ᠰᠠᠷᠵᠢᠮ ᠡᠷᠭᠦᠬᠦ
ᠰᠠᠷᠵᠢᠮ ᠡᠷᠭᠦᠬᠦ ᠠᠷᠢᠬᠢ ᠲᠠᠢ ᠬᠣᠯᠪᠣᠬᠠ ᠲᠠᠢ ᠡᠨᠡ ᠵᠠᠩᠰᠢᠯ ᠪᠣᠯ ᠰᠠᠷᠵᠢᠮ ᠡᠷᠭᠦᠬᠦ ᠶᠣᠰᠣ ᠶᠤᠮ᠃
2744
2021-11-16 09:47
发表于:内蒙古
ᠰᠠᠷᠵᠢᠮ ᠡᠷᠭᠦᠬᠦ ᠠᠷᠢᠬᠢ ᠲᠠᠢ ᠬᠣᠯᠪᠣᠬᠠ ᠲᠠᠢ ᠡᠨᠡ ᠵᠠᠩᠰᠢᠯ ᠪᠣᠯ ᠰᠠᠷᠵᠢᠮ ᠡᠷᠭᠦᠬᠦ ᠶᠣᠰᠣ ᠶᠤᠮ᠃
ᠲᠡᠭᠦᠨ ᠢ ᠢᠳᠡᠮ ᠬᠤ᠌ᠷᠤᠭᠣ ᠪᠠᠷ ᠢᠶᠠᠨ ᠭᠤᠷᠪᠠᠨ ᠤᠳᠠᠭ᠎ᠠ ᠡᠷᠭᠦᠳᠡᠭ᠃ ᠭᠤᠷᠪᠠᠨ ᠤᠳᠠᠭ᠎ᠠ ᠡᠷᠭᠦᠳᠡᠭ ᠦᠨ ᠤᠴᠢᠷ ᠨᠢ᠄
1᠂ ᠬᠥᠬᠡ ᠲᠩᠷᠢ ᠠᠮᠤᠭᠤᠯᠠᠩ ᠪᠠᠢᠭ
2᠂ ᠬᠥᠷᠥᠰᠥᠲᠦ ᠳᠡᠯᠡᠬᠡᠢ ᠠᠮᠤᠭᠤᠯᠠᠩ ᠪᠠᠢᠭ
3᠂ ᠬᠥᠮᠦᠨ ᠵᠤᠨ ᠠᠮᠤᠭᠤᠯᠠᠩ ᠪᠠᠢᠭ ᠭᠡᠰᠡᠨ ᠤᠳᠬ᠎ᠠ ᠲᠠᠢ᠃
ᠢᠳᠡᠮ ᠬᠤᠷᠤᠭᠤ ᠪᠠᠷ ᠡᠷᠭᠦᠳᠡᠭ ᠤᠴᠢᠷ ᠨᠢ ᠭᠠᠷ ᠤᠨ ᠲᠠᠪᠤᠨ ᠬᠤᠷᠤᠭᠤ ᠶᠢᠨ ᠳᠣᠲᠣᠷ᠎ᠠ ᠠᠴᠠ ᠪᠣᠯᠬᠤ ᠪᠣᠯᠬᠤ ᠦᠭᠡᠢ ᠶᠠᠭᠤᠮᠠᠨ ᠳᠤ ᠬᠦᠷᠳᠡᠭ ᠦᠭᠡᠢ ᠬᠠᠮᠤᠭ ᠤᠨ ᠴᠡᠪᠡᠷ ᠬᠤᠷᠤᠭᠤ ᠶᠤᠮ᠃
ᠢᠳᠡᠮ ᠭᠡᠵᠦ ᠨᠡᠷᠡᠯᠡᠭᠰᠡᠨ ᠦ ᠤᠴᠢᠷ ᠨᠢ᠄
ᠮᠣᠩᠭᠣᠯ ᠤᠨ ᠨᠥᠯᠥᠭᠡ ᠪᠦᠬᠦᠢ ᠲᠣᠮᠣ ᠨᠣᠶᠠᠳ ᠢ ᠮᠠᠨᠵᠤ ᠶᠢᠨ ᠬᠠᠭᠠᠨ ᠤᠷᠢᠵᠠᠢ᠃ ᠤᠷᠢᠬᠤ ᠳ᠋ᠠᠭᠠ ᠴᠢᠡᠭᠭᠢᠰ ᠤᠨ ᠤᠳᠤᠮ ᠤᠨ ᠳᠡᠭᠡᠳᠦ ᠨᠣᠶᠠᠳ ᠢ ᠤᠰᠠᠳᠬᠠᠶ᠎ᠠ ᠭᠡᠰᠡᠨ ᠳᠠᠯᠳᠠ ᠰᠠᠨᠠᠭ᠎ᠠ ᠲᠠᠢ ᠪᠠᠢ᠌᠊ᠭᠰᠠ ᠶᠤᠮᠰᠠᠨᠵᠠᠢ᠃ ᠲᠣᠮᠣ ᠬᠦᠯᠢᠶᠡᠨ ᠠᠪᠤᠯᠲᠠ ᠬᠢᠵᠦ ᠪᠦᠬᠦᠳᠡ ᠳᠦ ᠨᠢ ᠬᠠᠰ ᠡᠷᠳᠡᠨᠢ ᠶᠢᠨ ᠬᠤᠨᠳᠠᠭ᠎ᠠ ᠲᠠᠢ ᠠᠷᠢᠬᠢ ᠪᠠᠷᠢᠵᠠᠢ᠃ ᠲᠡᠷᠡ ᠨᠢ ᠪᠥᠬᠥᠳᠡ ᠬᠣᠣᠷ ᠲᠠᠢ ᠪᠠᠢᠵᠤ᠂ ᠰᠡᠵᠢᠭ ᠠᠪᠠᠬᠠᠭᠤᠯᠬᠤ ᠦᠭᠡᠢ ᠶᠢᠨ ᠲᠤᠯᠠᠳᠠ ᠬᠣᠣᠷ ᠢ ᠲᠡᠷᠡ ᠳᠣᠣᠷ᠎ᠠ ᠪᠠᠨ ᠦᠬᠦᠬᠦ ᠪᠡᠷ ᠦᠭᠡᠢ ᠤᠳᠠᠭᠠᠨ ᠦᠢᠯᠡᠴᠢᠯᠡᠭᠡ ᠲᠠᠢ᠂ ᠶᠠᠩᠵᠤ ᠪᠦᠷᠢ ᠨᠠᠢᠷᠠᠭᠤᠯᠤᠭᠰᠠ ᠪᠠᠢᠭᠰᠠᠨ ᠢ ᠢᠳᠡᠮ ᠲᠦᠰᠢᠮᠡᠯ ᠮᠡᠳᠡᠩᠭᠦᠳᠡ ᠪᠡᠨ᠄《 ᠳᠡᠭᠡᠳᠦᠰ ᠢ ᠳᠠᠭᠠᠵᠤ ᠢᠷᠡᠭᠰᠡᠨ ᠦ ᠬᠢ ᠶᠠᠭᠤ ᠪᠢᠯᠡ᠂ ᠪᠢ ᠤᠷᠢᠳ ᠨᠢᠭᠡ ᠬᠦᠷᠲᠡᠴᠢᠬᠡᠶᠡ 》ᠭᠡᠳ ᠬᠤᠨᠳᠠᠭ᠎ᠠ ᠪᠠᠨ ᠲᠤᠰᠴᠠᠢ᠃ ᠠᠷᠢᠬᠢ ᠬᠢᠵᠦ ᠥᠭᠴᠦ ᠪᠠᠢ᠌᠊ᠬᠤ ᠳᠤᠨᠢ ᠬᠤᠷᠤᠭᠤ ᠪᠠᠨ ᠳᠦᠷᠦᠬᠡᠳ ᠰᠠᠷᠵᠢᠮ ᠡᠷᠭᠦᠬᠦ ᠳᠦ ᠯᠠ ᠬᠤᠷᠤᠭᠤ ᠨᠢ ᠬᠤᠪᠠᠬᠠᠶ ᠴᠠᠢᠵᠤ ᠮᠢᠬ᠎ᠠ ᠨᠢ ᠰᠢᠪᠲᠤᠷᠠᠭᠠᠳ ᠶᠠᠰᠤ ᠨᠢ ᠭᠣᠵᠤᠢᠭᠠᠳ ᠦᠯᠡᠳᠡᠵᠡᠢ᠃ ᠢᠩᠭᠢᠵᠦ ᠮᠣᠩᠭᠣᠯ ᠤᠨ ᠪᠦᠬᠦ ᠨᠣᠶᠠᠳ ᠶᠢᠨ ᠠᠮᠢ ᠢ ᠠᠪᠤᠷᠠᠭᠰᠠᠨ ᠢᠳᠡᠮ ᠲᠦᠰᠢᠮᠡᠯ ᠦᠨ ᠨᠡᠷ᠎ᠡ ᠪᠡᠷ ᠨᠡᠷᠡᠯᠡᠭᠰᠡᠨ ᠭᠡᠳᠡᠭ᠃
0
0