᠡᠨ ᠶᠤᠮ᠃ ᠠᠳᠤᠭᠤᠨ ᠰᠤᠶᠤᠯ ᠤᠨ ᠪᠡᠯᠭᠡᠳᠡᠯᠲᠦ ᠮᠣᠩᠭᠣᠯ ᠪᠠᠭ᠎ᠠ ᠰᠤᠷᠭᠠᠭᠤᠯᠢ᠃ ᠪᠢᠳᠡ ᠰᠢᠯᠢᠩᠬᠣᠲᠠ ᠶᠢᠨ ᠮᠣᠩᠭᠣᠯ ᠦᠨᠳᠦᠰᠦᠲᠡᠨ ᠦ ᠬᠣᠶᠠᠳᠤᠭᠠᠷ ᠪᠠᠭ᠎ᠠ ᠰᠤᠷᠭᠠᠭᠤᠯᠢ ᠪᠠᠷ ᠣᠷᠣᠭᠰᠠᠨ ᠶᠤᠮ᠃ ᠡᠨᠡ ᠰᠤᠷᠭᠠᠭᠤᠯᠢ ᠪᠦᠬᠦ ᠯᠠ ᠰᠤᠷᠭᠠᠯᠲᠠ᠂ ᠬᠦᠮᠦᠵᠢᠯ ᠦᠨ ᠠᠵᠢᠯ ᠢ ᠠᠳᠤᠭᠤᠨ ᠰᠤᠶᠤᠯ ᠳᠤ ᠲᠦᠰᠢᠭᠯᠡᠳᠡᠭ ᠢᠶᠡᠷ ᠢᠶᠡᠨ ᠣᠨᠴᠠᠯᠢᠭ᠃ ᠰᠤᠷᠭᠠᠭᠤᠯᠢ ᠶᠢᠨ ᠤᠷᠴᠢᠨ ᠳᠤ ᠢᠷᠡᠬᠦ ᠳᠦ ᠪᠦᠬᠦ ᠵᠦᠢᠯ ᠠᠳᠤᠭᠤ ᠪᠠᠷ ︽ᠠᠮᠢᠰᠬᠤᠯᠠᠨ᠎ᠠ︾᠃ ᠭᠠᠳᠠᠨ᠎ᠠ ᠣᠷᠴᠢᠨ ᠠᠴᠠ ᠡᠬᠢᠯᠡᠭᠡᠳ ᠠᠳᠤᠭᠤᠨ ᠤ ᠳᠦᠷᠰᠦ᠂ ᠳᠦᠷᠰᠦᠯᠡᠭᠡ᠂ ᠵᠢᠷᠤᠭ᠂ ᠪᠢᠴᠢᠭ ᠳᠦᠭᠦᠷᠡᠩ᠃ ᠭᠤᠳᠤᠮᠵᠢᠨ ᠤ ᠭᠡᠷᠡᠯ ᠭᠡᠬᠦ ᠳᠦ ᠯᠠ ᠱᠠᠰᠢᠷ ᠳᠡᠯ ᠢᠶᠡᠨ ᠨᠠᠮᠢᠷᠠᠭᠤᠯᠤᠭᠰᠠᠨ ᠠᠳᠤᠭᠤᠨ ᠤ ᠲᠣᠯᠣᠭᠠᠢ᠂ ᠭᠡᠷᠡᠯ ᠦᠨ ᠪᠦᠷᠬᠦᠭᠦᠯ ᠨᠢ ᠠᠳᠤᠭᠤᠨ ᠤ ᠲᠤᠭᠤᠷᠠᠢ ᠬᠡᠯᠪᠡᠷᠢᠲᠡᠢ ᠡᠴᠡ ᠡᠬᠢᠯᠡᠭᠡᠳ ᠪᠦᠬᠦ ᠶᠠᠭᠤᠮ᠎ᠠ ᠨᠢ ︽ᠠᠳᠤᠭᠤ︾ ᠯᠠ ᠭᠡᠵᠦ ᠬᠡᠯᠡᠨ᠎ᠡ ᠰᠢᠦ᠃ ︽ᠭᠠᠷ ᠢ ᠭᠠᠨᠵᠤᠭᠠᠨ ᠳᠤ ᠬᠥᠯ ᠢ ᠳᠥᠷᠦᠭᠡᠨ ᠳᠦ》 《ᠮᠣᠷᠢᠲᠠᠢ ᠮᠣᠩᠭᠣᠯ᠂ ᠮᠣᠷᠠᠯ ᠲᠠᠢ ᠬᠡᠦᠬᠡᠳ︾ 《ᠡᠮᠨᠢᠭ ᠦᠨ ᠨᠢᠷᠤᠭᠤᠨ ᠠᠴᠠ ᠡᠷᠳᠡᠮ ᠦᠨ ᠣᠷᠭᠢᠯ ᠳᠤ︾ 《ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠤᠨᠠᠭᠠᠨ ᠠᠴᠠ ᠪᠠᠨ︾ ᠭᠡᠰᠡᠨ ᠪᠢᠴᠢᠭᠡᠰᠦ ᠬᠠᠮᠢᠭᠠᠰᠢ ᠪᠠᠨ ᠯᠠ ᠬᠠᠷᠠᠪᠠᠯ ᠨᠢᠳᠦᠨ ᠳᠤ ᠲᠣᠳᠣ ᠲᠣᠮᠣᠷᠠᠭᠤᠨ ᠲᠤᠰᠣᠨ᠎ᠠ᠃ ᠠᠩᠭᠢ ᠲᠠᠩᠬᠢᠮ ᠳᠤ ᠡᠮᠡᠭᠡᠯ ᠬᠠᠵᠠᠭᠠᠷ᠂ ᠴᠢᠳᠦᠷ᠂ ᠨᠣᠭᠲᠣ᠁ ᠭᠡᠳ ᠠᠳᠤᠭᠤ ᠲᠠᠢ ᠬᠣᠯᠪᠣᠭ᠎ᠠ ᠲᠠᠢ ᠪᠣᠯᠭᠠᠨ ᠢ ᠦᠵᠡᠮᠦᠷᠢ ᠪᠣᠯᠭᠠᠨ ᠲᠠᠯᠪᠢᠭᠰᠠᠨ ᠪᠠᠶᠢᠬᠤ ᠵᠢᠱᠢᠶ᠎ᠡ ᠲᠡᠢ᠃ ᠰᠤᠷᠭᠠᠭᠤᠯᠢ ᠶᠢᠨ ᠵᠠᠬᠢᠷᠤᠯ ᠰᠣᠲᠤᠪᠢᠯᠢᠭ ᠡᠨᠡ ᠪᠦᠬᠦᠨ ᠢᠶᠡᠨ ︽ᠮᠠᠨᠠᠶᠢᠬᠢ ᠠᠳᠤᠭᠤᠨ ᠰᠤᠶᠤᠯ ᠢ ᠰᠤᠷᠭᠠᠯᠲᠠ᠂ ᠬᠦᠮᠦᠵᠢᠯ ᠦᠨ ᠢᠶᠡᠨ ᠠᠵᠢᠯ ᠭᠣᠣᠯ ᠪᠡᠯᠭᠡᠳᠡᠯ ᠪᠣᠯᠭᠠᠭᠰᠠᠨ᠂ ᠦᠨᠳᠦᠰᠦᠨ ᠦ ᠬᠡᠮᠵᠢᠶᠡᠨ ᠦ ᠴᠣᠷ ᠤᠨ ᠭᠠᠭᠴᠠ ᠰᠤᠷᠭᠠᠭᠤᠯᠢ︾ ᠭᠡᠵᠦ ᠪᠠᠬᠠᠷᠬᠠᠯ ᠪᠣᠯᠭᠠᠨ ᠶᠠᠷᠢᠨ᠎ᠠ ᠯᠡ᠃ ᠵᠢᠷᠤᠭ ᠤᠨ ᠠᠪᠢᠶᠠᠰᠯᠢᠭ ᠪᠠᠭᠰᠢ ᠶᠢᠨ ᠤᠷᠠᠯᠠᠩ ᠳᠤ ᠲᠣᠮᠣ ᠭᠡᠭᠴᠢ ᠲᠠᠩᠬᠢᠮ ᠭᠠᠷᠭᠠᠭᠠᠳ ᠥᠭᠴᠢᠬᠡᠭᠰᠡᠨ᠃ ᠲᠡᠷᠡ ᠪᠠᠭᠰᠢ ᠠᠳᠤᠭᠤᠨ ᠤ ᠰᠡᠳᠦᠪ ᠢᠶᠡᠷ ᠪᠦᠲᠦᠭᠡᠯ ᠢᠶᠡᠨ ᠵᠢᠷᠤᠭᠠᠳ ᠯᠠ ᠰᠠᠭᠤᠵᠤ ᠪᠠᠶᠢᠨ᠎ᠠ᠃ ᠲᠡᠨᠳᠡ ᠮᠠᠨ ᠤ ᠮᠣᠩᠭᠣᠯ ᠠᠴᠠ ᠴᠤ ᠪᠠᠭᠰᠢ ᠤᠷᠢᠭᠳᠠᠨ ᠠᠵᠢᠯᠯᠠᠳᠠᠭ ᠶᠤᠮ ᠪᠠᠶᠢᠨ᠎ᠠ᠃ ᠨᠡᠶᠢᠰᠯᠡᠯ ᠦᠨ 23 ᠳ᠋ᠤᠭᠠᠷ ᠰᠤᠷᠭᠠᠭᠤᠯᠢ ᠶᠢᠨ ᠪᠠᠭᠰᠢ ᠲᠦᠮᠡᠨᠳᠡᠮᠪᠡᠷᠢᠯ ᠭᠡᠵᠦ ᠡᠮᠡᠭᠲᠡᠢ ᠮᠡᠨᠳᠦᠴᠢᠯᠡᠭᠡᠳ ᠬᠢᠴᠢᠶᠡᠯ ᠵᠢᠭᠠᠬᠤ ᠠᠩᠭᠢ ᠤᠷᠤᠭᠤ ᠪᠠᠨ ᠶᠠᠭᠠᠷᠠᠤᠬᠠᠨ ᠭᠡᠭᠴᠢ ᠣᠷᠣᠭᠠᠳ ᠶᠠᠪᠤᠴᠢᠬᠠᠨ᠎ᠠ ᠯᠡ᠃ ᠬᠢᠴᠢᠶᠡᠯ ᠡᠬᠢᠯᠡᠬᠦ ᠴᠠᠭ ᠨᠢ ᠪᠣᠯᠤᠭᠰᠠᠨ ᠪᠢᠵᠡ᠃ ᠰᠢᠯᠢᠢᠩᠭᠣᠯ ᠤᠨ ᠵᠣᠬᠢᠶᠠᠯᠴᠢ᠂ ᠢᠷᠠᠭᠤ ᠨᠠᠶᠢᠷᠠᠭᠴᠢ ᠥᠷᠯᠥᠳ ᠰᠡᠴᠡᠩᠭᠤᠸ᠎ᠠ 20 ᠵᠢᠯ ᠦᠨ ᠡᠮᠦᠨ᠎ᠡ ︽ᠴᠣᠮᠣᠷᠯᠢᠭ︾ ᠨᠡᠷ᠎ᠡ ᠲᠡᠢ ᠬᠡᠦᠬᠡᠳ ᠦᠨ ᠴᠡᠴᠡᠷᠯᠢᠭ ᠪᠠᠶᠢᠭᠤᠯᠵᠠᠢ᠃ ᠰᠡᠴᠡᠩᠭᠤᠸ᠎ᠠ ᠡᠨᠡ ᠴᠡᠴᠡᠷᠯᠢᠭ ᠦᠨ ᠢᠶᠡᠨ 15 ᠵᠢᠯ ᠦᠨ ᠣᠢ ᠳᠤ ᠵᠣᠷᠢᠭᠤᠯᠤᠨ ᠰᠢᠯᠢ ᠶᠢᠨ ᠬᠣᠲᠠ ᠶᠢᠨ ᠮᠣᠩᠭᠣᠯ ᠦᠨᠳᠦᠰᠦᠨ ᠦ ᠪᠠᠭ᠎ᠠ ᠰᠤᠷᠭᠠᠭᠤᠯᠢ ᠪᠣᠯᠤᠨ ᠬᠣᠰᠢᠭᠤᠳ ᠤᠨ ᠰᠤᠷᠭᠠᠭᠤᠯᠢ ᠶᠢᠨ ᠬᠡᠦᠬᠡᠳ ᠦᠳ ᠦᠨ ᠪᠦᠲᠦᠭᠡᠯ ᠢᠶᠡᠷ ᠡᠮᠬᠢᠳᠬᠡᠨ ᠭᠠᠷᠭᠠᠭᠰᠠᠨ ᠢᠷᠠᠭᠤ ᠨᠠᠶᠢᠷᠠᠭ ᠤᠨ ᠲᠡᠭᠦᠪᠦᠷᠢ ᠶᠢ ︽ᠪᠠᠭᠤᠴᠠᠨ ᠳᠤ ᠳᠡᠯᠭᠡᠷᠡᠭᠰᠡᠨ ᠴᠣᠮᠣᠷᠯᠢᠭ》 ᠬᠡᠮᠡᠨ ᠨᠡᠷᠡᠯᠡᠭᠰᠡᠨ ᠪᠠᠶᠢᠨ᠎ᠠ᠃ ᠡᠨᠡ ᠨᠣᠮ ᠳᠤ ᠲᠡᠷᠡ ︽ᠴᠣᠮᠣᠷᠯᠢᠭ︾ ᠬᠡᠦᠬᠡᠳ ᠦᠨ ᠴᠡᠴᠡᠷᠯᠢᠭ ᠪᠠᠶᠢᠭᠤᠯᠤᠭᠰᠠᠨ ᠲᠤᠬᠠᠢ ᠳᠤᠷᠠᠰᠤᠮᠵᠢ ᠪᠠᠨ ᠳᠡᠯᠭᠡᠷᠡᠩᠭᠦᠢ ᠦᠭᠦᠯᠡᠭᠰᠡᠨ ᠨᠢ ᠠᠩᠬᠠᠷᠤᠯ ᠲᠠᠲᠠᠯ᠎ᠠ᠃ ᠮᠣᠩᠭᠣᠯ ᠤᠨ ᠭᠣᠪᠢ ᠶᠢᠨ ᠪᠥᠰᠡ ᠶᠢᠨ ᠠᠶᠢᠮᠠᠭ ᠤᠳ᠂ ᠰᠢᠯᠢᠢᠩᠭᠣᠯ ᠤᠨ ᠵᠣᠬᠢᠶᠠᠯᠴᠢᠳ ᠤᠨ ᠳᠤᠮᠳᠠ ᠵᠠᠷᠯᠠᠭᠰᠠᠨ ᠪᠣᠭᠣᠨᠢ ᠥᠭᠦᠯᠡᠯᠭᠡ ᠶᠢᠨ ᠤᠷᠤᠯᠳᠤᠭᠠᠨ ᠳᠤ ᠣᠷᠣᠯᠴᠠᠨ ᠳᠤᠮᠳᠠᠭᠤᠪᠢ ᠠᠶᠢᠮᠠᠭ ᠲᠤ ᠢᠷᠡᠵᠦ ᠪᠦᠲᠦᠭᠡᠯ ᠢᠶᠡᠷ ᠢᠶᠡᠨ ᠲᠠᠨᠢᠯ ᠪᠣᠯᠤᠭᠰᠠᠨ ᠥᠷᠯᠥᠳ ᠰᠡᠴᠡᠩᠭᠤᠸ᠎ᠠ ᠪᠠᠭᠰᠢ ᠰᠢᠯᠦᠭ ᠢᠶᠡᠨ ᠤᠩᠰᠢᠵᠤ ᠰᠣᠨᠢᠷᠬᠠᠭᠤᠯᠤᠭᠰᠠᠨ ᠨᠢ ᠥᠪᠡᠷ ᠦᠨ ᠪᠠᠶᠢᠭᠤᠯᠤᠭᠰᠠᠨ ᠬᠡᠦᠬᠡᠳ ᠦᠨ ᠴᠡᠴᠡᠷᠯᠢᠭ ᠦᠨ ᠪᠢᠴᠢᠬᠠᠨ ᠱᠠᠪᠢ ᠨᠠᠷ ᠲᠤ ᠪᠠᠨ ᠵᠣᠷᠢᠭᠤᠯᠤᠭᠰᠠᠨ ︽ᠴᠣᠮᠣᠷᠯᠢᠭ》 ᠨᠡᠷ᠎ᠡ ᠲᠡᠢ ᠪᠠᠶᠢᠭᠰᠠᠨ ᠰᠢᠦ᠃ ᠪᠢᠳᠡᠨ ᠦ ᠵᠣᠴᠢᠯᠠᠭᠰᠠᠨ ᠥᠭᠡᠷ᠎ᠡ ᠨᠢᠭᠡ ᠭᠠᠵᠠᠷ ᠨᠢ ᠰᠢᠯᠢᠩᠬᠣᠲᠠ ᠳᠠᠬᠢ ᠠᠵᠢᠯ ᠮᠡᠷᠭᠡᠵᠢᠯ ᠦᠨ ᠳᠡᠭᠡᠳᠦ ᠰᠤᠷᠭᠠᠭᠤᠯᠢ ᠶᠤᠮ᠃ 20000 ᠮᠢᠩᠭᠠᠨ ᠣᠶᠤᠲᠠᠨ ᠰᠤᠷᠤᠯᠴᠠᠳᠠᠭ ᠡᠨᠡ ᠠᠪᠤᠷᠭᠤ ᠲᠣᠮᠣ ᠴᠣᠭᠴᠠᠯᠠᠪᠤᠷᠢ ᠳᠤ ᠦᠭᠡᠢ ᠳᠤᠲᠠᠭᠤ ᠶᠠᠭᠤᠮ᠎ᠠ ᠠᠯᠠᠭ᠎ᠠ᠃ ᠡᠨᠡ ᠰᠤᠷᠭᠠᠭᠤᠯᠢ ᠳᠤ ᠳᠡᠯᠡᠬᠡᠢ ᠳᠦ ᠭᠠᠭᠴᠠᠬᠠᠨ ᠭᠡᠵᠦ ᠬᠡᠯᠡᠵᠦ ᠪᠣᠯᠬᠤ 《ᠴᠢᠩᠭᠢᠰ ᠬᠠᠭᠠᠨ ᠤ ᠨᠣᠮ ᠤᠨ ᠰᠠᠩ》 ᠪᠤᠢ᠃ ᠳᠡᠯᠡᠬᠡᠢ ᠶᠢᠨ ᠣᠯᠠᠨ ᠣᠷᠣᠨ ᠳᠤ ᠬᠡᠪᠯᠡᠭᠳᠡᠭᠰᠡᠨ ᠴᠢᠩᠭᠢᠰ ᠬᠠᠭᠠᠨ ᠤ ᠲᠡᠦᠬᠡᠨ ᠳᠦ ᠬᠣᠯᠪᠣᠭᠳᠠᠬᠤ ᠪᠦᠬᠦ ᠲᠥᠷᠥᠯ ᠦᠨ ᠨᠣᠮ ᠢᠶᠠᠷ ᠳᠠᠩᠨᠠᠭᠰᠠᠨ᠂ ᠰᠢᠨ᠎ᠡ ᠪᠦᠲᠦᠭᠡᠯ ᠢᠶᠡᠷ ᠪᠠᠶᠢᠩᠭᠤ ᠪᠠᠶᠠᠵᠢᠵᠤ ᠪᠠᠶᠢᠳᠠᠭ ᠨᠣᠮ ᠤᠨ ᠰᠠᠩ ᠶᠤᠮ᠃ ᠣᠳᠣ ᠪᠠᠷ ᠬᠦᠮᠦᠨ ᠲᠥᠷᠥᠯᠬᠢᠲᠡᠨ ᠳᠦ ᠴᠣᠷ ᠭᠠᠭᠴᠠᠬᠠᠨ ᠬᠤᠪᠢ ᠣᠯᠳᠠᠭᠠᠳ ᠪᠠᠶᠢᠭ᠎ᠠ ᠲᠡᠦᠬᠡᠨ ᠪᠠᠷᠢᠮᠲᠠ ᠶᠢᠨ ᠡᠬᠡ ᠬᠤᠪᠢ ᠴᠤ ᠪᠤᠢ᠃ ᠬᠠᠭᠤᠯᠪᠤᠷᠢ ᠶᠢ ᠪᠣᠯ ᠲᠣᠭᠠᠴᠢᠭᠠᠳ ᠪᠠᠷᠠᠰᠢ ᠦᠭᠡᠢ᠃ ᠵᠥᠪᠬᠡᠨ 《ᠮᠣᠩᠭᠣᠯ ᠤᠨ ᠨᠢᠭᠤᠴᠠ ᠲᠣᠪᠴᠢᠶ᠎ᠠ》 ᠭᠡᠬᠦ ᠳᠦ ᠣᠯᠠᠨ ᠬᠡᠯᠡ ᠪᠡᠷ ᠬᠡᠪᠯᠡᠭᠳᠡᠭᠰᠡᠨ᠂ ᠬᠡᠳᠦᠨ ᠵᠠᠭᠤᠨ ᠥᠭᠡᠷ᠎ᠡ ᠬᠡᠪᠯᠡᠯ ᠴᠤ ᠪᠠᠶᠢᠭ᠎ᠠ ᠶᠤᠮ ᠪᠤᠢ᠂ ᠮᠡᠳᠡᠬᠦ ᠦᠭᠡᠢ᠃ ᠲᠡᠷᠡ ᠳᠣᠲᠣᠷ᠎ᠠ ᠵᠢᠷᠤᠭ ᠠᠪᠬᠠᠭᠤᠯᠬᠤ ᠦᠭᠡᠢ ᠳᠦᠷᠰᠦ ᠪᠣᠯᠤᠨ ᠳᠠᠭᠤᠨ ᠪᠢᠴᠢᠯᠭᠡ ᠴᠤ ᠬᠢᠯᠭᠡᠬᠦ ᠦᠭᠡᠢ ᠬᠠᠲᠠᠭᠤ ᠵᠢᠷᠤᠮ ᠲᠠᠢ ᠶᠤᠮ ᠪᠢᠯᠡ᠃ ᠡᠨᠡ ᠰᠤᠷᠭᠠᠭᠤᠯᠢ ᠶᠢᠨ ᠰᠫᠣᠷᠲ ᠴᠣᠭᠴᠠᠯᠠᠪᠤᠷᠢ ᠭᠡᠬᠦ ᠳᠦ ᠰᠫᠣᠷᠲ ᠤᠨ ᠲᠥᠷᠥᠯ ᠪᠦᠷᠢ ᠪᠡᠷ ᠵᠣᠷᠢᠭᠤᠯᠤᠯᠲᠠ ᠶᠢᠨ ᠪᠠᠶᠢᠭᠤᠯᠤᠮᠵᠢ ᠲᠠᠢ᠃ ᠬᠥᠯ ᠪᠥᠮᠪᠥᠭᠡ ᠶᠢᠨ ᠭᠡᠬᠦ ᠳᠦ ᠵᠢᠷᠭᠤᠭᠠᠨ ︵ᠬᠣᠶᠠᠷ ᠨᠢ ᠳᠣᠲᠣᠷ᠎ᠠ︶ ᠲᠠᠯᠠᠪᠠᠢ ᠲᠠᠢ᠃ ᠰᠠᠭᠰᠤᠨ ᠪᠥᠮᠪᠥᠭᠡ ᠶᠢᠨ ᠲᠠᠯᠠᠪᠠᠢ ᠡᠨᠳᠡ 12 ᠪᠠᠶᠢᠨ᠎ᠠ᠃ ᠵᠠ ᠲᠡᠭᠡᠭᠡᠳ ᠤᠰᠤᠨ ᠪᠠᠰᠰᠧᠢᠨ ᠭᠡᠬᠦ ᠳᠦ ᠶᠠᠩᠵᠤ ᠪᠦᠷᠢ ᠶᠢᠨ ᠭᠦᠨ ᠲᠡᠢ ᠁ ᠭᠡᠬᠦ ᠮᠡᠲᠦ᠃ ᠳᠦᠢᠴᠡᠭᠦᠯᠬᠦᠢ᠂ ᠮᠠᠨ ᠤ ᠪᠤᠶᠠᠨᠲᠤ-ᠬᠤᠸᠠ ᠳᠠᠬᠢ ᠰᠫᠣᠷᠲ ᠴᠣᠭᠴᠠᠯᠠᠪᠤᠷᠢ ᠭᠡᠬᠦ ᠳᠦ ᠡᠳᠡᠨ ᠦ ᠵᠥᠪᠬᠡᠨ ᠨᠢᠭᠡ ᠲᠥᠷᠥᠯ ᠦᠨ ᠰᠫᠣᠷᠲ ᠤᠨ ᠪᠠᠶᠢᠭᠤᠯᠤᠮᠵᠢ ᠯᠠ ᠭᠡᠰᠡᠨ ᠦᠭᠡ ᠭᠡᠳ ᠪᠣᠳᠤ ᠡ᠂ ᠠᠪᠤᠷᠭᠤ ᠡᠳ᠋ ᠪᠠᠶᠢᠭ᠎ᠠ ᠪᠢᠵᠡ᠃ ᠡᠨᠡ ᠪᠦᠬᠦᠨ ᠢ ᠳᠤᠮᠳᠠᠭᠤᠪᠢ ᠠᠶᠢᠮᠠᠭ ᠲᠤ ᠮᠠᠨᠢ ᠵᠣᠴᠢᠯᠠᠵᠤ ᠪᠠᠶᠢᠭᠰᠠᠨ᠂ ᠡᠨᠡ ᠰᠤᠷᠭᠠᠭᠤᠯᠢ ᠶᠢᠨ ᠪᠠᠰᠠ ᠨᠢᠭᠡ ᠡᠷᠬᠡ ᠮᠡᠳᠡᠯ ᠪᠦᠬᠦᠢ ᠠᠵᠢᠯᠲᠠᠨ ᠣᠭᠣᠨ ᠳᠠᠭᠠᠭᠤᠯᠢ ᠪᠢᠳᠡᠨ ᠢ ᠬᠥᠲᠥᠴᠢᠯᠡᠨ ᠲᠠᠨᠢᠯᠴᠠᠭᠤᠯᠤᠯ᠎ᠠ᠃ ᠢᠷᠡᠭᠰᠡᠨ ᠭᠡᠶᠢᠴᠢᠨ ᠪᠤᠴᠠᠳᠠᠭ᠃ ᠪᠢᠳᠡᠨ ᠢ ᠪᠤᠴᠠᠬᠤ ᠶᠢᠨ ᠤᠷᠳᠤ ᠣᠷᠣᠢ ᠶᠢᠨ ᠦᠳᠡᠯᠲᠡ ᠶᠢᠨ ᠵᠣᠭᠣᠭ ᠲᠤ 150 ᠭᠠᠷᠤᠢ ᠺᠢᠯᠣᠮᠧᠲ᠋ᠷ ᠲᠤ ᠬᠢ ᠪᠠᠷᠠᠭᠤᠨ ᠦᠵᠦᠮᠦᠴᠢᠨ ᠬᠣᠰᠢᠭᠤᠨ ᠠᠴᠠ ᠨᠠᠷᠠᠨᠴᠣᠭᠲᠤ ᠶᠢᠨ ᠮᠠᠨᠢ ᠨᠠᠶᠢᠵᠠ ᠵᠠᠶᠠᠭ᠎ᠠ᠂ ᠬᠤᠷᠴᠠ ᠨᠠᠷ ᠮᠠᠨᠢ ᠨᠠᠷᠠᠨᠲᠤᠶᠠᠭ᠎ᠠ᠂ ᠰᠠᠷᠠᠨᠭᠡᠷᠡᠯ ᠭᠡᠳ ᠨᠠᠷᠠ᠂ ᠰᠠᠷᠠᠨ ᠤ ᠨᠡᠷ᠎ᠡ ᠲᠡᠢ ᠦᠵᠡᠰᠬᠦᠯᠡᠩᠲᠦ ᠭᠡᠷᠭᠡᠢ ᠨᠠᠷ ᠢᠶᠠᠨ ᠳᠠᠭᠠᠭᠤᠯᠤᠨ ᠪᠢᠳᠡᠨ ᠢ ᠵᠣᠷᠢᠨ ᠳᠠᠪᠬᠢᠵᠤ ᠢᠷᠡᠭᠰᠡᠨ ᠪᠣᠯ ᠬᠠᠶᠢᠷ᠎ᠠ ᠬᠠᠯᠠᠮᠵᠢ ᠶᠢᠨ ︽ᠲᠤᠯᠭ᠎ᠠ︾ ᠨᠡᠶᠢᠭᠡᠮᠯᠢᠭ ᠢ ᠡᠭᠦᠰᠬᠡᠨ ᠪᠠᠶᠢᠭᠤᠯᠤᠭᠴᠢ ᠠᠩᠬᠠᠨ ᠤ ᠲᠠᠪᠤᠨ ᠬᠦᠮᠦᠨ ᠦ ᠨᠢᠭᠡ᠂ ᠵᠡᠭᠦᠨ ᠦᠵᠦᠮᠦᠴᠢᠨ ᠬᠣᠰᠢᠭᠤᠨ ᠤ 《ᠲᠤᠯᠭ᠎ᠠ︾ ᠬᠣᠯᠪᠣᠭᠠᠨ ᠤ ᠲᠡᠷᠢᠭᠦᠨ ᠲᠦᠮᠡᠨᠪᠠᠶᠠᠷ᠂ ᠳᠡᠳ᠋ ᠲᠡᠷᠢᠭᠦᠨ ᠰᠡᠴᠡᠩᠬᠤᠸᠠᠷ ᠨᠠᠷ ᠮᠣᠩᠭᠣᠯ ᠠᠴᠠ ᠢᠷᠡᠭᠰᠡᠨ ᠨᠠᠶᠢᠵᠠ ᠨᠠᠷ ᠲᠤ ᠪᠠᠨ ᠬᠦᠨᠳᠦᠳᠬᠡᠯ ᠦᠵᠡᠭᠦᠯᠬᠦ ᠡᠴᠡ ᠬᠣᠴᠣᠷᠤᠭᠰᠠᠨ ᠦᠭᠡᠢ᠃ ᠲᠡᠳᠡ 《ᠮᠣᠩᠭᠣᠯ ᠠᠴᠠ ᠲᠠᠨᠢᠯ ᠤᠳ ᠮᠠᠨᠢ ᠬᠦᠷᠴᠦ ᠢᠷᠡᠵᠦ ᠪᠠᠶᠢᠬᠤ ᠳᠤ ᠭᠠᠵᠠᠷ ᠤᠨ ᠬᠣᠯᠠ᠂ ᠤᠰᠤᠨ ᠤ ᠤᠷᠲᠤ ᠭᠣᠣᠯ ᠪᠢᠰᠢ ᠡ᠃ ᠵᠠᠪᠠᠯ ᠢᠷᠡᠬᠦ ᠶᠣᠰᠣᠲᠠᠢ ᠪᠠᠶᠢᠭᠰᠠᠨ》 ᠭᠡᠯᠴᠡᠨ ᠪᠢᠳᠡᠨ ᠲᠡᠢ ᠳᠠᠭᠤᠯᠠᠵᠤ ᠬᠤᠭᠤᠷᠳᠠᠨ᠂ ᠬᠣᠯᠠ ᠣᠶᠢᠷ᠎ᠠ ᠶᠢᠨ ᠰᠣᠨᠢᠨ ᠶᠠᠷᠢᠯᠴᠠᠨ ᠶᠡᠬᠡ ᠱᠤᠤᠭᠢᠭᠰᠠᠨ᠃ ᠲᠡᠳᠡ ᠪᠦᠭᠦᠳᠡ ᠯᠠ ᠮᠣᠩᠭᠣᠯ ᠳᠤ᠂ ᠲᠡᠷᠡ ᠳᠤᠮᠳᠠ ᠪᠠᠨ ᠳᠤᠮᠳᠠᠭᠤᠪᠢ ᠳᠤ᠂ ᠥᠨᠳᠥᠷᠰᠢᠯᠢ ᠳᠤ ᠵᠣᠴᠢᠯᠠᠵᠤ ᠣᠯᠠᠨ ᠰᠢᠨ᠎ᠡ ᠲᠠᠨᠢᠯ ᠲᠠᠢ ᠪᠣᠯᠤᠭᠰᠠᠨ ᠬᠦᠮᠦᠰ᠃ ᠪᠢᠳᠡᠨ ᠢ ᠲᠦᠷᠦᠭᠰᠡᠨ ᠠᠬ᠎ᠠ ᠳᠡᠭᠦᠥᠰ ᠢᠶᠡᠨ ᠢᠷᠡᠭᠰᠡᠨ ᠰᠢᠭ ᠰᠡᠳᠬᠢᠯ ᠬᠥᠳᠡᠯᠦᠯ ᠢᠶᠡᠨ ᠪᠠᠷᠢᠵᠤ ᠴᠢᠳᠠᠬᠤ ᠦᠭᠡᠢ ᠪᠠᠶᠠᠷᠯᠠᠭᠰᠠᠨ ᠲᠡᠳᠡᠨ ᠢ ᠬᠠᠷᠠᠭᠠᠳ ᠪᠢᠳᠡᠨ ᠦ ᠡᠯᠢᠭᠡ ᠨᠢᠭᠡᠲᠦ ᠮᠣᠩᠭᠣᠯ ᠠᠬᠠᠨ ᠳᠡᠭᠦᠥᠰ ᠬᠢᠯᠢ ᠶᠢᠨ ᠴᠢᠨᠠᠳᠤ ᠳᠤ ᠴᠤ ᠵᠥᠩᠳᠡᠭᠡᠨ ᠣᠯᠠᠨ ᠭᠡᠳᠡᠭ ᠢ ᠤᠯᠠᠮ ᠪᠦᠷ ᠮᠡᠳᠡᠷᠡᠵᠦ ᠪᠠᠶᠢᠯ᠎ᠠ᠃ ᠡᠨᠡ ᠡᠳᠦᠷ ᠦᠳ ᠲᠦ ᠪᠢᠳᠡᠨ ᠲᠡᠢ ᠬᠠᠮᠲᠤ ᠪᠠᠶᠢᠭᠰᠠᠨ ᠣᠶᠣᠳᠠᠯᠴᠢᠨ ᠰᠤᠶᠤᠯ᠂ ᠮᠠᠯᠴᠢᠨ ᠠᠳᠢᠶ᠎ᠠ᠂ ᠢᠯᠠᠯᠲᠠ᠂ ᠮᠥᠨ ᠥᠨᠢᠷ᠂ ᠲᠣᠯᠢ ᠨᠠᠷ ᠴᠤ ᠮᠣᠩᠭᠣᠯ ᠳᠤ ᠡᠮᠦᠨ᠎ᠡ ᠨᠢ ᠨᠢᠭᠡ ᠡᠴᠡ ᠬᠡᠳᠦ ᠬᠡᠳᠦᠨ ᠤᠳᠠᠭ᠎ᠠ ᠵᠣᠴᠢᠯᠠᠴᠢᠬᠠᠭᠰᠠᠨ᠂ ᠮᠠᠨᠠᠶᠢᠬᠢᠨ ᠤ ᠲᠠᠯ᠎ᠠ ᠪᠠᠷ ᠥᠷᠭᠡᠨ ᠮᠡᠳᠡᠯᠭᠡ ᠲᠡᠢ ᠡᠷᠬᠢᠮ ᠦᠳ᠂ ︽ᠵᠥᠪᠬᠡᠨ ᠮᠣᠩᠭᠣᠯ ᠳᠤ ᠪᠠᠨ︾ ᠸᠢᠴᠠᠲ ᠤᠨ ᠬᠣᠯᠪᠣᠭᠠᠨ ᠳᠤ ᠨᠢᠭᠡᠳᠦᠨ ᠬᠠᠶᠢᠷ᠎ᠠ᠂ ᠬᠠᠯᠠᠮᠵᠢ᠂ ᠰᠠᠶᠢᠨ ᠦᠢᠯᠡᠰ ᠦᠨ ᠠᠵᠢᠯ ᠵᠣᠬᠢᠶᠠᠨ ᠪᠠᠶᠢᠭᠤᠯᠳᠠᠭ ᠬᠦᠮᠦᠰ ᠶᠤᠮ᠃ ᠠᠪᠠᠭ᠎ᠠ ᠬᠣᠰᠢᠭᠤᠨ ᠤ ᠮᠠᠯᠴᠢᠨ ᠠᠳᠢᠶ᠎ᠠ ᠭᠤᠸᠠᠢ ᠮᠣᠩᠭᠣᠯ ᠳᠤ ᠭᠤᠷᠪᠠᠨ ᠴᠤ ᠤᠳᠠᠭ᠎ᠠ ᠣᠴᠢᠭᠰᠠᠨ᠂ ᠨᠢᠭᠡ ᠤᠳᠠᠭ᠎ᠠ ᠣᠴᠢᠬᠤ ᠳᠤ ᠪᠠᠨ ᠤᠯᠠᠭᠠᠨᠪᠠᠭᠠᠲᠤᠷ ᠳᠠᠬᠢ 《ᠶᠡᠬᠡ ᠮᠣᠩᠭᠣᠯ》 ᠷᠧᠰᠲ᠋ᠣᠷᠠᠨ ᠳᠤ ᠨᠠᠷᠠᠨᠴᠠᠴᠤᠷᠠᠯᠲᠤ ᠶᠢᠨ ᠰᠣᠶᠣᠮᠪᠣ ᠬᠦᠦ ᠶᠢᠨ ᠰᠠᠨᠠᠭᠠᠴᠢᠯᠠᠭ᠎ᠠ ᠪᠠᠷ ᠵᠣᠬᠢᠶᠠᠨ ᠪᠠᠶᠢᠭᠤᠯᠤᠭᠰᠠᠨ ︽ᠳᠤᠮᠳᠠᠭᠣᠪᠢ ᠶᠢᠨ ᠠᠶᠢᠷᠠᠭ ᠤᠨ ᠹᠧᠰᠲ᠋ᠢᠸᠠᠯᠢ》 ᠍ ᠳᠦ ᠣᠷᠣᠭᠰᠠᠨ ᠢᠶᠠᠨ ᠡᠨᠡ ᠨᠠᠰᠤᠨ ᠳᠤ ᠲᠣᠬᠢᠶᠠᠭᠰᠠᠨ ᠲᠣᠮᠣ ᠬᠤᠪᠢ ᠵᠠᠶᠠᠭ᠎ᠠ᠂ ᠨᠡᠩ ᠬᠣᠪᠣᠷ ᠲᠣᠬᠢᠶᠠᠯ ᠬᠡᠮᠡᠨ ᠣᠯᠠᠨ ᠳᠠᠬᠢᠨ ᠶᠠᠷᠢᠵᠤ ᠰᠡᠳᠬᠢᠯ ᠬᠥᠳᠡᠯᠦᠯ ᠢᠶᠡᠨ ᠢᠯᠡᠷᠬᠡᠶᠢᠯᠡᠵᠦ ᠪᠠᠶᠢᠯ᠎ᠠ᠃ ᠵᠣᠭᠣᠭ ᠤᠨ ᠭᠠᠵᠠᠷ ᠠᠴᠠ ᠭᠠᠷᠬᠤ ᠳᠤ ᠡᠳᠦᠷ ᠨᠢ ᠨᠠᠮᠤᠷ ᠢᠶᠠᠷ ᠢᠶᠠᠨ ᠨᠠᠯᠠᠶᠢᠵᠤ ᠪᠠᠶᠢᠭᠰᠠᠨ ᠰᠢᠯᠢᠩᠬᠣᠲᠠ ᠨᠠᠷᠢᠨ ᠰᠢᠷᠬᠡᠭ ᠲᠡᠢ ᠵᠥᠭᠡᠯᠡᠨ ᠴᠠᠰᠤ ᠣᠷᠣᠵᠤ ᠪᠠᠶᠢᠯ᠎ᠠ᠃ ᠵᠣᠴᠢᠳ ᠪᠠᠭᠤᠳᠠᠯ ᠳᠤ ᠬᠦᠷᠭᠡᠭᠰᠡᠨ ᠢᠯᠠᠯᠲᠠ ᠮᠠᠨᠢ ᠪᠢᠳᠡᠨ ᠢ ᠮᠠᠰᠢᠨ ᠠᠴᠠ ᠪᠠᠭᠤᠯ ᠦᠭᠡᠢ ᠬᠦᠯᠢᠶᠡᠬᠦ ᠶᠢ ᠵᠥᠪᠯᠡᠭᠡᠳ ᠭᠠᠷᠤᠭᠰᠠᠨ ᠨᠢ ᠮᠠᠰᠢᠨ ᠤ ᠬᠠᠭᠠᠯᠭᠠᠨ ᠠᠴᠠ ᠵᠣᠴᠢᠳ ᠪᠠᠭᠤᠳᠠᠯ ᠤᠨ ᠡᠭᠦᠳᠡ ᠬᠦᠷᠲᠡᠯᠡᠬᠢ ᠴᠠᠰᠤ ᠶᠢ ᠶᠠᠭᠠᠬᠢᠬᠤ ᠡᠢᠬᠦ ᠶᠢᠨ ᠵᠠᠪ ᠦᠭᠡᠢ ᠰᠢᠭᠦᠷᠳᠡᠴᠢᠬᠡᠭᠡᠳ ᠬᠠᠭᠠᠯᠭ᠎ᠠ ᠪᠠᠨ ᠨᠡᠭᠡᠭᠡᠪᠡ ᠭᠡᠵᠦ᠃ ᠪᠢᠳᠡᠨ ᠳᠦ ᠬᠡᠳᠦ ᠬᠣᠨᠣᠭ ᠦᠢᠯᠡᠴᠢᠯᠡᠭᠰᠡᠨ ᠮᠠᠯᠴᠢᠨ ᠢᠯᠠᠯᠲᠠ ᠮᠠᠨᠢ ᠶᠠᠮᠠᠷ ᠠᠵᠢᠯᠰᠠᠭ ᠬᠦᠮᠦᠨ ᠪᠣᠯᠬᠤ ᠶᠢᠨ ᠨᠢᠭᠡ ᠵᠢᠱᠢᠶ᠎ᠡ ᠶᠤᠮ ᠳ᠋ᠠ᠃ ᠢᠯᠠᠯᠲᠠ᠂ ᠰᠤᠶᠤᠯ ᠬᠣᠶᠠᠷ ᠮᠠᠨᠢ ᠬᠣᠲᠠ ᠶᠢᠨ ᠭᠡᠷ ᠲᠦ ᠪᠡᠨ ᠴᠤ ᠬᠠᠷᠢᠯ ᠦᠭᠡᠢ ᠥᠷᠯᠥᠭᠡ ᠨᠢ ᠪᠢᠳᠡᠨ ᠢ ᠲᠡᠮᠦᠷ ᠵᠠᠮ ᠤᠨ ᠥᠷᠲᠡᠭᠡᠨ ᠳᠦ ᠬᠦᠷᠭᠡᠬᠦ ᠪᠡᠷ ᠡᠨᠡ ᠪᠠᠭᠤᠳᠠᠯ ᠳᠤ ᠥᠷᠥᠭᠡ ᠠᠪᠴᠤ ᠬᠣᠨᠣᠵᠠᠢ᠃ ᠥᠷᠯᠥᠭᠡᠨ ᠦ ᠵᠢᠷᠭᠤᠭᠠᠨ ᠴᠠᠭ ᠲᠤ ᠪᠢᠳᠡ ᠮᠠᠰᠢᠨ ᠳᠤ ᠪᠠᠨ ᠰᠠᠭᠤᠨ ᠱᠠᠭ᠎ᠠ ᠪᠠᠷ ᠲᠠᠲᠠᠲᠠᠯ᠎ᠠ ᠨᠡᠪᠰᠡᠶᠢᠨ ᠣᠷᠣᠭᠰᠠᠨ ᠴᠠᠰᠤ ᠲᠠᠢ ᠭᠤᠳᠤᠮᠵᠢ ᠪᠠᠷ ᠭᠠᠯᠲᠤ ᠲᠡᠷᠭᠡᠨ ᠦ ᠥᠷᠲᠡᠭᠡ ᠵᠣᠷᠢᠨ ᠳᠠᠪᠬᠢᠬᠤᠶ᠎ᠠ ᠮᠠᠰᠢᠨ ᠤ ᠪᠦᠬᠡᠭᠡᠭ ᠳᠦᠭᠦᠷᠡᠩ ᠮᠠᠨ ᠤ ︽ᠳᠠᠭᠤᠷᠢᠰᠤᠯ︾ ᠬᠠᠮᠲᠤᠯᠢᠭ ᠤᠨ ᠳᠠᠭᠤᠤ ᠬᠠᠩᠭᠢᠨᠠᠭᠰᠠᠭᠠᠷ᠃ ᠰᠢᠯᠢᠢᠩᠭᠣᠯ ᠤᠨ ᠮᠣᠩᠭᠣᠯᠴᠤᠳ ᠤᠨ ᠳᠤᠮᠳᠠ ᠮᠠᠨ ᠤ ᠡᠨᠡ ᠬᠠᠮᠲᠤᠯᠢᠭ ᠤᠨ ᠳᠠᠭᠤᠤ ᠦᠨᠡᠬᠡᠷ ᠬᠢᠲ ᠪᠣᠯᠤᠭᠰᠠᠨ ᠶᠤᠮ ᠪᠠᠶᠢᠨ᠎ᠠ᠃ ᠰᠢᠯᠢᠩᠬᠣᠲᠠ ᠠᠴᠠ ᠭᠠᠷᠤᠩᠭᠤᠲᠠ ᠯᠠ ᠬᠠᠮᠢᠭ᠎ᠠ ᠰᠠᠶᠢᠭᠦᠢ ᠭᠠᠵᠠᠷ ᠤᠨ ᠲᠣᠰᠤᠨ ᠤ ︵ᠥᠪᠥᠷ ᠮᠣᠩᠭᠣᠯᠴᠤᠳ ᠴᠢᠯᠠᠭᠤᠨ ᠲᠣᠰᠣ ᠭᠡᠳᠡᠭ︶ ᠴᠣᠨᠣᠭ ᠤᠨ 《ᠮᠣᠷᠢᠨ ᠲᠣᠯᠣᠭᠠᠢ》 ᠬᠡᠳᠦᠨ ᠠᠷᠪᠠ ᠪᠠᠷ ᠢᠶᠠᠨ ᠳᠣᠬᠢᠵᠤ ᠪᠠᠶᠢᠬᠤ ᠶᠢ ᠪᠢᠳᠡ ᠭᠠᠯᠲᠤ ᠲᠡᠷᠭᠡᠨ ᠦ ᠴᠣᠩᠬᠣ ᠪᠠᠷ ᠬᠠᠷᠠᠵᠤ 《ᠡᠨᠡ ᠰᠢᠯᠢᠩᠬᠣᠲᠠ ᠴᠢᠨᠢ ᠲᠡᠷᠡ ᠠᠶ᠎ᠠ ᠪᠡᠷ ᠢᠶᠠᠨ ᠭᠠᠵᠠᠷ ᠤᠨ ᠲᠣᠰᠤᠨ ᠳᠡᠭᠡᠷ᠎ᠡ ᠪᠠᠷᠢᠭᠳᠠᠭᠰᠠᠨ ᠴᠤ ᠪᠠᠶᠢᠵᠤ ᠮᠡᠳᠡᠬᠦ ᠨᠢ》 ᠭᠡᠵᠦ ᠪᠣᠳᠣᠬᠤᠢ ᠡᠨᠡ ᠨᠤᠲᠤᠭ ᠤᠨ ᠢᠷᠡᠭᠡᠳᠦᠢ ᠶᠡᠬᠡ ᠯᠠ ᠭᠡᠷᠡᠯ ᠭᠡᠭᠡ ᠲᠡᠢ ᠰᠠᠨᠠᠭᠳᠠᠭᠰᠠᠨ ᠰᠢᠦ᠃ ᠬᠠᠷᠢᠨ ᠡᠳᠡᠨ ᠦ ᠭᠠᠯᠲᠤ ᠲᠡᠷᠭᠡ ᠭᠤᠯᠠᠰᠴᠤ ᠪᠠᠶᠢᠭ᠎ᠠ ᠮᠡᠲᠦ ᠴᠢᠮᠡᠭᠡ ᠦᠭᠡᠢ᠂ ᠮᠠᠨ ᠤ ᠭᠠᠯᠲᠤ ᠲᠡᠷᠭᠡ ᠰᠢᠭ ᠲᠠᠷ ᠨᠢᠷ ᠬᠢᠵᠦ ᠳᠤᠤᠭᠠᠷᠬᠤ ᠦᠭᠡᠢ᠂ ᠤᠭᠵᠠᠷᠴᠣ ᠳᠤᠭᠲᠤᠴᠢᠭᠠᠳ᠂ ᠰᠡᠭᠰᠦᠴᠢᠵᠦ ᠵᠠᠶᠢᠯᠠᠭᠠᠳ ᠪᠠᠶᠢᠬᠤ ᠦᠭᠡᠢ ᠨᠢ ᠰᠣᠨᠢᠨ ᠶᠤᠮ ᠪᠢᠯᠡ᠃ ᠥᠨᠳᠥᠷᠰᠢᠯᠢ ᠰᠤᠮᠤ ᠶᠢᠨ ᠤᠳᠤᠷᠢᠳᠤᠯᠭ᠎ᠠ ᠶᠢᠨ ᠪᠠᠭ ᠤᠨ ᠬᠢᠨ ᠥᠪᠥᠷᠯᠡᠭᠴᠢ ᠠᠨᠳᠠ ᠨᠠᠷ ᠠᠴᠠ ᠪᠠᠨ ᠰᠢᠨ᠎ᠡ ᠰᠠᠨᠠᠭ᠎ᠠ᠂ ᠰᠢᠨᠡᠯᠢᠭ ᠠᠵᠢᠯ ᠣᠯᠠᠨ ᠢ ᠦᠵᠡᠵᠦ ᠬᠠᠷᠠᠵᠤ᠂ ᠰᠣᠨᠣᠰᠴᠣ ᠳᠤᠭᠤᠯᠤᠭᠰᠠᠨ ᠳᠤ ᠪᠠᠨ ᠰᠡᠳᠬᠢᠯ ᠬᠠᠩᠭᠠᠯᠤᠭᠤᠨ᠂ ᠬᠢᠵᠦ ᠬᠡᠷᠡᠭᠵᠢᠭᠦᠯᠬᠦ ᠣᠯᠠᠨ ᠠᠵᠢᠯ ᠲᠡᠭᠡᠭᠡᠨ ᠭᠠᠨᠵᠤᠭ᠎ᠠ ᠳᠦᠭᠦᠷᠡᠩ ᠣᠯᠵᠠ ᠲᠠᠢ ᠡᠷᠭᠢᠭᠰᠡᠨ ᠳᠦ ᠪᠡᠨ ᠨᠡᠩ ᠪᠠᠶᠠᠷᠲᠠᠢ ᠶᠠᠪᠤᠵᠠᠭᠠᠪᠠ᠃ ᠲᠡᠳᠡ ᠨᠤᠲᠤᠭ ᠤᠰᠤᠨ ᠤ ᠬᠢᠨ ᠳᠤ ᠪᠠᠨ ᠶᠠᠷᠢᠭᠠᠳ ᠳᠠᠭᠤᠰᠤᠰᠢ ᠦᠭᠡᠢ ᠰᠣᠨᠢᠨ ᠲᠠᠢ᠂ ᠬᠢᠭᠡᠳ ᠪᠠᠷᠠᠭᠳᠠᠰᠢ ᠦᠭᠡᠢ ᠠᠵᠢᠯ ᠲᠠᠢ ᠢᠷᠡᠭᠰᠡᠨ ᠳ᠋ᠡ᠃ ᠰᠥᠨᠢ ᠣᠷᠣᠭᠰᠠᠨ ᠴᠠᠰᠤ ᠨᠢᠮᠭᠡᠷᠡᠭᠰᠡᠭᠡᠷ ᠡᠷᠢᠶᠡᠨ ᠬᠣᠲᠠ ᠳᠤ ᠢᠷᠡᠬᠦᠢ ᠨᠠᠮᠤᠷ ᠢᠶᠠᠷ ᠢᠶᠠᠨ ᠤᠭᠲᠤᠬᠤ ᠨᠢ ᠲᠡᠷᠡ᠃ ᠥᠷᠲᠡᠭᠡᠨ ᠡᠴᠡ ᠪᠠᠭᠤᠳᠠᠯ ᠳᠤ ᠬᠦᠷᠭᠡᠭᠰᠡᠨ ᠲᠠᠺᠰᠢ ᠶᠢᠨ ᠵᠢᠯᠣᠭᠣᠴᠢ ᠡᠷᠢᠶᠡᠨ ᠪᠣᠯᠪᠠᠰᠤᠨ ᠬᠣᠲᠠ ᠶᠢᠨ ᠰᠢᠯᠭᠠᠭᠤᠷ ᠲᠤ ᠣᠷᠣᠭᠠᠳ ᠲᠡᠩᠴᠡᠭᠡ ᠦᠭᠡᠢ ᠨᠢ ᠮᠣᠩᠭᠣᠯ ᠤᠯᠤᠰ ᠠᠴᠠ ᠡᠳᠦᠷ ᠲᠦ ᠪᠡᠨ ᠬᠡᠳᠦᠨ ᠵᠠᠭᠤ ᠪᠠᠷ ᠢᠶᠠᠨ ᠣᠷᠣᠵᠤ ᠭᠠᠷᠳᠠᠭ ᠲᠧᠭᠨᠢᠭ ᠦᠨ ᠪᠦᠷᠢᠨ ᠪᠦᠲᠦᠨ ᠪᠠᠶᠢᠳᠠᠯ ᠬᠠᠩᠭᠠᠭ᠎ᠠ ᠦᠭᠡᠢ᠂ ᠭᠠᠳᠠᠨ᠎ᠠ ᠦᠵᠡᠮᠵᠢ ᠳᠣᠷᠣᠢ ︽469》 ᠍ ᠨᠦᠭᠦᠳ ᠡᠴᠡ ᠪᠣᠯᠤᠭᠰᠠᠨ ᠢ ᠶᠠᠷᠢᠵᠤ ᠪᠠᠶᠢᠯ᠎ᠠ᠃ ᠲᠡᠶᠢᠮᠦ ᠡᠴᠡ ᠣᠶᠢᠷ᠎ᠠ ᠶᠢᠨ ᠭᠤᠷᠪᠠᠨ ᠵᠢᠯ ᠳᠦ ᠡᠨᠡ ᠵᠥᠷᠢᠴᠡᠯ ᠢᠶᠡᠨ ᠠᠷᠢᠯᠭᠠᠭᠠᠳ ᠳᠠᠬᠢᠨ ᠡᠨᠡ ᠰᠢᠯᠭᠠᠭᠤᠷ ᠲᠤ ᠲᠡᠩᠴᠡᠬᠦ ᠡᠰᠡᠬᠦ ᠪᠡᠨ ᠰᠢᠯᠭᠠᠭᠤᠯᠬᠤ ᠪᠠᠷ ᠪᠣᠯᠤᠭᠰᠠᠨ ᠭᠡᠨ᠎ᠡ᠃ ᠡᠷᠢᠶᠡᠨ ᠬᠣᠲᠠ ᠳᠤ ᠪᠢᠳᠡᠨ ᠢ ᠶᠠᠪᠤᠬᠤ᠂ ᠪᠤᠴᠠᠬᠤ ᠳᠤ ᠪᠠᠭᠤᠳᠠᠯ ᠳᠤ ᠪᠠᠨ ᠪᠠᠶᠢᠷᠢᠯᠠᠭᠤᠯᠤᠨ ᠲᠥᠷᠥᠯ ᠰᠠᠳᠤᠨ ᠰᠢᠭ ᠤᠭᠲᠤᠵᠤ ᠦᠳᠡᠨ ᠪᠠᠩᠰᠢ ᠲᠠᠢ᠂ ᠰᠦ᠋ ᠠᠮᠲᠠᠭᠳᠠᠭᠰᠠᠨ ᠴᠠᠢ ᠪᠠᠷ ᠢᠶᠠᠨ ᠳᠠᠶᠢᠯᠠᠵᠤ ᠴᠠᠶᠢᠯᠠᠳᠠᠭ ᠡᠮᠡᠭᠲᠡᠢ ᠪᠣᠯ ︽ᠪᠠᠶᠢᠭᠠᠯᠢ᠂ ᠡᠬᠡ ᠳᠡᠯᠡᠬᠡᠢ ᠪᠡᠨ ᠠᠪᠤᠷᠠᠬᠤ ᠲᠩᠷᠢᠯᠢᠭ ᠠᠶᠠᠨ︾ ᠍ ᠤ ᠢᠳᠡᠪᠬᠢ ᠲᠡᠢ ᠭᠡᠰᠢᠭᠦᠨ᠂ ᠬᠠᠮᠢᠭ᠎ᠠ ᠬᠡᠨ ᠳᠦ ᠲᠤᠰᠠᠯᠠᠮᠵᠢ ᠳᠡᠮᠵᠢᠯᠭᠡ ᠬᠡᠷᠡᠭᠲᠡᠢ ᠪᠠᠶᠢᠨ᠎ᠠ᠂ ᠲᠡᠨᠳᠡ ᠰᠡᠳᠬᠢᠯ ᠢᠶᠡᠨ ᠳᠡᠯᠭᠡᠵᠦ᠂ ᠶᠠᠭᠤ ᠪᠠᠶᠢᠭ᠎ᠠ ᠪᠠᠨ ᠪᠠᠷᠢᠵᠤ ᠶᠠᠪᠤᠳᠠᠭ ᠤᠯᠠᠭᠠᠨᠲᠤᠶᠠᠭ᠎ᠠ ᠶᠤᠮ᠃ ᠲᠡᠷᠡ ᠰᠠᠶᠢᠨ ᠦᠢᠯᠡᠰ ᠦᠨ ᠠᠶᠠᠨ ᠢ ᠣᠷᠣᠶᠢᠯᠠᠨ ᠥᠪᠥᠷ ᠮᠣᠩᠭᠣᠯ ᠤᠨ ᠥᠨᠴᠥᠭ ᠪᠤᠯᠤᠩ ᠪᠦᠷᠢ ᠡᠴᠡ ᠬᠦᠮᠦᠨᠯᠢᠭ ᠦᠨ ᠪᠠᠷᠠᠭ᠎ᠠ ᠴᠤᠭᠯᠠᠭᠤᠯᠤᠨ ᠮᠣᠩᠭᠣᠯᠴᠤᠳ ᠤᠷᠤᠭᠤ ᠢᠯᠡᠭᠡᠵᠦ᠂ ᠲᠡᠭᠦᠨ ᠳᠦ ᠪᠡᠨ ᠰᠡᠳᠬᠢᠯ ᠪᠠᠶᠠᠰᠴᠤ ᠶᠠᠪᠤᠳᠠᠭ ᠨᠢᠭᠡᠨ᠃ ᠤᠯᠠᠭᠠᠨᠲᠤᠶᠠᠭ᠎ᠠ ᠡᠮᠦᠨ᠎ᠡ ᠨᠢ ᠪᠣᠯᠤᠨ ᠰᠠᠶ᠋ᠢ ᠳᠤᠮᠳᠠᠭᠤᠪᠢ ᠠᠶᠢᠮᠠᠭ ᠤᠨ ᠠᠷᠠᠳᠴᠢᠯᠠᠭᠰᠠᠨ ᠠᠬᠠᠮᠠᠳ ᠤᠨ ᠬᠣᠯᠪᠣᠭᠠᠨ ᠳᠤ ᠰᠢᠨ᠎ᠡ ᠭᠤᠲᠤᠯ ᠬᠠᠶᠢᠷᠴᠠᠭ᠂ ᠬᠠᠶᠢᠷᠴᠠᠭ ᠢᠶᠠᠷ ᠢᠯᠡᠭᠡᠭᠰᠡᠨ ᠪᠣᠯ ᠡᠨᠡ ᠤᠳᠠᠭ᠎ᠠ ᠥᠨᠳᠥᠷᠰᠢᠯᠢ ᠰᠤᠮᠤ ᠶᠢᠨ ᠠᠬᠠᠮᠠᠳ ᠤᠨ ᠬᠣᠷᠢᠶᠠᠨ ᠳᠤ ᠮᠥᠨ ᠰᠢᠨ᠎ᠡ ᠭᠤᠲᠤᠯ᠂ ᠰᠤᠶᠤᠯ ᠤᠨ ᠲᠥᠪ ᠲᠦ ᠨᠢ ᠪᠣᠭᠣᠨᠢ ᠳᠣᠯᠭᠢᠶᠠᠨ ᠤ ᠢᠵᠢ ᠪᠦᠷᠢᠨ ᠮᠢᠺᠷᠣᠹᠣᠨ ᠪᠡᠯᠡᠭᠯᠡᠯ᠎ᠡ᠃ ᠤᠯᠠᠭᠠᠨᠲᠤᠶᠠᠭ᠎ᠠ ᠥᠨᠳᠥᠷᠰᠢᠯᠢ ᠰᠤᠮᠤ ᠶᠢᠨ ᠬ ᠊ ᠪᠠᠳᠮᠴᠡᠴᠡᠭ ᠭᠡᠬᠦ ᠡᠮᠡᠭᠲᠡᠢ ᠳᠦ ᠮᠣᠩᠭᠣᠯ ᠭᠡᠷ ᠪᠡᠯᠡᠭᠯᠡᠬᠦ ᠪᠡᠷ ᠪᠡᠯᠡᠳᠴᠦ ᠰᠢᠨ᠎ᠡ ᠵᠢᠯ ᠦᠨ ᠨᠠᠭᠠᠨ᠎ᠠ ᠠᠮᠵᠢᠭᠤᠯᠬᠤ ᠪᠠᠷ ᠭᠦᠶᠦᠵᠦ ᠶᠠᠪᠤᠭ᠎ᠠ ᠶᠤᠮ ᠪᠢᠯᠡ᠃ ᠬ ᠊ ᠪᠠᠳᠮᠴᠡᠴᠡᠭ ᠥᠪᠡᠷ ᠦᠨ ᠭᠡᠷ ᠣᠷᠣᠨ ᠲᠠᠢ ᠪᠣᠯᠬᠤ ᠮᠥᠷᠥᠭᠡᠳᠦᠯ ᠢᠶᠡᠨ ᠶᠡᠬᠡ ᠯᠠ ᠢᠷᠠᠭᠤ ᠰᠠᠶᠢᠬᠠᠨ ᠢᠶᠠᠷ ᠪᠢᠴᠢᠵᠦ ᠢᠷᠡᠭᠦᠯᠦᠭᠰᠡᠨ ᠨᠢ ᠡᠨᠡ ᠲᠤᠰᠠᠴᠢ᠂ ᠥᠪᠥᠷᠯᠡᠭᠴᠢ ᠡᠮᠡᠭᠲᠡᠢ ᠶᠢᠨ ᠰᠡᠳᠬᠢᠯ ᠢ ᠶᠡᠬᠡᠳᠡ ᠤᠶᠠᠷᠠᠭᠠᠭᠰᠠᠨ ᠬᠡᠷᠡᠭ᠃ ᠤᠯᠠᠭᠠᠨᠲᠤᠶᠠᠭ᠎ᠠ ᠥᠪᠡᠷ ᠦᠨ ᠲᠥᠷᠦᠵᠥ ᠥᠰᠦᠭᠰᠡᠨ ᠨᠤᠲᠤᠭ ᠤᠰᠤ ᠪᠠᠨ ᠮᠠᠭᠲᠠᠭᠰᠠᠨ ᠰᠢᠯᠦᠭ ᠢ ᠳ ᠊ ᠨᠠᠴᠤᠭᠳᠣᠷᠵᠢ ᠶᠢᠨ ᠨᠡᠷᠡᠮᠵᠢᠲᠦ ᠱᠠᠩᠨᠠᠯᠲᠤ ᠵᠣᠬᠢᠶᠠᠯᠴᠢ ᠼ ᠊ ᠲᠦᠮᠡᠨᠪᠠᠶᠠᠷ ᠲᠤ ᠵᠠᠬᠢᠶᠠᠯᠠᠨ ᠪᠢᠴᠢᠭᠦᠯᠵᠦ ᠰᠤᠶᠤᠯ ᠤᠨ ᠲᠡᠷᠢᠭᠦᠨ ᠦ ᠠᠵᠢᠯᠲᠠᠨ ᠪᠠᠲᠤᠰᠠᠶᠢᠬᠠᠨ ᠠᠶ᠎ᠠ ᠬᠢᠨ ᠮᠣᠩᠭᠣᠯ ᠤᠨ ᠦᠨᠳᠦᠰᠦᠨ ᠦ ᠶᠡᠬᠡ ᠲᠢᠶᠠᠲ᠋ᠷ ᠤᠨ ᠳᠠᠭᠤᠴᠢᠨ ᠳ ᠊ ᠣᠰᠬᠠᠨᠪᠠᠶᠠᠷ ᠢᠶᠠᠷ ᠳᠠᠭᠤᠯᠠᠭᠤᠯᠵᠠᠢ᠃ ᠤᠯᠠᠭᠠᠨᠲᠤᠶᠠᠭ᠎ᠠ ᠶᠢᠨ ᠨᠤᠲᠤᠭ ᠤᠰᠤ᠂ ᠢᠵᠢᠢ ᠠᠪᠤ ᠪᠠᠨ ᠭᠡᠰᠡᠨ ᠰᠡᠳᠬᠢᠯ ᠢ ᠰᠢᠩᠭᠡᠭᠡᠨ ᠮᠣᠩᠭᠣᠯ ᠤᠷᠠᠨ ᠪᠦᠲᠦᠭᠡᠯᠴᠢᠳ ᠦᠨ ᠬᠠᠮᠲᠤᠷᠠᠨ ᠪᠦᠲᠦᠭᠡᠭᠰᠡᠨ ᠡᠨᠡ ᠳᠠᠭᠤᠨ ᠳᠤ᠄ ︽ᠬᠦᠢ ᠪᠠᠨ ᠴᠥᠭᠯᠡᠭᠰᠡᠨ ᠲᠠᠪᠤᠳᠠᠢ ᠶᠢᠨ ᠣᠪᠣᠭ᠎ᠠ ᠮᠢᠨᠢ ᠬᠦᠰᠡᠯ᠎ ᠢᠶᠡᠨ ᠰᠢᠪᠡᠨᠡᠭᠰᠡᠨ ᠵᠢᠪᠬᠤᠯᠠᠩᠲᠤ ᠬᠠᠶᠢᠷᠬᠠᠨ ᠮᠢᠨᠢ ᠠᠯᠳᠠᠷᠠᠢ ᠪᠠᠭ᠎ᠠ ᠶᠢᠨ ᠮᠢᠨᠢ ᠳᠤᠷᠠᠰᠤᠮᠵᠢ ᠦᠯᠡᠳᠡᠭᠰᠡᠨ ᠠᠮᠢᠨ ᠵᠠᠶᠠᠭᠠᠲᠠᠢ ᠥᠯᠥᠭᠡᠢ ᠨᠤᠲᠤᠭ ᠡ ᠡᠯᠢᠭᠡᠨ ᠡᠴᠡ ᠤᠶᠠᠭ᠎ᠠ ᠲᠠᠢ ᠲᠣᠭᠣᠨᠣᠲᠤ ᠪᠠᠨ ᠰᠠᠨᠠᠬᠤ ᠦᠭᠡᠢ ᠭᠡᠳ ᠶᠠᠭᠠᠬᠢᠬᠤ ᠶᠤᠮ ᠪᠤᠢ ᠡᠷᠭᠢᠭᠡᠳ ᠣᠯᠳᠠᠬᠤ ᠦᠭᠡᠢ ᠨᠤᠲᠤᠭ ᠢᠶᠠᠨ ᠬᠠᠶᠢᠷᠠᠯᠠᠬᠤ ᠦᠭᠡᠢ ᠭᠡᠳ ᠶᠠᠭᠠᠬᠢᠬᠤ ᠶᠤᠮ ᠪᠤᠢ ᠡᠴᠢᠭᠡ ᠶᠢᠨ ᠲᠦᠰᠢᠭ ᠲᠡᠢ ᠲᠦᠪᠰᠢᠨᠬᠠᠶᠢᠷᠬᠠᠨ ᠮᠢᠨᠢ ᠡᠵᠢ ᠶᠢᠨ ᠢᠪᠡᠭᠡᠯ ᠲᠡᠢ ᠨᠣᠮᠣᠭᠠᠨᠬᠠᠶᠢᠷᠬᠠᠨ ᠮᠢᠨᠢ ᠡᠨᠡᠬᠡᠨ ᠨᠠᠰᠤᠨ ᠤ ᠮᠢᠨᠢ ᠵᠢᠷᠭᠠᠯ ᠣᠷᠣᠰᠢᠭᠰᠠᠨ ᠡᠭᠡᠯᠢ ᠡᠭᠡᠪᠦᠷ ᠲᠡᠢ ᠥᠯᠵᠡᠢ ᠨᠤᠲᠤᠭ ᠡ ᠡᠯᠢᠭᠡᠨ ᠡᠴᠡ ᠤᠶᠠᠭ᠎ᠠ ᠲᠠᠢ ᠲᠣᠭᠣᠨᠣᠲᠤ ᠪᠠᠨ ᠰᠠᠨᠠᠬᠤ ᠦᠭᠡᠢ ᠭᠡᠳ ᠶᠠᠭᠠᠬᠢᠬᠤ ᠶᠤᠮ ᠪᠤᠢ ᠡᠷᠭᠢᠭᠡᠳ ᠣᠯᠳᠠᠬᠤ ᠦᠭᠡᠢ ᠨᠤᠲᠤᠭ ᠢᠶᠠᠨ ᠬᠠᠶᠢᠷᠠᠯᠠᠬᠤ ᠦᠭᠡᠢ ᠭᠡᠳ ᠶᠠᠭᠠᠬᠢᠬᠤ ᠶᠤᠮ ᠪᠤᠢ ᠰᠦᠯᠳᠡ ᠲᠠᠬᠢᠯᠭᠠᠳᠤ ᠪᠠᠶᠠᠨ ᠪᠣᠷᠣ ᠣᠪᠣᠭ᠎ᠠ ᠮᠢᠨᠢ ᠰᠦᠰᠦᠭ ᠲᠤ ᠰᠢᠩᠭᠡᠭᠰᠡᠨ ᠶᠡᠬᠡ ᠬᠠᠶᠢᠷᠬᠠᠨ ᠮᠢᠨᠢ ᠰᠦᠨ ᠢᠷᠦᠭᠡᠯ ᠲᠡᠢ ᠪᠤᠶᠠᠨ ᠣᠷᠣᠰᠢᠭᠠᠭᠰᠠᠨ ᠰᠦᠨᠡᠰᠦ ᠪᠡᠨ ᠴᠤ ᠳᠠᠭᠠᠳᠬᠠᠬᠤ ᠢᠪᠡᠭᠡᠯᠲᠦ ᠨᠤᠲᠤᠭ ᠡ ᠡᠯᠢᠭᠡᠨ ᠡᠴᠡ ᠤᠶᠠᠭ᠎ᠠ ᠲᠠᠢ ᠲᠣᠭᠣᠨᠣᠲᠤ ᠪᠠᠨ ᠰᠠᠨᠠᠬᠤ ᠦᠭᠡᠢ ᠭᠡᠳ ᠶᠠᠭᠠᠬᠢᠬᠤ ᠶᠤᠮ ᠪᠤᠢ ᠡᠷᠭᠢᠭᠡᠳ ᠣᠯᠳᠠᠬᠤ ᠦᠭᠡᠢ ᠨᠤᠲᠤᠭ ᠢᠶᠠᠨ ᠬᠠᠶᠢᠷᠠᠯᠠᠬᠤ ᠦᠭᠡᠢ ᠭᠡᠳ ᠶᠠᠭᠠᠬᠢᠬᠤ ᠶᠤᠮ ᠪᠤᠢ︾ ᠭᠡᠰᠡᠨ ᠨᠢ ᠰᠡᠳᠬᠢᠯ ᠡᠵᠡᠮᠳᠡᠭᠰᠡᠭᠡᠷ᠃ ᠡᠶᠢᠨᠬᠦ ᠰᠢᠯᠢ ᠨᠤᠲᠤᠭ ᠤᠨ ᠪᠤᠶᠤ ᠥᠨᠳᠥᠷᠰᠢᠯᠢ ᠶᠢᠨ ᠳᠠᠷᠤᠭ᠎ᠠ ᠨᠠᠷ ᠤᠨ ᠬᠠᠮᠲᠤ ᠪᠠᠷ ᠰᠢᠯᠢᠢᠩᠭᠣᠯ ᠨᠤᠲᠤᠭ ᠲᠤ ᠬᠢᠭᠰᠡᠨ ᠠᠶᠠᠯᠠᠯ ᠮᠠᠨᠢ ᠥᠨᠳᠥᠷᠯᠡᠪᠡᠢ᠃ ᠰ ᠊ ᠫᠦᠷᠪᠦᠰᠦ᠋ᠷᠦᠩ ᠰᠢᠯᠢᠩᠬᠣᠲᠠ -ᠮᠠᠨᠳᠠᠯᠭᠣᠪᠢ ᠲᠦᠮᠡᠲᠦ ᠰᠢᠨ᠎ᠡ ᠬᠥᠷᠪᠡᠭᠦᠯᠪᠡ ᠵᠢᠷᠤᠭ ᠤᠳ᠄ ᠬᠣᠨᠢ ᠪᠡᠷ ᠢᠶᠡᠨ ᠠᠯᠳᠠᠷᠲᠠᠢ ᠵᠡᠭᠦᠨ ᠰᠥᠨᠢᠳ ᠬᠣᠰᠢᠭᠤ ᠠᠪᠠᠭ᠎ᠠ ᠬᠣᠰᠢᠭᠤᠨ ᠤ ᠠᠯᠲᠠᠨ ᠲᠤᠯᠭᠠᠲᠤ ᠮᠦᠽᠸᠢ ᠶᠢᠨ ᠳᠡᠷᠭᠡᠳᠡ ᠲᠤᠯᠭ᠎ᠠ ᠨᠡᠢᠭᠡᠮᠯᠢᠭ ᠤᠨ ᠲᠡᠷᠢᠭᠦᠨ ᠲᠦᠮᠡᠩᠡᠷᠡᠯ ᠮᠠᠯᠴᠢᠨ ᠢᠯᠠᠯᠲᠠ ᠶᠢᠨ ᠳᠤ ᠡᠸᠦ ᠶᠠ ᠡᠮᠨᠡᠯᠭᠡ ᠪᠢᠳᠡᠨ ᠢ ᠤᠭᠲᠤᠭᠰᠠᠨ ᠨᠢ ᠡᠸᠦ ᠶᠠ ᠡᠮᠨᠡᠯᠭᠡ ᠲᠡᠢ ᠬᠠᠮᠲᠤᠷᠠᠨ ᠠᠵᠢᠯᠯᠠᠨ᠎ᠠ ᠡᠪᠡᠰᠦ ᠶᠢ ᠢᠩᠭᠢᠵᠦ ᠠᠴᠢᠬᠤ ᠳᠤ ᠳᠠᠭᠠᠭᠠᠴᠠ ᠶᠢ ᠪᠦᠷᠢᠨ ᠠᠰᠢᠭᠯᠠᠳᠠᠭ ᠠᠵᠢ  ᠳ ᠊ ᠨᠠᠷᠠᠨᠴᠣᠭᠲᠤ ᠢᠯᠠᠯᠲᠠ ᠲᠡᠢ ᠮᠣᠩᠭᠤᠯ ᠦᠨᠳᠦᠰᠦᠲᠡᠨ ᠤ ᠬᠣᠶᠠᠳᠤᠭᠠᠷ ᠪᠠᠭ᠎ᠠ ᠰᠤᠷᠭᠠᠭᠤᠯᠢ ᠳᠤ

12        0       

                             13847524386      211429899@qq.com      13847524386   QQ  211429899 蒙ICP备17002503号-1