ᠴᠠᠰᠣ ︱ ᠪ ᠂ ᠷᠢᠨᠴᠢᠨ
ᠡᠪᠦᠯ ᠦᠨ ᠦᠯᠵᠡᠢ ᠲᠡᠮᠳᠡᠭ ᠂ ᠦᠷᠯᠦᠭ ᠮᠣᠩᠭᠣᠯᠴᠣᠳ ᠤᠨ ᠦᠪ ᠰᠣᠶᠣᠯ ᠡᠭᠡ ᠪᠡᠢᠭᠠᠯᠢ ᠰᠠᠨ ᠃
1244
2022-12-22 09:40
发表于:内蒙古
ᠴᠠᠰᠣ
︱ ᠪ ᠂ ᠷᠢᠨᠴᠢᠨ
ᠣᠯᠠᠷᠢᠯ ᠤᠨ ᠡᠬᠡᠯᠵᠢ ᠪᠡᠷ
ᠤᠭᠳᠠᠷᠭᠤᠢ ᠶᠢᠨ ᠬᠦᠨᠡ
ᠡᠬᠦᠯᠠ ᠭᠦᠪᠪᠦᠨ ᠪᠦᠷᠬᠡᠵᠦ
ᠴᠢᠮᠡᠬᠡ ᠢᠮᠡᠬᠡ ᠦᠬᠡᠢ
ᠴᠠᠷᠠᠨ ᠯᠠᠪᠰᠠ ᠬᠠᠶᠠᠯᠠᠵᠣ
ᠡᠬᠡ ᠪᠠᠢᠭᠠᠯᠢ ᠶᠢᠨ ᠡᠩᠬᠡᠷ ᠲᠦ
ᠴᠢᠨᠳᠠᠭᠠ ᠭᠦᠨᠵᠢᠯᠡ ᠬᠣᠴᠢᠨᠠ ᠃
ᠬᠠᠨ ᠬᠠᠢᠷᠬᠠᠨ ᠢᠶᠠᠷ
ᠯᠠᠭᠯᠠᠷ ᠤᠨ ᠮᠦᠴᠢᠷ ᠶᠣ
ᠴᠠᠩ ᠠᠭᠣᠷ ᠰᠠᠮᠰᠠᠢᠳᠠᠵᠣ
ᠠᠭᠠᠷ ᠠᠮᠢᠰᠭᠣᠨ ᠳᠤ
ᠠᠯᠢᠶᠠᠷᠬᠠᠨ ᠡᠷᠪᠡᠬᠡᠢᠯᠡᠵᠦ
ᠦᠷᠬᠡᠨ ᠲᠠᠯᠠ ᠶᠢᠨ ᠬᠣᠷᠮᠣᠢ ᠳᠤ
ᠮᠦᠩᠬᠦᠨ ᠬᠣᠶᠠᠭ ᠬᠡᠳᠦᠷᠣᠨᠠ ᠃
ᠬᠣᠳᠠᠴᠢ ᠶᠢᠨ ᠲᠠᠭᠣᠨ ᠢᠶᠠᠷ
ᠪᠣᠳᠠ ᠶᠢᠨ ᠨᠦᠮᠦᠷᠢ
ᠬᠡᠪᠳᠡᠭᠰᠡᠨ ᠲᠠᠣᠯᠠᠢ ᠯᠠ
ᠬᠣᠯᠮᠣᠢᠨ ᠴᠢᠩᠨᠠᠵᠣ
ᠬᠣᠣᠰ ᠴᠢᠬᠢ ᠬᠠᠢᠴᠢᠯᠠᠵᠣ
ᠪᠣᠷᠭᠠᠨᠠᠭᠰᠠᠨ ᠰᠠᠭᠰᠣᠷᠭᠠ ᠳᠤ
ᠰᠠᠷᠠᠨ ᠴᠠᠢᠯᠬᠠ ᠴᠠᠢᠯᠵᠠᠨᠠ ᠃
ᠠᠳᠣᠭᠣᠨ ᠲᠣᠷᠬᠢᠭᠣᠨ ᠢᠶᠠᠷ
ᠠᠳᠡᠷ ᠬᠡᠬᠡᠷᠡ ᠶᠣ
ᠠᠶᠠᠯᠭᠣ ᠪᠠᠷ ᠡᠬᠡᠰᠢᠭᠯᠡᠵᠦ
ᠠᠳᠣᠭᠣᠴᠢᠨ ᠵᠠᠯᠠᠭᠣ
ᠣᠷᠭᠠ ᠨᠠᠬᠢᠯᠵᠠᠭᠣᠯᠣᠨ
ᠠᠭᠳᠠ ᠶᠢᠨ ᠨᠢᠷᠣᠭᠣᠨ ᠳᠤ
ᠬᠣᠯᠬᠣᠪᠴᠢ ᠪᠦᠴᠡᠯᠡᠨ ᠨᠢᠰᠬᠡᠨᠡ ᠃
ᠬᠦᠬᠡ᠋ ᠠᠭᠣᠯᠠᠨ ᠬᠣᠷᠮᠣᠢ
ᠭᠦᠭᠡᠮᠳᠦᠭ ᠣᠰᠤᠨ ᠭᠦᠪᠡᠭᠡ
ᠲᠠᠯᠠᠢ ᠮᠦᠷᠠᠨ ᠤ ᠲᠠᠯᠠᠩ
ᠨᠠᠷᠠᠨ ᠰᠠᠷᠠᠨ ᠤ ᠡᠷᠭᠢᠯᠳᠡ ᠪᠡᠷ
ᠬᠣᠷᠸᠠ ᠶᠢᠷᠳᠢᠨᠴᠣ ᠶᠤᠭᠠᠨ
ᠬᠣᠷᠠᠭᠰᠠᠨ ᠴᠠᠭᠠᠨ ᠨᠠᠪᠴᠢᠰ
ᠴᠡᠴᠡᠭᠯᠡᠨ ᠴᠢᠮᠡᠭᠯᠡᠨᠡ ᠃
ᠡᠪᠦᠯ ᠦᠨ ᠦᠯᠵᠡᠢ ᠲᠡᠮᠳᠡᠭ ᠂ ᠦᠷᠯᠦᠭ ᠮᠣᠩᠭᠣᠯᠴᠣᠳ ᠤᠨ ᠦᠪ ᠰᠣᠶᠣᠯ ᠡᠭᠡ ᠪᠡᠢᠭᠠᠯᠢ ᠰᠠᠨ ᠃
2022 ᠂ 12 ᠂ 12
11
0