  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1791583
   1251

ᠣ᠊ ∙ ᠰᠠᠮᠪᠤᠳᠣᠷᠵᠢ᠄ ᠯᠠᠲ᠋ᠢᠨ ᠦᠰᠦᠭ ᠢ ᠬᠡᠷᠡᠭᠯᠡᠵᠦ ᠪᠣᠯᠬᠤ ᠴᠤ ᠠᠯᠪᠠᠨ ᠶᠣᠰᠣᠭᠠᠷ ᠠᠰᠢᠭᠯᠠᠨ᠎ᠠ ᠭᠡᠰᠡᠨ ᠦᠭᠡ ᠪᠢᠰᠢ

ᠣ᠊ ∙ ᠰᠠᠮᠪᠤᠳᠣᠷᠵᠢ᠄ ᠯᠠᠲ᠋ᠢᠨ ᠦᠰᠦᠭ ᠢ ᠬᠡᠷᠡᠭᠯᠡᠵᠦ ᠪᠣᠯᠬᠤ ᠴᠤ ᠠᠯᠪᠠᠨ ᠶᠣᠰᠣᠭᠠᠷ ᠠᠰᠢᠭᠯᠠᠨ᠎ᠠ ᠭᠡᠰᠡᠨ ᠦᠭᠡ ᠪᠢᠰᠢ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠲᠡᠷᠢᠭᠦᠯᠡᠬᠦ ᠠᠵᠢᠯᠲᠠᠨ ᠳ᠋ᠣᠺᠲ᠋ᠣᠷ᠂ ᠫᠷᠣᠹᠹᠧᠰᠣᠷ ᠣ᠊ ∙ ᠰᠠᠮᠪᠤᠳᠣᠷᠵᠢ ᠲᠠᠢ ᠮᠣᠩᠭᠣᠯ ᠬᠡᠯᠡ ᠳ᠋ᠡᠬᠢ ᠯᠠᠲ᠋ᠢᠨ ᠦᠰᠦᠭ ᠦᠨ ᠬᠡᠷᠡᠭᠯᠡᠭᠡᠨ ᠦ ᠲᠠᠯ᠎ᠠ ᠪᠠᠷ ᠶᠠᠷᠢᠯᠴᠠᠯ᠎ᠠ᠃
        4682     
2018-12-29 09:25    
发表于:内蒙古
ᠣ᠊ ∙ ᠰᠠᠮᠪᠤᠳᠣᠷᠵᠢ᠄ ᠯᠠᠲ᠋ᠢᠨ ᠦᠰᠦᠭ ᠢ ᠬᠡᠷᠡᠭᠯᠡᠵᠦ ᠪᠣᠯᠬᠤ ᠴᠤ ᠠᠯᠪᠠᠨ ᠶᠣᠰᠣᠭᠠᠷ ᠠᠰᠢᠭᠯᠠᠨ᠎ᠠ ᠭᠡᠰᠡᠨ ᠦᠭᠡ ᠪᠢᠰᠢ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠲᠡᠷᠢᠭᠦᠯᠡᠬᠦ ᠠᠵᠢᠯᠲᠠᠨ ᠳ᠋ᠣᠺᠲ᠋ᠣᠷ᠂ ᠫᠷᠣᠹᠹᠧᠰᠣᠷ ᠣ᠊ ∙ ᠰᠠᠮᠪᠤᠳᠣᠷᠵᠢ ᠲᠠᠢ ᠮᠣᠩᠭᠣᠯ ᠬᠡᠯᠡ ᠳ᠋ᠡᠬᠢ ᠯᠠᠲ᠋ᠢᠨ ᠦᠰᠦᠭ ᠦᠨ ᠬᠡᠷᠡᠭᠯᠡᠭᠡᠨ ᠦ ᠲᠠᠯ᠎ᠠ ᠪᠠᠷ ᠶᠠᠷᠢᠯᠴᠠᠯ᠎ᠠ᠃ — ᠮᠣᠩᠭᠣᠯ ᠬᠡᠯᠡ ᠪᠢᠴᠢᠭ ᠲᠦ ᠯᠠᠲ᠋ᠢᠨ ᠦᠰᠦᠭ ᠦᠨ ᠬᠡᠷᠡᠭᠯᠡᠭᠡ ᠨᠡᠮᠡᠭᠳᠡᠵᠦ ᠪᠠᠶᠢᠭ᠎ᠠ᠃ ᠺᠢᠷᠢᠯ ᠦᠰᠦᠭ ᠲᠡᠢ ᠯᠠᠲ᠋ᠢᠨ ᠦᠰᠦᠭ ᠢ ᠬᠣᠯᠢᠵᠤ ᠬᠡᠷᠡᠭᠯᠡᠬᠦ ᠪᠣᠯᠤᠮᠵᠢ ᠪᠠᠶᠢᠭ᠎ᠠ ᠤᠤ᠃ ᠡᠨᠡ ᠲᠠᠯ᠎ᠠ ᠪᠠᠷ ᠬᠢᠭᠰᠡᠨ ᠰᠤᠳᠤᠯᠭᠠᠨ ᠤ ᠠᠵᠢᠯ ᠪᠠᠶᠢᠳᠠᠭ ᠤᠤ︖ — ᠮᠣᠩᠭᠣᠯᠴᠤᠳ ᠤᠨ ᠰᠤᠶᠤᠯ ᠳᠤ ᠪᠢᠴᠢᠭ ᠦᠰᠦᠭ ᠦᠨ ᠬᠡᠷᠡᠭᠯᠡᠭᠡ ᠶᠡᠬᠡᠬᠡᠨ ᠡᠭᠦᠷᠭᠡ ᠭᠦᠢᠴᠡᠳᠭᠡᠵᠦ ᠢᠷᠡᠭᠰᠡᠨ᠃ ᠣᠳᠣ ᠦᠶ᠎ᠡ ᠳᠦ ᠯᠠᠲ᠋ᠢᠨ ᠦᠰᠦᠭ ᠦᠨ ᠬᠡᠷᠡᠭᠯᠡᠭᠡ ᠴᠤ ᠶᠡᠬᠡᠬᠡᠨ ᠡᠭᠦᠷᠭᠡ ᠭᠦᠢᠴᠡᠳᠭᠡᠵᠦ ᠪᠠᠶᠢᠨ᠎ᠠ᠃ ᠲᠡᠷᠡ ᠳᠤᠮᠳᠠ ᠪᠠᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠬᠥᠭᠵᠢᠯ᠂ ᠬᠤᠪᠢᠰᠤᠯ ᠢ ᠳᠠᠭᠠᠭᠠᠳ ᠯᠠᠲ᠋ᠢᠨ ᠦᠰᠦᠭ ᠦᠨ ᠬᠡᠷᠡᠭᠯᠡᠭᠡ ᠨᠡᠮᠡᠭᠳᠡᠵᠦ ᠪᠠᠶᠢᠭ᠎ᠠ ᠨᠢ ᠦᠨᠡᠨ᠃ ᠭᠡᠬᠦ ᠳᠦ ᠪᠡᠨ ᠺᠢᠷᠢᠯ ᠦᠰᠦᠭ ᠢ ᠯᠠᠲ᠋ᠢᠨ ᠦᠰᠦᠭ ᠲᠡᠢ ᠬᠣᠯᠢᠵᠤ ᠬᠡᠷᠡᠭᠯᠡᠨ᠎ᠡ ᠭᠡᠰᠡᠨ ᠣᠶᠢᠯᠠᠭᠠᠯᠲᠠ ᠶᠢ ᠪᠤᠷᠤᠭᠤ ᠭᠡᠵᠦ ᠪᠣᠯᠤᠨ᠎ᠠ᠃ ᠥᠭᠡᠷ᠎ᠡ ᠪᠡᠷ ᠬᠡᠯᠡᠪᠡᠯ ᠪᠢᠳᠡᠨ ᠦ ᠬᠡᠷᠡᠭᠯᠡᠵᠦ ᠪᠤᠢ ᠺᠢᠷᠢᠯ ᠦᠰᠦᠭ ᠲᠡᠢ ᠵᠡᠷᠭᠡᠴᠡᠭᠦᠯᠦᠭᠡᠳ ᠲᠤᠰᠬᠠᠢ ᠨᠡᠷ᠎ᠡ ᠲᠣᠮᠢᠶ᠎ᠠ ᠶᠢ ᠲᠡᠮᠳᠡᠭᠯᠡᠬᠦ ᠵᠣᠷᠢᠯᠭ᠎ᠠ ᠪᠠᠷ ᠬᠡᠷᠡᠭᠯᠡᠵᠦ ᠪᠣᠯᠤᠨ᠎ᠠ᠃ ᠲᠡᠭᠦᠨ ᠡᠴᠡ ᠪᠢᠰᠢ ᠲᠤᠬᠠᠢ ᠶᠢᠨ ᠦᠭᠡ ᠵᠠᠷᠢᠮ ᠦᠶ᠎ᠡ ᠳᠦ ᠺᠢᠷᠢᠯ ᠦᠰᠦᠭ ᠢᠶᠡᠷ᠂ ᠵᠠᠷᠢᠮ ᠦᠶ᠎ᠡ ᠳᠦ ᠯᠠᠲ᠋ᠢᠨ ᠦᠰᠦᠭ ᠢᠶᠡᠷ ᠪᠢᠴᠢᠭᠡᠳ ᠪᠠᠶᠢᠵᠤ ᠪᠣᠯᠬᠤ ᠦᠭᠡᠢ᠃ ᠶᠡᠷᠦ ᠨᠢ ᠠᠯᠢᠪᠠ ᠦᠰᠦᠭ ᠦᠨ ᠬᠡᠷᠡᠭᠯᠡᠭᠡᠨ ᠦ ᠠᠰᠠᠭᠤᠳᠠᠯ ᠢ ᠲᠥᠷᠥ ᠵᠠᠰᠠᠭ ᠤᠨ ᠬᠡᠮᠵᠢᠶᠡᠨ ᠳᠦ ᠬᠠᠤᠯᠢ ᠵᠢᠷᠤᠮ ᠭᠠᠷᠭᠠᠭ᠎ᠠ ᠦᠭᠡᠢ ᠯᠠ ᠪᠣᠯ ᠶᠠᠩᠵᠤ ᠪᠦᠷᠢ ᠶᠢᠨ ᠦᠰᠦᠭ ᠢ ᠬᠣᠯᠢᠵᠤ ᠬᠡᠷᠡᠭᠯᠡᠬᠦ ᠶᠤᠮ ᠪᠣᠯ ᠰᠤᠶᠤᠯ ᠤᠨ ᠤᠯᠠᠮᠵᠢᠯᠠᠯ᠂ ᠦᠨᠳᠦᠰᠦᠨ ᠦ ᠡᠷᠬᠡ ᠠᠰᠢᠭ ᠲᠤ ᠨᠡᠶᠢᠴᠡᠬᠦ ᠦᠭᠡᠢ ᠶᠤᠮ᠃ ᠵᠠᠷᠢᠮ ᠤᠯᠤᠰ ᠣᠷᠣᠨ ᠳᠤ ᠬᠣᠣᠰ ᠪᠢᠴᠢᠭ ᠶᠤᠮ ᠤᠤ ᠬᠡᠳᠦ ᠬᠡᠳᠦᠨ ᠦᠰᠦᠭ ᠢ ᠵᠡᠷᠭᠡᠴᠡᠭᠦᠯᠦᠨ ᠬᠡᠷᠡᠭᠯᠡᠬᠦ ᠲᠣᠬᠢᠶᠠᠯᠳᠤᠯ ᠪᠠᠶᠢᠳᠠᠭ᠃ ᠡᠨᠡ ᠣᠶᠢᠯᠠᠭᠠᠯᠲᠠ ᠪᠣᠯ ᠪᠢᠴᠢᠭ ᠦᠰᠦᠭ ᠢ ᠬᠣᠯᠢᠵᠤ ᠬᠡᠷᠡᠭᠯᠡᠬᠦ ᠭᠡᠳᠡᠭ ᠣᠶᠢᠯᠠᠭᠠᠯᠲᠠ ᠠᠴᠠ ᠥᠭᠡᠷ᠎ᠡ ᠭᠡᠵᠦ ᠪᠣᠯᠤᠨ᠎ᠠ᠃ ᠮᠠᠨ ᠤ ᠤᠯᠤᠰ ᠤᠨ ᠬᠤᠪᠢ ᠳᠤ ᠤᠯᠠᠮᠵᠢᠯᠠᠯᠲᠤ ᠮᠣᠩᠭᠣᠯ ᠪᠢᠴᠢᠭ ᠪᠣᠯᠤᠨ ᠺᠢᠷᠢᠯ ᠪᠢᠴᠢᠭ ᠢ ᠵᠡᠷᠭᠡᠴᠡᠭᠦᠯᠦᠨ ᠬᠡᠷᠡᠭᠯᠡᠵᠦ ᠪᠠᠶᠢᠭ᠎ᠠ᠃ ᠭᠡᠬᠦ ᠳᠦ ᠪᠡᠨ ᠡᠮᠦᠨ᠎ᠡ ᠦᠭᠦᠯᠡᠭᠰᠡᠨ ᠢᠶᠡᠷ ᠲᠤᠬᠠᠢ ᠶᠢᠨ ᠡᠬᠡ ᠶᠢ ᠪᠢᠴᠢᠬᠦ ᠳᠦ ᠪᠡᠨ ᠤᠯᠠᠮᠵᠢᠯᠠᠯᠲᠤ ᠮᠣᠩᠭᠣᠯ ᠪᠢᠴᠢᠭ ᠪᠣᠯᠤᠨ ᠺᠢᠷᠢᠯ ᠦᠰᠦᠭ ᠦᠨ ᠠᠯᠢ ᠠᠯᠢᠨ ᠢᠶᠠᠷ ᠬᠣᠯᠢᠵᠤ ᠪᠢᠴᠢᠳᠡᠭ ᠭᠡᠵᠦ ᠣᠶᠢᠯᠠᠭᠠᠵᠤ ᠪᠣᠯᠬᠤ ᠦᠭᠡᠢ᠃ ᠪᠢᠳᠡ ᠣᠳᠣ ᠵᠠᠷᠢᠮ ᠰᠣᠨᠢᠨ ᠬᠡᠪᠯᠡᠯ ᠢ ᠮᠣᠩᠭᠣᠯ ᠪᠢᠴᠢᠭ ᠢᠶᠡᠷ ᠢᠶᠡᠨ ᠬᠡᠪᠯᠡᠭᠦᠯᠵᠦ ᠪᠠᠶᠢᠭ᠎ᠠ ᠠᠴᠠ ᠭᠠᠳᠠᠨ᠎ᠠ ᠬᠠᠶᠠᠭ᠂ ᠲᠥᠷᠦᠭᠰᠡᠨ ᠦ ᠭᠡᠷᠡᠴᠢᠯᠡᠭᠡ᠂ ᠳ᠋ᠢᠫᠯᠣᠮᠠᠲ ᠬᠠᠷᠢᠯᠴᠠᠭᠠᠨ ᠳᠤ ᠮᠣᠩᠭᠣᠯ ᠪᠢᠴᠢᠭ ᠢᠶᠡᠨ ᠬᠡᠷᠡᠭᠯᠡᠵᠦ ᠪᠠᠶᠢᠨ᠎ᠠ᠃ ᠮᠥᠨ ᠲᠠᠯᠠᠷᠬᠠᠯ ᠤᠨ ᠪᠣᠯᠤᠨ ᠳᠤᠷᠠᠰᠬᠠᠯ ᠤᠨ ᠵᠦᠢᠯ ᠪᠢᠴᠢᠬᠦ ᠳᠦ ᠮᠣᠩᠭᠣᠯ ᠪᠢᠴᠢᠭ ᠢ ᠬᠦᠮᠦᠰ ᠥᠷᠭᠡᠨ ᠬᠡᠷᠡᠭᠯᠡᠵᠦ ᠪᠠᠶᠢᠭ᠎ᠠ ᠶᠢ ᠪᠢᠳᠡ ᠮᠡᠳᠡᠨ᠎ᠡ᠃ ᠡᠭᠦᠨ ᠲᠡᠢ ᠬᠣᠯᠪᠣᠭᠠᠲᠠᠢ ᠮᠣᠩᠭᠣᠯ ᠪᠢᠴᠢᠭ ᠦᠨ ᠤᠷᠠᠨ ᠪᠢᠴᠢᠯᠭᠡ ᠶᠡᠬᠡᠬᠡᠨ ᠬᠥᠭᠵᠢᠵᠦ᠂ ᠡᠨᠡ ᠲᠠᠯ᠎ᠠ ᠶᠢᠨ ᠮᠠᠰᠲ᠋ᠸᠷ ᠤᠳ ᠴᠤ ᠪᠤᠢ ᠪᠣᠯᠤᠭᠠᠳ ᠪᠠᠶᠢᠨ᠎ᠠ᠃ ᠡᠭᠦᠨ ᠡᠴᠡ ᠦᠵᠡᠪᠡᠯ ᠪᠢᠴᠢᠭ ᠦᠰᠦᠭ ᠢ ᠬᠣᠯᠢᠵᠤ ᠬᠡᠷᠡᠭᠯᠡᠨ᠎ᠡ ᠭᠡᠰᠡᠨ ᠣᠶᠢᠯᠠᠭᠠᠯᠲᠠ ᠪᠤᠷᠤᠭᠤ ᠪᠠᠶᠢᠭ᠎ᠠ ᠶᠤᠮ᠃ — ᠲᠡᠭᠡᠬᠦ ᠪᠡᠷ ᠯᠠᠲ᠋ᠢᠨ ᠦᠰᠦᠭ ᠢ ᠰᠢᠨᠵᠢᠯᠡᠬᠦ ᠤᠬᠠᠭᠠᠨ ᠤ ᠵᠣᠷᠢᠯᠭ᠎ᠠ ᠪᠠᠷ ᠪᠣᠯᠤᠨ ᠢᠷᠭᠡᠳ ᠢᠨᠲ᠋ᠧᠷᠨᠡᠲ ᠣᠷᠴᠢᠨ ᠤ ᠬᠡᠷᠡᠭᠯᠡᠭᠡᠨ ᠳᠦ ᠠᠰᠢᠭᠯᠠᠵᠤ ᠪᠣᠯᠤᠨ᠎ᠠ ᠭᠡᠰᠡᠨ ᠦᠭᠡ ᠦᠦ︖ ᠢᠨᠲ᠋ᠧᠷᠨᠡᠲ ᠤᠷᠴᠢᠨ ᠳᠤ ᠯᠠᠲ᠋ᠢᠨ ᠦᠰᠦᠭ ᠢᠶᠡᠷ ᠮᠡᠳᠡᠭᠡᠯᠡᠯ ᠳᠠᠮᠵᠢᠭᠤᠯᠬᠤ ᠳᠤ ᠠᠰᠢᠭᠯᠠᠵᠤ ᠪᠣᠯᠤᠨ᠎ᠠ᠃ ᠲᠡᠭᠦᠨ ᠡᠴᠡ ᠪᠤᠰᠤ ᠠᠯᠪᠠᠨ ᠬᠡᠷᠡᠭᠯᠡᠭᠡᠨ ᠳᠦ ᠬᠡᠷᠡᠭᠯᠡᠨ᠎ᠡ ᠭᠡᠰᠡᠨ ᠦᠭᠡ ᠪᠢᠰᠢ᠃ ᠶᠡᠷᠦ ᠨᠢ ᠮᠣᠩᠭᠣᠯᠴᠤᠳ ᠤᠨ ᠬᠤᠪᠢ ᠳᠤ ᠯᠠᠲ᠋ᠢᠨ ᠦᠰᠦᠭ ᠦᠨ ᠬᠡᠷᠡᠭᠯᠡᠭᠡᠨ ᠦ ᠤᠯᠠᠮᠵᠢᠯᠠᠯ ᠪᠠᠶᠢᠭᠰᠠᠨ ᠤᠤ ᠭᠡᠪᠡᠯ ᠪᠠᠶᠢᠭᠰᠠᠨ᠃ 1920᠂ 30 ᠍ ᠊ᠭᠠᠳ ᠣᠨ ᠳᠤ ᠲᠤᠬᠠᠢ ᠶᠢᠨ ᠦᠶ᠎ᠡ ᠶᠢᠨ ᠨᠡᠶᠢᠭᠡᠮ᠂ ᠤᠯᠤᠰ ᠲᠥᠷᠥ ᠶᠢᠨ ᠰᠢᠯᠲᠠᠭᠠᠨ ᠢᠶᠠᠷ ᠮᠠᠨ ᠤ ᠤᠯᠤᠰ ᠯᠠᠲ᠋ᠢᠨ ᠦᠰᠦᠭ ᠲᠦ ᠰᠢᠯᠵᠢᠬᠦ ᠵᠣᠷᠢᠯᠭ᠎ᠠ ᠴᠤ ᠠᠭᠤᠯᠵᠤ ᠨᠣᠮ᠂ ᠰᠣᠨᠢᠨ ᠴᠤ ᠬᠡᠪᠯᠡᠭᠦᠯᠵᠦ ᠪᠠᠶᠢᠭᠰᠠᠨ᠃ ᠰᠡᠭᠦᠯ ᠦᠨ ᠦᠶ᠎ᠡ ᠳᠦ ᠴᠠᠬᠢᠮ ᠲᠧᠭᠨᠢᠭ ᠦᠨ ᠬᠥᠭᠵᠢᠯᠲᠡᠢ ᠬᠣᠯᠪᠣᠭ᠎ᠠ ᠲᠠᠢ ᠺᠢᠷᠢᠯ ᠦᠰᠦᠭ ᠢᠶᠡᠷ ᠪᠢᠴᠢᠭᠰᠡᠨ ᠦᠭᠡ ᠶᠢ ᠯᠠᠲ᠋ᠢᠨ ᠦᠰᠦᠭ ᠢᠶᠡᠷ᠂ ᠯᠠᠲ᠋ᠢᠨ ᠦᠰᠦᠭ ᠢᠶᠡᠷ ᠪᠢᠴᠢᠭᠰᠡᠨ ᠦᠭᠡ ᠶᠢ ᠺᠢᠷᠢᠯ ᠦᠰᠦᠭ ᠢᠶᠡᠷ ᠪᠢᠴᠢᠬᠦ᠂ ᠡᠰᠡᠪᠡᠯ ᠪᠢᠴᠢᠭᠰᠡᠨ ᠵᠦᠢᠯ ᠢᠶᠡᠨ ᠥᠭᠡᠷ᠎ᠡ ᠥᠭᠡᠷ᠎ᠡ ᠦᠰᠦᠭ ᠤᠷᠤᠭᠤ ᠬᠥᠷᠪᠡᠭᠦᠯᠬᠦ ᠱᠠᠭᠠᠷᠳᠠᠯᠭ᠎ᠠ ᠬᠦᠴᠦᠲᠡᠢ ᠪᠣᠯᠤᠭᠰᠠᠨ᠃ ᠶᠡᠷᠦ ᠨᠢ ᠪᠢᠳᠡ ᠢᠨᠲ᠋ᠧᠷᠨᠡᠲ ᠤᠷᠴᠢᠨ ᠳᠤ ᠮᠡᠳᠡᠭᠡᠯᠡᠯ ᠳᠠᠮᠵᠢᠭᠤᠯᠬᠤ ᠳᠤ ᠪᠠᠨ ᠯᠠᠲ᠋ᠢᠨ ᠦᠰᠦᠭ ᠢ ᠶᠡᠬᠡ ᠪᠡᠷ ᠬᠡᠷᠡᠭᠯᠡᠵᠦ ᠪᠠᠶᠢᠨ᠎ᠠ᠃ ᠡᠨᠡ ᠱᠠᠭᠠᠷᠳᠠᠯᠭ᠎ᠠ ᠶᠢᠨ ᠤᠯᠠᠮ ᠠᠴᠠ 2002 ᠣᠨ ᠠᠴᠠ ᠮᠣᠩᠭᠣᠯ ᠦᠭᠡ ᠶᠢ ᠯᠠᠲ᠋ᠢᠨ ᠦᠰᠦᠭ ᠢᠶᠡᠷ ᠬᠡᠷᠬᠢᠨ ᠪᠢᠴᠢᠬᠦ ᠰᠲ᠋ᠠᠨᠳᠠᠷᠲ ᠢ ᠮᠥᠷᠳᠡᠵᠦ ᠡᠬᠢᠯᠡᠭᠰᠡᠨ ᠪᠢᠯᠡ᠃ ᠡᠶᠢᠮᠦ ᠳᠦ ᠮᠡᠳᠡᠭᠡᠯᠡᠯ ᠦᠨ ᠤᠷᠴᠢᠨ ᠳᠤ ᠯᠠᠲ᠋ᠢᠨ ᠦᠰᠦᠭ ᠢᠶᠡᠷ ᠪᠢᠴᠢᠬᠦ ᠱᠠᠭᠠᠷᠳᠠᠯᠭ᠎ᠠ ᠭᠠᠷᠪᠠᠯ ᠡᠨᠡ ᠰᠲ᠋ᠠᠨᠳᠠᠷᠲ ᠢ ᠬᠡᠷᠡᠭᠯᠡᠵᠦ ᠰᠤᠷᠪᠠᠯ ᠢᠯᠡᠭᠦᠦ ᠰᠠᠶᠢᠨ᠃ ᠮᠢᠨᠦ ᠠᠵᠢᠭᠯᠠᠭᠰᠠᠨ ᠢᠶᠠᠷ ᠯᠠᠲ᠋ᠢᠨ ᠦᠰᠦᠭ ᠦᠨ ᠬᠡᠷᠡᠭᠯᠡᠭᠡᠨ ᠳᠦ ᠬᠦᠮᠦᠰ ᠺᠢᠷᠢᠯ ᠦᠰᠦᠭ ᠦᠨ ᠶᠠ᠂ ᠶᠡ᠂ ᠶᠣ᠂ ᠶᠦ ᠦᠰᠦᠭ ᠢ ᠶᠡᠬᠡᠩᠬᠢ ᠳᠦ ᠪᠡᠨ ᠪᠤᠷᠤᠭᠤ ᠪᠢᠴᠢᠳᠡᠭ᠃ ᠡᠶᠢᠮᠦ ᠳᠦ ᠲᠤᠬᠠᠢ ᠶᠢᠨ ᠦᠶ᠎ᠡ ᠳᠦ ᠦᠰᠦᠭ ᠦᠨ ᠦᠨᠳᠦᠰᠦᠨ ᠭᠡᠶᠢᠭᠦᠯᠦᠭᠴᠢ ᠶᠢ ᠯᠠᠲ᠋ᠢᠨ ᠦᠰᠦᠭ ᠦᠨ 《ᠤ》 ᠭᠡᠶᠢᠭᠦᠯᠦᠭᠴᠢ ᠪᠡᠷ ᠪᠢᠴᠢᠭᠡᠳ ᠲᠡᠭᠦᠨ ᠦ ᠠᠷᠤ ᠠᠴᠠ ᠳᠠᠭᠤᠳᠠᠭᠳᠠᠬᠤ ᠡᠭᠡᠰᠢᠭ ᠢ᠂ ᠬᠡᠷᠪᠡ ᠡᠭᠡᠰᠢᠭ ᠳᠠᠭᠤᠳᠠᠭᠳᠠᠬᠤ ᠦᠭᠡᠢ ᠪᠠᠶᠢᠪᠠᠯ ᠵᠥᠪᠬᠡᠨ 《ᠤ》 ᠭᠡᠶᠢᠭᠦᠯᠦᠭᠴᠢ ᠶᠢ ᠪᠢᠴᠢᠪᠡᠯ ᠢᠯᠡᠭᠦᠦ ᠵᠥᠪ ᠭᠡᠵᠦ ᠪᠣᠯᠤᠨ᠎ᠠ᠃ ᠵᠢᠱᠢᠶᠡᠯᠡᠪᠡᠯ᠂ ᠢᠮᠠᠭ᠎ᠠ᠂ ᠶᠡᠦᠳᠡᠨ᠂ ᠢᠷᠤᠭᠠᠷ᠂ ᠢᠷᠦᠭᠡᠯ᠂ ᠦᠯᠡᠭᠡᠶ᠎ᠡ ᠭᠡᠬᠦ ᠮᠡᠲᠦ ᠦᠭᠡ ᠶᠢ yamaa᠂ yuuden᠂ yorool᠂ yorool᠂ uleey ᠭᠡᠵᠦ ᠪᠢᠴᠢᠵᠦ ᠪᠣᠯᠤᠨ᠎ᠠ᠃ ᠡᠨᠡ ᠪᠣᠯ ᠡᠩ ᠦᠨ ᠠᠷᠭ᠎ᠠ᠃ ᠲᠡᠭᠦᠨ ᠡᠴᠡ ᠭᠠᠳᠠᠨ᠎ᠠ ᠺᠣᠮᠫᠢᠶᠦ᠋ᠲ᠋ᠧᠷ ᠦᠨ ᠭᠠᠷ ᠳᠡᠭᠡᠷ᠎ᠡ ᠯᠠᠲ᠋ᠢᠨ ᠥ᠂ ᠦ ᠦᠰᠦᠭ ᠪᠠᠶᠢᠬᠤ ᠦᠭᠡᠢ ᠤᠴᠢᠷ ᠡᠮᠦᠨ᠎ᠡ ᠳᠤᠷᠠᠳᠤᠭᠰᠠᠨ ᠦᠭᠡᠰ ᠦᠨ ᠥ᠂ ᠦ ᠦᠰᠦᠭ ᠢ ᠤ᠂ ᠦ ᠦᠰᠦᠭ ᠲᠡᠢ ᠠᠳᠠᠯᠢ ᠪᠢᠴᠢᠭᠡᠳ ᠤᠳᠬ᠎ᠠ ᠢᠯᠭᠠᠨ ᠤᠩᠰᠢᠵᠤ ᠪᠣᠯᠬᠤ ᠠᠴᠠ ᠭᠠᠳᠠᠨ᠎ᠠ ᠥ᠂ ᠦ ᠦᠰᠦᠭ ᠦᠨ ᠳᠠᠷᠠᠭ᠎ᠠ ᠵᠠᠷᠲᠢᠭ ᠲᠠᠯᠪᠢᠵᠤ᠂ ᠶᠡᠦᠳᠡᠨ᠂ ᠢᠷᠦᠭᠡᠯ᠂ ᠦᠯᠡᠭᠡᠶ᠎ᠡ ᠭᠡᠬᠦ ᠦᠭᠡᠰ ᠢ yu’uden᠂ yo’rool᠂ u’leey ᠭᠡᠵᠦ ᠪᠢᠴᠢᠵᠦ ᠪᠣᠯᠳᠠᠭ᠃ ᠪᠠᠰᠠ ᠪᠢᠴᠢᠬᠦ ᠠᠷᠭ᠎ᠠ ᠪᠠᠨ ᠬᠥᠩᠭᠡᠪᠴᠢᠯᠡᠭᠡᠳ ᠣᠯᠠᠨ ᠣᠷᠣᠨ ᠳᠤ ᠪᠠᠶᠢᠳᠠᠭ ᠰᠢᠭ ᠦᠭᠡ ᠶᠢᠨ ᠡᠬᠢᠨ ᠳᠦ ᠥ ᠦᠰᠦᠭ ᠢ ᠶᠣ ᠭᠡᠵᠦ᠂ ᠦ ᠦᠰᠦᠭ ᠢ ᠶᠡu ᠭᠡᠵᠦ ᠪᠢᠴᠢᠭᠡᠳ ᠳᠠᠷᠠᠭ᠎ᠠ ᠦᠶ᠎ᠡ ᠶᠢᠨ ᠦᠰᠦᠭ ᠢ ᠢᠩᠭᠢᠵᠦ ᠪᠢᠴᠢᠯ ᠦᠭᠡᠢ o᠂ u ᠭᠡᠵᠦ ᠪᠢᠴᠢᠵᠦ ᠪᠣᠯᠤᠨ᠎ᠠ᠃ ᠲᠡᠭᠦᠨᠴᠢᠯᠡᠨ ᠺᠢᠷᠢᠯ ᠦᠰᠦᠭ ᠦᠨ ᠵᠥᠭᠡᠯᠡᠨ ᠦ ᠲᠡᠮᠳᠡᠭ ᠪᠣᠯᠤᠨ ᠢ᠂ ᠢ ᠦᠰᠦᠭ ᠢ ᠯᠠᠲ᠋ᠢᠨ ᠦᠰᠦᠭ ᠢᠶᠡᠷ ᠪᠢᠴᠢᠬᠦ ᠳᠦ ᠪᠡᠨ ᠵᠥᠪᠬᠡᠨ i ᠦᠰᠦᠭ ᠢᠶᠡᠷ ᠪᠢᠴᠢᠵᠦ ᠪᠣᠯᠤᠨ᠎ᠠ᠃ — ᠮᠣᠩᠭᠣᠯ ᠬᠡᠯᠡᠨ ᠦ ᠳᠠᠭᠤᠳᠠᠯᠭ᠎ᠠ ᠯᠠᠲ᠋ᠢᠨ ᠦᠰᠦᠭ ᠦᠨ ᠳᠠᠭᠤᠳᠠᠯᠭ᠎ᠠ ᠲᠠᠢ ᠲᠣᠬᠢᠷᠠᠳᠠᠭ ᠤᠤ︖ — ᠮᠣᠩᠭᠣᠯ ᠬᠡᠯᠡᠨ ᠦ ᠳᠠᠭᠤᠳᠠᠯᠭ᠎ᠠ ᠯᠠᠲ᠋ᠢᠨ ᠦᠰᠦᠭ ᠦᠨ ᠳᠠᠭᠤᠳᠠᠯᠭ᠎ᠠ ᠲᠠᠢ ᠲᠣᠬᠢᠷᠠᠳᠠᠭ᠂ ᠲᠣᠬᠢᠷᠠᠳᠠᠭ ᠦᠭᠡᠢ ᠭᠡᠰᠡᠨ ᠶᠠᠷᠢᠶ᠎ᠠ ᠪᠠᠶᠢᠵᠤ ᠪᠣᠯᠬᠤ ᠦᠭᠡᠢ᠃ ᠬᠠᠮᠤᠭ ᠤᠨ ᠭᠣᠣᠯ ᠨᠢ ᠠᠯᠢ ᠴᠤ ᠬᠡᠯᠡᠨ ᠦ ᠠᠪᠢᠶ᠎ᠠ ᠶᠢ ᠪᠣᠯᠵᠣᠮᠠᠯ ᠲᠡᠮᠳᠡᠭ ᠪᠣᠯᠬᠤ ᠦᠰᠦᠭ ᠢᠶᠡᠷ ᠵᠥᠪ ᠲᠡᠮᠳᠡᠭᠯᠡᠵᠦ ᠳᠠᠮᠵᠢᠭᠤᠯᠬᠤ ᠠᠷᠭ᠎ᠠ ᠴᠢᠬᠤᠯᠠ ᠶᠤᠮ᠃ ᠡᠶᠢᠮᠦ ᠳᠦ ᠬᠡᠯᠡ ᠬᠡᠯᠡᠨ ᠳᠦ ᠲᠤᠬᠠᠢ ᠶᠢᠨ ᠬᠡᠯᠡᠨ ᠦ ᠠᠪᠢᠶ᠎ᠠ ᠶᠢ ᠥᠭᠡᠷ᠎ᠡ ᠥᠭᠡᠷ᠎ᠡ ᠲᠡᠮᠳᠡᠭᠲᠦ ᠪᠡᠷ᠂ ᠡᠰᠡᠪᠡᠯ ᠲᠡᠮᠳᠡᠭᠲᠦ ᠨᠦᠭᠦᠳ ᠢ ᠨᠡᠶᠢᠯᠡᠭᠦᠯᠵᠦ ᠲᠡᠮᠳᠡᠭᠯᠡᠬᠦ ᠠᠷᠭ᠎ᠠ ᠨᠡᠯᠢᠶᠡᠳ ᠲᠦᠭᠡᠮᠡᠯ ᠳᠡᠯᠭᠡᠷᠡᠭᠰᠡᠨ ᠪᠠᠶᠢᠳᠠᠭ᠃ ᠡᠶᠢᠮᠦ ᠳᠦ ᠣᠷᠴᠢᠨ ᠴᠠᠭ ᠤᠨ ᠮᠣᠩᠭᠣᠯ ᠬᠡᠯᠡᠨ ᠦ ᠦᠭᠡ ᠶᠢᠨ ᠤᠳᠬ᠎ᠠ ᠢᠯᠭᠠᠬᠤ 50 ᠭᠠᠷᠤᠢ ᠠᠪᠢᠶ᠎ᠠ ᠶᠢ ᠯᠠᠲ᠋ᠢᠨ ᠴᠠᠭᠠᠨ ᠲᠣᠯᠣᠭᠠᠢ ᠶᠢᠨ 26 ᠦᠰᠦᠭ ᠢᠶᠡᠷ ᠶᠠᠭᠠᠬᠢᠵᠤ ᠲᠡᠮᠳᠡᠭᠯᠡᠬᠦ ᠪᠤᠢ ᠭᠡᠳᠡᠭ ᠠᠷᠭ᠎ᠠ ᠴᠢᠬᠤᠯᠠ ᠭᠡᠵᠦ ᠪᠣᠯᠤᠨ᠎ᠠ᠃ ᠪᠢᠳᠡᠨ ᠦ ᠰᠠᠶᠢᠨ ᠮᠡᠳᠡᠬᠦ ᠺᠢᠷᠢᠯ ᠦᠰᠦᠭ ᠦᠨ ᠴᠠᠭᠠᠨ ᠲᠣᠯᠣᠭᠠᠢ ᠶᠢᠨ 35 ᠦᠰᠦᠭ ᠢᠶᠡᠷ ᠣᠷᠴᠢᠨ ᠴᠠᠭ ᠤᠨ ᠮᠣᠩᠭᠣᠯ ᠬᠡᠯᠡᠨ ᠦ ᠦᠭᠡ ᠶᠢᠨ ᠤᠳᠬ᠎ᠠ ᠢᠯᠭᠠᠬᠤ 50 ᠭᠠᠷᠤᠢ ᠠᠪᠢᠶ᠎ᠠ ᠶᠢ ᠲᠡᠮᠳᠡᠭᠯᠡᠬᠦ ᠳᠦ ᠪᠡᠨ ᠤᠷᠲᠤ ᠡᠭᠡᠰᠢᠭ ᠢ ᠳᠠᠪᠬᠤᠷᠯᠠᠵᠤ᠂ ᠬᠣᠣᠰ ᠡᠭᠡᠰᠢᠭ ᠢ ᠪᠢᠴᠢᠬᠦ ᠳᠦ ᠪᠡᠨ ᠦᠨᠳᠦᠰᠦᠨ ᠡᠭᠡᠰᠢᠭ ᠦᠨ ᠳᠠᠷᠠᠭ᠎ᠠ ᠪᠢᠳᠡᠨ ᠦ ᠬᠠᠭᠠᠰ ᠢ ᠭᠡᠵᠦ ᠳᠠᠭᠤᠳᠠᠳᠠᠭ ᠦᠰᠦᠭ ᠢ ᠪᠢᠴᠢᠳᠡᠭ᠃ ᠭᠡᠪᠡᠴᠦ ᠺᠢᠷᠢᠯ ᠦᠰᠦᠭ ᠦᠨ ᠴᠠᠭᠠᠨ ᠲᠣᠯᠣᠭᠠᠢ ᠶᠢᠨ ᠦᠰᠦᠭ ᠢ ᠪᠦᠭᠦᠳᠡ ᠶᠢ ᠠᠪᠬᠤ ᠭᠡᠰᠡᠨ ᠰᠢᠯᠲᠠᠭᠠᠨ ᠢᠶᠠᠷ ᠵᠠᠷᠢᠮ ᠭᠡᠶᠢᠭᠦᠯᠦᠭᠴᠢ ᠦᠰᠦᠭ ᠢ ᠪᠤᠷᠤᠭᠤ ᠣᠨᠣᠭᠠᠭᠰᠠᠨ ᠭᠡᠬᠦ ᠰᠢᠭᠦᠮᠵᠢᠯᠡᠯ ᠪᠠᠶᠢᠳᠠᠭ ᠢ ᠪᠢᠳᠡ ᠮᠡᠳᠡᠨ᠎ᠡ᠃ — ᠲᠠᠨ ᠤ ᠡᠮᠦᠨ᠎ᠡ ᠦᠭᠦᠯᠡᠭᠰᠡᠨ ᠢᠶᠡᠷ ᠯᠠᠲ᠋ᠢᠨ ᠦᠰᠦᠭ ᠦᠨ ᠬᠡᠷᠡᠭᠯᠡᠭᠡ ᠮᠣᠩᠭᠣᠯ ᠤᠯᠤᠰ ᠲᠤ 1930 ᠍ ᠊ᠭᠠᠳ ᠣᠨ ᠠᠴᠠ ᠡᠬᠢᠯᠡᠭᠰᠡᠨ ᠭᠡᠵᠦ ᠣᠶᠢᠯᠠᠭᠠᠵᠤ ᠪᠣᠯᠬᠤ ᠤᠤ︖ — ᠦᠨᠳᠦᠰᠦᠨ ᠳᠦ ᠪᠡᠨ ᠲᠡᠭᠡᠵᠦ ᠣᠶᠢᠯᠠᠭᠠᠵᠤ ᠪᠣᠯᠤᠨ᠎ᠠ᠃ ᠶᠡᠷᠦ ᠨᠢ ᠲᠤᠬᠠᠢ ᠶᠢᠨ ᠦᠶ᠎ᠡ ᠳᠦ ᠵᠥᠪᠯᠡᠯᠲᠦ ᠬᠣᠯᠪᠣᠭᠠᠲᠤ ᠤᠯᠤᠰ ᠤᠨ ᠬᠠᠷᠢᠶᠠᠨ ᠳᠤ ᠪᠠᠶᠢᠭᠰᠠᠨ ᠪᠦᠭᠦᠳᠡ ᠨᠠᠶᠢᠷᠠᠮᠳᠠᠬᠤ ᠤᠯᠤᠰ ᠤᠳ ᠯᠠᠲ᠋ᠢᠨ ᠦᠰᠦᠭ ᠬᠡᠷᠡᠭᠯᠡᠬᠦ ᠵᠣᠷᠢᠯᠭ᠎ᠠ ᠠᠭᠤᠯᠵᠤ ᠪᠠᠶᠢᠭᠰᠠᠨ᠃ ᠮᠠᠨ ᠤ ᠤᠯᠤᠰ ᠲᠤᠬᠠᠢ ᠶᠢᠨ ᠦᠶ᠎ᠡ ᠶᠢᠨ ᠨᠡᠶᠢᠭᠡᠮ᠂ ᠤᠯᠤᠰ ᠲᠥᠷᠥ ᠶᠢᠨ ᠰᠢᠯᠲᠠᠭᠠᠨ ᠢᠶᠠᠷ 1941 ᠣᠨ ᠠᠴᠠ ᠺᠢᠷᠢᠯ ᠦᠰᠦᠭ ᠲᠦ ᠰᠠᠭᠤᠷᠢᠯᠠᠭᠰᠠᠨ ᠪᠢᠴᠢᠭ ᠦᠨ ᠬᠡᠯᠡ ᠶᠢ ᠬᠡᠷᠡᠭᠯᠡᠵᠦ ᠡᠬᠢᠯᠡᠭᠰᠡᠨ᠃ ᠺᠢᠷᠢᠯ ᠦᠰᠦᠭ ᠦᠨ ᠵᠥᠪ ᠪᠢᠴᠢᠬᠦ ᠳᠦᠷᠢᠮ ᠳᠦ ᠵᠠᠷᠢᠮ ᠰᠤᠯᠠ ᠲᠠᠯ᠎ᠠ ᠪᠠᠶᠢᠳᠠᠭ ᠭᠡᠰᠡᠨ ᠴᠤ ᠮᠣᠩᠭᠣᠯᠴᠤᠳ ᠪᠦᠬᠦ ᠨᠡᠶᠢᠲᠡ ᠪᠡᠷ ᠤᠩᠰᠢᠵᠤ ᠪᠢᠴᠢᠵᠦ ᠰᠤᠷᠬᠤ ᠳᠤ ᠲᠡᠦᠬᠡᠨ ᠡᠭᠦᠷᠭᠡ ᠭᠦᠢᠴᠡᠳᠭᠡᠭᠰᠡᠨ ᠭᠡᠵᠦ ᠪᠣᠯᠤᠨ᠎ᠠ᠃ ᠡᠶᠢᠮᠦ ᠳᠦ ᠤᠯᠠᠮᠵᠢᠯᠠᠯᠲᠤ ᠮᠣᠩᠭᠣᠯ ᠪᠢᠴᠢᠭ ᠪᠣᠯᠤᠨ ᠺᠢᠷᠢᠯ ᠪᠢᠴᠢᠭ ᠦᠨ ᠠᠯᠢ ᠠᠯᠢ ᠨᠢ ᠮᠣᠩᠭᠣᠯᠴᠤᠳ ᠤᠨ ᠣᠶᠤᠨ ᠤ ᠰᠤᠶᠤᠯ ᠳᠤ ᠶᠡᠬᠡᠬᠡᠨ ᠡᠭᠦᠷᠭᠡ ᠭᠦᠢᠴᠡᠳᠭᠡᠵᠦ ᠪᠤᠢ ᠪᠢᠴᠢᠭ ᠦᠰᠦᠭ ᠭᠡᠵᠦ ᠣᠶᠢᠯᠠᠭᠠᠵᠤ ᠪᠣᠯᠤᠨ᠎ᠠ᠃ — ᠮᠠᠨ ᠤ ᠤᠯᠤᠰ ᠲᠤ ᠬᠡᠦᠬᠡᠳ ᠢ ᠪᠠᠭ᠎ᠠ ᠠᠴᠠ ᠨᠢ ᠠᠩᠭᠯᠢ᠂ ᠬᠢᠲᠠᠳ ᠭᠡᠬᠦ ᠮᠡᠲᠦ ᠬᠡᠯᠡᠨ ᠦ ᠴᠡᠴᠡᠷᠯᠢᠭ ᠰᠤᠷᠭᠠᠭᠤᠯᠢ ᠳᠤ ᠶᠠᠪᠤᠭᠤᠯᠬᠤ ᠲᠣᠬᠢᠶᠠᠯᠳᠤᠯ ᠪᠠᠶᠢᠨ᠎ᠠ᠃ ᠭᠡᠲᠡᠯ᠎ᠡ ᠲᠤᠬᠠᠢ ᠶᠢᠨ ᠬᠡᠦᠬᠡᠳ ᠮᠣᠩᠭᠣᠯ ᠦᠰᠦᠭ ᠢᠶᠡᠨ ᠰᠤᠷᠣᠭ᠎ᠠ ᠦᠭᠡᠢ ᠪᠠᠶᠢᠵᠤ ᠭᠠᠳᠠᠭᠠᠳᠤ ᠪᠢᠴᠢᠭ ᠰᠤᠷᠴᠤ ᠪᠠᠶᠢᠬᠤ ᠵᠢᠱᠢᠶ᠎ᠡ ᠲᠡᠢ᠃ ᠡᠨᠡ ᠪᠠᠶᠢᠳᠠᠯ ᠳᠠᠭᠠᠭᠠᠮᠵᠢᠷᠠᠪᠠᠯ ᠮᠣᠩᠭᠣᠯ ᠬᠡᠯᠡ ᠳᠦ ᠨᠥᠯᠥᠭᠡ ᠦᠵᠡᠭᠦᠯᠬᠦ ᠦᠦ︖ — ᠪᠦᠬᠦ ᠨᠡᠶᠢᠲᠡ ᠪᠡᠷ ᠢᠶᠡᠨ ᠮᠣᠩᠭᠣᠯ ᠬᠡᠯᠡ ᠪᠡᠨ ᠬᠣᠶᠠᠳᠤᠭᠠᠷ ᠲᠤ ᠲᠠᠯᠪᠢᠭᠠᠳ ᠭᠠᠳᠠᠭᠠᠳᠤ ᠬᠡᠯᠡ ᠰᠤᠷᠣᠭᠠᠳ ᠪᠠᠶᠢᠬᠤ ᠶᠤᠮ ᠪᠣᠯ ᠦᠨᠳᠦᠰᠦᠨ ᠦ ᠰᠤᠶᠤᠯ᠂ ᠲᠤᠰᠠᠭᠠᠷ ᠲᠣᠭᠲᠠᠨᠢᠯ ᠳᠤ ᠰᠥᠷᠭᠦ ᠨᠥᠯᠥᠭᠡ ᠲᠡᠢ᠃ ᠮᠣᠩᠭᠣᠯᠴᠤᠳ ᠴᠥᠭᠡᠭᠦᠯᠡ ᠪᠡᠨ ᠤᠴᠢᠷ ᠠᠴᠠ ᠪᠦᠭᠦᠳᠡ ᠭᠠᠳᠠᠭᠠᠳᠤ ᠬᠡᠯᠡ ᠰᠤᠷᠣᠭᠠᠳ ᠪᠠᠶᠢᠪᠠᠯ ᠬᠠᠮᠤᠭ ᠤᠨ ᠲᠦᠷᠦᠭᠦᠨ ᠳᠦ ᠦᠨᠳᠦᠰᠦᠨ ᠦ ᠳᠠᠷᠬᠠᠯᠠᠭ᠎ᠠ ᠪᠠᠨ ᠠᠯᠳᠠᠨ᠎ᠠ᠃ ᠡᠬᠡ ᠬᠡᠯᠡ ᠪᠡᠨ ᠰᠠᠶᠢᠨ ᠰᠤᠷᠴᠤ᠂ ᠦᠨᠳᠦᠰᠦᠨ ᠦ ᠰᠤᠶᠤᠯ ᠤᠨ ᠳᠠᠷᠬᠠᠯᠠᠭ᠎ᠠ ᠲᠠᠢ ᠪᠣᠯᠤᠭᠰᠠᠨ ᠤ ᠳᠠᠷᠠᠭ᠎ᠠ ᠭᠠᠳᠠᠭᠠᠳᠤ ᠬᠡᠯᠡ ᠶᠢ ᠰᠤᠷᠪᠠᠯ ᠮᠡᠳᠡᠭᠡᠵᠢ ᠰᠠᠶᠢᠨ ᠬᠡᠷᠡᠭ᠃ ᠨᠥᠭᠥᠭᠡ ᠲᠠᠯ᠎ᠠ ᠪᠠᠷ ᠮᠣᠩᠭᠣᠯᠴᠤᠳ ᠳᠡᠯᠡᠬᠡᠢ ᠶᠢᠨ ᠵᠠᠬ᠎ᠠ ᠵᠡᠭᠡᠯᠢ ᠳᠦ ᠭᠠᠷᠬᠤ ᠶᠢᠨ ᠲᠤᠯᠠᠳᠠ᠂ ᠳᠡᠯᠡᠬᠡᠢ ᠳᠦ ᠥᠪᠡᠷ ᠢ ᠪᠡᠨ ᠲᠠᠨᠢᠯᠴᠠᠭᠤᠯᠵᠤ ᠬᠠᠷᠢᠯᠴᠠᠨ ᠠᠰᠢᠭᠲᠠᠢ ᠪᠣᠳᠣᠯᠭ᠎ᠠ᠂ ᠦᠢᠯᠡ ᠠᠵᠢᠯᠯᠠᠭ᠎ᠠ ᠶᠢ ᠬᠡᠷᠡᠭᠵᠢᠭᠦᠯᠬᠦ ᠶᠢᠨ ᠲᠤᠯᠠᠳᠠ ᠭᠠᠳᠠᠭᠠᠳᠤ ᠬᠡᠯᠡᠨ ᠦ ᠬᠡᠷᠡᠭᠴᠡᠭᠡ ᠪᠠᠶᠢᠨ᠎ᠠ ᠤᠤ ᠭᠡᠪᠡᠯ ᠪᠠᠶᠢᠨ᠎ᠠ᠃ ᠲᠤᠬᠠᠶᠢᠯᠠᠪᠠᠯ ᠰᠢᠨᠵᠢᠯᠡᠬᠦ ᠤᠬᠠᠭᠠᠨ ᠤ ᠪᠠᠶᠢᠭᠤᠯᠤᠯᠭ᠎ᠠ ᠶᠢᠨ ᠰᠤᠳᠤᠯᠤᠭᠠᠴᠢᠳ ᠲᠤ ᠣᠯᠠᠨ ᠤᠯᠤᠰ ᠤᠨ ᠨᠡᠷ᠎ᠡ ᠬᠦᠨᠳᠦᠲᠡᠢ ᠰᠡᠳᠬᠦᠯ ᠳᠦ ᠥᠪᠡᠷ ᠦᠨ ᠢᠶᠡᠨ ᠪᠦᠲᠦᠭᠡᠯ ᠢ ᠬᠡᠪᠯᠡᠭᠦᠯᠬᠦ᠂ ᠳᠡᠯᠡᠬᠡᠢ ᠶᠢᠨ ᠰᠢᠨᠵᠢᠯᠡᠬᠦ ᠤᠬᠠᠭᠠᠨ ᠤ ᠣᠯᠤᠯᠲᠠ ᠶᠢ ᠥᠪᠡᠷ ᠦᠨ ᠡᠬᠡ ᠣᠷᠣᠨ ᠳᠤ ᠪᠠᠨ ᠨᠤᠲᠤᠭᠰᠢᠭᠤᠯᠬᠤ᠂ ᠦᠷ᠎ᠡ ᠰᠢᠮ᠎ᠡ ᠶᠢ ᠨᠢ ᠬᠦᠷᠲᠡᠬᠦ᠂ ᠡᠬᠡ ᠣᠷᠣᠨ ᠤ ᠬᠢ ᠪᠠᠨ ᠬᠥᠭᠵᠢᠯ ᠳ᠋ᠤ ᠬᠤᠪᠢ ᠨᠡᠮᠡᠷᠢ ᠣᠷᠣᠭᠤᠯᠬᠤ ᠳᠤ ᠭᠠᠳᠠᠭᠠᠳᠤ ᠬᠡᠯᠡᠨ ᠦ ᠮᠡᠳᠡᠯᠭᠡ ᠴᠢᠬᠤᠯᠠ ᠤᠤ ᠭᠡᠪᠡᠯ ᠴᠢᠬᠤᠯᠠ ᠪᠠᠶᠢᠭ᠎ᠠ ᠶᠤᠮ᠃ ᠡᠶᠢᠮᠦ ᠳᠦ ᠡᠬᠡ ᠬᠡᠯᠡᠨ ᠦ ᠪᠣᠯᠤᠨ ᠭᠠᠳᠠᠭᠠᠳᠤ ᠬᠡᠯᠡᠨ ᠦ ᠮᠡᠳᠡᠯᠭᠡ ᠠᠵᠢᠯ ᠮᠡᠷᠭᠡᠵᠢᠯ ᠦᠨ ᠵᠣᠷᠢᠯᠭ᠎ᠠ ᠲᠠᠢ ᠶᠠᠭᠤᠨ ᠤ ᠡᠮᠦᠨ᠎ᠡ ᠬᠣᠯᠪᠣᠭ᠎ᠠ ᠲᠠᠢ ᠭᠡᠵᠦ ᠪᠣᠯᠤᠨ᠎ᠠ᠃ ᠡᠭᠦᠨ ᠡᠴᠡ ᠦᠵᠡᠪᠡᠯ ᠭᠠᠳᠠᠭᠠᠳᠤ ᠬᠡᠯᠡ ᠰᠤᠷᠴᠤ ᠪᠣᠯᠤᠨ᠎ᠠ᠂ ᠰᠤᠷᠴᠤ ᠪᠣᠯᠬᠤ ᠦᠭᠡᠢ ᠭᠡᠳᠡᠭ ᠨᠢ ᠬᠠᠷᠢᠴᠠᠩᠭᠤᠢ ᠣᠶᠢᠯᠠᠭᠠᠯᠲᠠ ᠪᠣᠯᠵᠤ ᠪᠠᠶᠢᠭ᠎ᠠ ᠪᠥᠭᠡᠳ ᠪᠣᠳᠣᠯᠭ᠎ᠠ ᠪᠠᠷ ᠵᠥᠪ ᠬᠡᠷᠡᠭᠵᠢᠭᠦᠯᠬᠦ ᠨᠢ ᠴᠢᠬᠤᠯᠠ ᠪᠠᠶᠢᠭ᠎ᠠ ᠶᠤᠮ᠃

3        0       

                             13847524386      211429899@qq.com      13847524386   QQ  211429899 蒙ICP备17002503号-1