ᠮᠣᠩᠭᠤᠯᠴᠤᠳ ᠤᠨ ᠥᠪᠡᠷᠰᠡᠳ ᠲᠡᠭᠡᠨ ᠵᠣᠷᠢᠭᠤᠯᠵᠤ ᠵᠣᠬᠢᠶᠠᠭᠰᠠᠨ ᠦᠯᠢᠭᠡᠷ
ᠰ ∙ ᠮᠣᠯᠣᠷᠡᠷᠳᠡᠨᠢ᠄ ᠴᠢᠩᠭᠢᠰ ᠬᠠᠭᠠᠨ ᠪᠣᠯ ᠮᠣᠩᠭᠤᠯᠴᠤᠳ ᠤᠨ ᠥᠪᠡᠷᠰᠡᠳ ᠲᠡᠭᠡᠨ ᠵᠣᠷᠢᠭᠤᠯᠵᠤ ᠵᠣᠬᠢᠶᠠᠭᠰᠠᠨ ᠦᠯᠢᠭᠡᠷ
《 ᠲᠣᠯᠢ 》 ᠰᠣᠨᠢᠨ ᠳᠤ ᠨᠡᠶᠢᠲᠡᠯᠡᠭᠳᠡᠭᠰᠡᠨ ᠹᠢᠯᠣᠰᠣᠹᠢᠴᠢ ᠰ ∙ ᠮᠣᠯᠣᠷᠡᠷᠳᠡᠨᠢ ᠶᠢᠨ ᠶᠠᠷᠢᠯᠴᠠᠯᠭ᠎ᠠ ᠶᠢ ᠬᠦᠷᠭᠡᠵᠦ ᠪᠠᠶᠢᠨ᠎ᠠ᠃
4832
2018-12-05 19:33
发表于:内蒙古
ᠰ ∙ ᠮᠣᠯᠣᠷᠡᠷᠳᠡᠨᠢ᠄ ᠴᠢᠩᠭᠢᠰ ᠬᠠᠭᠠᠨ ᠪᠣᠯ ᠮᠣᠩᠭᠤᠯᠴᠤᠳ ᠤᠨ ᠥᠪᠡᠷᠰᠡᠳ ᠲᠡᠭᠡᠨ ᠵᠣᠷᠢᠭᠤᠯᠵᠤ ᠵᠣᠬᠢᠶᠠᠭᠰᠠᠨ ᠦᠯᠢᠭᠡᠷ
《 ᠲᠣᠯᠢ 》 ᠰᠣᠨᠢᠨ ᠳᠤ ᠨᠡᠶᠢᠲᠡᠯᠡᠭᠳᠡᠭᠰᠡᠨ ᠹᠢᠯᠣᠰᠣᠹᠢᠴᠢ ᠰ ∙ ᠮᠣᠯᠣᠷᠡᠷᠳᠡᠨᠢ ᠶᠢᠨ ᠶᠠᠷᠢᠯᠴᠠᠯᠭ᠎ᠠ ᠶᠢ ᠬᠦᠷᠭᠡᠵᠦ ᠪᠠᠶᠢᠨ᠎ᠠ᠃
ᠦᠵᠡᠯ ᠪᠣᠳᠣᠯ᠂ ᠦᠭᠡ ᠶᠠᠷᠢᠶ᠎ᠠ ᠨᠢ ᠣᠯᠠᠨ ᠬᠦᠮᠦᠨ ᠦ ᠳᠤᠷᠠᠭᠦᠶᠢᠴᠡᠯ᠂ ᠪᠦᠷ ᠵᠢᠪᠡᠭᠦᠴᠡᠯ ᠢ ᠲᠥᠷᠦᠭᠦᠯᠳᠡᠭ ᠨᠢᠭᠡᠨ ᠡᠷᠬᠢᠮ ᠢ ᠡᠨᠡ ᠳ᠋ᠤᠭᠠᠷ ᠤᠨ ᠵᠣᠴᠢᠨ ᠢᠶᠠᠷ ᠤᠷᠢᠯ᠎ᠠ᠃ ᠹᠢᠯᠣᠰᠣᠹᠢᠴᠢ ᠰ ∙ ᠮᠣᠯᠣᠷᠡᠷᠳᠡᠨᠢ ᠲᠡᠢ ᠤᠯᠤᠰ ᠲᠥᠷᠥ᠂ ᠲᠡᠦᠬᠡ᠂ ᠪᠢᠴᠢᠭ ᠰᠤᠶᠤᠯ ᠤᠨ ᠲᠠᠯ᠎ᠠ ᠪᠠᠷ ᠡᠶᠢᠨ ᠶᠠᠷᠢᠯᠴᠠᠪᠠ᠃
-ᠤᠯᠤᠰ ᠤᠨ ᠶᠡᠬᠡ ᠬᠤᠷᠠᠯ ᠢ ᠲᠠᠷᠬᠠᠭᠠᠬᠤ᠂ ᠶᠡᠷᠦᠩᠬᠡᠢ ᠰᠠᠶᠢᠳ ᠢ ᠣᠭᠴᠣᠷᠠᠭᠤᠯᠬᠤ ᠭᠡᠳ ᠤᠯᠤᠰ ᠲᠥᠷᠥ ᠶᠢᠨ ᠡᠭᠡᠵᠢᠭᠲᠡᠢ ᠦᠶ᠎ᠡ ᠳᠦ ᠬᠣᠶᠠᠭᠤᠯᠠ ᠪᠠᠨ ᠠᠭᠤᠯᠵᠠᠵᠤ ᠶᠠᠷᠢᠯᠴᠠᠵᠤ ᠪᠠᠶᠢᠨ᠎ᠠ᠃ ᠲᠠ ᠶᠡᠷᠦ ᠨᠢ ᠶᠠᠭᠠᠬᠢᠭᠰᠠᠨ ᠨᠢ ᠳᠡᠭᠡᠷ᠎ᠡ ᠭᠡᠵᠦ ᠪᠣᠳᠣᠵᠤ ᠪᠠᠶᠢᠨ᠎ᠠ ᠪᠤᠢ︖
-ᠳᠠᠭᠤᠴᠢᠳ᠂ ᠪᠥᠬᠡᠴᠦᠳ ᠨᠡᠶᠢᠯᠡᠭᠡᠳ ᠲᠥᠷᠥ ᠪᠠᠷᠢᠨ᠎ᠠ ᠭᠡᠵᠦ ᠶᠠᠭᠤ ᠪᠠᠶᠢᠭᠰᠠᠨ ᠶᠤᠮ ᠪᠤᠢ᠃ ᠲᠠᠷᠬᠠᠬᠤ ᠨᠢ ᠤᠭ ᠠᠴᠠ ᠪᠠᠨ ᠵᠥᠪ ᠰᠢᠳᠡ᠃ ᠣᠳᠣ ᠶᠢᠨ ᠡᠨᠡ ᠤᠯᠤᠰ ᠤᠨ ᠶᠡᠬᠡ ᠬᠤᠷᠠᠯ ᠴᠢᠨᠢ ᠬᠣᠱᠣᠩ ᠱᠣᠭ ᠤᠨ ᠽᠠᠯ ᠪᠣᠯᠴᠢᠬᠠᠯ᠎ᠠ᠃ ᠲᠡᠨᠳᠡ ᠴᠢᠨᠢ ᠣᠳᠣ ᠶᠠᠭᠤ ᠪᠠᠢᠨ᠎ᠠ᠃ ᠣᠢ ᠶᠢᠨ ᠠᠮᠢᠲᠠᠳ ᠤᠨ ᠴᠤᠭᠯᠠᠳᠠᠭ ᠶᠤᠮ ᠤᠤ᠃ ᠬᠠᠴᠢᠨ ᠬᠠᠴᠢᠨ ᠡᠷᠢᠶᠡᠪᠦᠷᠢ ᠬᠤᠷᠢᠶᠠᠪᠤᠷᠢ ᠠᠮᠢᠲᠠᠳ ᠴᠤᠭᠯᠠᠷᠠᠴᠢᠬᠠᠭᠰᠠᠨ ᠬᠣᠱᠣᠩ ᠱᠣᠭ ᠤᠨ ᠲᠢᠶᠠᠲ᠋ᠷ ᠠᠶ᠎ᠠ ᠲᠠᠢ ᠯᠠ ᠶᠠᠭᠤᠮ᠎ᠠ ᠪᠠᠶᠢᠨ᠎ᠠ᠃
-ᠲᠠᠷᠬᠠᠭᠠᠳ ᠲᠡᠭᠡᠭᠡᠳ ᠳᠡᠭᠡᠷᠡᠳᠦᠬᠥ ᠦᠦ︖ ᠳᠠᠬᠢᠭᠠᠳ ᠯᠠ ᠣᠯᠠᠨ ᠬᠦᠮᠦᠨ ᠦ ᠰᠠᠨᠠᠯ ᠠᠪᠤᠭᠰᠠᠨ ᠭᠡᠳᠡᠭ ᠢᠶᠡᠷ ᠨᠥᠭᠥᠭᠡ ᠳᠠᠭᠤᠴᠢᠳ᠂ ᠪᠥᠬᠡᠴᠦᠳ ᠮᠠᠨᠢ ᠯᠠ ᠣᠷᠣᠭᠠᠳ ᠢᠷᠡᠨ᠎ᠡ ᠰᠢᠦ ᠳ᠋ᠡ︖
-ᠲᠡᠭᠡᠭᠡᠳ ᠳᠠᠬᠢᠭᠠᠳ ᠯᠠ ᠲᠠᠷᠬᠠᠭᠠᠬᠤ ᠬᠡᠷᠡᠭᠲᠡᠢ᠃ 2020 ᠣᠨ ᠤ ᠰᠣᠩᠭᠣᠭᠤᠯᠢ ᠬᠦᠷᠲᠡᠯ᠎ᠡ ᠤᠯᠤᠰ ᠤᠨ ᠶᠡᠬᠡ ᠬᠤᠷᠠᠯ ᠭᠡᠳᠡᠭ ᠪᠠᠶᠢᠭᠤᠯᠤᠯᠭ᠎ᠠ ᠶᠢ ᠬᠣᠶᠠᠷ ᠤᠳᠠᠭ᠎ᠠ ᠲᠠᠷᠬᠠᠭᠠᠭᠠᠳ᠂ ᠬᠣᠶᠠᠷ ᠤᠳᠠᠭ᠎ᠠ ᠰᠣᠩᠭᠣᠭᠤᠯᠢ ᠶᠠᠪᠤᠭᠤᠯᠵᠤ ᠠᠮᠵᠢᠬᠤ ᠬᠡᠷᠡᠭᠲᠡᠢ᠃ ᠢᠩᠭᠢᠵᠦ ᠴᠢᠳᠠᠪᠠᠯ 2020 ᠣᠨ ᠠᠴᠠ ᠨᠢᠭᠡ ᠠᠶᠠᠲᠠᠶᠢᠬᠠᠨ ᠪᠣᠯᠵᠤ ᠮᠠᠭᠠᠳ ᠦᠭᠡᠢ᠃ ᠲᠥᠷᠥ ᠴᠡᠪᠡᠷᠰᠢᠬᠦ ᠶᠢᠨ ᠲᠤᠯᠠᠳᠠ ᠤᠯᠤᠰ ᠤᠨ ᠶᠡᠬᠡ ᠬᠤᠷᠠᠯ ᠮᠠᠰᠢ ᠣᠯᠠᠨ ᠤᠳᠠᠭ᠎ᠠ ᠲᠠᠷᠬᠠᠬᠤ ᠶᠣᠰᠣᠲᠠᠢ ᠪᠠᠶᠢᠬᠤ ᠦᠭᠡᠢ ᠤᠤ᠃ ᠤᠯᠤᠰ ᠲᠥᠷᠥ ᠴᠢᠨᠢ ᠬᠥᠳᠡᠯᠭᠡᠭᠡᠨᠲᠡᠢ ᠪᠠᠶᠢᠬᠤ ᠶᠣᠰᠣᠲᠠᠢ ᠶᠤᠮ᠃ ᠲᠡᠭᠡᠬᠦ ᠦᠭᠡᠢ ᠪᠣᠯ 2020 ᠣᠨ ᠤ ᠰᠣᠩᠭᠣᠭᠤᠯᠢ ᠪᠠᠷ ᠳᠠᠷᠠᠭ᠎ᠠ ᠶᠢᠨ ᠡᠭᠡᠯᠵᠢ ᠶᠢᠨ ᠪᠥᠬᠡᠴᠦᠳ᠂ ᠳᠠᠷᠠᠭ᠎ᠠ ᠶᠢᠨ ᠡᠭᠡᠯᠵᠢ ᠶᠢᠨ ᠪᠣᠺᠰᠴᠢᠳ᠂ ᠮᠣᠷᠢ ᠤᠶᠠᠭᠠᠴᠢᠳ ᠣᠷᠣᠵᠤ ᠢᠷᠡᠨ᠎ᠡ᠃ 2020 ᠣᠨ ᠤ ᠤᠯᠤᠰ ᠤᠨ ᠶᠡᠬᠡ ᠬᠤᠷᠠᠯ ᠳᠦ ᠶᠠᠮᠠᠷ ᠬᠦᠮᠦᠰ ᠪᠠᠭᠲᠠᠬᠤ ᠶᠢ ᠪᠢ ᠲᠠᠭᠠᠵᠤ ᠶᠠᠳᠠᠬᠤ ᠶᠠᠭᠤᠮ᠎ᠠ ᠦᠭᠡᠢ᠃ ᠮᠣᠷᠢ ᠤᠶᠠᠭᠠᠴᠢ᠂ ᠨᠤᠮᠤ ᠰᠤᠮᠤ ᠬᠠᠷᠪᠤᠭᠠᠴᠢ᠂ ᠶᠠᠫᠣᠨ ᠠᠴᠠ ᠬᠥᠭᠡᠭᠡᠭᠳᠡᠭᠰᠡᠨ ᠰᠦᠮᠣᠴᠢ᠂ ᠬᠡᠳᠦᠨ ᠵᠣᠬᠢᠶᠠᠯ ᠤᠨ ᠳᠠᠭᠤᠴᠢᠳ ᠣᠷᠣᠵᠤ ᠢᠷᠡᠨ᠎ᠡ᠃
-ᠵᠢᠦ᠋ᠳ᠋ᠣᠴᠢᠳ ᠪᠠᠰᠠ ᠨᠡᠮᠡᠭᠳᠡᠬᠦ ᠪᠠᠶᠢᠬᠤ ᠳ᠋ᠠ︖
-ᠶᠠᠭ ᠲᠡᠶᠢᠮᠦ᠃ ᠭᠡᠬᠦ ᠳᠦ ᠪᠡᠨ ᠵᠢᠦ᠋ᠳ᠋ᠤᠴᠢᠳ ᠲᠡᠷᠡ ᠲᠡᠢ ᠲᠡᠷᠡ ᠦᠭᠡᠢ ᠣᠷᠣᠭᠠᠳ ᠢᠷᠡᠴᠢᠬᠡᠭᠰᠡᠨ ᠪᠢᠵᠡ ᠳ᠋ᠡ᠃ ᠪᠠᠰᠠ ᠬᠢᠫ ᠬᠣᠫᠴᠢᠳ ᠣᠷᠣᠵᠤ ᠢᠷᠡᠬᠦ ᠪᠠᠶᠢᠬᠤ᠂ ᠲᠡᠶᠢᠮᠦ ᠦᠦ︖ᠲᠡᠭᠡᠭᠡᠳ ᠡᠨᠡ ᠮᠥᠩᠬᠡᠪᠠᠲᠤ ᠶᠢ ᠳᠠᠭᠤᠷᠢᠶᠠᠭᠠᠳ ᠲᠡᠭᠦᠨ ᠦ ᠳᠠᠷᠠᠭ᠎ᠠ ᠪᠣᠯᠣᠷ ᠴᠣᠮᠣ ᠠᠪᠤᠭᠰᠠᠨ 10 ᠭᠠᠷᠤᠢ ᠢᠷᠠᠭᠤ ᠨᠠᠶᠢᠷᠠᠭᠴᠢᠳ ᠴᠤᠪᠤᠭᠠᠳ ᠣᠷᠣᠵᠤ ᠢᠷᠡᠬᠦ ᠪᠠᠶᠢᠬᠤ᠃
-ᠡᠭᠦᠨ ᠢ ᠲᠡᠭᠡᠭᠡᠳ ᠶᠠᠭᠠᠬᠢᠬᠤ ᠠᠷᠭ᠎ᠠ ᠦᠭᠡᠢ ᠰᠢᠦ ᠳ᠋ᠡ᠃ ᠠᠷᠠᠳ ᠲᠦᠮᠡᠨ ᠦ ᠰᠠᠨᠠᠯ ᠢ ᠠᠪᠤᠭᠠᠳ ᠣᠷᠣᠵᠤ ᠢᠷᠡᠵᠦ ᠪᠠᠶᠢᠭ᠎ᠠ ᠤᠯᠤᠰ ᠢ ᠶᠠᠭᠠᠬᠢᠯᠲᠠᠢ ᠴᠤ ᠪᠢᠯᠡ︖
-ᠬᠠᠷᠢᠨ ᠲᠡᠶᠢᠮᠦ ᠡᠴᠡ ᠯᠠ ᠣᠯᠠᠨ ᠲᠠᠷᠬᠠᠭᠠᠵᠤ᠂ ᠣᠯᠠᠨ ᠰᠤᠩᠭᠤᠬᠤ ᠠᠷᠠᠳ ᠲᠦᠮᠡᠨ ᠴᠢᠨᠢ ᠥᠪᠡᠷ ᠢᠶᠡᠨ ᠬᠠᠰᠢᠷᠠᠬᠤ ᠬᠡᠷᠡᠭᠲᠡᠢ ᠪᠠᠶᠢᠨ᠎ᠠ ᠯᠠ ᠳ᠋ᠠ᠃ ᠡᠶᠢᠮᠦ ᠵᠠᠪᠠᠭᠠᠨ ᠶᠠᠭᠤᠮ᠎ᠠ ᠨᠤᠭᠤᠳ ᠠᠴᠠ ᠬᠤᠷᠳᠤᠬᠠᠨ ᠰᠠᠯᠬᠤ ᠶᠣᠰᠣᠲᠠᠢ ᠪᠠᠶᠢᠬᠤ ᠦᠭᠡᠢ ᠤᠤ᠃ ᠲᠥᠷᠥ ᠪᠡᠨ ᠴᠡᠪᠡᠷᠯᠡᠬᠦ ᠭᠡᠵᠦ ᠲᠡᠷᠡ ᠶᠢ ᠬᠡᠯᠡᠵᠦ ᠪᠠᠶᠢᠭ᠎ᠠ ᠶᠤᠮ᠃ ᠲᠡᠭᠦᠨ ᠡᠴᠡ ᠨᠢᠭᠡ ᠤᠳᠠᠭ᠎ᠠ ᠱᠦᠭᠦᠷᠳᠡᠯᠡ ᠭᠡᠳ ᠳᠠᠷᠠᠭ᠎ᠠ ᠶᠢᠨ ᠡᠭᠡᠯᠵᠢᠨ ᠦ ᠬᠣᠭ ᠰᠢᠭᠠᠷᠤ ᠨᠤᠭᠤᠳ ᠨᠢ ᠭᠠᠷᠤᠭᠠᠳ ᠯᠠ ᠢᠷᠡᠨ᠎ᠡ᠃ ᠡᠶᠢᠮᠦ ᠤᠬᠠᠭᠠᠨ ᠲᠠᠢ ᠰᠣᠩᠭᠣᠭᠴᠢ ᠪᠠᠶᠢᠲᠤᠭᠠᠢ ᠤᠯᠤᠰ ᠲᠥᠷᠥᠴᠢ ᠮᠠᠨ ᠤ ᠳᠤ ᠳᠠᠩᠴᠢ ᠠᠯᠠᠭ᠎ᠠ᠃
-ᠡᠨᠡ ᠪᠦᠬᠦᠨ ᠡᠰᠡᠪᠡᠯ ᠰᠣᠩᠭᠣᠭᠤᠯᠢ ᠶᠢᠨ ᠲᠣᠭᠲᠠᠯᠴᠠᠭᠠᠨ ᠠᠴᠠ ᠪᠠᠨ ᠪᠣᠯᠤᠭᠠᠳ ᠪᠠᠶᠢᠨ᠎ᠠ ᠤᠤ︖
-ᠣᠷᠣᠰ ᠪᠠᠺᠠᠯ᠂ 40 ᠍ ᠶᠢᠨ ᠪᠧᠲ᠋ᠣᠨ ᠥᠭᠭᠦᠭᠡᠳ ᠯᠠ ᠰᠣᠩᠭᠣᠭᠳᠠᠴᠢᠬᠠᠵᠤ ᠪᠠᠶᠢᠭ᠎ᠠ ᠪᠠᠶᠢᠬᠤ ᠦᠭᠡᠢ ᠤᠤ᠃ ᠡᠨᠡ ᠤᠯᠤᠰ ᠣᠷᠣᠨ ᠴᠢᠨᠢ ᠶᠠᠭᠠᠬᠢᠭᠰᠠᠨ ᠴᠤ ᠶᠠᠳᠠᠷᠠᠭᠰᠠᠨ ᠶᠤᠮ ᠪᠤᠢ ᠳ᠋ᠡ᠃ ᠠᠷᠠᠳ ᠢᠷᠭᠡᠳ ᠨᠢ ᠬᠥᠮᠦᠨ ᠡᠴᠡ ᠪᠠᠺᠠᠯ᠂ ᠳᠠᠩᠬᠣ ᠠᠪᠴᠢᠬᠠᠭᠠᠳ ᠯᠠ ᠪᠠᠶᠠᠷᠯᠠᠭᠠᠳ ᠪᠠᠶᠢᠭ᠎ᠠ ᠶᠢ ᠶᠠᠭᠤ ᠭᠡᠵᠦ ᠤᠶᠢᠯᠠᠭᠠᠬᠤ ᠪᠤᠢ᠃ 1990 ᠣᠨ ᠡᠴᠠ ᠪᠠᠨ ᠳᠣᠣᠷ᠎ᠠ ᠣᠷᠣᠭᠰᠠᠨ ᠪᠠᠶᠢᠨ᠎ᠠ ᠰᠢᠦ ᠳ᠋ᠡ᠂ ᠡᠨᠡ ᠴᠢᠨᠢ᠃ ᠨᠥᠭᠥᠭᠡ ᠠᠷᠠᠳᠴᠢᠯᠠᠯ᠂ ᠬᠥᠭᠵᠢᠯ ᠴᠡᠴᠡᠭᠯᠡᠯᠲᠡ ᠶᠠᠷᠢᠭᠠᠳ 28 ᠵᠢᠯ ᠪᠣᠯᠤᠯ᠎ᠠ ᠭᠡᠰᠡᠨ ᠴᠢᠨᠢ ᠬᠤᠳᠠᠯ ᠪᠠᠶᠢᠨ᠎ᠠ᠃ ᠠᠷᠠᠳᠴᠢᠯᠠᠭᠰᠠᠨ ᠰᠣᠩᠭᠣᠭᠤᠯᠢ ᠶᠠᠪᠤᠭᠤᠯᠤᠭᠠᠳ ᠡᠶᠢᠮᠦ ᠣᠯᠠᠨ ᠵᠢᠯ ᠪᠣᠯᠵᠤ ᠪᠠᠶᠢᠬᠤ ᠳᠤ ᠲᠡᠮᠦᠷ ᠳᠠᠩᠬᠤ ᠭᠣᠷᠢᠳᠠᠭᠠᠳ ᠰᠠᠭᠤᠵᠤ ᠪᠠᠶᠢᠳᠠᠭ ᠡᠶᠢᠮᠦ ᠠᠷᠠᠴᠢᠭ᠎ᠠ ᠦᠭᠡᠢ᠂ ᠢᠷᠭᠡᠨ ᠪᠣᠯᠵᠤ ᠴᠢᠳᠠᠭ᠎ᠠ ᠦᠭᠡᠢ᠂ ᠨᠠᠰᠤᠨ ᠳᠤ ᠬᠦᠷᠦᠭᠡ ᠦᠭᠡᠢ ᠰᠣᠩᠭᠣᠭᠴᠢᠳ ᠲᠠᠢ ᠪᠠᠶᠢᠨ᠎ᠠ ᠭᠡᠵᠦ ᠣᠳᠣ ᠶᠠᠭᠤ ᠭᠡᠰᠡᠨ ᠦᠭᠡ ᠪᠤᠢ᠃ ᠬᠦᠮᠦᠰ ᠢ ᠶᠠᠭᠠᠬᠢᠵᠤ ᠡᠶᠢᠮᠦ ᠮᠣᠬᠣᠭ᠎ᠠ᠂ ᠪᠣᠯᠪᠠᠰᠤᠷᠠᠯ ᠦᠭᠡᠢ᠂ ᠬᠣᠭᠣᠰᠣᠨ ᠪᠣᠯᠭᠠᠵᠤ ᠴᠢᠳᠠᠵᠤ ᠪᠠᠶᠢᠨ᠎ᠠ ᠪᠤᠢ︖ 28 ᠵᠢᠯ ᠦᠨ ᠳᠣᠲᠣᠷ᠎ᠠ ᠡᠨᠡ ᠪᠣᠯ ᠭᠠᠶᠢᠬᠠᠮᠰᠢᠭ ᠲᠠᠢ ᠠᠮᠵᠢᠯᠲᠠ ᠰᠢᠦ᠃ ᠠᠷᠠᠳ ᠲᠦᠮᠡᠨ ᠢᠶᠡᠨ 28 ᠵᠢᠯ ᠦᠨ ᠳᠣᠲᠣᠷ᠎ᠠ ᠵᠦᠭᠡᠷ ᠯᠠ ᠶᠠᠭᠠᠬᠢᠵᠤ ᠲᠡᠨᠡᠭ ᠪᠣᠯᠭᠠᠵᠤ ᠴᠢᠳᠠᠭᠰᠠᠨ ᠠᠷᠭ᠎ᠠ ᠶᠢ ᠨᠢ ᠠᠰᠠᠭᠤᠬᠤ ᠬᠡᠷᠡᠭᠲᠡᠢ᠃ ᠶᠡᠷᠦᠩᠬᠡᠢ ᠳᠦ ᠪᠡᠨ ᠯᠠ ᠪᠢᠳᠡ 1990 ᠣᠨ ᠠᠴᠠ ᠬᠣᠶᠢᠰᠢ ᠨᠣᠮ ᠤᠩᠰᠢᠳᠠᠭ ᠦᠭᠡᠢ᠂ ᠪᠣᠯᠪᠠᠰᠤᠷᠠᠯ ᠦᠭᠡᠢ᠂ ᠬᠥᠭᠡᠷᠦᠦ ᠣᠩᠭᠢᠷᠠᠭ᠎ᠠ᠂ ᠰᠠᠭᠰᠠᠭᠤ᠂ ᠬᠤᠳᠠᠯ ᠪᠠᠶᠠᠷᠬᠠᠭᠰᠠᠨ᠂ ᠪᠦᠳᠦᠭᠦᠯᠢᠭ ᠲᠡᠶᠢᠮᠦ ᠯᠠ ᠬᠦᠮᠦᠰ ᠦᠨ ᠨᠡᠶᠢᠭᠡᠮ ᠪᠣᠯᠴᠢᠬᠠᠯ᠎ᠠ ᠰᠢᠦ ᠳ᠋ᠡ᠃ ᠶᠠᠭᠤᠮ᠎ᠠ ᠤᠩᠰᠢᠭ᠎ᠠ ᠦᠭᠡᠢ᠂ ᠮᠡᠳᠡᠯᠭᠡ ᠦᠭᠡᠢ᠂ ᠬᠡ ᠦᠭᠡᠢ ᠪᠡᠷ ᠢᠶᠡᠨ ᠪᠦᠷ ᠭᠠᠶᠢᠬᠠᠭᠤᠯᠳᠠᠭ᠃ ᠬᠤᠳᠠᠯ ᠫᠠᠷ ᠫᠠᠷ ᠢᠨᠢᠶᠡᠭᠰᠡᠨ᠂ ᠭᠦᠨᠳᠦᠦ ᠦᠭᠡᠢ ᠭᠡᠵᠦ ᠬᠤᠴᠠᠭᠰᠠᠨ ᠡᠷᠡᠴᠦᠳ ᠦᠨ ᠨᠡᠶᠢᠭᠡᠮ ᠪᠣᠯᠴᠢᠬᠠᠯ᠎ᠠ᠃ ᠡᠨᠡ ᠴᠢᠨᠢ ᠥᠨᠥ ᠸᠴᠢᠷᠪᠠᠲᠤ ᠠᠴᠠ ᠡᠬᠢᠯᠡᠯ ᠲᠡᠢ᠃ ᠬᠡ ᠦᠭᠡᠢ ᠭᠡᠳᠡᠭ ᠢ ᠪᠦᠷ ᠮᠠᠭᠲᠠᠭᠠᠯ ᠭᠡᠳ ᠪᠣᠳᠣᠴᠢᠬᠠᠭᠰᠠᠨ᠃ ᠤᠭ ᠨᠢ ᠲᠡᠭᠦᠨ ᠲᠡᠢ ᠶᠡᠷᠦᠩᠬᠡᠶᠢᠯᠡᠭᠴᠢ ᠳᠦ ᠥᠷᠢᠰᠦᠯᠳᠦᠭᠰᠡᠨ ᠨᠥᠭᠥᠭᠡ ᠡᠪᠦᠭᠡᠨ ᠴᠢᠨᠢ ᠬᠡᠨ ᠪᠢᠯᠡ ᠁ ᠨᠢᠳᠦᠨ ᠦ ᠰᠢᠯ ᠲᠡᠢ︖
-ᠯ ∙ ᠲᠦᠳᠦᠪ ᠭᠤᠸᠠᠢ ᠤᠤ︖
-ᠲᠡᠷᠡ ᠤᠭ ᠨᠢ 《ᠮᠣᠩᠭᠣᠯ ᠡᠷ᠎ᠡ ᠬᠦᠮᠦᠨ ᠬᠡ ᠲᠡᠢ ᠪᠠᠶᠢᠪᠠᠯ ᠳᠡᠭᠡᠷ᠎ᠡ》 ᠭᠡᠵᠦ ᠬᠡᠯᠡᠵᠦ ᠪᠠᠶᠢᠭᠰᠠᠨ ᠶᠤᠮ ᠪᠢᠯᠡ ᠰᠢᠦ ᠳ᠋ᠡ᠃ ᠭᠡᠲᠡᠯ᠎ᠡ ᠲᠡᠷᠡ ᠬᠡ ᠦᠭᠡᠢ ᠡᠷᠡᠴᠦᠳ ᠴᠢᠨᠢ ᠪᠦᠷ ᠦᠷᠡᠵᠢᠭᠡᠳ᠂ ᠲᠥᠷᠥ ᠳᠦ ᠭᠠᠷᠴᠢᠬᠠᠵᠡᠢ᠃
- ᠶᠠᠮᠠᠷ ᠠᠷᠠᠳ ᠲᠦᠮᠡᠨ ᠪᠠᠶᠢᠨ᠎ᠠ᠂ ᠲᠡᠶᠢᠮᠦ ᠯᠠ ᠤᠳᠤᠷᠢᠳᠤᠭᠴᠢᠳ ᠪᠠᠶᠢᠨ᠎ᠠ ᠭᠡᠵᠦ ᠬᠡᠯᠡᠬᠦ ᠭᠡᠵᠦ ᠪᠠᠶᠢᠨ᠎ᠠ ᠤᠤ︖
-ᠨᠢᠭᠡ ᠲᠡᠢ ᠲᠡᠩᠴᠡᠭᠦᠦ ᠨᠢᠭᠡ ᠭᠡᠳᠡᠭ ᠰᠢᠭ ᠶᠠᠭ ᠲᠡᠩᠴᠡᠭᠦᠦ ᠬᠣᠶᠠᠷ ᠵᠦᠢᠯ᠃ ᠥᠨᠥᠳᠥᠷ ᠦᠨ ᠶᠡᠷᠦᠩᠬᠡᠶᠢᠯᠡᠭᠴᠢ᠂ ᠶᠡᠷᠦᠩᠬᠡᠢ ᠰᠠᠶᠢᠳ᠂ ᠤᠯᠤᠰ ᠤᠨ ᠶᠡᠬᠡ ᠬᠤᠷᠠᠯ ᠴᠢᠨᠢ ᠶᠠᠮᠠᠷᠬᠠᠤ ᠠᠷᠠᠳ ᠲᠦᠮᠡᠨ ᠪᠠᠶᠢᠭ᠎ᠠ ᠶᠢᠨ ᠶᠠᠭ ᠬᠠᠭᠤᠯᠪᠤᠷᠢ ᠨᠢ᠃ ᠤᠬᠠᠮᠰᠠᠷ ᠲᠠᠢ ᠠᠷᠠᠳ ᠲᠦᠮᠡᠨ ᠪᠣᠯ ᠤᠬᠠᠮᠰᠠᠷ ᠲᠠᠢ ᠯᠠ ᠲᠥᠷᠥ ᠲᠡᠢ ᠪᠠᠶᠢᠨ᠎ᠠ᠃ ᠠᠷᠠᠳ ᠲᠦᠮᠡᠨ ᠨᠢ ᠶᠣᠰᠣ ᠰᠤᠷᠲᠠᠬᠤᠨ ᠲᠠᠢ ᠪᠣᠯ ᠲᠥᠷᠥ ᠨᠢ ᠲᠡᠶᠢᠮᠦ ᠯᠠ ᠪᠠᠶᠢᠨ᠎ᠠ᠃ ᠶᠠᠫᠣᠨ᠂ ᠭᠧᠷᠮᠠᠨ ᠤ ᠲᠥᠷᠥ ᠵᠠᠰᠠᠭ ᠨᠢ ᠶᠠᠭᠠᠬᠢᠭᠠᠳ ᠲᠡᠶᠢᠮᠦ ᠦᠯᠢᠭᠡᠷ ᠵᠢᠱᠢᠶ᠎ᠡ ᠪᠠᠶᠢᠨ᠎ᠠ ᠪᠤᠢ ᠭᠡᠬᠦ ᠪᠡᠷ ᠠᠷᠠᠳ ᠲᠦᠮᠡᠨ ᠨᠢ ᠥᠪᠡᠷᠰᠡᠳ ᠢᠶᠡᠨ ᠦᠯᠢᠭᠡᠷ ᠵᠢᠱᠢᠶᠡᠴᠢ ᠠᠷᠠᠳ ᠲᠦᠮᠡᠨ ᠪᠠᠶᠢᠭ᠎ᠠ ᠤᠴᠢᠷ ᠠᠴᠠ ᠲᠡᠷᠡ᠃ ᠭᠡᠲᠡᠯ᠎ᠡ ᠮᠠᠨ ᠤ ᠤᠯᠤᠰ ᠲᠥᠷᠥ ᠠᠶ᠎ᠠ ᠦᠭᠡᠢ ᠢᠨᠢᠶᠡᠳᠦᠮᠲᠡᠢ᠃ ᠮᠥᠩᠭᠥ ᠯᠠ ᠪᠠᠶᠢᠪᠠᠯ ᠠᠷᠠᠳ ᠲᠦᠮᠡᠨ ᠢ ᠬᠤᠳᠠᠯᠳᠤᠭᠠᠳ ᠠᠪᠴᠢᠬᠤ ᠶᠤᠮ ᠴᠢᠨᠢ ᠶᠣᠰᠣ ᠰᠤᠷᠲᠠᠬᠤᠨ᠂ ᠤᠬᠠᠮᠰᠠᠷ ᠢᠶᠠᠷ ᠶᠠᠭᠠᠬᠢᠬᠤ ᠶᠤᠮ᠃ ᠶᠠᠮᠠᠷ ᠴᠤ ᠬᠠᠮᠢᠶ᠎ᠠ ᠦᠭᠡᠢ ᠠᠷᠭ᠎ᠠ ᠪᠠᠷ ᠮᠥᠩᠭᠥ ᠯᠠ ᠬᠢᠬᠦ ᠶᠣᠰᠣᠲᠠᠢ ᠪᠣᠯᠵᠤ ᠪᠠᠶᠢᠭ᠎ᠠ ᠪᠢᠵᠡ ᠳ᠋ᠡ᠃ ᠢᠩᠭᠢᠭᠡᠳ ᠳᠠᠷᠠᠭ᠎ᠠ ᠳᠠᠬᠢᠨ ᠰᠣᠩᠭᠣᠭᠳᠠᠬᠤ ᠶᠢᠨ ᠲᠤᠯᠠᠳᠠ ᠳᠥᠷᠪᠡᠨ ᠵᠢᠯ ᠦᠨ ᠲᠤᠷᠰᠢ ᠮᠥᠩᠭᠥᠨ ᠦ ᠲᠥᠯᠥᠭᠡ ᠯᠠ ᠵᠣᠳᠣᠯᠳᠤᠵᠤ ᠪᠠᠶᠢᠨ᠎ᠠ ᠰᠢᠦ ᠳ᠋ᠡ᠃ ᠪᠦᠷ ᠣᠢ ᠭᠤᠲᠤᠮ᠎ᠠ᠃
-ᠠᠷᠠᠳ ᠲᠦᠮᠡᠨ ᠢᠶᠡᠨ ᠵᠣᠷᠢᠭᠤᠳᠠ ᠶᠠᠳᠠᠭᠤ᠂ ᠬᠠᠷᠠᠩᠭᠤᠢ ᠪᠦᠳᠦᠭᠦᠯᠢᠭ ᠪᠠᠶᠢᠯᠭᠠᠵᠤ ᠪᠠᠶᠢᠨ᠎ᠠ ᠴᠤ ᠭᠡᠰᠡᠨ ᠦᠵᠡᠯ ᠪᠤᠢ︖
-ᠲᠡᠶᠢᠮᠦ ᠡ᠃ ᠡᠨᠡ ᠴᠢᠨᠢ ᠣᠳᠣ ᠤᠯᠤᠰ ᠲᠥᠷᠥ ᠶᠢᠨ ᠵᠠᠯᠢ᠂ ᠤᠬᠠᠭᠠᠨ ᠪᠠᠶᠢᠬᠤ ᠦᠭᠡᠢ ᠤᠤ᠃ ᠤᠭ ᠨᠢ ᠤᠯᠤᠰ ᠲᠥᠷᠥ ᠪᠣᠯ ᠠᠷᠠᠳ ᠲᠦᠮᠡᠨ ᠢᠶᠡᠨ ᠶᠠᠭᠠᠬᠢᠵᠤ ᠰᠠᠶᠢᠬᠠᠨ ᠪᠠᠶᠢᠯᠭᠠᠬᠤ ᠪᠤᠢ ᠭᠡᠳᠡᠭ ᠤᠬᠠᠭᠠᠨ᠃ ᠭᠡᠲᠡᠯ᠎ᠡ ᠮᠠᠨ ᠤ ᠳᠤ ᠶᠠᠭᠠᠬᠢᠵᠤ ᠶᠠᠳᠠᠭᠤ ᠪᠠᠶᠢᠯᠭᠠᠬᠤ ᠪᠤᠢ ᠭᠡᠳᠡᠭ ᠢᠶᠡᠷ ᠬᠥᠭᠵᠢᠭᠦᠯᠴᠢᠬᠡᠭᠰᠡᠨ᠃ ᠲᠥᠷᠥ ᠭᠡᠳᠡᠭ ᠴᠢᠨᠢ ᠭᠷᠧᠺ᠂ ᠷᠣᠮ ᠠᠴᠠ ᠭᠠᠷᠤᠯ ᠲᠠᠢ ᠣᠶᠢᠯᠠᠭᠠᠯᠲᠠ᠃ ᠪᠢᠳᠡ ᠪᠣᠯ ᠲᠥᠷᠥ ᠮᠡᠳᠡᠬᠦ ᠦᠭᠡᠢ᠃ ᠪᠢᠳᠡ ᠬᠡᠵᠢᠶ᠎ᠡ ᠴᠤ ᠲᠥᠷᠥ ᠲᠡᠢ ᠪᠠᠶᠢᠵᠤ ᠦᠵᠡᠭᠡ ᠦᠭᠡᠢ᠃
-ᠮᠣᠩᠭᠣᠯᠴᠤᠳ ᠪᠣᠯ ᠠᠩᠬᠠᠨ ᠤ ᠲᠥᠷᠥᠳᠦ ᠶᠣᠰᠣ ᠶᠢ ᠪᠤᠢ ᠪᠣᠯᠭᠠᠭᠰᠠᠨ ᠠᠷᠠᠳ ᠲᠦᠮᠡᠨ ᠭᠡᠳᠡᠭ ᠰᠢᠦ ᠳ᠋ᠡ︖
- ᠶᠠᠭᠤᠨ ᠠᠩᠬᠠᠨ ᠤ ᠲᠥᠷᠥᠳᠦ ᠶᠣᠰᠣ᠃ ᠲᠡᠷᠡ ᠪᠣᠯ ᠱᠠᠯ ᠬᠤᠳᠠᠯ᠃ ᠶᠠᠭᠠᠬᠢᠭᠠᠳ ᠲᠥᠷᠥ ᠪᠠᠶᠢᠳᠠᠭ ᠢ ᠴᠢ ᠮᠡᠳᠡᠬᠦ ᠦᠦ᠃ ᠠᠷᠠᠳ ᠲᠦᠮᠡᠨ ᠢᠶᠡᠨ ᠬᠣᠭᠣᠯᠠᠯᠠᠬᠤ᠂ ᠡᠷᠡᠭᠦᠯ ᠪᠠᠶᠢᠯᠭᠠᠬᠤ᠂ ᠪᠣᠯᠪᠠᠰᠤᠷᠠᠯ ᠲᠠᠢ ᠪᠠᠶᠢᠯᠭᠠᠬᠤ ᠶᠢᠨ ᠲᠤᠯᠠᠳᠠ ᠲᠥᠷᠥᠳᠦ ᠶᠣᠰᠣ ᠪᠠᠶᠢᠭᠤᠯᠤᠭᠳᠠᠳᠠᠭ᠃ ᠲᠡᠷᠡ ᠤᠳᠬ᠎ᠠ ᠪᠠᠷ ᠢᠶᠠᠨ ᠮᠣᠩᠭᠣᠯᠴᠤᠳ ᠪᠦᠷ ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭ᠎ᠠ ᠯᠠ ᠲᠥᠷᠥ ᠲᠡᠢ ᠪᠣᠯᠤᠭᠰᠠᠨ᠃ ᠲᠡᠷᠡᠨ ᠡᠴᠡ ᠡᠮᠦᠨ᠎ᠡ ᠮᠣᠩᠭᠣᠯ ᠳᠤ ᠲᠥᠷᠥ ᠪᠠᠶᠢᠭ᠎ᠠ ᠦᠭᠡᠢ᠃ ᠶᠠᠮᠤ ᠭᠡᠵᠦ ᠪᠠᠶᠢᠭ᠎ᠠ ᠦᠭᠡᠢ᠃
-1206 ᠣᠨ ᠳᠤ ᠴᠢᠩᠭᠢᠰ ᠬᠠᠭᠠᠨ ᠤ ᠪᠠᠶᠢᠭᠤᠯᠤᠭᠰᠠᠨ ᠲᠥᠷᠥ ᠪᠤᠢ ᠰᠢᠦ ᠳ᠋ᠡ᠃ ᠮᠣᠩᠭᠣᠯ ᠳᠤ ᠲᠥᠷᠥ ᠪᠠᠶᠢᠭ᠎ᠠ ᠦᠭᠡᠢ ᠭᠡᠵᠦ ᠠᠷᠠᠢ ᠴᠤ ᠬᠡᠯᠡᠵᠦ ᠪᠣᠯᠬᠤ ᠦᠭᠡᠢ ᠪᠠᠶᠢᠬᠤ ᠡ︖
-ᠲᠡᠷᠡᠨ ᠰᠢᠭ ᠬᠤᠳᠠᠯ ᠵᠦᠢᠯ ᠪᠠᠶᠢᠬᠤ ᠦᠭᠡᠢ᠃ ᠴᠢ ᠲᠡᠭᠡᠪᠡᠯ ᠬᠡᠯᠡᠭᠡᠳ ᠥᠭ ᠳ᠋ᠡ᠃ ᠲᠡᠷᠡ ᠦᠶ᠎ᠡ ᠳᠦ ᠪᠣᠯᠪᠠᠰᠤᠷᠠᠯ ᠰᠤᠶᠤᠯ ᠤᠨ ᠶᠠᠮᠤ ᠭᠡᠵᠦ ᠪᠠᠶᠢᠭᠰᠠᠨ ᠶᠤᠮ ᠤᠤ︖ ᠡᠷᠡᠭᠦᠯ ᠮᠡᠨᠳᠦ᠂ ᠵᠠᠮ ᠲᠡᠭᠡᠭᠡᠪᠦᠷᠢ ᠶᠢᠨ ᠶᠠᠮᠤ ᠪᠠᠶᠢᠭᠰᠠᠨ ᠶᠤᠮ ᠤᠤ᠃ ᠲᠥᠷᠥ ᠭᠡᠳᠡᠭ ᠴᠢᠨᠢ ᠠᠷᠠᠳ ᠲᠦᠮᠡᠨ ᠦ ᠪᠡᠨ ᠠᠵᠤ ᠠᠮᠢᠳᠤᠷᠠᠯ ᠪᠦᠷᠢ ᠶᠢ ᠲᠥᠯᠥᠪᠯᠡᠵᠦ᠂ ᠰᠠᠯᠪᠤᠷᠢ ᠴᠢᠭᠯᠡᠯ ᠪᠦᠷᠢ ᠪᠡᠷ ᠪᠣᠳᠣᠯᠭ᠎ᠠ ᠬᠡᠷᠡᠭᠵᠢᠭᠦᠯᠬᠦ ᠶᠢ ᠬᠡᠯᠡᠳᠡᠭ ᠶᠤᠮ᠃ ᠮᠣᠩᠭᠣᠯ ᠬᠦᠮᠦᠨ ᠬᠡᠵᠢᠶ᠎ᠡ ᠴᠤ ᠡᠶᠢᠮᠦ ᠲᠥᠷᠥ ᠲᠡᠢ ᠪᠠᠶᠢᠵᠤ ᠦᠵᠡᠭᠡ ᠦᠭᠡᠢ᠃ ᠵᠦᠭᠡᠷ᠂ ᠮᠣᠷᠢ ᠪᠠᠨ ᠤᠨᠤᠵᠤ ᠳᠠᠪᠬᠢᠭᠠᠳ ᠨᠤᠮᠤ ᠰᠤᠮᠤ ᠬᠠᠷᠪᠤᠭᠠᠳ ᠶᠠᠪᠤᠭᠰᠠᠨ ᠢ ᠪᠠᠨ ᠲᠥᠷᠥ ᠪᠠᠶᠢᠭᠤᠯᠤᠭᠰᠠᠨ ᠭᠡᠵᠦ ᠶᠠᠷᠢᠵᠤ ᠪᠣᠯᠬᠤ ᠦᠭᠡᠢ᠃ ᠬᠤᠳᠠᠯ ᠲᠡᠦᠬᠡ ᠵᠣᠬᠢᠶᠠᠵᠤ᠂ ᠥᠪᠡᠷᠰᠡᠳ ᠢ ᠪᠡᠨ ᠮᠠᠭᠲᠠᠵᠤ ᠫᠠᠩ ᠭᠥᠷᠦᠵᠦ ᠪᠣᠯᠬᠤ ᠦᠭᠡᠢ ᠡ᠃ ᠲᠡᠷᠡ ᠴᠢᠩᠭᠢᠰ ᠦᠨ ᠵᠢᠷᠤᠭ ᠭᠡᠳ ᠯᠠ ᠶᠠᠪᠤᠭᠠᠳ ᠪᠠᠶᠢᠨ᠎ᠠ᠃ ᠶᠠᠭ ᠬᠡᠨ ᠴᠢᠷᠠᠢ ᠶᠢ ᠨᠢ ᠬᠠᠷᠠᠭᠰᠠᠨ ᠶᠤᠮ᠃ ᠮᠥᠨ ᠶᠤᠮ ᠤᠤ᠂ ᠲᠡᠷᠡ ᠬᠦᠮᠦᠨ ᠴᠢᠨᠢ᠃ ᠲᠤᠯᠭᠠᠭᠤᠷᠢ ᠲᠥᠷᠥ ᠶᠢᠨ 800 ᠵᠢᠯ ᠭᠡᠳ ᠯᠠ ᠶᠠᠷᠢᠭᠠᠳ ᠪᠠᠶᠢᠨ᠎ᠠ᠃ ᠱᠠᠯ ᠬᠤᠳᠠᠯ ᠲᠡᠦᠬᠡ ᠰᠢᠳᠡ᠃ 800 ᠵᠢᠯ ᠦᠨ ᠡᠮᠦᠨ᠎ᠡ ᠶᠠᠮᠠᠷ ᠦᠨᠳᠦᠰᠦᠨ ᠬᠠᠤᠯᠢ ᠪᠠᠶᠢᠭᠰᠠᠨ ᠶᠤᠮ᠂ ᠶᠠᠮᠤᠨ ᠤ ᠰᠠᠶᠢᠳ ᠤᠳ ᠨᠢ ᠬᠡᠨ ᠬᠡᠨ ᠪᠠᠶᠢᠭᠰᠠᠨ ᠶᠤᠮ ᠬᠠᠮᠢᠭ᠎ᠠ ᠪᠠᠶᠢᠭᠰᠠᠨ ᠶᠤᠮ᠂ ᠪᠣᠯᠪᠠᠰᠤᠷᠠᠯ ᠤᠨ ᠰᠤᠷᠭᠠᠭᠤᠯᠢ ᠨᠤᠭᠤᠳ ᠨᠢ ᠬᠠᠮᠢᠭ᠎ᠠ ᠪᠠᠶᠢᠭᠰᠠᠨ ᠶᠤᠮ᠃ ᠲᠡᠭᠡᠵᠦ ᠶᠠᠷᠢᠬᠤ ᠶᠤᠮ ᠪᠣᠯ ᠶᠠᠭ ᠣᠳᠣ ᠶᠢᠨ ᠮᠣᠩᠭᠣᠯ ᠤᠨ ᠭᠠᠵᠠᠷ ᠨᠤᠲᠤᠭ ᠳᠡᠭᠡᠷ᠎ᠡ ᠮᠣᠩᠭᠣᠯ ᠬᠦᠮᠦᠨ ᠪᠠᠶᠢᠭᠰᠠᠨ ᠴᠤ ᠶᠤᠮ ᠤᠤ᠂ ᠦᠭᠡᠢ ᠴᠤ ᠶᠤᠮ ᠤᠤ᠃ ᠪᠥᠭᠥᠳᠡᠭᠡᠷ ᠢᠶᠡᠨ ᠯᠠ ᠤᠷᠳᠤ ᠴᠢᠭ ᠲᠦ ᠪᠠᠶᠢᠭᠰᠠᠨ ᠬᠦᠮᠦᠰ ᠪᠠᠶᠢᠨ᠎ᠠ ᠯᠡ ᠰᠢᠦ ᠳ᠋ᠡ᠃ ᠴᠢᠩᠭᠢᠰ ᠨᠢ ᠴᠤ ᠲᠡᠷᠡ᠂ ᠬᠤᠪᠢᠯᠠᠢ ᠨᠢ ᠴᠤ ᠲᠡᠷᠡ᠃ ᠡᠨᠳᠡ ᠲᠡᠷᠡ ᠦᠶ᠎ᠡ ᠪᠡᠷ ᠢᠶᠡᠨ ᠪᠠᠶᠢᠪᠠᠯ ᠬᠥᠯᠳᠡᠵᠦ ᠦᠬᠦᠨ᠎ᠡ ᠪᠢᠵᠡ ᠳ᠋ᠡ᠃ ᠮᠣᠩᠭᠣᠯ ᠭᠡᠷ ᠭᠡᠳᠡᠭ ᠢ ᠴᠢᠨᠢ ᠬᠦᠷᠲᠡᠯ᠎ᠡ ᠬᠢᠲᠠᠳ ᠤᠳ ᠬᠢᠵᠦ ᠥᠭᠭᠦᠭᠰᠡᠨ᠃ ᠳᠡᠭᠡᠷ᠎ᠡ ᠦᠶ᠎ᠡ ᠳᠦ ᠡᠶᠢᠮᠦ ᠭᠡᠷ ᠲᠦ ᠮᠣᠩᠭᠣᠯᠴᠤᠳ ᠪᠢᠰᠢ᠂ ᠬᠢᠲᠠᠳ ᠤᠳ ᠠᠮᠢᠳᠤᠷᠠᠵᠤ ᠪᠠᠶᠢᠭᠰᠠᠨ ᠶᠤᠮ ᠪᠠᠶᠢᠨ᠎ᠠ ᠯᠡ᠃
-ᠲᠡᠭᠡᠬᠦ ᠪᠡᠷ ᠲᠠ ᠮᠣᠩᠭᠣᠯᠴᠤᠳ ᠤᠨ ᠲᠡᠦᠬᠡ ᠭᠡᠵᠦ ᠪᠠᠶᠢᠬᠤ ᠦᠭᠡᠢ ᠭᠡᠬᠦ ᠭᠡᠳ ᠪᠠᠶᠢᠨ᠎ᠠ ᠤᠤ︖
-ᠮᠣᠩᠭᠣᠯ ᠭᠡᠵᠦ ᠲᠥᠷᠥ ᠪᠠᠶᠢᠭ᠎ᠠ ᠦᠭᠡᠢ᠃ ᠠᠽᠢᠶ᠎ᠠ ᠶᠢᠨ ᠨᠢᠭᠡ ᠮᠣᠷᠢ ᠤᠨᠤᠳᠠᠭ᠂ ᠬᠣᠨᠢ ᠬᠠᠷᠢᠭᠤᠯᠳᠠᠭ ᠠᠷᠠᠳ ᠲᠦᠮᠡᠨ ᠯᠠ ᠪᠠᠶᠢᠭᠰᠠᠨ ᠪᠠᠶᠢᠬᠤ ᠦᠭᠡᠢ ᠤᠤ ᠳ᠋ᠠ᠃ ᠦᠨᠳᠦᠰᠦᠲᠡᠨ ᠴᠤ ᠪᠢᠰᠢ᠃ ᠦᠨᠳᠦᠰᠦᠲᠡᠨ ᠪᠣᠯᠬᠤ ᠳᠤ ᠮᠠᠰᠢ ᠣᠯᠠᠨ ᠴᠢᠨᠠᠷ ᠤᠳ ᠬᠡᠷᠡᠭᠲᠡᠢ᠃ ᠶᠠᠳᠠᠵᠤ ᠯᠠ ᠦᠨᠳᠦᠰᠦᠨ ᠬᠠᠤᠯᠢ ᠭᠠᠷᠴᠤ ᠪᠠᠶᠢᠵᠤ ᠦᠨᠳᠦᠰᠦᠲᠡᠨ ᠪᠣᠯᠤᠨ᠎ᠠ᠃ ᠶᠠᠭᠠᠬᠢᠬᠤ ᠪᠤᠢ᠂ ᠮᠣᠩᠭᠣᠯᠴᠤᠳ ᠭᠡᠬᠦ ᠨᠢᠭᠡ ᠲᠡᠶᠢᠮᠦ ᠠᠷᠠᠳ ᠲᠦᠮᠡᠨ ᠪᠠᠶᠢᠭᠰᠠᠨ ᠯᠠ ᠪᠠᠶᠢᠨ᠎ᠠ᠃ ᠲᠡᠦᠬᠡᠴᠢᠳ ᠭᠡᠳ ᠶᠠᠭᠤ ᠴᠤ ᠮᠡᠳᠡᠬᠦ ᠦᠭᠡᠢ ᠬᠡᠳᠦᠨ ᠨᠥᠬᠥᠷ ᠵᠦᠭᠡᠷ ᠯᠠ ᠮᠣᠩᠭᠣᠯ ᠤᠨ ᠲᠡᠦᠬᠡ ᠭᠡᠳ ᠳᠡᠭᠡᠭᠰᠢ ᠪᠡᠨ ᠬᠠᠷᠠᠵᠤ ᠪᠠᠶᠢᠭᠠᠳ ᠯᠠ ᠵᠣᠬᠢᠶᠠᠭᠠᠳ ᠪᠢᠴᠢᠭᠡᠳ ᠪᠠᠶᠢᠭ᠎ᠠ ᠪᠠᠶᠢᠬᠤ ᠦᠭᠡᠢ ᠤᠤ᠃ ᠶᠠᠮᠠᠷ ᠴᠤ ᠪᠠᠷᠢᠮᠲᠠ ᠪᠠᠶᠢᠬᠤ ᠦᠭᠡᠢ᠃ ᠳ᠋ᠠᠨ ᠲᠥᠰᠥᠭᠡᠯᠡᠯ᠃ ᠪᠠᠷᠤᠭ ᠰᠥᠨᠢ ᠵᠡᠭᠦᠳᠦᠨ ᠳᠦ ᠪᠡᠨ ᠣᠷᠣᠭᠰᠠᠨ ᠢ ᠪᠢᠴᠢᠭᠡᠳ ᠪᠠᠶᠢᠭ᠎ᠠ ᠪᠠᠶᠢᠬᠤ ᠦᠭᠡᠢ ᠤᠤ᠃ ᠤᠯᠠᠭᠠᠨᠪᠠᠭᠠᠲᠤᠷ ᠬᠣᠲᠠ ᠶᠢᠨ 375 ᠵᠢᠯ ᠦᠨ ᠣᠢ ᠭᠡᠳ ᠯᠠ ᠲᠡᠮᠳᠡᠭᠯᠡᠵᠦ ᠪᠠᠶᠢᠨ᠎ᠠ᠃ ᠪᠠᠰᠠ ᠬᠤᠳᠠᠯ᠃ ᠬᠣᠲᠠ ᠪᠠᠶᠢᠭᠤᠯᠤᠭᠳᠠᠭᠰᠠᠨ ᠲᠣᠭᠲᠠᠭᠠᠯ ᠰᠢᠢᠳᠪᠦᠷᠢ ᠭᠠᠷᠴᠤ ᠪᠠᠶᠢᠵᠤ᠂ ᠳᠡᠳ᠋ ᠪᠦᠲᠦᠴᠡ ᠲᠡᠢ ᠪᠣᠯᠵᠤ ᠪᠠᠶᠢᠵᠤ ᠬᠣᠲᠠ ᠡᠭᠦᠰᠳᠡᠭ᠃ ᠡᠮᠦᠨ᠎ᠡ ᠨᠢ ᠶᠡᠷᠦ ᠳᠡᠭᠡᠨ ᠯᠠ ᠬᠦᠷᠢᠶᠡᠯᠡᠭᠡᠳ ᠪᠠᠭᠤᠴᠢᠬᠠᠭᠰᠠᠨ ᠬᠡᠳᠦᠨ ᠠᠶᠢᠯ ᠯᠠ ᠪᠠᠶᠢᠭᠰᠠᠨ ᠬᠡᠷᠡᠭ᠃
-ᠲᠠ ᠲᠡᠦᠬᠡ ᠪᠡᠨ ᠢᠩᠭᠢᠵᠦ ᠦᠭᠡᠶᠢᠰᠬᠡᠵᠦ ᠪᠣᠯᠬᠤ ᠦᠭᠡᠢ ᠪᠠᠶᠢᠬᠤ ᠡ︖ ᠲᠡᠦᠬᠡ ᠶᠢᠨ ᠪᠠᠷᠢᠮᠲᠠ᠂ ᠲᠡᠮᠳᠡᠭᠯᠡᠭᠳᠡᠵᠦ ᠦᠯᠡᠳᠡᠭᠰᠡᠨ ᠪᠢᠴᠢᠭᠡᠰᠦ ᠨᠦᠭᠦᠳ ᠪᠢᠰᠢᠭᠦᠢ ᠯᠠ ᠪᠠᠶᠢᠳᠠᠭ ᠰᠢᠦ︖
-ᠦᠭᠡᠢ ᠣᠳᠣ᠂ ᠶᠠᠭᠤ ᠶᠢ ᠨᠢ ᠦᠭᠡᠶᠢᠰᠭᠡᠬᠦ ᠶᠤᠮ᠃ ᠪᠠᠶᠢᠭ᠎ᠠ ᠶᠠᠭᠤᠮ᠎ᠠ ᠶᠢ ᠪᠢ ᠪᠠᠶᠢᠬᠤ ᠦᠭᠡᠢ ᠭᠡᠬᠦ ᠦᠦ᠃ ᠲᠡᠶᠢᠮᠦ ᠪᠠᠷᠢᠮᠲᠠ ᠪᠠᠶᠢᠬᠤ ᠦᠭᠡᠢ᠃ ᠪᠢ ᠬᠠᠶᠢᠭᠠᠳ ᠯᠠᠪ ᠣᠯᠬᠤ ᠦᠭᠡᠢ ᠪᠠᠶᠢᠨ᠎ᠠ᠃ ᠮᠣᠩᠭᠣᠯᠴᠤᠳ ᠬᠡᠵᠢᠶ᠎ᠡ 10 ᠵᠢᠯ ᠦᠨ ᠰᠤᠷᠭᠠᠭᠤᠯᠢ᠂ ᠬᠡᠵᠢᠶ᠎ᠡ ᠶᠡᠬᠡ ᠰᠤᠷᠭᠠᠭᠤᠯᠢ ᠲᠠᠢ ᠪᠣᠯᠤᠭᠰᠠᠨ ᠪᠤᠢ᠃ ᠬᠡᠵᠢᠶ᠎ᠡ ᠬᠠᠤᠯᠢ ᠵᠠᠰᠠᠭ ᠲᠠᠢ ᠪᠣᠯᠤᠭᠰᠠᠨ ᠶᠤᠮ ᠪᠤᠢ᠃ ᠮᠢᠨᠦᠬᠢ ᠪᠡᠷ ᠪᠣᠯ ᠰᠣᠴᠢᠶᠠᠯᠢᠮ ᠤᠨ ᠦᠶ᠎ᠡ ᠳᠦ ᠮᠣᠩᠭᠣᠯ ᠤᠯᠤᠰ ᠤᠨ ᠶᠡᠬᠡ ᠰᠤᠷᠭᠠᠭᠤᠯᠢ ᠪᠠᠶᠢᠭᠤᠯᠤᠭᠳᠠᠵᠤ ᠪᠠᠶᠢᠵᠤ ᠯᠠ ᠮᠣᠩᠭᠣᠯᠴᠤᠳ ᠰᠠᠶ᠋ᠢ ᠨᠢᠭᠡ ᠬᠠᠤᠯᠢ ᠶᠢᠨ ᠮᠡᠷᠭᠡᠵᠢᠯᠲᠡᠨ ᠲᠡᠢ ᠪᠣᠯᠤᠭ᠎ᠠ ᠪᠢᠵᠡ ᠳ᠋ᠡ᠃ ᠲᠡᠭᠦᠨ ᠡᠴᠡ ᠡᠮᠦᠨ᠎ᠡ ᠨᠢᠭᠡ ᠨᠢᠭᠡᠨ ᠢ ᠪᠡᠨ ᠪᠠᠷᠢᠵᠤ ᠠᠪᠤᠭᠠᠳ᠂ ᠠᠶᠤᠯᠭᠠᠨ ᠰᠦᠷᠳᠡᠭᠦᠯᠦᠭᠡᠳ᠂ ᠨᠦᠬᠡᠨ ᠳᠦ ᠪᠤᠯᠠᠵᠤ᠂ ᠡᠰᠡᠪᠡᠯ ᠮᠣᠳᠣᠨ ᠠᠪᠳᠠᠷ᠎ᠠ ᠳᠤ ᠬᠢᠳᠡᠭ ᠪᠠᠶᠢᠭᠰᠠᠨ ᠢᠶᠡᠨ ᠬᠠᠤᠯᠢ ᠭᠡᠵᠦ ᠨᠡᠷᠡᠯᠡᠭᠡᠳ ᠪᠠᠶᠢᠭ᠎ᠠ ᠶᠤᠮ᠃
-ᠲᠠᠨ ᠤ ᠬᠢ ᠪᠠᠷ ᠪᠣᠯ ᠮᠣᠩᠭᠣᠯ ᠤᠨ ᠲᠡᠦᠬᠡ ᠪᠣᠯ ᠰᠠᠶ᠋ᠢᠬᠠᠨ ᠤ ᠯᠠ ᠲᠡᠦᠬᠡ ᠶᠤᠮ ᠪᠠᠶᠢᠨ᠎ᠠ᠂ ᠲᠡᠶᠢᠮᠦ ᠦᠦ︖
-ᠲᠡᠭᠡᠯ ᠦᠭᠡᠢ ᠶᠠᠭᠠᠬᠢᠳᠠᠭ ᠶᠤᠮ᠃ ᠪᠢ ᠠᠷᠤ ᠮᠣᠩᠭᠣᠯ ᠤᠨ ᠲᠤᠬᠠᠢ ᠶᠠᠷᠢᠵᠤ ᠪᠠᠶᠢᠨ᠎ᠠ ᠰᠢᠦ᠃ ᠪᠢ ᠪᠤᠷᠢᠶᠠᠳ ᠢ ᠶᠠᠷᠢᠭ᠎ᠠ ᠦᠭᠡᠢ᠂ ᠥᠪᠥᠷ ᠮᠣᠩᠭᠣᠯ ᠢ ᠶᠠᠷᠢᠭ᠎ᠠ ᠦᠭᠡᠢ᠃ ᠪᠢᠳᠡᠨ ᠦ ᠡᠨᠡ ᠵᠠᠮ ᠲᠠᠯᠠᠪᠠᠢ᠂ ᠰᠤᠷᠭᠠᠭᠤᠯᠢ ᠰᠤᠶᠤᠯ᠂ ᠲᠢᠶᠠᠲ᠋ᠷ᠂ ᠡᠮᠨᠡᠯᠭᠡ᠂ ᠰᠠᠩ ᠤᠨ ᠠᠵᠤ ᠠᠬᠤᠢ᠂ ᠰᠤᠮᠤ᠂ ᠠᠶᠢᠮᠠᠭ ᠤᠨ ᠲᠥᠪ ᠦᠳ ᠪᠤᠢ ᠪᠣᠯᠵᠤ ᠪᠠᠶᠢᠵᠤ ᠯᠠ ᠮᠣᠩᠭᠣᠯ ᠤᠯᠤᠰ ᠡᠭᠦᠰᠦᠭᠰᠡᠨ᠃ ᠥᠨᠥᠳᠥᠷ ᠦᠨ ᠮᠣᠩᠭᠣᠯ ᠤᠯᠤᠰ ᠲᠤ ᠲᠡᠷᠡ ᠴᠢᠩᠭᠢᠰ ᠣᠭᠲᠣ ᠬᠠᠮᠢᠶ᠎ᠠ ᠦᠭᠡᠢ ᠭᠡᠬᠦ ᠭᠡᠳ ᠪᠠᠶᠢᠨ᠎ᠠ᠃
-ᠴᠢᠩᠭᠢᠰ ᠬᠠᠭᠠᠨ ᠤ ᠪᠠᠶᠢᠯᠳᠤᠨ ᠳᠠᠭᠠᠭᠤᠯᠤᠯ ᠤᠨ ᠲᠡᠦᠬᠡ ᠶᠢ ᠪᠣᠯ ᠠᠷᠠᠢ ᠦᠭᠡᠶᠢᠰᠬᠡᠬᠦ ᠦᠭᠡᠢ ᠶᠤᠮ ᠪᠠᠶᠢᠭ᠎ᠠ ᠪᠢᠵᠡ ᠳ᠋ᠡ︖
-ᠲᠡᠷᠡ ᠴᠡᠷᠢᠭ ᠭᠡᠳ ᠪᠠᠶᠢᠭ᠎ᠠ ᠴᠢᠨᠢ ᠳ᠋ᠠᠨ ᠪᠢᠴᠢᠭ ᠦᠰᠦᠭ ᠦᠭᠡᠢ ᠬᠡᠳᠦᠨ ᠮᠠᠯᠴᠢᠨ ᠠᠷᠠᠳ ᠯᠠ ᠪᠠᠶᠢᠭᠰᠠᠨ᠃ ᠴᠡᠷᠢᠭ ᠭᠡᠵᠦ ᠨᠡᠷᠡᠯᠡᠵᠦ ᠪᠣᠯᠬᠤ ᠦᠭᠡᠢ ᠰᠢᠦ ᠳ᠋ᠡ᠂ ᠲᠡᠳᠡᠨ ᠢ᠃ ᠲᠡᠶᠢᠮᠦ ᠪᠠᠶᠢᠬᠤ ᠳᠤ ᠶᠠᠭᠤᠨ ᠪᠠᠶᠢᠯᠳᠤᠨ ᠳᠠᠭᠠᠭᠤᠯᠤᠯ᠂ ᠲᠥᠷᠥᠳᠦ ᠶᠣᠰᠣ᠃ ᠮᠠᠯ ᠮᠠᠯᠯᠠᠵᠤ ᠪᠠᠶᠢᠭᠠᠳ ᠯᠠ᠂ ᠠᠪᠠᠭᠠᠢ ᠬᠡᠦᠬᠡᠳ ᠢᠶᠡᠨ ᠣᠷᠬᠢᠭᠠᠳ᠂ ᠭᠡᠷ ᠦᠨ ᠢᠶᠡᠨ ᠬᠠᠨᠠᠨ ᠳᠤ ᠡᠯᠭᠦᠭᠡᠰᠦᠲᠡᠢ ᠨᠤᠮᠤ ᠰᠤᠮᠤ ᠪᠠᠨ ᠮᠥᠷᠦᠨ ᠳᠦ ᠪᠡᠨ ᠤᠭᠯᠠᠭᠠᠳ ᠯᠠ ᠭᠠᠶᠢᠭᠤᠢ ᠮᠣᠷᠢ ᠪᠠᠨ ᠰᠢᠯᠢᠵᠥ ᠤᠨᠣᠭᠠᠳ ᠯᠠ ᠭᠠᠷᠤᠭᠠᠳ ᠢᠷᠡᠭᠰᠡᠨ ᠨᠥᠬᠥᠳ ᠦᠳ ᠰᠢᠳᠡ᠃
-ᠴᠢᠩᠭᠢᠰ ᠬᠠᠭᠠᠨ ᠢ ᠴᠡᠷᠢᠭ ᠳᠠᠶᠢᠨ ᠤ ᠶᠡᠬᠡ ᠪᠣᠯᠪᠠᠰᠤᠷᠠᠯ ᠲᠠᠢ ᠤᠳᠤᠷᠢᠳᠤᠭᠴᠢ ᠪᠠᠶᠢᠭᠰᠠᠨ ᠭᠡᠵᠦ ᠦᠵᠡᠳᠡᠭ ᠪᠣᠯᠤᠭᠰᠠᠨ ᠰᠢᠦ︖ ᠣᠯᠠᠨ ᠣᠷᠣᠨ ᠤ ᠡᠷᠳᠡᠮᠲᠡᠳ ᠢᠩᠭᠢᠵᠦ ᠪᠢᠴᠢᠵᠦ ᠪᠠᠶᠢᠨ᠎ᠠ︖
-ᠶᠠᠮᠠᠷ ᠪᠣᠯᠪᠠᠰᠤᠷᠠᠯ ᠬᠠᠮᠢᠭ᠎ᠠ ᠠᠴᠠ ᠣᠯᠵᠤ ᠠᠪᠤᠭᠰᠠᠨ ᠶᠤᠮ ᠪᠤᠢ᠃ ᠪᠢᠴᠢᠭ ᠦᠰᠦᠭ ᠴᠤ ᠪᠠᠶᠢᠬᠤ ᠦᠭᠡᠢ᠃ ᠪᠦᠷ ᠶᠠᠭᠤ ᠴᠤ ᠪᠠᠶᠢᠬᠤ ᠦᠭᠡᠢ᠃ ᠲᠡᠷᠡ ᠴᠢᠩᠭᠢᠰ ᠴᠢᠨᠢ ᠶᠠᠮᠠᠷ ᠰᠤᠷᠭᠠᠭᠤᠯᠢ ᠲᠡᠭᠦᠰᠦᠭᠰᠡᠨ ᠶᠤᠮ ᠪᠤᠢ︖ ᠨᠠᠭᠠᠳᠤᠬᠢ ᠶᠢ ᠴᠢᠨᠢ ᠯᠠᠪᠰᠢᠷᠠᠭᠤᠯᠤᠭᠠᠳ ᠯᠠ ᠠᠰᠠᠭᠤᠬᠤ ᠪᠠᠷ ᠲᠡᠭᠡᠭᠡᠳ ᠤᠨᠠᠳᠠᠭ ᠪᠠᠶᠢᠬᠤ ᠦᠭᠡᠢ ᠤᠤ᠃ ᠴᠢᠩᠭᠢᠰ ᠳᠡᠯᠡᠬᠡᠢ ᠶᠢᠨ ᠲᠠᠯ᠎ᠠ ᠶᠢ ᠮᠣᠷᠢᠲᠠᠢ ᠪᠠᠨ ᠡᠵᠡᠯᠡᠭᠰᠡᠨ ᠯᠠ ᠭᠡᠳ ᠪᠠᠶᠢᠨ᠎ᠠ᠃ ᠴᠢ ᠡᠨᠳᠡ ᠡᠴᠡ ᠮᠣᠷᠢ ᠲᠠᠢ ᠳᠠᠪᠬᠢᠭᠠᠳ ᠦᠵᠡ ᠯᠠ ᠳ᠋ᠡ᠂ ᠨᠢᠭᠡ ᠡᠳᠦᠷ᠃ ᠴᠢ ᠬᠠᠮᠢᠭ᠎ᠠ ᠬᠦᠷᠬᠦ ᠶᠤᠮ᠃ ᠬᠢᠷᠢ ᠵᠡᠷᠭᠡ ᠬᠣᠯᠠ ᠳᠠᠪᠬᠢᠵᠤ ᠴᠢᠳᠠᠬᠤ ᠨᠢ ᠪᠤᠢ᠃ ᠵᠠᠮ ᠳᠤ ᠲᠠᠭᠠᠷᠠᠬᠤ ᠡᠯᠡᠰᠦᠨ ᠴᠥᠯ᠂ ᠭᠣᠣᠯ ᠤᠰᠤ᠂ ᠠᠭᠤᠯᠠ ᠨᠢᠷᠤᠭᠤ ᠶᠢ ᠶᠠᠭᠠᠬᠢᠵᠤ ᠳᠠᠪᠠᠬᠤ ᠶᠤᠮ᠃ ᠵᠠᠮ ᠳᠤ ᠪᠠᠨ ᠶᠠᠭᠤ ᠢᠳᠡᠬᠦ ᠶᠤᠮ᠃ ᠡᠨᠳᠡ ᠡᠴᠡ ᠵᠤᠨ ᠭᠠᠷᠴᠤ ᠳᠠᠪᠬᠢᠭᠠᠳ ᠡᠪᠦᠯ ᠪᠣᠯᠬᠤ ᠳᠤ ᠬᠠᠮᠢᠭ᠎ᠠ ᠠᠴᠠ ᠶᠠᠮᠠᠷ ᠬᠤᠪᠴᠠᠰᠤ ᠪᠠᠨ ᠣᠯᠵᠤ ᠡᠮᠥᠰᠬᠦ ᠶᠤᠮ᠃ ᠲᠡᠭᠡᠬᠦ ᠪᠡᠷ ᠡᠳᠡ ᠴᠢᠨᠢ ᠴᠥᠮ ᠬᠤᠳᠠᠯ᠃ ᠦᠨᠡᠬᠡᠷ ᠪᠣᠯᠤᠮᠵᠢ ᠦᠭᠡᠢ᠃
-13 ᠳ᠋ᠤᠭᠠᠷ ᠵᠠᠭᠤᠨ ᠤ ᠲᠡᠦᠬᠡ ᠲᠡᠷᠡ ᠴᠢᠭ ᠢᠶᠡᠷ ᠢᠶᠡᠨ ᠬᠤᠳᠠᠯ ᠭᠡᠰᠡᠨ ᠦᠭᠡ ᠦᠦ᠂ ᠲᠠᠨ ᠤ ᠬᠢ ᠪᠠᠷ︖
-ᠪᠣᠯᠤᠮᠵᠢ ᠦᠭᠡᠢ᠃ ᠶᠠᠭᠠᠬᠢᠵᠤ ᠴᠤ ᠪᠣᠳᠣᠭᠰᠠᠨ ᠪᠣᠯᠤᠮ᠎ᠠ ᠦᠭᠡᠢ᠃ ᠪᠣᠳᠣᠭᠠᠳ ᠦᠵᠡ ᠯᠠ ᠳ᠋ᠡ ᠴᠢ᠃
-ᠲᠡᠭᠡᠬᠦ ᠪᠡᠷ ᠡᠨᠡ ᠲᠡᠦᠬᠡ ᠶᠠᠭᠠᠬᠢᠵᠤ ᠡᠭᠦᠰᠦᠭᠰᠡᠨ ᠪᠠᠶᠢᠬᠤ ᠪᠤᠢ︖
-ᠪᠢᠳᠡ ᠨᠠᠷ ᠲᠤ ᠵᠣᠷᠢᠭᠤᠯᠤᠭᠰᠠᠨ ᠦᠯᠢᠭᠡᠷ ᠯᠠ ᠪᠠᠶᠢᠬᠤ ᠦᠭᠡᠢ ᠤᠤ᠃ ᠵᠦᠭᠡᠷ ᠯᠠ ᠦᠯᠢᠭᠡᠷ᠃ ᠶᠠᠮᠠᠷ ᠴᠤ ᠠᠷᠠᠳ ᠲᠦᠮᠡᠨ ᠥᠪᠡᠷᠰᠡᠳ ᠲᠦ ᠪᠡᠨ ᠵᠣᠷᠢᠭᠤᠯᠵᠤ ᠵᠣᠬᠢᠶᠠᠭᠰᠠᠨ ᠪᠠᠭᠠᠲᠤᠷᠯᠢᠭ ᠦᠯᠢᠭᠡᠷ ᠲᠡᠢ ᠪᠠᠶᠢᠳᠠᠭ ᠪᠢᠵᠡ ᠳ᠋ᠡ᠃ ᠡᠶᠢᠮᠦ ᠪᠠᠭᠠᠲᠤᠷᠯᠢᠭ ᠦᠯᠢᠭᠡᠷ ᠲᠡᠢ ᠪᠠᠶᠢᠬᠤ ᠨᠢ ᠮᠡᠳᠡᠭᠡᠵᠢ ᠴᠢᠬᠤᠯᠠ᠃ ᠶᠠᠮᠠᠷ ᠴᠤ ᠠᠷᠠᠳ ᠲᠦᠮᠡᠨ ᠳᠦ ᠲᠡᠶᠢᠮᠦ ᠳᠣᠮᠣᠭ ᠪᠠᠶᠢᠬᠤ ᠶᠣᠰᠣᠲᠠᠢ᠃ ᠮᠣᠩᠭᠣᠯ ᠤᠨ ᠨᠢᠭᠤᠴᠠ ᠲᠣᠪᠴᠢᠶ᠎ᠠ ᠴᠢᠨᠢ ᠲᠡᠶᠢᠮᠦ ᠯᠠ ᠳᠣᠮᠣᠭ ᠰᠢᠦ ᠳ᠋ᠡ᠃ ᠲᠡᠷᠡ ᠳᠣᠮᠣᠭ ᠢ ᠬᠡᠨ ᠪᠢᠴᠢᠭᠰᠡᠨ ᠶᠤᠮ᠂ ᠪᠤᠤ ᠮᠡᠳᠡ᠃ ᠠᠶ᠎ᠠ ᠦᠭᠡᠢ ᠪᠣᠯ ᠬᠢᠲᠠᠳ ᠬᠦᠮᠦᠨ ᠪᠢᠴᠢᠭᠡ ᠪᠢᠵᠡ᠃ ᠪᠢᠳᠡ ᠴᠢᠨᠢ ᠲᠡᠶᠢᠮᠦ ᠶᠡᠬᠡ ᠪᠢᠴᠢᠭ ᠦᠨ ᠰᠤᠶᠤᠯ ᠲᠠᠢ ᠠᠷᠠᠳ ᠲᠦᠮᠡᠨ ᠪᠢᠰᠢ ᠰᠢᠦ ᠳ᠋ᠡ᠃
0 6