ᠬᠡᠤᠬᠡᠳ ᠦᠳ ᠲᠦ
ᠵᠤᠢᠢᠯ ᠤᠨ ᠴᠡᠴᠡᠭ ᠲᠡᠯᠬᠡᠷᠡᠭᠦ ᠵᠢᠷᠭᠤᠭᠠᠨ ᠰᠠᠷ᠎ᠠ ᠪᠤᠯᠬᠤ ᠪᠠᠷ ᠵᠣᠯ ᠲᠡᠢ ᠪᠠᠭᠠᠴᠣᠳ ᠤᠨ ᠪᠠᠶᠠᠷ ᠤᠨ ᠡᠳᠣᠷ ᠭᠦᠷᠴᠦ ᠢᠷᠡᠳᠡᠭ ᠪᠠᠶᠠᠷ ᠤᠨ ᠡᠳᠣᠷ ᠢ ᠲᠡᠮᠳᠡᠭ᠋ᠯᠡᠬᠦ ᠶᠢᠨ ᠵᠢᠩᠭᠢᠨᠢ ᠤᠳᠬ᠎ᠠ ᠨᠢ ᠪᠤᠢ ᠪᠦᠬᠦᠢ ᠡᠳᠤᠷ ᠬᠤᠨᠤᠭ ᠤᠳ ᠲᠤ ᠪᠦᠬᠦᠯᠢ ᠳᠦ ᠪᠡᠨ ᠪᠠᠶᠠᠷ ᠬᠦᠷ ᠪᠢᠯᠬᠠᠮ᠎ᠠ ᠪᠠᠢᠢᠭᠠᠷᠠᠢ ᠭᠡᠬᠦ ᠪᠡᠶᠠᠴᠢ ᠠᠩᠬᠠᠷᠤᠭᠤᠯᠤᠯ ᠃
1126
2022-06-04 18:35
发表于:内蒙古
ᠨᠠ ᠂ ᠷᠢᠨᠴᠢᠨᠬᠤᠸᠠᠷ
ᠲᠡᠭ᠋ᠵᠢᠨ ᠴᠤᠪᠤᠭᠤ ᠬᠡᠤᠬᠡᠳ ᠲᠦ ᠲᠡᠯᠬᠡᠷ ᠬᠤᠷᠸ᠎ᠠ ᠶᠢ ᠪᠡᠯᠡᠭᠯᠡᠪᠡᠴᠤ ᠪᠠᠭᠠᠳᠠᠮᠠᠷ
ᠲᠡᠯᠡᠬᠡᠢ ᠳᠦ ᠬᠠᠶᠢᠷᠠᠯᠠᠭᠳᠠᠵᠤ ᠂ ᠲᠡᠯᠡᠬᠡᠢ ᠶᠢ ᠬᠠᠶᠢᠷᠠᠯᠠᠬᠤ ᠤᠬᠠᠭᠠᠨ ᠪᠤᠳᠤᠯ ᠤᠨ ᠵᠢᠯᠤᠭᠤ ᠶᠢ
ᠲᠡᠬᠡᠳᠦᠰ ᠦᠨ ᠦᠪ ᠂ ᠲᠦᠪᠯᠡᠬᠦᠨ ᠰᠤᠷᠳᠠᠯ ᠂ ᠪᠠᠶᠠᠷ ᠵᠢᠷᠭᠠᠯ ᠲᠡᠢ ᠨᠢ ᠪᠡᠯᠡᠭᠯᠡᠶ᠎ᠡ
ᠲᠡᠷᠢᠬᠦᠨ ᠦ ᠲᠠᠨᠠᠭᠠᠷ ᠬᠦᠮᠦᠨ ᠪᠤᠯᠬᠤ ᠶᠢ ᠲᠡᠭ᠋ᠰᠢᠬᠡᠨ ᠵᠠᠶᠠᠭᠠᠨ ᠳᠤ ᠲᠠᠭᠠᠳᠬᠠᠨᠠᠮ
ᠦᠨᠦᠳᠦᠷ ᠦᠨ ᠪᠤᠷᠤ ᠴᠢᠯᠠᠭᠤ ᠮᠠᠷᠭᠠᠰᠢ ᠬᠢᠯᠠᠯᠵᠠᠭᠰᠠᠨ ᠤᠳᠣ ᠪᠤᠯᠬᠤ ᠶᠢ
ᠤᠷᠴᠢᠨ ᠠᠬᠤᠢ ᠶᠢᠨ ᠠᠮᠢᠳᠤᠷᠠᠯ ᠤᠨ ᠬᠡᠴᠢᠶᠡᠯ ᠵᠢᠭᠠᠵᠦ ᠪᠠᠢᠢᠳᠠᠭ ᠶᠤᠮ
ᠦᠷᠦᠴᠡ ᠳᠦ ᠪᠡᠨ ᠪᠠᠭᠳᠠᠭᠠᠮᠵᠢ ᠲᠡᠢ ᠤᠶᠢᠯᠡᠰ ᠦᠨ ᠬᠢᠨᠢ ᠵᠢᠳᠭᠦᠯ ᠢ
ᠥᠷ᠎ᠡ ᠶᠢᠨ ᠦᠷ᠎ᠡ ᠨᠢ ᠲᠤᠯᠢ ᠠᠳᠠᠯᠢ ᠬᠠᠷᠠᠭᠤᠯᠵᠦ ᠪᠠᠢᠢᠳᠠᠭ ᠶᠤᠮ
ᠬᠠᠪᠤᠷ ᠢ ᠬᠤᠷᠮᠤᠶᠢᠯᠠᠵᠤ ᠂ ᠬᠠᠯᠠᠭᠤᠨ ᠢᠶᠠᠨ ᠲᠦᠬᠡᠬᠡᠭᠰᠡᠨ ᠵᠤᠨ ᠤ ᠠᠭᠠᠷ ᠢ
ᠬᠠᠮᠤᠭ ᠤᠨ ᠰᠠᠶᠢᠨ ᠰᠠᠶᠢᠬᠠᠨ ᠨᠠᠷᠠᠨ ᠤ ᠢᠯᠴᠢ ᠪᠡᠷ ᠬᠦᠰᠡᠶ᠎ᠡ
ᠬᠠᠨ ᠬᠤᠷᠸ᠎ᠠ ᠶᠢ ᠤᠶᠠᠷᠠᠳᠠᠯ᠎ᠠ ᠢᠨᠢᠶᠡᠬᠦ ᠬᠡᠤᠬᠡᠳᠯᠢᠭ ᠠᠭᠠᠯᠢ
ᠬᠤᠷᠮᠤᠰᠳᠠ ᠶᠢᠨ ᠬᠠᠳᠠᠭᠤ ᠪᠦᠭᠦᠨ ᠢ ᠵᠦᠬᠡᠯᠡᠯᠡᠵᠦ ᠠᠮᠢᠳᠦᠷᠠᠭᠠᠷᠠᠢ
ᠢᠷᠠᠭᠤ ᠨᠠᠶᠢᠷᠠᠭ ᠰᠢᠬ ᠠᠭᠤᠵᠢᠷᠠᠳᠠᠯ᠎ᠠ ᠡᠭᠡᠰᠢᠭᠯᠡᠨ ᠤᠶᠠᠩᠭᠠᠷᠠᠵᠦ
ᠢᠯᠭᠤᠮ ᠰᠢᠯᠥᠭᠤᠨ ᠠᠷᠠᠨᠰᠢᠨ ᠳᠤ ᠪᠡᠨ ᠲᠦᠪ ᠭᠤᠤᠯᠴᠢ ᠶᠢ ᠡᠷᠭᠢᠮᠯᠡᠵᠦ
ᠨᠤᠮ ᠤᠨ ᠴᠠᠭᠠᠨ ᠪᠤᠶᠠᠨ ᠳᠤ ᠨᠢᠩᠵᠢᠨ ᠰᠡᠳᠭᠢᠯ ᠢᠶᠡᠨ ᠬᠡᠬᠡᠯᠡᠵᠦ
ᠨᠠᠷᠠᠯᠢᠭ ᠤᠷᠴᠢᠯᠠᠩ ᠤᠨ ᠦᠩᠬᠡ ᠥᠵᠡᠮᠵᠢ ᠶᠢ ᠰᠤᠨᠢᠷᠬᠠᠵᠦ ᠰᠤᠷᠤᠭᠠᠷᠡᠢ
ᠴᠠᠭᠯᠠᠰᠢ ᠦᠬᠡᠢ ᠠᠮᠢᠵᠢᠷᠠᠯ ᠤᠨ ᠬᠦᠴᠦᠨ ᠲᠡᠢ ᠴᠠᠭᠠᠨ ᠲᠡᠯᠡᠬᠡᠢ ᠶᠢ
ᠴᠠᠶᠢᠯᠭᠠᠨ ᠰᠡᠳᠬᠢᠯ ᠦᠨ ᠠᠷᠢᠭᠤᠨ ᠬᠦᠰᠡᠯ ᠢᠶᠡᠷ ᠰᠦᠯᠡᠵᠦ
ᠴᠡᠪᠡᠷ ᠪᠤᠯᠪᠠᠰᠤᠨ ᠪᠦᠬᠦᠨ ᠢ ᠶᠤᠰᠤᠭᠠᠷ ᠨᠢ ᠮᠦᠩᠬᠡᠷᠡᠬᠦᠯᠵᠦ
ᠴᠢᠷᠮᠡᠶᠢᠯᠳᠡ ᠠᠮᠵᠢᠯᠳᠡ ᠶᠢᠨ ᠮᠦᠷ ᠢᠶᠡᠨ ᠲᠠᠮᠠᠭᠠᠯᠠᠵᠦ ᠲᠡᠮᠳᠡᠭ᠋ᠯᠡᠬᠡᠷᠡᠢ
ᠤᠷᠤᠭᠰᠢᠯᠠᠯᠳᠠ ᠶᠢᠨ ᠲᠠᠭᠤᠨ ᠬᠠᠩᠬᠢᠨᠠᠭᠤᠯᠤᠨ ᠦᠬᠡᠳᠡ ᠡᠰᠡᠷᠡᠭ ᠪᠠᠢᠢᠬᠤ ᠪᠡᠯᠬᠡᠳᠡᠯ ᠢ
ᠡᠯᠦᠨᠴᠡ ᠬᠤᠯᠤᠨᠴᠠ ᠶᠢᠨ ᠦᠶ᠎ᠡ ᠡᠴᠡ ᠭᠦᠰᠡᠵᠦ ᠮᠦᠷᠦᠬᠡᠳᠤᠨ ᠵᠢᠳᠬᠦᠵᠦ ᠢᠷᠡᠭᠰᠡᠨ ᠢ
ᠤᠯᠠᠭᠠᠨ ᠵᠢᠷᠦᠬᠡᠨ ᠡᠴᠡ ᠪᠡᠨ ᠮᠡᠳᠡᠷᠡᠨ ᠣᠯᠠᠮ ᠨᠠᠨᠳᠢᠩᠨᠠᠵᠦ ᠬᠦᠭᠵᠢᠬᠦᠯᠤᠨ
ᠥᠷᠯᠥᠭ ᠠᠮᠢᠳᠦᠷᠠᠯ ᠤᠨ ᠡᠵᠡᠨ ᠬᠦᠮᠦᠨ ᠦ ᠤᠪᠤᠷ ᠢ ᠡᠬᠦᠷᠢᠳᠡ ᠪᠠᠷᠢᠮᠳᠠᠯᠠᠭᠠᠷᠠᠢ
0
0