ᠮᠥᠩᠬᠡ ᠢ᠌᠌ᠨ ᠪᠠᠶᠠᠷ ︱ ᠪ ᠂ ᠷᠢᠨᠴᠢᠨ
︽ ᠮᠥᠩᠬᠡ ᠢ᠌᠌ᠨ ᠪᠠᠶᠠᠷ︾ ᠰᠢᠯᠦᠭ ᠢ ᠲᠠ ᠪᠦᠭᠦᠳᠡ ᠳ᠋ᠦ᠍ ᠲᠣᠯᠢᠳᠠᠭᠣᠯᠵᠣ ᠂ ᠰᠠᠷ᠎ᠠ ᠰᠢᠨ᠎ᠡ ᠢ᠌᠌ᠨ ᠮᠡᠨᠳᠦᠴᠢᠯᠡᠯ ᠲᠡᠪᠰᠢᠭᠦᠯᠦᠶ᠎ᠡ ᠃
1269
2023-01-23 18:35
发表于:内蒙古
ᠮᠥᠩᠬᠡ ᠢ᠌᠌ᠨ ᠪᠠᠶᠠᠷ
︱ ᠪ ᠂ ᠷᠢᠨᠴᠢᠨ
ᠣᠳᠣᠭ᠎ᠠ ᠪᠠᠭᠠᠬᠢᠭᠰᠠᠨ
ᠠᠷᠪᠠᠨ ᠬᠠᠨᠠᠳᠦ ᠡᠴᠡ
ᠤᠭᠤᠴᠠ ᠲᠡᠬᠡᠵᠢᠯᠡᠭᠰᠡᠨ
ᠮᠣᠩᠭᠣᠯ ᠭᠡᠷ ᠡᠴᠡ
ᠰᠠᠮᠪᠠᠢ ᠬᠠᠳᠠᠭ ᠡᠶᠡᠨ
ᠠᠯᠳᠠᠯᠠᠨ ᠲᠡᠯᠬᠡᠵᠦ᠍
ᠰᠠᠭᠠᠯᠢ ᠢ᠌᠌ᠨ ᠳᠡᠭᠡᠵᠢ ᠪᠡᠨ
ᠡᠷᠭᠦᠨ ᠲᠡᠪᠰᠢᠭᠦᠯᠵᠦ᠍
ᠠᠤᠭ᠎ᠠ ᠡᠷᠡᠨ ᠪ
ᠪᠠᠶᠠᠷᠲᠤ ᠡᠳᠦᠷ ᠡᠶᠡᠨ
ᠠᠶᠤᠤᠯᠢᠬᠠᠢ ᠵᠢᠷᠦᠬᠡᠨ ᠡᠴᠡ ᠪᠡᠨ
ᠪᠡᠯᠬᠡᠯᠡᠨ ᠢᠷᠦᠭᠡᠶ᠎ᠡ ︕
ᠠᠭᠤᠤ ᠦᠢᠯᠡᠰ ᠲᠦ᠍
ᠬᠢᠯᠠᠯᠵᠠᠭᠰᠠᠨ ᠪᠠᠶᠠᠷ ᠮᠢᠨᠢ ︕
ᠠᠯᠳᠠᠨ ᠨᠠᠷᠠ ᠲᠠᠢ
ᠵᠦᠢᠷᠯᠡᠰᠢ ᠦᠭᠡᠢ ᠃
ᠣᠳᠣᠨ ᠣᠷᠴᠢᠯᠠᠩ ᠳ᠋ᠦ᠍
ᠠᠢᠯᠴᠢᠯᠠᠭᠰᠠᠨ ᠪᠠᠶᠠᠷ ᠮᠢᠨᠢ ︕
ᠲᠤᠩᠭᠠᠯᠠᠭ ᠰᠠᠷ᠎ᠠ ᠲᠠᠢ
ᠦᠯᠢᠬᠡᠷᠯᠡᠰᠢ ᠦᠭᠡᠢ ᠃
ᠥᠨᠢᠷ ᠠᠮᠢᠳᠤᠷᠠᠯ ᠳ᠋ᠦ᠍
ᠴᠠᠯᠬᠢᠯᠠᠭᠰᠠᠨ ᠪᠠᠶᠠᠷ ᠮᠢᠨᠢ ︕
ᠣᠨᠳᠣᠷᠬᠤ ᠪᠤᠯᠠᠭ ᠲᠠᠢ
ᠠᠳᠠᠯᠢᠳᠬᠠᠰᠢ ᠦᠭᠡᠢ ᠃
ᠲᠠᠷᠬᠠᠨ ᠬᠦᠰᠡᠯ ᠲᠠᠢ
ᠣᠷᠬᠢᠯᠣᠭᠰᠠᠨ ᠪᠠᠶᠠᠷ ᠮᠢᠨᠢ ︕
ᠳᠠᠯᠠᠢ ᠮᠥᠷᠡᠨ ᠲᠠᠢ
ᠵᠢᠱᠢᠰᠢ ᠦᠭᠡᠢ ᠃
ᠡᠬᠡ ᠳᠡᠯᠡᠬᠡᠢ ᠢ᠌᠌ᠨ
ᠠᠯᠳᠠᠨ ᠰᠢᠷᠦᠢ ᠳ᠋ᠦ᠍
ᠡᠯᠢᠭᠡᠨ ᠨᠤᠲᠤᠭ ᠤᠨ
ᠲᠣᠷᠭᠠᠨ ᠥᠯᠥᠭᠡᠢ ᠳ᠋ᠦ᠍
ᠲᠡᠭᠦᠰ ᠡᠩᠬᠡ
ᠮᠥᠩᠬᠡ ᠢ᠌᠌ᠨ ᠪᠠᠶᠠᠷ
ᠲᠦᠮᠡᠨ ᠦᠶ᠎ᠡ ᠳ᠋ᠦ᠍
ᠰᠠᠴᠣᠷᠠᠨ ᠪᠠᠳᠠᠷᠠᠳᠣᠭᠠᠢ︕
᠂ ︽ ᠮᠥᠩᠬᠡ ᠢ᠌᠌ᠨ ᠪᠠᠶᠠᠷ︾ ᠰᠢᠯᠦᠭ ᠢ ᠲᠠ
ᠪᠦᠭᠦᠳᠡ ᠳ᠋ᠦ᠍ ᠲᠣᠯᠢᠳᠠᠭᠣᠯᠵᠣ ᠂ ᠰᠠᠷ᠎ᠠ ᠰᠢᠨ᠎ᠡ ᠢ᠌᠌ᠨ
ᠮᠡᠨᠳᠦᠴᠢᠯᠡᠯ ᠲᠡᠪᠰᠢᠭᠦᠯᠦᠶ᠎ᠡ ᠃
︽ᠣᠯᠠᠭᠠᠨᠴᠠᠪ ᠦᠨ ᠰᠣᠨᠢᠨ ︾ ᠦ 1983 ᠂1· 4
ᠭᠠᠷᠠᠭ ᠦᠨ ᠬᠣᠶᠠᠷ ᠦᠨ (ᠲᠠᠯᠠᠨ ᠬᠠᠷ᠎ᠠ )ᠳ᠋ᠦ᠍
ᠦᠵᠡ᠃
2023᠂1᠂23
13
0