ᠲᠡᠯᠡᠬᠡᠢ ᠳᠦ ᠬᠠᠶᠢᠷᠠᠳᠡᠢ ᠮᠠᠯᠴᠢᠨ ᠵᠠᠶᠠᠭ᠎ᠠ
ᠲᠡᠬᠡᠳᠣ ᠡᠴᠡ ᠪᠡᠨ ᠲᠡᠯᠡᠬᠡᠢ ᠳᠦ ᠬᠠᠶᠢᠷᠠᠳᠡᠢ ᠮᠠᠯᠴᠢᠨ ᠵᠠᠶᠠᠭ᠎ᠠ
2238
2022-06-04 18:59
发表于:内蒙古
ᠡᠩᠬᠡᠷ ᠬᠠᠩᠭᠠᠢ ᠨᠤᠳᠣᠭ ᠦᠨ ᠡᠭᠦᠯᠡ ᠬᠤᠷᠭᠣᠳᠠᠭᠣᠯᠣᠭᠰᠠᠨ ᠲᠠᠯ᠎ᠠ ᠳᠤ
ᠡᠯᠢᠬᠡ ᠪᠦᠳᠤᠨ ᠠᠮᠢᠳᠦᠷᠠᠯ ᠲᠡᠢ ᠮᠤᠩᠭᠣᠯ ᠬᠡᠷ ᠴᠠᠶᠢᠯᠵᠠᠳᠠᠭ
ᠠᠭᠣᠯᠠ ᠬᠠᠶᠢᠷᠬᠠᠨ ᠤ ᠲᠦᠰᠢᠯᠬᠡ ᠲᠡᠢ ᠡᠷᠦᠬᠡ ᠶᠢᠨ ᠡᠵᠡᠨ ᠤᠮᠣᠭᠯᠠᠩ
ᠤᠤᠭᠠᠯ ᠮᠠᠯᠴᠢᠳ ᠤᠨ ᠠᠮᠢᠳᠦᠷᠠᠯ ᠥᠷᠯᠥᠬᠡ ᠶᠢᠨ ᠨᠠᠷᠠᠨ ᠲᠡᠢ ᠲᠣᠶᠠᠭᠠᠷᠠᠨᠠ
ᠵᠢᠪᠬᠤᠭᠠᠳᠤ ᠬᠦᠯᠦᠭ ᠦᠨ ᠲᠠᠯ᠎ᠠ ᠵᠡᠷᠬᠡᠯᠬᠡᠨ ᠰᠥᠮᠡᠯᠵᠡᠬᠦᠯᠦᠨ ᠲᠤᠭᠯᠠᠭᠣᠯᠣᠭᠠᠳ
ᠵᠠᠭᠣᠨ ᠮᠢᠩᠭᠠᠨ ᠤᠨ ᠤ ᠲᠡᠤᠬᠡ ᠡᠩᠬᠡᠷ ᠵᠢᠯᠠᠭ᠎ᠠ ᠳᠤ ᠨᠢ ᠵᠢᠷᠤᠭᠳᠠᠨᠠ
ᠵᠣᠯ ᠲᠡᠢ ᠦᠬᠡᠳᠡ ᠲᠡᠢ ᠤᠨ ᠤ ᠬᠦᠷᠳᠦ ᠶᠢ ᠰᠦᠨ ᠰᠠᠴᠣᠯᠢ ᠪᠠᠷ ᠮᠢᠯᠢᠶᠠᠵᠤ
ᠵᠦᠬᠡᠯᠡᠨ ᠤᠷᠤᠭᠤᠯᠳᠤ ᠲᠠᠪᠤᠨ ᠬᠣᠰᠢᠭᠣ ᠮᠠᠯ ᠨᠡᠬᠦᠳᠡᠯ ᠦᠨ ᠠᠭᠠᠷ ᠢ ᠡᠷᠢᠯᠬᠢᠯᠡᠨ᠎ᠡ
ᠠᠮᠠᠨ ᠰᠤᠶᠤᠯ ᠤᠨ ᠠᠮᠢᠨ ᠰᠥᠨᠡᠰᠤ ᠠᠷᠠᠳ ᠤᠨ ᠲᠠᠭᠤᠨ ᠤ ᠨᠣᠲ ᠪᠦᠷᠢᠨ
ᠠᠷᠢᠭᠤᠨ ᠪᠤᠯᠠᠭ ᠤᠨ ᠤᠮᠳᠠ ᠨᠢ ᠣᠷᠴᠢᠯᠠᠩ ᠤᠨ ᠰᠦᠪᠡ ᠡᠴᠡ ᠤᠨᠳᠤᠷᠤᠯ ᠲᠡᠢ
ᠠᠷᠰᠢ ᠶᠢᠨ ᠵᠠᠶᠠᠭᠠᠳᠦ ᠨᠤᠲᠤᠭ ᠨᠡᠭᠦᠳᠡᠯ ᠮᠠᠯᠵᠢᠯ ᠤᠨ ᠡᠩᠬᠦᠷᠡᠶᠢᠯᠡᠯ ᠲᠡᠢ
ᠠᠪᠤ ᠳᠡᠭᠡᠳᠦ ᠡᠴᠡ ᠪᠡᠨ ᠳᠡᠯᠡᠬᠡᠢ ᠳᠥ ᠬᠠᠢᠢᠷᠠᠳᠡᠢ ᠮᠠᠯᠴᠢᠨ ᠵᠠᠶᠠᠭ᠎ᠠ
3
0