ᠪᠤᠣ ᠵᠢᠨᠵᠤᠸᠠᠩᠽᠢ
ᠨᠤᠲᠣᠭ ᠤᠨ ᠵᠠᠮ ᠮᠢᠨᠢ
ᠨᠢᠳᠦ ᠠᠨᠢᠨ ᠨᠤᠢᠷᠰᠤᠬᠤ ᠶᠢᠨ ᠬᠤᠷᠤᠮᠬᠠᠨ
ᠨᠤᠲᠤᠭ ᠤᠨ ᠵᠠᠮ ᠮᠢᠨᠢ ᠨᠡᠳᠡᠪᠡᠯᠵᠡᠭᠡᠳ ᠢᠷᠡᠨ᠎ᠡ
ᠵᠢᠷᠤᠭ ᠰᠢᠭ᠋ ᠵᠢᠷᠪᠢᠯᠵᠡᠨ ᠰᠦᠮᠡᠯᠵᠡᠭᠡᠳ
ᠵᠢᠷᠦᠬᠡ ᠰᠡᠳᠭᠢᠯ ᠳᠦ ᠮᠢᠨᠢ ᠰᠣᠯᠤᠩᠭᠣᠷᠠᠭᠠᠳ ᠢᠷᠡᠨ᠎ᠡ ᠡ︕
ᠪᠠᠭ᠎ᠠ ᠶᠢᠨ ᠦᠶ᠎ᠡ ᠶᠢᠨ ᠢᠨᠢᠶᠡᠳᠦ ᠪᠠ ᠨᠢᠯᠪᠤᠰᠤ ᠪᠠᠨ
ᠪᠣᠷᠤ ᠵᠠᠮ ᠳᠤ ᠪᠠᠨ ᠰᠠᠴᠤᠵᠤ ᠯᠠ ᠶᠠᠪᠤᠯᠠᠪᠢ
ᠭᠠᠴᠢᠭ ᠪᠠ ᠵᠢᠷᠭᠠᠯᠠᠩ ᠲᠠᠢ ᠤᠷᠳᠦ ᠠᠶᠠᠨ ᠳᠤ ᠪᠠᠨ
ᠭᠠᠰᠢᠭᠤᠨ ᠪᠠ ᠰᠢᠬᠢᠷᠯᠢᠭ ᠡᠴᠡ ᠠᠮᠲᠠᠯᠠᠵᠤ ᠯᠠ ᠶᠠᠪᠣᠯ᠎ᠠ ᠪᠢ᠃
ᠦᠯᠦᠭᠡᠢ ᠨᠤᠲᠤᠭ ᠤᠨ ᠪᠤᠷᠤᠬᠠᠨ ᠵᠠᠮ ᠴᠤ
ᠦᠨᠢ ᠡᠭᠦᠷᠢᠳᠡ ᠶᠢᠨ ᠤᠯᠠ ᠮᠥᠷ ᠪᠤᠯᠤᠭᠰᠠᠨ
ᠦᠩᠭᠡᠷᠡᠭᠰᠡᠨ ᠦ ᠲᠡᠷᠡ ᠬᠦ ᠰᠢᠷ᠎ᠠ ᠬᠣᠨᠣᠭ ᠤᠳ ᠴᠤ
ᠡᠪᠴᠢᠭᠦᠦ ᠴᠡᠭᠡᠵᠢᠨ ᠦ ᠮᠢᠨᠢ ᠤᠶᠠᠩᠭ᠎ᠠ ᠡᠭᠡᠰᠢᠭ ᠪᠤᠯᠤᠭᠰᠠᠨ︕
ᠤᠷᠠᠩᠬᠠᠢ ᠬᠤᠪᠴᠠᠰᠤ ᠲᠠᠢ ᠦᠶᠡᠷᠬᠡᠭᠰᠡᠨ ᠦᠴᠦᠭᠡᠳᠦᠷᠬᠡᠨ
ᠣᠷᠢᠬᠠᠨ ᠰᠠᠯᠬᠢᠨ ᠢᠶᠠᠷ ᠢᠯᠪᠢᠭᠦᠯᠵᠦ ᠯᠠ ᠠᠶᠠᠯᠠᠯ᠎ᠠ ᠪᠢ
ᠡᠪᠡᠰᠦ ᠴᠡᠴᠡᠭ ᠲᠠᠢ ᠵᠠᠮ ᠤᠨ ᠢᠶᠠᠨ ᠬᠠᠵᠠᠭᠤ ᠪᠠᠷ
ᠢᠨᠢᠶᠡᠳᠦ ᠪᠠᠷ ᠪᠢᠯᠬᠠᠭᠰᠠᠨ ᠬᠠᠪᠤᠷ ᠢ ᠬᠦᠭᠡᠭᠡᠯ᠎ᠡ᠃
ᠲᠤᠷᠭᠠᠨ ᠲᠡᠪᠡᠯ ᠲᠠᠢ ᠲᠤᠷᠨᠢᠭᠰᠠᠨ ᠦᠨᠦᠳᠦᠷᠬᠡᠨ
ᠲᠤᠯᠠᠭᠠᠬᠠᠨ ᠨᠠᠷᠠᠨ ᠢᠶᠠᠷ ᠲᠠᠭᠠᠯᠠᠬᠠᠭᠤᠯᠵᠤ ᠯᠠ ᠵᠠᠮᠨᠠᠯ᠎ᠠ ᠪᠢ
ᠴᠠᠷᠳᠠᠮᠠᠯ ᠰᠢᠷᠳᠡᠮᠡᠯ ᠲᠠᠢ ᠵᠠᠮ ᠤᠨ ᠢᠶᠠᠨ ᠲᠡᠷᠭᠡᠲᠡᠭᠦᠷ
ᠴᠡᠩᠭᠡᠯ ᠢᠶᠡᠷ ᠲᠦᠭᠦᠷᠡᠭᠰᠡᠨ ᠨᠠᠮᠤᠷ ᠢ ᠤᠭᠲᠤᠯ᠎ᠠ᠃
ᠰᠣᠯᠤᠩᠭᠠᠷᠠᠨ ᠮᠤᠷᠤᠢᠯᠵᠠᠭᠰᠠᠨ ᠨᠤᠲᠣᠭ ᠤᠨ ᠵᠠᠮ ᠮᠢᠨᠢ
ᠰᠦᠨᠢ ᠶᠢᠨ ᠵᠡᠭᠦᠳᠦᠨ ᠳᠦ ᠦᠨᠢᠲᠡ ᠲᠤᠰᠬᠠᠭᠳᠠᠨ᠎ᠠ
ᠰᠦᠮᠡᠯᠵᠡᠨ ᠨᠡᠲᠡᠪᠡᠯᠵᠡᠭᠰᠡᠨ ᠨᠤᠲᠤᠭ ᠣᠰᠤ ᠮᠢᠨᠢ
ᠰᠡᠳᠭᠢᠯ ᠵᠢᠷᠦᠭᠡᠨ ᠳᠦ ᠡᠭᠦᠷᠢᠳᠡ ᠬᠤᠨᠤᠭᠰᠢᠨ᠎ᠠ ᠡ︕
ᠨᠤᠢᠷ ᠠᠴᠠ ᠰᠡᠷᠡᠵᠦ ᠡᠪᠡᠰᠢᠶᠡᠨ ᠰᠤᠨᠢᠶᠠᠬᠤ ᠶᠢᠨ ᠠᠭᠱᠠᠨ᠎ᠠ
ᠨᠤᠲᠤᠭ ᠤᠨ ᠵᠠᠮ ᠨᠢᠳᠦᠨ ᠳᠤ ᠮᠦᠨ ᠯᠠ ᠵᠤᠷᠠᠢᠭᠠᠳ ᠪᠠᠢᠬᠣ ᠨᠢ ᠡ︕
ᠲᠠᠨᠢᠯ ᠲᠠᠰᠤᠯ ᠭᠤᠪᠢ ᠲᠠᠯ᠎ᠠ ᠲᠠᠩᠰᠣᠭ ᠭᠤᠶᠤᠬᠠᠨ ᠠᠭᠣᠯᠠ ᠣᠰᠤ ᠮᠢᠨᠢ
ᠲᠠᠷᠢᠬᠢ ᠤᠶᠣᠨ ᠳᠤ ᠮᠢᠨᠢ ᠵᠢᠷᠪᠢᠯᠵᠡᠭᠡᠳ ᠯᠠ ᠪᠠᠢᠬᠣ ᠨᠢ ᠡ᠂᠂᠂᠂᠂᠂︕
24 0