ᠠᠭᠣᠤ ᠶᠡᠬᠡ ᠨᠠᠮ ᠮᠢᠨᠢ
ᠡᠵᠢ ᠡᠴᠡ ᠴᠤ ᠦᠯᠡᠮᠵᠢ ᠠᠭᠤᠣ ᠶᠡᠬᠡ ᠨᠠᠮ ᠤᠨ ᠢᠶᠠᠨ ᠠᠴᠢ ᠭᠠᠪᠢᠶ᠎ᠠ ᠶᠢ ᠮᠡᠳᠡᠷᠡᠵᠦ ᠨᠠᠮ ᠳᠤ ᠪᠠᠨ ᠲᠠᠯᠠᠷᠬᠠᠶ᠎ᠠ︕
1690
2022-11-30 08:32
发表于:内蒙古
ᠪᠣᠤ ᠵᠢᠨᠵᠤᠸᠠᠨᠭᠽᠢ
ᠦᠷ᠎ᠡ ᠶᠢᠨ ᠢᠶᠡᠨ ᠲᠦᠯᠦᠭᠡ ᠬᠦᠯᠦᠰᠦ ᠪᠡᠨ ᠣᠷᠣᠰᠬᠠᠭᠰᠠᠨ
ᠦᠷᠦᠰᠢᠶᠡᠩᠭᠦᠢ ᠡᠵᠢ ᠮᠢᠨᠢ ᠬᠠᠢᠷᠠᠯᠠᠯᠲᠠᠢ ᠠᠴᠠ ᠬᠠᠢᠷᠠᠯᠠᠯᠲᠠᠢ
ᠠᠷᠠᠳ ᠤᠨ ᠢᠶᠠᠨ ᠲᠦᠯᠦᠭᠡ ᠴᠢᠰᠣ ᠪᠠᠨ ᠣᠷᠣᠰᠬᠠᠭᠰᠠᠨ
ᠠᠭᠣᠣ ᠶᠡᠬᠡ ᠨᠠᠮ ᠮᠢᠨᠢ ᠠᠴᠢᠯᠠᠯᠲᠠᠢ ᠠᠴᠠ ᠠᠴᠢᠯᠠᠯᠲᠠᠢ ᠃
ᠠᠶᠤᠤᠯᠢᠬᠠᠢ ᠴᠡᠭᠡᠵᠢ ᠨᠢ ᠠᠷᠠᠳ ᠤᠨ ᠲᠦᠯᠦᠭᠡ ᠴᠣᠬᠢᠯᠠᠭᠰᠠᠨ ᠤ ᠣᠴᠢᠷ
ᠠᠩᠬᠠᠨ ᠤ ᠬᠣᠷᠠᠯ ᠢᠶᠠᠨ ᠣᠩᠭᠣᠴᠠᠨ᠎ᠠ ᠶᠠᠭᠠᠷᠠᠨ ᠬᠣᠷᠠᠯᠳᠣᠭᠣᠯᠤᠭᠰᠠᠨ
ᠰᠡᠳᠭᠢᠯ ᠵᠢᠷᠦᠬᠡ ᠨᠢ ᠲᠦᠮᠡᠨ ᠦ ᠲᠦᠯᠦᠭᠡ ᠲᠣᠭᠳᠣᠯᠣᠭᠰᠠᠨ ᠤ ᠣᠴᠢᠷ
ᠰᠭᠣᠷᠢᠨ ᠭᠠᠵᠠᠷ ᠢᠶᠠᠨ ᠠᠭᠣᠯᠠᠨᠠ ᠲᠦᠷᠭᠡᠪᠴᠢᠯᠡᠨ ᠪᠠᠢᠭᠣᠯᠣᠭᠰᠠᠨ ︕
ᠣᠯᠠᠭᠠᠨ ᠲᠣᠭ ᠨᠢ ᠨᠠᠮᠢᠷᠠᠰᠬᠢᠨ ᠵᠠᠮ ᠲᠡᠰᠢ ᠪᠡᠨ ᠮᠢᠷᠠᠯᠵᠠᠯ᠎ᠠ
ᠣᠭ ᠰᠠᠨᠠᠭ᠎ᠠ ᠨᠢ ᠪᠣᠳᠣᠰᠬᠢᠨ ᠵᠦᠪ ᠲᠡᠰᠢ ᠪᠡᠨ ᠲᠣᠭᠲᠠᠯ᠎ᠠ
ᠣᠯᠠᠭᠠᠨ ᠵᠢᠷᠦᠬᠡ ᠨᠢ ᠣᠯᠠᠰᠬᠢᠨ ᠣᠯᠠᠨ ᠤ ᠵᠦᠭ ᠲᠣᠭᠳᠣᠯᠣᠯᠠ
ᠣᠯᠠᠨ ᠠᠷᠠᠳ ᠨᠢ ᠪᠣᠰᠣᠰᠬᠢᠨ ᠲᠦᠮᠡᠨ ᠦ ᠲᠦᠯᠦᠭᠡ ᠲᠡᠮᠡᠴᠡᠵᠡᠭᠡᠯᠡ
ᠠᠷᠠᠳ ᠲᠦᠮᠡᠨ ᠢᠶᠡᠨ ᠠᠶᠣᠯ ᠠᠴᠠ ᠵᠠᠪᠠᠯ ᠠᠪᠣᠷᠠᠬᠣ ᠪᠠᠷ
ᠠᠳᠠᠭᠠᠳᠠᠨ ᠲᠠᠢᠰᠣᠨ ᠲᠠᠢ ᠠᠰ ᠲᠣᠯᠤᠨ ᠲᠡᠮᠡᠴᠡᠭᠡᠳ ᠢᠷᠡᠯ᠎ᠡ
ᠡᠷᠬᠡ ᠵᠢᠷᠭᠠᠯᠳᠣ ᠠᠮᠢᠳᠣᠷᠠᠯ ᠢᠶᠠᠨ ᠡᠷᠬᠡᠪᠰᠢ ᠴᠣᠭᠴᠠᠯᠠᠬᠣ ᠪᠠᠷ
ᠡᠷᠴᠢ ᠵᠣᠷᠢᠭ ᠲᠠᠶ ᠡᠷᠡᠯᠬᠡᠭ ᠪᠠᠭᠠᠳᠣᠷᠯᠢᠭ ᠢᠶᠠᠷ ᠵᠢᠳᠭᠦᠭᠡᠳ ᠢᠷᠡᠯ᠎ᠡ ᠃
ᠦᠬᠦᠵᠦ ᠣᠨᠠᠬᠤ ᠶᠢᠨ ᠬᠦᠴᠢᠷ ᠵᠤᠪᠠᠯᠠᠩ ᠪᠦ᠋ᠬᠦᠨ ᠡᠴᠡ
ᠦᠷᠭᠡᠨ ᠣᠯᠠᠨ ᠢᠶᠠᠨ ᠠᠪᠣᠷᠠᠭᠠᠳ ᠠᠪᠣᠷᠠᠭᠠᠳ ᠠᠪᠣᠭᠰᠠᠨ
ᠦᠷᠦᠰᠢᠶᠡᠩᠭᠦᠢ ᠨᠢᠭᠦᠯᠡᠰᠣᠩᠭᠦᠢ ᠬᠠᠡᠢᠷᠠ ᠰᠡᠳᠭᠢᠯ ᠢᠶᠡᠷ ᠢᠶᠡᠨ
ᠦᠷᠭᠡᠨ ᠲᠦᠮᠡᠨ ᠢᠶᠡᠨ ᠪᠦᠪᠡᠢᠯᠡᠭᠡᠳ ᠪᠦᠪᠡᠢᠯᠡᠭᠡᠳ ᠢᠷᠡᠭᠰᠡᠨ ︕
ᠲᠦᠭᠰᠢᠭᠦᠷᠢᠲᠦ ᠠᠶᠣᠯ ᠢ ᠲᠦᠮᠡ ᠮᠢᠩᠭ᠎ᠠ ᠪᠠᠷ ᠢᠯᠠᠨ ᠲᠠᠪᠠᠵᠣ
ᠲᠡᠣᠬᠡᠳᠦ ᠦᠢᠯᠡᠰ ᠢᠶᠡᠨ ᠲᠦᠪᠰᠢᠨ ᠡᠩᠬᠡ ᠪᠡᠷ ᠴᠣᠭᠴᠠᠯᠠᠵᠤ ᠢᠷᠡᠭᠰᠡᠨ
ᠪᠦᠭᠦᠳᠡ ᠨᠠᠢᠷᠠᠮᠳᠠᠬᠣ ᠲᠣᠮᠳᠠᠳᠣ ᠶᠢᠨ ᠠᠯᠳᠠᠷ ᠨᠡᠷ᠎ᠡ ᠪᠡᠨ
ᠪᠦᠮᠪᠦᠷᠴᠡᠭ ᠲᠡᠯᠡᠬᠡᠢ ᠳᠦ ᠲᠠᠭᠣᠷᠢᠰᠣᠭᠣᠯᠣᠨ ᠮᠠᠨᠳᠣᠭᠣᠯᠵᠤ ᠶᠠᠪᠤᠭᠰᠠᠨ ︕
ᠣᠷᠳᠤ ᠣᠳᠠᠭᠠᠨ ᠬᠣᠪᠢᠰᠬᠠᠯ ᠤᠨ ᠲᠡᠣᠬᠡᠨ ᠶᠠᠪᠣᠴᠠ ᠳᠤ
ᠣᠯᠠᠨ ᠦᠨᠳᠦᠰᠦᠲᠡᠨ ᠢᠶᠡᠨ ᠨᠢᠭᠳᠠᠷᠠᠨ ᠪᠦᠯᠬᠦᠮᠳᠡᠭᠦᠯᠵᠦ ᠶᠠᠪᠤᠯ᠎ᠠ
ᠣᠨᠴᠠᠯᠢᠭ ᠪᠦᠬᠦᠢ ᠨᠡᠢᠭᠡᠮ ᠵᠢᠷᠦᠮ ᠦᠨ ᠵᠦᠪ ᠵᠠᠮ ᠢᠶᠠᠷ
ᠣᠳᠣᠨ ᠬᠠᠷᠪᠣᠭᠰᠠᠨ ᠮᠡᠳᠣ ᠲᠠᠪᠰᠢᠨ ᠬᠦᠭᠵᠢᠵᠦ ᠢᠷᠡᠯ᠎ᠡ ᠃
ᠨᠡᠭᠡᠭᠡᠯᠲᠡ ᠦᠭᠡᠷᠡᠴᠢᠯᠡᠯᠳᠡ ᠶᠢᠨ ᠰᠠᠷᠠᠭᠤᠯ ᠵᠠᠮ ᠢᠶᠠᠷ
ᠨᠠᠡᠢᠳᠡ ᠣᠯᠠᠨ ᠢᠶᠠᠨ ᠬᠦᠳᠦᠯᠦᠨ ᠲᠠᠭᠠᠭᠣᠯᠵᠣ ᠶᠠᠪᠤᠯ᠎ᠠ
ᠴᠢᠨᠡᠭᠡᠯᠢᠭᠵᠢᠯ ᠪᠠᠶᠠᠵᠢᠯ ᠤᠨ ᠲᠠᠷᠳᠠᠩ ᠵᠠᠮ ᠢᠶᠠᠷ
ᠴᠢᠭᠴᠢ ᠰᠣᠷᠳᠠᠯ ᠢᠶᠠᠨ ᠪᠠᠳᠠᠷᠠᠭᠣᠯᠣᠨ ᠬᠦᠭᠵᠢᠭᠦᠯᠵᠦ ᠶᠠᠪᠤᠯ᠎ᠠ ᠃
ᠠᠮᠢ ᠠᠬᠣᠢ ᠣᠷᠴᠢᠨ ᠲᠣᠭᠣᠷᠢᠨ ᠤ ᠪᠣᠯᠪᠠᠰᠣᠨ ᠢ
ᠠᠷᠠᠳ ᠣᠯᠠᠨ ᠳᠤ ᠪᠠᠨ ᠰᠣᠷᠲᠠᠯᠴᠢᠯᠠᠨ ᠣᠬᠠᠭᠣᠯᠵᠤ ᠢᠷᠡᠭᠰᠡᠨ
ᠠᠮᠢᠳᠣᠷᠠᠯ ᠠᠵᠣ ᠠᠬᠣᠢ ᠶᠢᠨ ᠬᠦᠭᠵᠢᠯᠳᠡ ᠴᠡᠴᠡᠭᠯᠡᠯᠲᠡ ᠶᠢ
ᠠᠬᠢᠨ ᠲᠠᠬᠢᠨ ᠠᠬᠢᠭᠤᠯᠣᠨ ᠪᠠᠳᠣᠳᠬᠠᠵᠤ ᠢᠷᠡᠭᠰᠡᠨ ︕
ᠠᠮᠢᠳᠣᠷᠠᠯ ᠤᠨ ᠵᠠᠮ ᠳᠤ ᠠᠭᠣᠣ ᠨᠠᠮ ᠮᠢᠨᠢ ᠲᠠ ᠪᠠᠢᠭᠰᠠᠨ ᠣᠴᠢᠷ
ᠠᠮᠢᠳᠣᠷᠠᠬᠣᠢ ᠶᠢᠨ ᠵᠠᠶᠠᠭᠠᠨ ᠳᠤ ᠦᠷ᠎ᠡ ᠴᠢᠨᠢ ᠪᠢ ᠵᠢᠷᠭᠠᠯ᠎ᠠ
ᠠᠵᠠ ᠵᠢᠷᠭᠠᠯᠳᠣ ᠠᠮᠢᠳᠣᠷᠠᠯ ᠢᠶᠠᠨ ᠪᠣᠳᠣᠨ ᠲᠣᠩᠭᠠᠬᠣ ᠪᠦᠷᠢ
ᠠᠯᠠᠭ ᠨᠢᠳᠦᠨ ᠡᠴᠡ ᠰᠣᠪᠣᠳ ᠤᠨ ᠪᠦᠮᠪᠦᠭᠡᠯᠢᠭ ᠬᠡᠯᠬᠢᠶᠡᠷᠡᠨᠡ ⁈
ᠡᠩᠬᠦᠷᠠᠢ ᠬᠠᠢᠷᠠᠲᠣ ᠠᠭᠣᠣ ᠨᠠᠮ ᠤᠨ ᠢᠶᠠᠨ
ᠡᠨᠡᠷᠢᠯ ᠬᠠᠡᠢᠷᠠ ᠶᠢ ᠬᠡᠵᠢᠶᠡᠳᠡ ᠮᠠᠷᠲᠠᠵᠤ ᠪᠣᠯᠤᠨᠠᠤ ︖
ᠡᠶ᠎ᠡ ᠨᠠᠢᠷᠠᠮᠳᠠᠭᠣ ᠨᠠᠡᠢᠭᠡᠮ ᠨᠠᠡᠢᠳᠡ ᠶᠢᠨ ᠲᠦᠯᠦᠭᠡ
ᠡᠷᠡᠯᠬᠡᠭ ᠵᠣᠷᠢᠭ ᠲᠠᠶ ᠦᠢᠯᠡᠴᠢᠯᠡᠨ ᠣᠷᠣᠭᠰᠢᠯᠠᠵᠠᠭᠠᠶᠠ ᠃
ᠠᠭᠣᠣ ᠶᠡᠬᠡ ᠨᠠᠮ ᠤᠨ ᠢᠶᠠᠨ ᠠᠣᠭ᠎ᠠ ᠣᠷᠢᠶᠠᠯᠭ᠎ᠠ ᠪᠠᠷ
ᠠᠳᠠᠯ ᠦᠢᠯᠡᠰ ᠢᠶᠡᠨ ᠴᠣᠭᠴᠠᠯᠠᠨ ᠪᠣᠰᠬᠠᠯ᠎ᠠ ᠪᠢᠳᠡ ᠨᠠᠷ
ᠢᠷᠠᠭᠤ ᠠᠯᠳᠠᠷ ᠢ ᠨᠢ ᠬᠡᠵᠢᠶ᠎ᠡ ᠡᠭᠦᠷᠢᠳᠡ ᠮᠠᠨᠳᠣᠭᠣᠯᠬᠣ ᠪᠠᠷ
ᠢᠷᠡᠭᠡᠳᠦᠢ ᠬᠦᠰᠡᠯ ᠢᠶᠡᠨ ᠪᠣᠯᠭᠠᠨ ᠲᠡᠮᠡᠴᠡᠨ ᠴᠢᠷᠮᠠᠡᠢᠨ ᠵᠢᠳᠭᠦᠵᠡᠭᠡᠶᠡ
ᠬᠠᠡᠢᠷᠠ ᠶᠢᠨ ᠲᠡᠭᠷᠢ ︱ ᠠᠭᠣᠣ ᠶᠡᠬᠡ ᠨᠠᠮ ᠮᠢᠨᠢ ᠡ︕
ᠬᠦᠦ ᠴᠢᠨᠢ ᠲᠠᠨ ᠳᠤ ᠪᠠᠨ ᠲᠠᠯᠠᠷᠬᠠᠨ ᠲᠠᠯᠠᠷᠬᠠᠨ ᠶᠣᠰᠣᠯᠠᠵᠣ ᠪᠣᠢ ᠃
ᠬᠣᠪᠢᠰᠬᠠᠯ ᠤᠨ ᠣᠳᠣᠷᠢᠳᠣᠭᠴᠢ ︱ ᠠᠭᠣᠣ ᠶᠡᠬᠡ ᠨᠠᠮ ᠮᠢᠨᠢ ᠡ ︕
ᠬᠡᠣᠬᠡᠨ ᠴᠢᠨᠢ ᠲᠠᠨ ᠳᠤ ᠪᠠᠨ ᠮᠦᠷᠭᠦᠨ ᠮᠦᠷᠭᠦᠨ ᠲᠠᠯᠠᠷᠬᠠᠵᠤ ᠪᠣᠢ ᠃
25
1