ᠭᠡᠮᠰᠢᠯ
ᠨᠠᠭᠠᠳᠤᠮ ᠤᠨ ᠬᠦᠮᠦᠨ ᠳᠤ ᠠᠨᠳᠠ ᠨᠠᠢᠢᠵᠠ ᠪᠠᠢᠢᠳᠠᠭ ᠦᠭᠡᠢ ᠂ ᠬᠠᠷᠢᠨ ᠬᠠᠷᠠᠮᠰᠠᠯ ᠭᠡᠮᠰᠢᠯ ᠪᠠᠢᠢᠳᠠᠭ ᠃
1390
2023-01-09 19:47
发表于:内蒙古
ᠪᠣᠤ ᠵᠢᠨᠵᠤᠸᠠᠨᠭᠽᠢ
ᠬᠡᠮᠰᠢᠯ
ᠵᠣᠭᠣᠰ ᠮᠦᠩᠭᠦ ᠮᠦᠷᠦᠢᠢᠴᠡᠬᠦ ᠪᠡᠷ
ᠵᠢᠷᠭᠠᠯ ᠢᠶᠠᠨ ᠪᠣᠯᠭᠠᠳᠠᠭ ᠠᠨᠳᠠ ᠮᠢᠨᠢ
ᠭᠠᠰᠠᠯᠠᠩ ᠵᠣᠪᠠᠯᠠᠩ ᠢᠷᠡᠬᠦᠢ ᠳᠦᠷ
ᠭᠡᠮᠰᠢᠵᠦ ᠶᠠᠪᠣᠳᠠᠭ ᠨᠠᠢᠢᠵᠠ ᠮᠢᠨᠢ ︕
ᠮᠡᠯᠡᠢᠢᠨ ᠮᠡᠯᠡᠢᠢᠨ ᠲᠣᠲᠠᠭᠠᠭᠰᠠᠬᠠᠷ
ᠮᠠᠷᠰᠠᠢᠢᠨ ᠮᠠᠷᠰᠠᠢᠢᠨ ᠭᠣᠯᠭᠣᠭᠰᠠᠭᠠᠷ
ᠮᠠᠵᠢᠶᠠᠩ ᠫᠠᠢ ᠳᠤ ᠪᠠᠨ ᠰᠢᠨᠣᠬᠠᠢᠢᠷᠠᠭᠰᠠᠭᠠᠷ
ᠮᠠᠭᠠᠳ ᠵᠣᠪᠠᠳᠠᠭ ᠢᠶᠠᠨ ᠴᠢ ᠮᠡᠳᠡᠨᠡᠣ ︖
ᠲᠡᠪᠡᠯ ᠦᠮᠦᠳᠦ ᠪᠡᠨ ᠲᠣᠪᠴᠢᠯᠠᠭᠰᠠ ᠴᠤ ᠦᠭᠡᠢ
ᠲᠣᠭᠣᠯ ᠪᠢᠷᠠᠭᠣ ᠪᠠᠨ ᠣᠰᠣᠯᠠᠭᠰᠠᠨ ᠴᠣ ᠦᠭᠡᠢ
ᠲᠠᠷᠪᠡᠵᠦ ᠲᠡᠳᠡ ᠠᠶᠠᠯᠠᠭᠰᠠᠭᠠᠷ
ᠲᠦᠷᠪᠡᠨ ᠵᠦᠭ ᠡᠴᠡ ᠴᠣᠭᠯᠠᠷᠠᠯᠠ ᠃
ᠲᠠᠮᠠᠬᠢ ᠪᠠᠨ ᠨᠢᠭᠡ ᠨᠢ ᠲᠠᠳᠠᠭᠰᠠᠠᠭᠠᠷ
ᠲᠡᠭᠡᠲᠦ ᠦᠨᠴᠦᠭ ᠲᠤ ᠨᠢ ᠵᠠᠯᠠᠷᠠᠯᠠ
ᠲᠣᠷᠠ ᠦᠭᠡᠢ ᠨᠢᠭᠡ ᠨᠢ ᠲᠣᠷᠪᠠᠢᠢᠭᠰᠠᠭᠠᠷ
ᠲᠣᠤᠷᠠ ᠲᠠᠯᠠ ᠳᠤ ᠨᠢ ᠰᠠᠭᠠᠲᠠᠯᠠ ᠃
ᠵᠢᠶᠠᠭᠠᠵᠣ ᠲᠦᠷᠦᠭᠰᠡᠨ ᠨᠣᠲᠣᠭ ᠲᠤ ᠪᠠᠨ
ᠵᠢᠷᠭᠠᠯ ᠵᠣᠪᠠᠯ ᠢᠶᠠᠨ ᠬᠠᠮᠲᠣᠳᠬᠠᠭᠰᠠᠨ
ᠵᠣᠭᠣᠰ ᠮᠦᠩᠭᠦ ᠪᠡᠷ ᠮᠦᠷᠦᠢᠴᠡᠭᠡᠳ
ᠵᠠᠨᠣᠯ ᠬᠣᠷᠣᠰᠣᠯ ᠲᠠᠢ ᠪᠣᠯᠬᠤ ᠨᠢ ᠦᠦ ︖
ᠰᠢᠷᠡᠭᠡᠨᠡ ᠮᠣᠷᠢᠯᠠᠬᠣ ᠡᠴᠡ ᠡᠮᠦᠨᠡᠬᠡᠡ ᠡᠳᠡᠨᠠᠷ
ᠲᠩᠨᠠᠢ ᠶᠢᠨ ᠭᠣᠷᠪᠠᠨ ᠰᠣᠳᠠᠰᠣ ᠰᠢᠬ ᠡ
ᠰᠢᠷᠡᠭᠡᠨᠡ ᠰᠭᠠᠲᠠᠭᠰᠠᠨ ᠤ ᠬᠤᠢᠨᠠᠬᠠᠨ ᠡᠳᠡᠨᠠᠷ
ᠲᠠᠯᠠ ᠶᠢᠨ ᠭᠣᠷᠪᠠᠨ ᠭᠦᠷᠦᠭᠡᠰᠦ ᠰᠢᠭ ᠡ ︕
ᠮᠠᠵᠢᠶᠠᠩ ᠤᠨ ᠰᠢᠷᠡᠭᠡ ᠨᠢ ᠲᠠᠴᠢᠬᠢᠨᠠᠵᠣ ᠯᠠ ᠪᠠᠢᠢᠨᠠ
ᠮᠠᠨᠣᠰ ᠤᠨ ᠲᠦᠷᠪᠡᠭᠦᠯᠡ ᠶᠠᠷᠰᠢᠭᠯᠠᠭᠵᠣ ᠯᠠ ᠪᠠᠢᠢᠨᠠ
ᠮᠦᠩᠭᠦ ᠵᠣᠭᠣᠰ ᠨᠢ ᠱᠣᠸᠷᠴᠢᠬᠢᠨᠠᠵᠣ ᠯᠠ ᠪᠠᠢᠢᠨᠠ
ᠮᠦᠷᠦᠢᠴᠡᠯ ᠲᠡᠮᠡᠴᠡᠭᠡᠨ ᠨᠢ ᠰᠢᠷᠦᠭᠦᠰᠴᠦ ᠯᠠ ᠪᠠᠢᠢᠨᠠ ᠃
ᠬᠣᠪᠢ ᠪᠠᠷ ᠮᠠᠭᠣᠲᠠᠢ ᠨᠢᠭᠡᠨ ᠦ ᠬᠢᠨᠢ
ᠬᠠᠷᠮᠠᠨ ᠪᠦᠬᠦᠨ ᠨᠢ ᠬᠣᠭᠣᠰᠣᠷᠠᠭᠠᠳ ᠢᠷᠡᠯᠡ
ᠬᠠᠷᠠ ᠬᠦᠯᠦᠰᠦ ᠨᠢ ᠴᠢᠪᠬᠠᠷᠠᠭᠠᠳ
ᠬᠠᠮᠤᠭ ᠪᠡᠶᠡ ᠨᠢ ᠵᠦᠭᠡᠯᠡᠷᠡᠭᠡᠳ ᠢᠷᠡᠯᠡ ᠃
ᠵᠡᠷᠭᠡᠯᠡᠳᠡᠭᠡ ᠰᠠᠭᠣᠭᠰᠠᠨ ᠨᠠᠢᠢᠵᠠ ᠠᠴᠠ ᠪᠠᠨ
ᠵᠢᠭᠡᠯᠡᠭᠡᠳ ᠲᠡᠷᠡ ᠣᠯᠣᠭᠰᠠᠨ ᠦᠭᠡᠢ
ᠡᠰᠡᠷᠭᠦᠯᠡᠨ ᠰᠠᠭᠣᠭᠰᠠᠨ ᠨᠦᠬᠦᠷ ᠡᠴᠡ ᠪᠡᠨ
ᠭᠣᠶᠣᠭᠠᠳ ᠲᠡᠷᠡ ᠪᠦᠲᠦᠭᠰᠡᠨ ᠦᠭᠡᠢ ᠃
ᠵᠠᠯᠭᠠᠵᠣ ᠴᠠᠭᠠᠰᠢ ᠪᠠᠨ ᠨᠠᠭᠠᠳᠣᠭᠰᠠᠭᠠᠷ
ᠵᠠᠭᠣᠭᠠᠳ ᠲᠦᠭᠦᠷᠢᠭ ᠦᠷᠲᠦᠴᠢᠬᠡᠯᠡ
ᠵᠣᠪᠠᠯ ᠢᠶᠠᠨ ᠲᠣᠭᠠᠴᠠᠵᠣ ᠶᠠᠪᠣᠬᠤ ᠪᠠᠷ ᠭᠣᠶᠣᠭᠰᠠᠨ ᠳᠤ
ᠵᠠᠭᠠᠮᠳᠣᠭᠠᠳ ᠨᠢᠭᠡ ᠨᠢ ᠵᠢᠭᠣᠷᠠᠭᠠᠳ ᠢᠷᠡᠯᠡ ᠃
ᠡᠷᠬᠡᠪᠰᠢ ᠶᠠᠪᠤᠬᠤ ᠪᠠᠷ ᠬᠦᠴᠦᠯᠡᠭᠡᠳ ᠢᠷᠡᠬᠦ ᠳᠦ
ᠠᠯᠠᠭᠠ ᠨᠢᠳᠣᠷᠭᠠ ᠲᠠᠴᠢᠬᠢᠨᠠᠭᠠᠳ ᠪᠠᠭᠣᠯᠠ
ᠠᠮᠠ ᠬᠠᠮᠠᠷ ᠨᠢ ᠰᠢᠷᠠᠭᠳᠣᠭᠠᠳ ᠢᠷᠡᠬᠦ ᠳᠦ
ᠠᠶᠤᠤᠯᠢᠬᠠᠢ ᠴᠡᠭᠡᠵᠢ ᠨᠢ ᠰᠢᠮᠰᠢᠷᠡᠭᠡᠳ ᠢᠷᠡᠯᠡ ᠃
ᠴᠢᠰᠦ ᠨᠥᠵᠢ ᠪᠡᠨ ᠭᠣᠭᠣᠵᠢᠯᠣᠭᠰᠠᠭᠠᠷ
ᠴᠠᠭᠠᠰᠢ ᠪᠠᠨ ᠬᠠᠨᠳᠣᠨ ᠲᠣᠲᠠᠭᠠᠭᠠᠳ ᠭᠠᠷᠣᠯᠠ
ᠠᠢᠢᠯ ᠤᠨ ᠨᠣᠬᠠᠳ ᠢ ᠦᠢᠮᠡᠭᠦᠯᠦᠭᠰᠡᠭᠡᠷ
ᠠᠳᠠᠯ ᠭᠡᠷ ᠲᠦ ᠪᠡᠨ ᠬᠦᠷᠦᠭᠡᠳ ᠪᠠᠭᠣᠯᠠ ᠃
ᠡᠬᠡᠨᠠᠷ ᠨᠢ ᠦᠵᠡᠭᠡᠳ ᠡᠭᠡᠷ ᠲᠠᠲᠠᠯᠠ
ᠦᠬᠢᠨ ᠨᠢ ᠬᠠᠷᠠᠭᠠᠳ ᠣᠬᠢᠯᠠᠨ ᠬᠠᠰᠭᠢᠷᠣᠯᠠ ᠃
ᠦᠷᠦᠭᠡᠨ ᠦ ᠲᠣᠲᠤᠷᠠ ᠨᠢ ᠭᠠᠰᠠᠯᠣᠭᠠᠳ ᠢᠷᠡᠯᠡ
ᠦᠷᠦᠴᠡᠨ ᠦ ᠲᠣᠲᠣᠷᠠ ᠨᠢ ᠰᠢᠨᠠᠯᠣᠭᠠᠳ ᠢᠷᠡᠯᠡ ᠃
ᠲᠣᠲᠤᠨᠣ ᠨᠠᠢᠢᠵᠠ ᠶᠢᠨ ᠬᠢᠨᠢ ᠬᠦᠴᠦᠲᠦ ᠨᠢᠳᠣᠷᠭᠠᠨ ᠳᠤ
ᠲᠣᠯᠣᠭᠠᠢ ᠲᠡᠷᠢᠭᠦᠨ ᠡᠴᠡ ᠨᠢ ᠴᠢᠰᠣ ᠣᠷᠣᠰᠣᠯᠠ
ᠡᠬᠡᠨᠠᠷ ᠬᠡᠣᠬᠡᠨ ᠦ ᠬᠢᠨᠢ ᠭᠠᠰᠠᠯᠬᠤ ᠲᠠᠭᠤᠨ ᠳᠤ
ᠡᠷᠢᠶᠡᠨ ᠨᠢᠳᠦᠨ ᠡᠴᠡ ᠨᠢ ᠨᠢᠯᠪᠣᠰᠤ ᠰᠣᠪᠣᠷᠠᠯᠠ ᠃
ᠮᠠᠷᠰᠠᠢᠢᠨ ᠮᠠᠷᠰᠠᠢᠢᠨ ᠭᠣᠯᠭᠣᠭᠰᠠᠨ ᠢᠶᠠᠨ ᠰᠠᠨᠠᠬᠣᠯᠠᠷ
ᠮᠡᠯᠡᠷᠡᠬᠦ ᠨᠢᠳᠦ ᠨᠢ ᠮᠡᠯᠲᠡᠭᠡᠨᠡᠭᠡᠳ ᠮᠡᠯᠲᠡᠭᠡᠨᠡᠭᠡᠳ ᠢᠷᠡᠨᠡ ᠃
ᠮᠠᠵᠢᠶᠠᠩ ᠫᠠᠢ ᠳᠤ ᠰᠢᠨᠣᠬᠠᠢᠷᠠᠭᠰᠠᠨ ᠢᠶᠠᠨ ᠪᠣᠳᠣᠬᠣᠯᠠᠷ
ᠮᠡᠯᠲᠡᠭᠡᠨᠡᠭᠦ ᠨᠢᠯᠪᠣᠰᠤ ᠨᠢ ᠣᠷᠣᠰᠣᠭᠠᠳ ᠣᠷᠣᠰᠣᠭᠠᠳ ᠪᠠᠭᠣᠯᠠ ᠁
22
0