  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1774680
   1251

ᠠᠷᠠᠳ ᠤᠨ ᠶᠠᠷᠢᠶᠠᠨ ᠤ ᠬᠡᠯᠡ

ᠠᠷᠠᠳ ᠤᠨ ᠶᠠᠷᠢᠶᠠᠨ ᠤ ᠬᠡᠯᠡ
        4920     
2018-12-27 11:28    
发表于:内蒙古
ᠰᠠᠮᠪᠤᠤ ᠶᠢᠨ ᠲᠣᠪᠤᠤᠳᠤᠷᠵᠢ : ᠠᠷᠠᠳ ᠤᠨ ᠶᠠᠷᠢᠶᠠᠨ ᠤ ᠬᠡᠯᠡ 2018 ᠣᠨ ᠤ 12 ᠰᠠᠷ᠎ᠠ ᠶᠢᠨ 27᠃ ᠰᠣᠨᠢᠨ ᠤᠩᠰᠢᠵᠤ ᠰᠠᠭᠤᠭᠠᠳ ᠠᠮᠲᠠᠲᠠᠨ ᠠᠴᠠ ᠢᠯᠡᠭᠦᠦ ᠭᠠᠭᠴᠠ ᠰᠠᠶᠢᠬᠠᠨ ᠰᠠᠨᠠᠭ᠎ᠠ ᠠᠭᠤᠯᠣᠭᠰᠠᠨ ᠥᠭᠦᠯᠡᠪᠦᠷᠢ ᠣᠯᠤᠯ᠎ᠠ᠃ ᠠᠯᠳᠠᠷᠲᠤ 《ᠬᠦᠷᠡᠩ ᠮᠣᠷᠢ》 ᠨᠠᠶᠢᠷᠠᠭᠯᠠᠯ ᠤᠨ ᠡᠵᠡᠨ ᠴ ∙ ᡀᠠᠮᠣᠰᠦ᠋ᠷᠦᠩ ᠭᠤᠸᠠᠢ 1942 ᠣᠨ ᠳᠤ ᠮᠠᠲᠠᠳ ᠳᠠᠬᠢ ᠴᠡᠷᠢᠭ ᠦᠨ ᠠᠩᠭᠢ ᠳᠤ ᠠᠯᠪᠠ ᠬᠠᠭᠠᠬᠤ ᠳᠤ ᠪᠠᠨ 《ᠡᠷ᠎ᠡ ᠶᠢᠨ ᠰᠠᠶᠢᠨ ᠪᠣᠯᠣᠳᠪᠠᠭᠠᠲᠤᠷ ᠬᠠᠮᠤᠭ ᠢ ᠵᠠᠯᠭᠢᠭᠴᠢ ᠬᠠᠷ᠎ᠠ ᠮᠠᠩᠭᠤᠰ ᠢ ᠳᠠᠷᠤᠭᠰᠠᠨ ᠤ ᠦᠯᠢᠭᠡᠷ》 ᠠᠩᠬᠠᠨ ᠤ ᠨᠠᠶᠢᠷᠠᠭᠯᠠᠯ ᠢᠶᠠᠨ ᠪᠢᠴᠢᠵᠦ ᠯᠠ ᠳ᠋ᠡ᠃ ᠲᠡᠭᠦᠨ ᠢᠶᠡᠨ 《ᠦᠨᠡᠨ》 ᠰᠣᠨᠢᠨ ᠤ ᠡᠷᠬᠢᠯᠡᠭᠴᠢ ᠪᠠᠶᠢᠭᠰᠠᠨ ᠼ ∙ ᠳᠠᠮᠳᠢᠨᠰᠦ᠋ᠷᠦᠩ ᠭᠤᠸᠠᠢ ᠳᠤ ᠵᠠᠬᠢᠳᠠᠯ ᠤᠨ ᠬᠠᠮᠲᠤ ᠢᠯᠡᠭᠡᠭᠰᠡᠨ ᠮᠤᠨᠳᠠᠭ ᠵᠣᠷᠢᠭᠲᠠᠨ ᠠᠵᠡᠢ᠃ ᠼ ∙ ᠳᠠᠮᠳᠢᠨᠰᠦ᠋ᠷᠦᠩ ᠠᠪᠤᠭᠠᠢ ᠬᠠᠷᠢᠭᠤ ᠵᠠᠬᠢᠳᠠᠯ ᠢᠯᠡᠭᠡᠬᠦ ᠳᠦ ᠪᠡᠨ 《ᠴᠢᠨᠤ ᠵᠠᠬᠢᠭᠰᠠᠨ ᠶᠣᠰᠣᠭᠠᠷ ᠵᠠᠰᠠᠵᠤ ᠪᠠᠭ᠎ᠠ ᠬᠡᠮᠵᠢᠶ᠎ᠡ ᠪᠡᠷ ᠬᠡᠪᠯᠡᠭᠦᠯᠪᠡ᠃ ᠪᠢᠲᠡᠭᠦᠦ ᠬᠠᠲᠠᠭᠤ ᠮᠣᠳᠤᠨ ᠬᠡᠯᠡ ᠪᠡᠷ ᠪᠢᠰᠢ᠂ ᠠᠷᠠᠳ ᠤᠨ ᠠᠮᠠᠨ ᠶᠠᠷᠢᠶᠠᠨ ᠤ ᠬᠡᠯᠡ ᠪᠡᠷ ᠪᠢᠴᠢᠭᠰᠡᠨ ᠨᠢ ᠮᠣᠩᠭᠣᠯ ᠤᠨ ᠡᠷᠳᠡᠮ ᠰᠢᠨᠵᠢᠯᠡᠭᠡ ᠰᠠᠢᠨ ᠪᠠᠢᠨ᠎ᠠ》 ᠭᠡᠰᠡᠨ ᠵᠤᠷᠪᠤᠰ ᠲᠠᠢ ᠬᠦᠷᠭᠡᠭᠦᠯᠵᠡᠢ᠃ ᠼ ∙ ᠳᠠᠮᠳᠢᠨᠰᠦ᠋ᠷᠦᠩ ᠠᠪᠤᠭᠠᠢ ᠭᠡᠳᠡᠭ ᠨᠢ ᠠᠯᠳᠠᠷᠲᠠᠢ ᠡᠷᠳᠡᠮᠲᠡᠨ ᠠᠺᠠᠳᠧᠮᠢᠴᠢ ᠴᠡᠨᠳᠥ ᠶᠢᠨ ᠳᠠᠮᠳᠢᠨᠰᠦ᠋ᠷᠦᠩᠲᠡᠨ ᠪᠢᠯᠡ᠃ ᠮᠢᠨᠦ ᠠᠩᠬᠠᠷᠤᠯ ᠲᠠᠲᠠᠵᠤ ᠰᠣᠨᠢᠭᠤᠴᠢ ᠵᠠᠩ ᠢ ᠬᠥᠳᠡᠯᠭᠡᠭᠰᠡᠨ ᠰᠠᠨᠠᠭ᠎ᠠ ᠪᠣᠯ ᠳᠡᠭᠡᠷ᠎ᠡ ᠲᠣᠳᠣᠷᠠᠭᠤᠯᠵᠤ ᠲᠣᠮᠣᠷᠠᠭᠤᠯᠤᠭᠰᠠᠨ ᠥᠭᠦᠯᠡᠪᠦᠷᠢ ᠮᠥᠨ᠃ ᠼ ∙ ᠳᠠᠮᠳᠢᠨᠰᠦ᠋ᠷᠦᠩ ᠭᠤᠸᠠᠢ ᠶᠢᠨ ᠵᠣᠬᠢᠶᠠᠯ ᠢ ᠤᠩᠰᠢᠬᠤ ᠳᠤ ᠶᠠᠷᠢᠭᠠᠳ ᠴᠤ ᠪᠠᠶᠢᠭ᠎ᠠ ᠶᠤᠮ ᠰᠢᠭ ᠵᠢᠷ ᠦᠨ ᠬᠡᠯᠡ ᠨᠠᠶᠢᠷᠠᠭᠤᠯᠭ᠎ᠠ ᠲᠠᠢ ᠪᠠᠶᠢᠳᠠᠭ᠃ ᠲᠡᠷᠡ ᠪᠣᠯ ᠠᠷᠠᠳ ᠤᠨ ᠬᠠᠷ᠎ᠠ ᠶᠠᠷᠢᠶ᠎ᠠ ᠪᠠᠷ ᠪᠢᠴᠢᠭᠰᠡᠨ ᠨᠠᠶᠢᠷᠠᠭᠤᠯᠭ᠎ᠠ ᠶᠤᠮ᠃ ᠶᠡᠷᠦ ᠵᠣᠬᠢᠶᠠᠯ ᠪᠢᠴᠢᠬᠦ ᠳᠦ ᠪᠡᠨ ᠠᠯᠢ ᠪᠣᠯᠬᠣᠷ ᠡᠩ ᠦᠨ ᠦᠭᠡ ᠣᠯᠵᠤ ᠲᠠᠯᠪᠢᠪᠠᠯ ᠵᠦᠭᠡᠷ ᠰᠡᠨ᠃ ᠬᠥᠳᠡᠭᠡᠨ ᠦ ᠬᠥᠭᠰᠢᠳ ᠶᠠᠭᠠᠬᠢᠵᠤ ᠶᠠᠮᠠᠷᠬᠠᠤ ᠦᠭᠡ ᠪᠡᠷ ᠡᠭᠦᠨ ᠢ ᠬᠡᠯᠡᠬᠦ ᠪᠤᠢ ᠭᠡᠳᠡᠭ ᠢᠶᠡᠨ ᠪᠣᠳᠣᠵᠤ ᠪᠠᠶᠢᠪᠠᠯ ᠰᠠᠶᠢᠨ ᠰᠠᠨ ᠭᠡᠵᠦ ᠠᠬᠠᠮᠠᠳ ᠵᠣᠬᠢᠶᠠᠯᠴᠢ ᠳ᠋ᠤ ᠵᠥᠪᠯᠡᠳᠡᠭ ᠠᠭᠰᠠᠨ ᠢ ᠭᠡᠨᠡᠳᠲᠡ ᠰᠠᠨᠠᠪᠠ᠃ ᠡᠨᠡ ᠰᠠᠨᠠᠭ᠎ᠠ ᠶᠢ ᠳᠤᠷᠠᠳᠤᠭᠰᠠᠨ ᠤᠴᠢᠷ ᠭᠡᠪᠡᠯ ᠪᠠᠰᠠ ᠵᠠᠷᠢᠮ ᠨᠢᠭᠡᠨ ᠮᠠᠨᠢ ᠼ ∙ ᠳᠠᠮᠳᠢᠨᠰᠦ᠋ᠷᠦᠩ ᠠᠪᠤᠭᠠᠢ ᠶᠢᠨ ᠦᠭᠡ ᠶᠢ ᠪᠣᠳᠣᠵᠤ᠂ ᠶᠠᠮᠠᠷ ᠤᠴᠢᠷ ᠲᠠᠢ ᠶᠤᠮ ᠪᠤᠢ ᠭᠡᠵᠦ ᠡᠷᠭᠢᠴᠡᠭᠦᠯᠬᠦ ᠪᠣᠯᠪᠠ ᠤᠤ ᠬᠡᠮᠡᠭᠰᠡᠨ ᠪᠥᠯᠦᠭᠡ᠃ ᠤᠷᠠᠨ ᠵᠣᠬᠢᠶᠠᠯ ᠪᠣᠯ ᠦᠭᠡ ᠶᠢᠨ ᠤᠷᠠᠯᠢᠭ᠂ ᠦᠭᠡᠰ ᠦᠨ ᠪᠠᠶᠢᠷᠢ ᠪᠠᠨ ᠣᠯᠤᠭᠰᠠᠨ ᠨᠠᠶᠢᠷᠠᠭᠤᠯᠭ᠎ᠠ ᠭᠡᠭᠴᠢ ᠡᠴᠡ ᠶᠡᠬᠡ ᠬᠠᠮᠢᠶᠠᠷᠳᠠᠭ ᠰᠢᠦ᠃ ᠬᠠᠷᠢᠨ ᠣᠳᠣ ᠵᠠᠷᠢᠮ ᠮᠠᠨᠢ ᠰᠣᠨᠢᠨ᠂ ᠬᠤᠷᠠᠯ ᠤᠨ ᠢᠯᠡᠳᠬᠡᠯ᠂ ᠣᠷᠴᠢᠭᠤᠯᠭ᠎ᠠ ᠶᠢᠨ ᠭᠡᠮᠡᠷ ᠡᠪ ᠬᠠᠪᠤ ᠦᠭᠡᠢ ᠦᠭᠡᠨ ᠳᠦ ᠳᠤᠷᠠᠯᠠᠭᠠᠳ ᠪᠠᠶᠢᠨ᠎ᠠ ᠤᠤ ᠭᠡᠯᠲᠡᠢ᠃ ᠪᠦᠷ ᠪᠠᠶᠢᠲᠠᠯ᠎ᠠ ᠪᠠᠨ 《ᠠᠷᠭ᠎ᠠ ᠬᠡᠮᠵᠢᠶ᠎ᠡ ᠠᠪᠤᠯ᠎ᠠ᠃ ᠠᠷᠭ᠎ᠠ ᠬᠡᠮᠵᠢᠶ᠎ᠡ ᠵᠣᠬᠢᠶᠠᠯ᠎ᠠ᠃ ᠠᠷᠭ᠎ᠠ ᠬᠡᠮᠵᠢᠶᠡᠨ ᠳᠦ ᠣᠷᠣᠯᠴᠠᠯ᠎ᠠ ᠭᠡᠳ ᠯᠠ ᠠᠪᠬᠤ ᠶᠢ ᠠᠨᠤ ᠶᠠᠭᠠᠬᠢᠨ᠎ᠠ᠃ ᠪᠠᠶᠢᠷᠢ ᠪᠠᠨ ᠣᠯᠤᠭ᠎ᠠ ᠦᠭᠡᠢ ᠨᠢᠭᠡ ᠦᠭᠡ ᠴᠤ ᠪᠦᠬᠦᠯᠢ ᠪᠦᠲᠦᠨ ᠥᠭᠦᠯᠡᠪᠦᠷᠢ ᠶᠢ ᠡᠪᠳᠡᠨ᠎ᠡ᠂ ᠤᠳᠬ᠎ᠠ ᠶᠢ ᠣᠷᠢᠶᠠᠯᠳᠤᠭᠤᠯᠤᠨ᠎ᠠ᠃ ᠡᠮᠦᠨᠡᠭᠣᠪᠢ ᠶᠢᠨ ᠰᠡᠪᠡᠷᠡᠢ ᠰᠤᠮᠤ ᠶᠢᠨ ᠤᠣᠭᠠᠯ᠂ ᠳᠠᠯᠠᠨᠵᠠᠳᠠᠭᠠᠲᠤ ᠳᠤ ᠠᠵᠢᠯᠯᠠᠵᠤ ᠠᠵᠤ ᠲᠥᠷᠦᠳᠡᠭ ᠰ ᠊ ᠭᠠᠩᠲᠣᠭᠲᠠᠬᠤ ᠭᠡᠵᠦ ᠨᠠᠰᠤ ᠲᠣᠭᠲᠠᠵᠤ ᠪᠤᠢ ᠡᠷ᠎ᠡ ᠲᠤᠩ ᠰᠠᠶ᠋ᠢᠬᠠᠨ ᠮᠣᠩᠭᠣᠯ ᠤᠨ ᠴᠢᠯᠦᠭᠡᠲᠦ ᠵᠣᠬᠢᠶᠠᠯᠴᠢᠳ ᠤᠨ ᠬᠣᠯᠪᠣᠭᠠᠨ ᠳᠤ ᠡᠯᠰᠡᠯ᠎ᠡ᠃ ᠲᠡᠷᠡᠪᠡᠷ ᠨᠤᠲᠤᠭ ᠲᠤ ᠪᠠᠨ ᠰᠢᠯᠦᠭ ᠥᠭᠦᠯᠡᠯᠭᠡ ᠶᠢᠨ ᠣᠯᠠᠨ ᠨᠣᠮ ᠲᠠᠢ ᠶᠤᠮ᠃ ᠰ ∙ ᠭᠠᠩᠲᠣᠭᠲᠠᠬᠤ 1984 ᠣᠨ ᠳᠤ ᠠᠷᠪᠠᠳᠤᠭᠠᠷ ᠠᠩᠭᠢ ᠲᠡᠭᠦᠰᠦᠭᠡᠳ ᠲᠡᠭᠦᠰ ᠡᠪᠯᠡᠯ ᠦᠨ ᠲᠥᠪ ᠬᠣᠷᠢᠶᠠᠨ ᠤ ᠢᠯᠡᠭᠡᠯᠲᠡ ᠡᠪᠦᠷᠯᠡᠨ ᠮᠠᠯ ᠮᠠᠯᠯᠠᠵᠠᠢ᠃ ᠰᠤᠮᠤᠨ ᠳᠤ ᠪᠠᠨ ᠠᠷᠪᠠ ᠭᠠᠷᠤᠢ ᠵᠢᠯ ᠮᠠᠯ ᠮᠠᠯᠯᠠᠭᠰᠠᠨ ᠮᠠᠯᠴᠢᠨ ᠠᠷᠠᠳ ᠤᠨ ᠠᠬᠤᠢ ᠠᠵᠤ ᠲᠥᠷᠥᠯ ᠢ ᠶᠣᠰᠣᠲᠠᠢ ᠠᠷᠪᠠᠨ ᠬᠤᠷᠤᠭᠤ ᠰᠢᠭ ᠢᠶᠡᠨ ᠮᠡᠳᠡᠳᠡᠭ ᠨᠢᠭᠡᠨ ᠶᠤᠮ᠃ ᠲᠡᠷᠡ ᠪᠡᠷ ᠼ ∙ ᠳᠠᠮᠳᠢᠨᠰᠦᠷᠦᠩ ᠭᠤᠸᠠᠢ ᠶᠢᠨ ᠵᠥᠪᠯᠡᠭᠰᠡᠨ ᠲᠡᠢ ᠵᠦᠢᠷᠯᠡᠮ᠎ᠡ ᠠᠷᠠᠳ ᠤᠨ ᠬᠠᠷ᠎ᠠ ᠶᠠᠷᠢᠶᠠᠨ ᠤ ᠦᠭᠡ ᠪᠡᠷ ᠪᠢᠴᠢᠳᠡᠭ ᠨᠢ ᠰᠣᠨᠢᠷᠬᠠᠯ ᠲᠠᠲᠠᠪᠠ᠃ ᠲᠡᠭᠦᠨ ᠦ 《ᠮᠢᠨᠦ ᠨᠤᠲᠤᠭ ᠤᠨ ᠠᠶᠠᠰ》 ᠨᠣᠮ ᠳᠤ ᠨᠢ 《ᠦᠢᠯᠡᠰ ᠪᠦᠲᠦᠭᠡᠬᠦ ᠢᠨᠢᠶᠡᠮᠰᠦᠭᠯᠡᠯ》 ᠭᠡᠰᠡᠨ ᠰᠢᠯᠦᠭ ᠪᠠᠶᠢᠨ᠎ᠠ᠃ ᠲᠡᠭᠦᠨ ᠳᠦ᠄ ᠮᠠᠨᠴᠤᠢ ᠳᠣᠲᠣᠷ᠎ᠠ ᠪᠠᠨ ᠬᠣᠩᠭᠣᠷᠬᠠᠨ ᠦᠷ᠎ᠡ ᠮᠢᠨᠢ ᠮᠥᠰᠢᠶᠡᠵᠦ ᠢᠨᠢᠶᠡᠭᠡᠳ ᠤᠨᠲᠠᠵᠤ ᠪᠠᠶᠢᠨ᠎ᠠ ᠳ᠋ᠠ᠃ ᠮᠠᠩᠨᠠᠢ ᠳᠡᠭᠡᠷ᠎ᠡ ᠨᠢ ᠦᠨᠦᠰᠦᠭᠡᠳ ᠭᠠᠷᠬᠤᠯᠠᠷ ᠮᠢᠨᠦ ᠠᠵᠢᠯ ᠳᠣᠣᠷ᠎ᠠ ᠪᠠᠨ ᠯᠠ ᠪᠦᠲᠦᠬᠦ ᠶᠤᠮ ᠳ᠋ᠠ᠃ ᠥᠯᠥᠭᠡᠢ ᠳᠣᠲᠣᠷ᠎ᠠ ᠪᠠᠨ ᠡᠩᠬᠦᠷᠡᠶᠢᠬᠡᠨ ᠦᠷ᠎ᠡ ᠮᠢᠨᠢ ᠦᠨᠡᠭᠡᠴᠢᠯᠡᠵᠦ ᠢᠨᠢᠶᠡᠭᠡᠳ ᠤᠨᠲᠠᠵᠤ ᠪᠠᠶᠢᠨ᠎ᠠ ᠳ᠋ᠠ ᠦᠨᠦᠷᠯᠡᠵᠦ ᠦᠨᠦᠰᠦᠭᠡᠳ ᠶᠠᠪᠤᠬᠤ ᠳᠤ ᠮᠢᠨᠢ ᠬᠠᠷᠢᠨ ᠦᠢᠯᠡᠰ ᠠᠵᠢᠯ ᠮᠢᠨᠢ ᠠᠮᠵᠢᠭᠠᠳ ᠢᠷᠡᠬᠦ ᠶᠤᠮ ᠳ᠋ᠠ᠃ ᠵᠤᠯᠵᠠᠭᠠᠨ ᠨᠢᠯᠬ᠎ᠠ ᠦᠷ᠎ᠡ ᠮᠢᠨᠢ ᠬᠥᠭᠡᠷᠦᠬᠦᠢ ᠵᠣᠷᠢᠭ ᠢᠶᠠᠷ ᠢᠶᠠᠨ ᠲᠠᠷᠪᠠᠯᠵᠠᠭᠠᠳ ᠢᠨᠢᠶᠡᠵᠦ ᠯᠠ ᠪᠠᠶᠢᠨ᠎ᠠ ᠳ᠋ᠠ ᠵᠤᠯᠠᠢ ᠳᠡᠭᠡᠷ᠎ᠡ ᠨᠢ ᠦᠨᠦᠰᠦᠭᠡᠳ ᠭᠠᠷᠬᠤᠯᠠᠷ ᠮᠢᠨᠢ ᠵᠣᠷᠢᠭᠰᠠᠨ ᠬᠡᠷᠡᠭ ᠮᠢᠨᠢ ᠪᠦᠲᠦᠭᠡᠳ ᠢᠷᠡᠬᠦ ᠶᠤᠮ ᠳ᠋ᠠ᠃ ᠡᠶᠢᠮᠦ ᠮᠠᠶ᠋ᠢᠭ ᠢᠶᠠᠷ ᠲᠤᠭᠤᠷᠪᠢᠭᠰᠠᠨ ᠨᠡᠶᠢᠲᠡ ᠳᠣᠯᠣᠭᠠᠨ ᠪᠠᠳᠠᠭ ᠰᠢᠯᠦᠭ ᠪᠠᠶᠢᠨ᠎ᠠ᠃ ᠡᠨᠳᠡ ᠴᠠᠮᠢᠷᠬᠠᠭᠰᠠᠨ ᠭᠣᠶᠣᠴᠢᠯᠠᠭᠰᠠᠨ ᠦᠭᠡ ᠠᠯᠠᠭ᠎ᠠ᠃ ᠭᠡᠬᠦ ᠳᠦ ᠪᠡᠨ ᠡᠨᠳᠡ ᠦᠷ᠎ᠡ ᠬᠡᠦᠬᠡᠳ ᠦᠨ ᠠᠰᠤᠷᠤ ᠶᠡᠬᠡ ᠳᠠᠯᠳᠠ ᠢᠪᠡᠭᠡᠯ ᠥᠷᠥᠰᠢᠶᠡᠵᠦ ᠪᠠᠶᠢᠳᠠᠭ ᠢ ᠶᠣᠰᠣ ᠲᠠᠢ ᠡᠩ ᠦᠨ ᠦᠭᠡ ᠪᠡᠷ ᠮᠠᠭᠲᠠᠨ ᠳᠠᠭᠤᠯᠠᠭᠰᠠᠨ ᠪᠤᠶᠤ᠃ ᠦᠷ᠎ᠡ ᠬᠡᠦᠬᠡᠳ ᠭᠡᠳᠡᠭ ᠡᠴᠢᠭᠡ ᠡᠬᠡ ᠳᠦ ᠪᠡᠨ ᠶᠠᠮᠠᠷ ᠭᠠᠶᠢᠬᠠᠮᠰᠢᠭᠲᠠᠢ ᠵᠣᠯᠪᠣᠭ᠎ᠠ ᠬᠡᠶᠢᠮᠣᠷᠢ ᠣᠯᠭᠤᠳᠠᠭ ᠶᠤᠮ ᠪᠤᠢ ᠭᠡᠳᠡᠭ ᠢ ᠬᠡᠯᠡᠭᠰᠡᠨ ᠮᠡᠲᠦ᠃ ᠠᠯᠢᠪᠠ ᠠᠮᠢᠲᠠᠨ᠂ ᠲᠡᠷᠡ ᠳᠣᠲᠣᠷ᠎ᠠ ᠪᠠᠨ ᠢᠯᠠᠭ᠎ᠠ ᠰᠢᠮᠠᠭᠤᠯ᠂ ᠬᠣᠷᠣᠬᠠᠢ ᠰᠢᠪᠠᠵᠢ ᠬᠦᠷᠲᠡᠯ᠎ᠡ ᠦᠷ᠎ᠡ ᠤᠳᠤᠮ ᠢᠶᠠᠨ ᠦᠯᠡᠳᠡᠭᠡᠬᠦ ᠯᠠ ᠭᠡᠵᠦ ᠳᠠᠪᠬᠤᠷᠯᠠᠵᠤ ᠲᠡᠭᠦᠨ ᠢᠶᠡᠨ ᠬᠢᠮᠠᠭᠠᠳᠠᠨ ᠨᠢᠭᠤᠴᠠᠬᠠᠨ ᠪᠠᠶᠢᠷᠢᠨ ᠳᠤ ᠭᠠᠷᠭᠠᠵᠤ ᠥᠰᠬᠡᠵᠦ ᠲᠣᠮᠣᠷᠠᠬᠤ ᠶᠢᠨ ᠲᠥᠯᠥᠭᠡ ᠲᠡᠮᠡᠴᠡᠳᠡᠭ᠃ ᠲᠡᠷᠡ ᠪᠣᠯ ᠨᠢᠭᠡ ᠲᠠᠯ᠎ᠠ ᠪᠠᠷ ᠪᠠᠶᠢᠭᠠᠯᠢ ᠶᠢᠨ ᠬᠠᠤᠯᠢ ᠳᠣᠲᠣᠭᠠᠳᠤ ᠮᠡᠳᠡᠷᠡᠬᠦᠢ ᠶᠢᠨ ᠪᠣᠯᠤᠮᠵᠢᠲᠤ ᠨᠥᠬᠥᠴᠡᠯ ᠪᠠᠶᠢᠬᠤ᠃ ᠬᠠᠷᠢᠨ ᠥᠨᠳᠥᠷ ᠬᠥᠭᠵᠢᠭᠰᠡᠨ ᠰᠡᠳᠬᠢᠬᠦᠢ ᠲᠡᠢ ᠳᠡᠭᠡᠳᠦ ᠲᠥᠷᠥᠯᠲᠡᠨ ᠬᠥᠮᠥᠨ ᠦᠷ᠎ᠡ ᠤᠳᠤᠮ ᠢᠶᠠᠨ ᠥᠪᠯᠡᠨ ᠦᠯᠡᠳᠡᠭᠡᠨ᠎ᠡ ᠭᠡᠳᠡᠭ ᠪᠠᠬᠠᠷᠬᠠᠯ᠂ ᠠᠮᠢᠳᠤᠷᠠᠬᠤᠢ ᠶᠢᠨ ᠪᠠᠶᠠᠰᠬᠤᠯᠠᠩ ᠪᠠᠶᠢᠬᠤ ᠡ᠃ ᠨᠢᠯᠬ᠎ᠠ ᠪᠠᠯᠴᠢᠷ ᠦᠷ᠎ᠡ ᠪᠡᠨ 《ᠮᠠᠩᠨᠠᠢ ᠳᠡᠭᠡᠷ᠎ᠡ ᠨᠢ ᠦᠨᠦᠰᠦᠭᠡᠳ ᠁ ᠦᠨᠦᠷᠯᠡᠵᠦ ᠦᠨᠦᠰᠦᠭᠡᠳ ᠁ ᠵᠤᠯᠠᠢ ᠳᠡᠭᠡᠷ᠎ᠡ ᠨᠢ ᠦᠨᠦᠰᠦᠭᠡᠳ ᠭᠠᠷᠬᠤᠯᠠᠷ ᠮᠢᠨᠦ ᠠᠵᠢᠯ ᠳᠣᠣᠷ᠎ᠠ ᠪᠠᠨ ᠪᠦᠲᠦᠬᠦ ᠶᠤᠮ᠃ ᠠᠵᠢᠯ ᠦᠢᠯᠡᠰ ᠨᠢ ᠠᠮᠵᠢᠭᠠᠳ ᠢᠷᠡᠬᠦ ᠶᠤᠮ᠃ ᠵᠣᠷᠢᠭᠰᠠᠨ ᠬᠡᠷᠡᠭ ᠪᠦᠲᠦᠭᠡᠳ ᠢᠷᠡᠬᠦ ᠶᠤᠮ》 ᠭᠡᠰᠡᠨ ᠰᠠᠨᠠᠭ᠎ᠠ ᠤᠷᠢᠳᠤ ᠡᠮᠦᠨ᠎ᠡ ᠮᠢᠨᠦ ᠬᠤᠪᠢ ᠳᠤ ᠤᠩᠰᠢᠭ᠎ᠠ ᠦᠭᠡᠢ ᠣᠯᠵᠤ ᠦᠵᠡᠭᠡ ᠦᠭᠡᠢ ᠣᠯᠵᠠᠭᠤᠷᠬᠠᠬᠤ ᠠᠴᠠ ᠠᠷᠭ᠎ᠠ ᠦᠭᠡᠢ ᠰᠠᠨᠠᠭ᠎ᠠ ᠶᠤᠮ᠃ ᠡᠨᠡ ᠪᠣᠯ ᠦᠷ᠎ᠡ ᠬᠡᠦᠬᠡᠳ ᠢᠶᠡᠷ ᠢᠶᠡᠨ ᠪᠠᠬᠠᠷᠬᠠᠭᠰᠠᠨ ᠡᠴᠢᠭᠡ ᠡᠬᠡ ᠶᠢᠨ ᠨᠠᠨᠳᠢᠨ ᠰᠡᠳᠬᠢᠯ᠃ ᠨᠥᠭᠥᠭᠡ ᠲᠠᠯ᠎ᠠ ᠪᠠᠷ ᠬᠥᠮᠥᠨ ᠲᠥᠷᠥᠯᠬᠢᠲᠡᠨ ᠦᠷ᠎ᠡ ᠬᠡᠦᠬᠡᠳ ᠲᠡᠢ ᠪᠣᠯᠤᠭᠰᠠᠨ ᠴᠠᠭ ᠲᠤ ᠭᠣᠣᠯ ᠦᠢᠯᠡᠰ ᠵᠣᠷᠢᠯᠭ᠎ᠠ ᠪᠦᠲᠦᠳᠡᠭ ᠭᠡᠰᠡᠨ ᠰᠠᠨᠠᠭᠠᠨ ᠤ ᠢᠯᠡᠷᠬᠡᠶᠢᠯᠡᠯ ᠪᠤᠶᠤ᠃ ᠡᠬᠢᠨ ᠡᠴᠡ ᠪᠡᠨ ᠠᠪᠤᠭᠠᠳ ᠳᠠᠭᠤᠰᠲᠠᠯ᠎ᠠ ᠪᠠᠨ ᠨᠡᠪᠲᠡ ᠭᠠᠷᠤᠭᠰᠠᠨ ᠰᠠᠨᠠᠭ᠎ᠠ ᠲᠠᠢ ᠰᠢᠯᠦᠭ ᠴᠢᠬᠤᠯᠠ ᠭᠡᠵᠦ ᠶᠠᠷᠢᠳᠠᠭ᠃ ᠡᠨᠡ ᠪᠣᠯ ᠲᠡᠶᠢᠮᠦ ᠨᠢᠭᠡ ᠭᠣᠣᠯ ᠰᠠᠨᠠᠭ᠎ᠠ ᠪᠠᠨ ᠪᠠᠳᠠᠭ ᠪᠦᠷᠢ ᠳᠦ ᠯᠠᠪᠰᠢᠷᠠᠭᠤᠯᠤᠨ ᠳᠠᠪᠲᠠᠵᠤ ᠳᠡᠯᠭᠡᠷᠡᠭᠦᠯᠦᠭᠰᠡᠨ ᠰᠢᠯᠦᠭ ᠭᠡᠵᠦ ᠪᠣᠯᠬᠤᠶᠢᠴᠠ ᠮᠡᠲᠦ᠃ ᠪᠠᠶᠠᠷ ᠪᠠᠶᠠᠰᠬᠤᠯᠠᠩ ᠲᠠᠢ ᠢᠨᠢᠶᠡᠵᠦ ᠮᠥᠰᠢᠶᠡᠨ ᠲᠣᠷᠨᠢᠵᠤ ᠪᠤᠢ ᠦᠷ᠎ᠡ ᠬᠡᠦᠬᠡᠳ ᠪᠣᠯ ᠵᠥᠪᠬᠡᠨ ᠡᠴᠢᠭᠡ ᠡᠬᠡ ᠶᠢᠨ ᠠᠵᠢᠯ ᠦᠢᠯᠡᠰ ᠪᠦᠲᠦᠵᠦ ᠪᠤᠢ ᠶᠢᠨ ᠪᠡᠯᠭᠡᠳᠡᠯ ᠲᠡᠳᠦᠢ ᠪᠡᠷ ᠬᠢᠵᠠᠭᠠᠷᠯᠠᠬᠤ ᠵᠦᠢᠯ ᠪᠢᠰᠢ᠃ ᠡᠩᠬᠡ ᠲᠤᠩᠬ᠎ᠠ ᠥᠰᠴᠦ ᠪᠠᠶᠠᠷ ᠪᠠᠶᠠᠰᠤᠯ ᠢᠶᠠᠷ ᠳᠦᠭᠦᠷᠡᠩ ᠰᠤᠷᠬᠤ ᠬᠦᠮᠦᠵᠢᠬᠦ ᠬᠥᠳᠡᠯᠮᠦᠷᠢ ᠪᠡᠷ ᠢᠶᠡᠨ ᠰᠡᠳᠬᠢᠯ ᠳᠦᠭᠦᠷᠡᠩ ᠪᠤᠢ ᠦᠷ᠎ᠡ ᠬᠡᠦᠬᠡᠳ ᠮᠢᠨᠢ ᠮᠣᠩᠭᠣᠯ ᠡᠬᠡ ᠣᠷᠣᠨ ᠤ ᠢᠷᠡᠭᠡᠳᠦᠢ ᠥᠷᠨᠢᠭᠦᠨ ᠳᠡᠪᠵᠢᠨ ᠳᠡᠭᠡᠭᠰᠢᠯᠡᠬᠦ ᠶᠢᠨ ᠪᠡᠯᠭᠡᠳᠡᠯ ᠶᠤᠮ᠃ ᠡᠶᠢᠮᠦ ᠰᠢᠯᠦᠭ ᠢ ᠪᠣᠯ ᠰᠡᠳᠬᠢᠯ ᠢᠶᠡᠷ ᠢᠶᠡᠨ ᠪᠢᠴᠢᠵᠡᠢ᠂ ᠪᠣᠳᠣᠵᠤ ᠲᠤᠩᠭᠠᠵᠤ ᠲᠤᠭᠤᠷᠪᠢᠵᠠᠢ ᠭᠡᠮᠡᠷ ᠪᠠᠶᠢᠨ᠎ᠠ᠃ ᠬᠠᠷᠢᠨ ᠣᠳᠣ ᠪᠣᠯ ᠮᠠᠨ ᠤ ᠵᠠᠯᠠᠭᠤ ᠦᠶ᠎ᠡ ᠶᠢᠨ ᠬᠢᠨ ᠦ ᠶᠡᠬᠡᠩᠬᠢ ᠰᠢᠯᠦᠭ ᠨᠡᠪᠲᠡ ᠭᠠᠷᠤᠭᠰᠠᠨ ᠰᠠᠨᠠᠭ᠎ᠠ ᠦᠭᠡᠢ᠂ ᠵᠦᠢᠮᠡᠯ ᠥᠮᠪᠢᠢ ᠴᠥᠮᠪᠢᠢ᠂ ᠭᠣᠶᠣ ᠦᠭᠡ ᠪᠡᠷ ᠶᠢᠯᠸᠢᠳᠡᠬᠦ ᠭᠡᠰᠡᠨ ᠬᠡᠰᠡᠭ ᠪᠤᠰᠠᠭ ᠬᠣᠯᠪᠣᠭᠠᠰᠤ ᠶᠢᠨ ᠴᠤᠭᠯᠠᠭᠤᠯᠭ᠎ᠠ ᠮᠡᠲᠦ᠃ ᠲᠡᠭᠦᠨ ᠢᠶᠡᠨ ᠴᠤ ᠪᠠᠬᠠᠳᠤᠭᠠᠳ ᠮᠠᠭᠲᠠᠭᠠᠳ ᠪᠠᠶᠢᠬᠤ ᠰᠢᠭ᠃ ᠲᠡᠭᠡᠭᠡᠳ ᠰᠢᠯᠦᠭ ᠢᠶᠡᠨ ᠮᠡᠳᠡᠷᠡᠬᠦᠢ ᠪᠡᠷ ᠪᠢᠴᠢᠳᠡᠭ ᠭᠡᠬᠦ ᠶᠤᠮ᠃ ᠮᠡᠳᠡᠷᠡᠬᠦᠢ ᠪᠡᠷ ᠪᠢᠴᠢᠨ᠎ᠡ ᠭᠡᠳᠡᠭ ᠨᠡᠪᠲᠡ ᠭᠠᠷᠤᠭᠰᠠᠨ ᠰᠠᠨᠠᠭ᠎ᠠ ᠦᠭᠡᠢ ᠭᠡᠰᠡᠨ ᠮᠡᠲᠦ᠃ ᠮᠡᠳᠡᠷᠡᠬᠦᠢ ᠪᠡᠷ ᠭᠡᠳᠡᠭ ᠨᠢ ᠰᠠᠨᠠᠭᠠᠨ ᠳᠤ ᠪᠠᠨ ᠣᠷᠣᠭᠰᠠᠨ ᠢ ᠲᠠᠲᠠᠯᠭᠠᠭᠠᠳ ᠲᠤᠭᠠᠴᠢᠭᠠᠳ ᠣᠷᠬᠢᠨ᠎ᠠ ᠭᠡᠰᠡᠨ ᠮᠡᠲᠦ᠃ ᠰᠠᠨᠠᠭᠠᠨ ᠳᠤ ᠪᠠᠨ ᠣᠷᠣᠭᠰᠠᠨ ᠢ ᠲᠤᠭᠠᠴᠢᠭᠠᠳ ᠣᠷᠬᠢᠬᠤ ᠪᠠᠷ ᠬᠠᠵᠠᠭᠠᠢ ᠮᠤᠷᠤᠢ᠂ ᠳᠣᠭᠣᠯᠠᠩ ᠭᠢᠰᠭᠢᠭᠰᠡᠨ ᠮᠡᠲᠦ ᠮᠥᠷ ᠦᠯᠡᠳᠡᠮᠡᠷ᠃ ᠮᠡᠳᠡᠷᠡᠬᠦᠢ ᠪᠡᠷ ᠢᠶᠡᠨ ᠪᠢᠴᠢᠵᠦ ᠪᠣᠯᠤᠨ᠎ᠠ ᠯᠠ ᠳ᠋ᠠ᠃ ᠲᠡᠭᠦᠨ ᠢ ᠪᠡᠨ ᠬᠠᠷᠢᠴᠠᠩᠭᠤᠢ ᠪᠠᠷ ᠤᠳᠠᠭᠠᠨ ᠬᠤᠭᠤᠴᠠᠭᠠᠨ ᠳᠤ ᠡᠷᠭᠢᠵᠦ ᠬᠠᠷᠠᠨ ᠵᠠᠰᠠᠵᠤ ᠪᠢᠯᠡᠭᠦᠳᠡᠨ ᠰᠡᠳᠬᠢᠯ ᠢᠶᠡᠨ ᠰᠢᠩᠭᠡᠭᠡᠨ ᠴᠡᠭᠴᠡᠯᠡᠪᠡᠯ ᠠᠶᠠᠲᠠᠶᠢᠬᠠᠨ ᠪᠦᠲᠦᠭᠡᠯ ᠪᠣᠯᠬᠤ ᠪᠣᠯᠪᠠ ᠤᠤ᠃ ᠬᠠᠷᠠᠮᠰᠠᠯᠲᠠᠢ ᠨᠢ ᠮᠡᠳᠡᠷᠡᠬᠦᠢ ᠭᠡᠭᠴᠢ ᠪᠡᠷ ᠢᠶᠡᠨ ᠲᠤᠭᠠᠴᠢᠭᠰᠠᠨ ᠰᠢᠯᠦᠭ ᠡᠵᠡᠨ ᠢᠶᠡᠨ ᠪᠣᠯᠤᠨ ᠳᠠᠷᠪᠢᠭᠴᠢᠳ ᠢᠶᠠᠨ ᠨᠢᠭᠡ ᠤᠳᠠᠭ᠎ᠠ ᠪᠠᠬᠠᠷᠬᠠᠭᠤᠯᠬᠤ ᠠᠴᠠ ᠪᠤᠰᠤ ᠤᠷᠲᠤ ᠤᠳᠠᠭᠠᠨ ᠨᠠᠰᠤᠯᠠᠬᠤ ᠦᠭᠡᠢ ᠪᠣᠯᠪᠠ ᠤᠤ᠃ 《ᠲᠤᠰᠠᠭᠠᠷ ᠲᠣᠭᠲᠠᠨᠢᠯ》᠂ 《ᠪᠢ ᠬᠠᠮᠢᠭ᠎ᠠ ᠪᠡᠨ ᠲᠥᠷᠥᠭᠡ ᠪᠤᠢ》᠂ 《ᠶᠢᠰᠦᠨ ᠡᠷᠳᠡᠨᠢ ᠶᠢᠨ ᠣᠷᠣᠨ》 ᠵᠡᠷᠭᠡ ᠣᠯᠠᠨ ᠠᠯᠳᠠᠷᠲᠤ ᠪᠦᠲᠦᠭᠡᠯ ᠦᠳ ᠴᠢᠨᠢ ᠰᠡᠳᠬᠢᠵᠦ ᠪᠣᠳᠣᠵᠤ ᠲᠤᠭᠤᠷᠪᠢᠭᠰᠠᠨ ᠢᠷᠭᠡᠨ ᠦ ᠤᠶᠠᠩᠭ᠎ᠠ ᠰᠢᠦ ᠳ᠋ᠡ᠃ ᠲᠡᠶᠢᠮᠦ ᠡᠴᠡ ᠤᠷᠲᠤ ᠨᠠᠰᠤ ᠲᠠᠢ ᠤᠳᠠᠭᠠᠨ ᠵᠢᠷᠭᠠᠯ ᠢ ᠡᠳ᠋ᠯᠡᠬᠦ ᠮᠡᠲᠦ ᠪᠠᠶᠠᠷ ᠶᠣᠰᠣᠯᠠᠯ ᠤᠨ ᠦᠶ᠎ᠡ ᠪᠡᠷ ᠵᠢᠷᠤᠭᠲᠤ ᠪᠣᠯᠤᠨ ᠷᠠᠳᠢᠣ᠋ ᠪᠡᠷ ᠤᠷᠠᠨ ᠤᠩᠰᠢᠭᠴᠢᠳ ᠪᠠᠶᠢᠩᠭᠤ ᠠᠪᠢᠶᠠᠰ ᠴᠢᠳᠠᠪᠤᠷᠢ ᠪᠠᠨ ᠰᠣᠷᠢᠨ ᠳᠠᠭᠤᠷᠢᠰᠬᠠᠨ ᠲᠠᠨᠢᠯᠴᠠᠭᠤᠯᠵᠤ ᠪᠠᠶᠢᠳᠠᠭ᠃ ᠬᠤᠴᠤᠷᠠᠵᠤ ᠭᠦᠢᠴᠡᠭᠰᠡᠨ ᠪᠣᠯᠤᠭᠠᠳ ᠲᠡᠷᠡ ᠦᠦ᠂ ᠮᠠᠨᠢ ᠮᠡᠲᠦ ᠰᠢᠯᠦᠭ ᠢ ᠰᠡᠳᠬᠢᠬᠦᠢ ᠪᠡᠷ᠂ ᠰᠡᠳᠬᠢᠵᠦ ᠵᠠᠰᠠᠵᠤ ᠶᠠᠩᠵᠤᠯᠠᠨ ᠦᠭᠡ ᠶᠢᠨ ᠪᠠᠶᠢᠷᠢᠯᠠᠯ ᠢ ᠣᠯᠵᠤ ᠪᠢᠴᠢᠨ᠎ᠡ ᠭᠡᠵᠦ ᠮᠤᠶᠢᠬᠤᠷᠯᠠᠨ ᠵᠥᠷᠢᠮᠡᠷ ᠪᠠᠶᠢᠬᠤ ᠶᠤᠮ᠃ ᠰᠡᠳᠬᠢᠨ᠎ᠡ ᠭᠡᠳᠡᠭ ᠨᠢ ᠪᠣᠳᠣᠵᠤ ᠴᠡᠭᠴᠡᠯᠡᠨ᠎ᠡ᠂ ᠡᠨᠡ ᠦᠭᠡ ᠶᠢᠨ ᠰᠠᠨᠠᠭ᠎ᠠ ᠶᠢ ᠵᠢᠷ ᠦᠨ ᠠᠷᠠᠳ ᠶᠠᠭᠤ ᠭᠡᠵᠦ ᠬᠡᠯᠡᠳᠡᠭ ᠪᠢᠯᠡ ᠭᠡᠵᠦ ᠡᠷᠢᠵᠦ ᠬᠠᠶᠢᠬᠤ ᠶᠢᠨ ᠨᠡᠷ᠎ᠡ ᠭᠡᠵᠦ ᠮᠤᠩᠬᠠᠭᠯᠠᠬᠤ ᠪᠣᠯᠠᠢ᠃ ᠰ ∙ ᠭᠠᠩᠲᠣᠭᠲᠠᠬᠤ ᠮᠢᠨᠢ ᠴᠢᠨᠠᠭᠰᠢᠳᠠ ᠪᠠᠨ ᠰᠡᠳᠬᠢᠯ ᠢᠶᠡᠨ ᠰᠢᠩᠭᠡᠭᠡᠨ ᠡᠷᠢᠵᠦ ᠬᠠᠶᠢᠵᠤ ᠤᠳᠠᠭᠠᠨ ᠪᠣᠳᠣᠵᠤ ᠪᠣᠯᠪᠠᠰᠤᠷᠠᠭᠤᠯᠤᠨ ᠠᠷᠠᠳ ᠤᠨ ᠢᠶᠠᠨ ᠰᠠᠶᠢᠬᠠᠨ ᠵᠢᠷ ᠦᠨ ᠬᠡᠯᠡ ᠶᠠᠷᠢᠶᠠᠨ ᠤ ᠦᠭᠡ ᠪᠡᠷ ᠣᠯᠠᠨ ᠤᠷᠠᠨ ᠪᠦᠲᠦᠭᠡᠯ ᠢᠶᠡᠨ ᠲᠤᠭᠤᠷᠪᠢᠵᠤ ᠤᠯᠠᠮ ᠶᠡᠬᠡ ᠠᠮᠵᠢᠯᠲᠠ ᠣᠯᠬᠤ ᠶᠢᠨ ᠢᠷᠦᠭᠡᠯ ᠡᠷᠭᠦᠶ᠎ᠡ᠃ ᠪᠠᠰᠠ ᠠᠬᠠᠮᠠᠳ ᠦᠶ᠎ᠡ ᠶᠢᠨ ᠢᠶᠡᠨ ᠰᠠᠶᠢᠬᠠᠨ ᠲᠡᠭᠰᠢ ᠨᠠᠶᠢᠷᠠᠭᠤᠯᠭ᠎ᠠ ᠲᠠᠢ ᠲᠤᠭᠤᠷᠪᠢᠭᠰᠠᠨ ᠨᠣᠮ ᠶᠡᠬᠡ ᠤᠩᠰᠢᠵᠤ ᠠᠵᠢᠭᠯᠠᠵᠤ ᠪᠣᠳᠣᠭᠠᠷᠠᠢ᠃

3        0       

                             13847524386      211429899@qq.com      13847524386   QQ  211429899 蒙ICP备17002503号-1