ᠴᠡᠨᠭᠭᠡᠯᠳᠦ ᠴᠠᠭᠠᠨ ᠰᠠᠷᠠ
ᠴᠡᠨᠭᠭᠡᠯᠳᠦ ᠴᠠᠭᠠᠨ ᠰᠠᠷᠠ
1713
2023-01-20 20:09
发表于:内蒙古
ᠪᠤᠤ ᠵᠢᠨᠵᠤᠸᠠᠨᠭᠽᠢ
ᠴᠩᠭᠡᠯᠲᠦ ᠴᠠᠭᠠᠨ ᠰᠠᠷᠠ
ᠴᠢᠬᠢ ᠲᠦᠯᠡᠢᠢᠷᠡᠮᠡ ᠫᠣᠤᠵᠢᠩ ᠤᠨ ᠲᠠᠭᠣᠨ ᠳᠤ
ᠴᠢᠪᠢᠯᠳᠦ ᠬᠢᠵᠢᠭ ᠣᠰᠠᠳᠴᠣ ᠪᠠᠢᠢᠨᠠ
ᠴᠢᠩᠭᠢᠨᠡᠮᠡ ᠰᠠᠢᠢᠬᠠᠨ ᠬᠣᠭᠣᠷ ᠤᠨ ᠲᠠᠭᠣᠨ ᠳᠤ
ᠴᠩᠭᠡᠯᠲᠦ ᠴᠠᠭᠠᠨ ᠰᠠᠷᠠ ᠰᠠᠭᠠᠳᠴᠣ ᠪᠠᠢᠢᠨᠠ ᠃
ᠡᠷᠡᠭᠦᠯ ᠰᠠᠷᠠᠭᠣᠯ ᠠᠭᠣᠷ ᠠᠮᠢᠰᠬᠣᠯ ᠨᠢ
ᠡᠨᠡ ᠲᠡᠯᠡᠬᠡᠢ ᠶᠢ ᠢᠯᠪᠢᠭᠡᠳ ᠢᠷᠡᠯᠡ
ᠡᠩᠬᠡ ᠲᠠᠢᠢᠪᠣᠩ ᠡᠳᠦᠷ ᠬᠣᠨᠣᠭ ᠨᠢ
ᠡᠬᠡ ᠨᠣᠲᠣᠭ ᠢ ᠮᠢᠨᠢ ᠪᠠᠶᠠᠰᠬᠠᠭᠠᠳ ᠢᠷᠡᠯᠡ ᠃
ᠲᠠᠨᠠᠨ ᠴᠠᠭᠠᠨ ᠭᠡᠷ ᠦᠳ ᠡᠴᠡ
ᠲᠣᠩᠭᠠᠯᠠᠭ ᠭᠡᠷᠡᠯ ᠰᠠᠴᠣᠷᠠᠵᠣ ᠪᠠᠢᠢᠨᠠ
ᠲᠠᠯᠠ ᠶᠢᠨ ᠲᠡᠷᠲᠡᠭᠡ ᠠᠢᠢᠯ ᠤᠳ ᠠᠴᠠ
ᠲᠠᠭᠣᠣ ᠬᠦᠭᠵᠢᠮ ᠬᠠᠩᠭᠢᠨᠠᠵᠣ ᠪᠠᠢᠢᠨᠠ ᠃
ᠪᠣᠯᠪᠠᠰᠣᠨ ᠡᠷᠡᠨ ᠦ ᠪᠠᠭᠠᠴᠣᠳ ᠪᠠᠢᠢᠨᠠᠮ
ᠪᠣᠮᠪᠣᠢᠢᠵᠣ ᠵᠣᠭᠰᠣᠭᠠᠳ ᠶᠣᠰᠣᠯᠠᠬᠣ ᠨᠢ ᠬᠦᠭᠡᠷᠦᠬᠦᠨ
ᠨᠢᠭᠦᠯᠰᠦᠩᠭᠦᠢ ᠰᠡᠳᠭᠢᠯ ᠲᠠᠢ ᠪᠣᠭᠣᠷᠣᠯᠴᠣᠳ ᠪᠠᠢᠢᠨᠠᠮ
ᠨᠢᠯᠪᠣᠰᠣᠷᠠᠵᠤ ᠰᠠᠭᠣᠭᠠᠳ ᠢᠷᠦᠭᠡᠬᠦ ᠨᠢ ᠬᠦᠭᠡᠷᠦᠬᠦᠢ ᠃
ᠴᠠᠢᠢᠯᠵᠠᠭᠰᠠᠨ ᠰᠢᠨᠡᠬᠡᠨ ᠭᠠᠷ ᠣᠲᠠᠰᠣᠨ ᠠᠴᠠ ᠨᠢ
ᠴᠠᠬᠢᠯᠭᠠᠨ ᠭᠡᠷᠡᠯ ᠰᠠᠴᠣᠷᠠᠵᠣ ᠯᠠ ᠪᠠᠢᠢᠨᠠ
ᠴᠠᠭᠠᠳᠣᠬᠢ ᠬᠣᠯᠠ ᠶᠢᠨ ᠰᠠᠲᠣᠨ ᠲᠦᠷᠦᠯ ᠡᠴᠡ ᠨᠢ
ᠴᠢᠮᠡᠭᠡ ᠮᠡᠨᠳᠦᠴᠢᠯᠡᠯ ᠢᠷᠡᠵᠦ ᠯᠠ ᠪᠠᠢᠢᠨᠠ ᠃
ᠮᠢᠩᠭᠠᠨ ᠮᠢᠩᠭᠠᠨ ᠭᠠᠵᠠᠷ ᠠᠯᠣᠰ ᠪᠠᠢᠭᠰᠠᠨ ᠴᠤ
ᠮᠠᠰᠢ ᠬᠤᠷᠳᠤᠨ ᠮᠡᠨᠳᠦᠴᠢᠯᠡᠵᠦ ᠪᠠᠶᠠᠰᠣᠯᠴᠠᠵᠠᠭᠠᠨᠠ
ᠲᠦᠮᠡᠨ ᠲᠦᠮᠡᠨ ᠭᠠᠵᠠᠷ ᠬᠤᠯᠠ ᠪᠠᠢᠢᠭᠰᠠᠨ ᠴᠤ
ᠲᠣᠩ ᠲᠦᠷᠭᠡᠨ ᠨᠢᠭᠣᠷᠯᠠᠵᠣ ᠴᠡᠩᠭᠡᠯᠳᠦᠵᠡᠭᠡᠨᠡ ᠃
ᠪᠦᠷᠢᠶᠡ ᠪᠢᠰᠬᠢᠭᠦᠷ ᠦᠨ ᠡᠭᠡᠰᠢᠭ ᠣᠶᠠᠩᠭᠠ
ᠪᠦᠬᠦ ᠲᠣᠰᠬᠣᠨ ᠢ ᠲᠣᠩᠰᠣᠯᠭᠠᠵᠣ ᠪᠠᠢᠢᠨᠠ
ᠶᠠᠩᠭᠠᠷ ᠪᠦᠵᠢᠭ ᠦᠨ ᠮᠢᠷᠠᠯᠵᠠᠭᠠᠨ ᠳᠤ ᠨᠢ
ᠶᠠᠭᠠᠨ ᠲᠡᠭᠷᠢ ᠣᠶᠠᠰᠴᠣ ᠪᠠᠢᠢᠨᠠ ᠃
ᠵᠠᠰᠠᠮᠠᠯ ᠰᠠᠢᠢᠬᠠᠨ ᠵᠠᠮ ᠢᠶᠠᠷ ᠨᠢ
ᠵᠦᠢᠯ ᠦᠨ ᠲᠡᠷᠭᠡ ᠵᠦᠷᠢᠯᠳᠦᠵᠦ ᠪᠠᠢᠢᠨᠠ
ᠵᠢᠭᠠᠯ ᠪᠣᠭᠣᠷᠣᠯ ᠣᠯᠠᠨ ᠢᠶᠠᠷ ᠢᠶᠠᠨ
ᠵᠣᠴᠢᠨ ᠪᠣᠯᠵᠣ ᠠᠢᠢᠯᠴᠢᠯᠠᠵᠣ ᠪᠠᠢᠢᠨᠠ ᠃
ᠰᠠᠯᠬᠢᠨ ᠬᠦᠯᠦᠭ ᠬᠦᠯᠦᠭᠯᠡᠭᠰᠡᠨ ᠮᠡᠳᠦ
ᠰᠠᠯᠬᠢ ᠵᠢᠪᠠᠷ ᠲᠠᠲᠠᠭᠣᠯᠣᠨ ᠨᠢᠰᠴᠡᠭᠡᠵᠦ ᠪᠠᠢᠢᠨᠠ
ᠰᠠᠨᠴᠢᠭ ᠴᠠᠢᠭᠰᠠᠨ ᠡᠵᠢ ᠳᠦ ᠪᠠᠨ ᠣᠴᠢᠬᠣ ᠪᠠᠷ
ᠰᠡᠳᠭᠢᠯ ᠪᠠᠶᠠᠷ ᠲᠠᠢ ᠠᠶᠠᠯᠠᠵᠠᠭᠠᠵᠣ ᠪᠠᠢᠢᠨᠠ ᠃
ᠬᠣᠷᠳᠣᠴᠠ ᠪᠠᠨ ᠠᠳᠠᠯᠢᠳᠬᠠᠭᠠᠳ
ᠬᠣᠷᠳᠣᠯᠠᠨ ᠬᠣᠷᠳᠣᠯᠠᠨ ᠲᠠᠪᠬᠢᠵᠠᠭᠠᠵᠣ ᠪᠠᠢᠢᠨᠠ
ᠬᠦᠭᠰᠢᠷᠡᠭᠡ ᠡᠴᠢᠭᠡ ᠳᠦ ᠪᠠᠨ ᠵᠣᠯᠭᠠᠬᠣ ᠪᠠᠷ
ᠬᠦᠭᠰᠡᠨ ᠬᠦᠭᠰᠡᠨ ᠵᠠᠮᠨᠠᠵᠠᠭᠠᠵᠣ ᠪᠠᠢᠢᠨᠠ ᠃
ᠲᠦᠷᠬᠦᠮ ᠳᠦ ᠪᠠᠨ ᠠᠢᠢᠯᠴᠢᠯᠠᠬᠣ ᠰᠢᠨᠡ ᠪᠡᠷᠢ ᠨᠢ
ᠲᠡᠷᠭᠡ ᠪᠡᠨ ᠵᠢᠯᠣᠭᠣᠳᠣᠭᠠᠳ ᠪᠠᠶᠠᠰᠣᠯ ᠲᠠᠢ
ᠲᠡᠷᠭᠡᠳᠡ ᠨᠢ ᠰᠠᠭᠣᠭᠰᠠᠨ ᠰᠢᠨᠡ ᠬᠦᠷᠭᠡᠨ ᠨᠢ
ᠰᠡᠳᠭᠢᠯ ᠢᠶᠡᠨ ᠲᠡᠯᠭᠡᠭᠡᠳ ᠵᠢᠷᠭᠠᠯ ᠲᠠᠢ ᠃
ᠲᠦᠷᠦᠭᠰᠡᠨ ᠨᠣᠲᠣᠭ ᠢᠶᠠᠷ ᠢᠶᠠᠨ ᠠᠢᠢᠯᠴᠢᠯᠠᠬᠤ ᠪᠠᠢᠢᠨᠠ
ᠲᠦᠷᠦᠯ ᠰᠠᠳᠤᠨ ᠢᠶᠠᠷ ᠢᠶᠠᠨ ᠴᠣᠭᠯᠠᠷᠠᠬᠤ ᠪᠠᠢᠢᠨᠠ
ᠲᠣᠲᠣᠭᠠᠳᠦ ᠰᠡᠳᠭᠢᠯ ᠢᠶᠡᠨ ᠠᠭᠣᠳᠠᠯᠴᠠᠬᠤ ᠪᠠᠢᠢᠨᠠ
ᠲᠣᠲᠣᠨᠣ ᠬᠠᠢᠢᠷᠠ ᠪᠠᠨ ᠰᠣᠯᠢᠯᠴᠠᠬᠤ ᠪᠠᠢᠢᠨᠠ ︕
ᠴᠢᠬᠢ ᠲᠦᠯᠡᠢᠢᠷᠡᠮᠡ ᠫᠣᠤᠵᠢᠩ ᠤᠨ ᠲᠠᠭᠣᠨ ᠳᠤ
ᠴᠢᠪᠢᠯᠳᠦ ᠬᠢᠵᠢᠭ ᠣᠰᠠᠳᠴᠣ ᠪᠠᠢᠢᠨᠠ
ᠴᠢᠩᠭᠢᠨᠡᠮᠡ ᠰᠠᠢᠢᠬᠠᠨ ᠬᠣᠭᠣᠷ ᠤᠨ ᠲᠠᠭᠣᠨ ᠳᠤ
ᠴᠩᠭᠡᠯᠲᠦ ᠴᠠᠭᠠᠨ ᠰᠠᠷᠠ ᠰᠠᠭᠠᠳᠴᠤ ᠪᠠᠢᠢᠨᠠ ᠃
31
0