﹇ ᠵᠠᠭᠤᠨ ᠪᠢᠯᠢᠭ﹈ ᠣᠯᠠᠷᠢᠭᠰᠠᠨ ᠲᠡᠦᠬᠡ
※ ︽ ᠰᠣᠶᠣᠯ ᠦᠨ ᠶᠡᠬᠡ ᠬᠤᠪᠢᠰᠬᠠᠯ ︾ ᠲᠣᠮᠳᠠᠬᠢ ᠮᠠᠨ ᠤ ᠤᠯᠤᠰ ᠦᠨ ᠭᠠᠳᠠᠭᠠᠳᠤ ᠳ᠋ᠦ᠍ ᠣᠯᠭᠣᠭᠰᠠ ᠴᠡᠷᠢᠭ ᠦᠨ ᠶᠠᠪᠤᠳᠠᠯ ᠦᠨ ᠲᠤᠰᠠᠯᠠᠮᠵᠢ ᠢ᠌᠌ᠨ ᠲᠠᠯ᠎ᠠ
ᠪᠡᠷ ᠬᠢ ᠣᠰᠣᠯ ᠠᠯᠳᠠᠭ᠎ᠠ ᠃
1340
2023-01-25 16:25
发表于:内蒙古
﹇ ᠵᠠᠭᠤᠨ ᠪᠢᠯᠢᠭ﹈
ᠣᠯᠠᠷᠢᠭᠰᠠᠨ ᠲᠡᠦᠬᠡ
ᠴᠡᠷᠢᠭ ᠦᠨ ᠶᠠᠪᠤᠳᠠᠯ ᠦᠨ ᠬᠣᠷᠢᠶ᠎ᠠ ᠢ᠌᠌ᠨ ᠶᠡᠷᠦᠩᠬᠡᠢ
ᠼᠠᠨᠮᠣ ᠢ᠌᠌ᠨ ᠭᠠᠵᠠᠷ ᠦᠨ ᠭᠠᠳᠠᠭᠠᠳᠤ ᠬᠡᠷᠡᠭ ᠶᠠᠪᠤᠳᠠᠯ
ᠤᠨ ᠲᠣᠪᠴᠢᠶ᠎ᠡ ᠢ᠌᠌ᠨ ᠪᠠᠢᠩᠭᠤ ᠢ᠌᠌ᠨ ᠳᠡᠳ᠋ ᠳᠠᠷᠤᠭ᠎ᠠ
ᠪᠠᠢᠭᠰᠠᠨ ᠵᠦ ᠺᠸ ᠶᠢᠨ ᠦ ︽ ᠲᠣᠮᠳᠠᠳᠣ ᠢ᠌᠌ᠨ ᠣᠨ ᠵᠢᠯ
ᠦᠳ ︾ ᠰᠡᠳᠬᠦᠯ ᠳ᠋ᠦ᠍ ᠨᠡᠢᠳᠡᠯᠡᠭᠰᠡᠨ ᠶᠠᠷᠢᠶᠠᠨ ᠳᠠᠭᠠᠨ
︽ ᠰᠣᠶᠣᠯ ᠤᠨ ᠶᠡᠬᠡ ᠬᠤᠪᠢᠰᠬᠠᠯ︾ ᠤᠨ ᠬᠣᠭᠣᠴᠠᠭᠠᠨ
ᠳᠡᠬᠢ ᠮᠠᠨ ᠤ ᠤᠯᠤᠰ ᠤᠨ ᠭᠠᠳᠠᠭᠠᠳᠤ ᠳ᠋ᠦ᠍
ᠵᠣᠷᠢᠭᠣᠯᠤᠭᠰᠠᠨ ᠴᠡᠷᠢᠭ ᠤᠨ ᠶᠠᠪᠤᠳᠠᠯ ᠤᠨ ᠲᠤᠰᠠᠯᠠᠮᠵᠢ
ᠢ᠌᠌ᠨ ᠲᠤᠬᠠᠢ ᠰᠣᠨᠢᠨ ᠰᠣᠨᠢᠨ ᠪᠠᠢᠳᠠᠯ ᠢ ᠵᠠᠳᠠᠷᠠᠭᠣᠯᠵᠠᠢ᠃
ᠳᠡᠯᠡᠬᠡᠢ ᠶᠢᠨ ᠬᠣᠶᠠᠳᠣᠭᠠᠷ ᠶᠡᠬᠡ ᠳᠠᠢᠨ ᠠᠴᠠ ᠰᠡᠭᠦᠯᠡᠷ
᠂ ᠳᠡᠯᠡᠬᠡᠢ ᠳᠡᠭᠡᠷᠡᠬᠢ ᠣᠯᠠᠨ ᠲᠠᠷᠣᠯᠠᠭᠳᠠᠭᠴᠢ
ᠦᠨᠳᠦᠰᠦᠲᠡᠨ᠂ ᠺᠣᠯᠣᠨᠢ ᠶᠢᠨ ᠣᠷᠣᠨ ᠲᠤᠰᠠᠭᠠᠷ
ᠲᠣᠭᠳᠠᠨᠢᠨ ᠴᠢᠯᠦᠬᠡᠯᠡᠯᠳᠡ ᠪᠡᠨ ᠣᠯᠬᠤ ᠪᠡᠷ
ᠲᠡᠮᠡᠴᠡᠵᠡᠬᠡᠪᠡ ᠂ ᠡᠭᠦᠨ ᠳ᠋ᠦ᠍ ᠪᠢᠳᠡ ᠴᠢᠳᠠᠯ ᠤᠨ ᠬᠢᠷᠢ ᠪᠡᠷ
ᠡᠶᠡᠨ ᠳᠡᠮᠵᠢᠨ ᠲᠤᠰᠠᠯᠠᠬᠤ ᠨᠢ ᠵᠦᠢ ᠶᠣᠰᠣᠨ ᠤ ᠬᠡᠷᠡᠭ
ᠪᠠᠢᠭᠰᠠᠨ᠃
ᠭᠡᠬᠦ᠌ ᠳ᠋ᠦ ᠍︽ ᠰᠣᠶᠣᠯ ᠣᠨ ᠶᠠᠬᠡ ᠬᠤᠪᠢᠰᠬᠠᠯ ︾
ᠤᠨ ᠦᠶ᠎ᠡ ᠪᠡᠷ ᠬᠠᠩᠭᠠᠯᠭ᠎ᠠ ᠬᠡᠷᠡᠭᠴᠡᠬᠡ ᠵᠡᠷᠬᠡ ᠪᠡᠷ
ᠮᠠᠰᠢ ᠠᠷᠪᠢᠨ ᠠᠰᠠᠭᠣᠳᠠᠯ ᠭᠠᠷᠴᠠᠢ᠃
ᠠᠯᠪᠠᠨᠢᠶᠠ ᠪᠡᠷ ᠵᠢᠱᠢᠶᠡᠯᠡᠪᠡᠯ᠂ ᠲᠡᠳᠡ ᠬᠡᠪ ᠤᠨ
ᠪᠦᠲᠦᠭᠡᠨ ᠪᠠᠢᠭᠤᠯᠬᠤ ᠱᠠᠲᠤᠨ ᠳ᠋ᠦ᠍ ᠣᠷᠣᠵᠣ ᠂ ᠴᠡᠷᠢᠭ
ᠠᠩᠭᠢ ᠨᠢ ᠴᠤ᠌ ᠪᠠᠢᠯᠳᠣᠭᠠᠨ ᠲᠣᠯᠣᠯᠳᠣᠭᠠᠨ ᠬᠢᠬᠦ᠌ ᠪᠡᠨ
ᠪᠣᠯᠢᠵᠣ ᠂ ᠶᠠᠭ ᠪᠣᠯᠬᠤ ᠦᠭᠡᠢ ᠭᠦᠴᠢᠷᠳᠡᠯ ᠴᠤ᠌ ᠦᠭᠡᠢ
ᠪᠠᠢᠯ᠎ᠠ ᠃ ᠭᠡᠲᠡᠯ᠎ᠡ ᠲᠡᠷᠡ ᠬᠡᠳᠦᠨ ᠵᠢᠯ ᠲᠡᠳᠡᠨ ᠦ
ᠲᠥᠯᠥᠭᠡᠯᠡᠭᠴᠢ ᠢ᠌᠌ᠨ ᠪᠦᠯᠬᠦᠮ ᠬᠣᠢᠨ᠎ᠠ ᠬᠣᠢᠨ᠎ᠠ ᠠᠴᠠ ᠪᠡᠨ
ᠴᠣᠪᠣᠷᠠᠯᠳᠣᠵᠣ ᠢᠷᠡᠭᠰᠡᠭᠡᠷ ᠯᠠ ᠠᠮᠠ ᠨᠡᠭᠡᠭᠡᠵᠦ᠍ ᠭᠠᠷ
ᠰᠠᠷᠪᠠᠢᠳᠠᠭ ᠮᠥᠷᠲᠡᠭᠡᠨ ᠶᠠᠭᠠᠬᠢᠭᠰᠠᠨ ᠴᠤ᠌ ᠥᠭᠬᠦ᠌
ᠦᠭᠡᠢ ᠪᠣᠯᠬᠤ ᠦᠭᠡᠢ ᠶᠤᠮ ᠰᠢᠭ᠋ ᠳᠦᠷᠢ ᠭᠠᠷᠭᠠᠳᠠᠭ ᠃
ᠵᠦᠪᠬᠡᠨ1972 ᠣᠨ ᠳ᠋ᠦ᠍ ᠂ ᠮᠠᠨ ᠪ ᠤᠯᠤᠰ ᠠᠴᠠ ᠠᠯᠪᠠᠨᠢᠶᠠ
ᠳ᠋ᠦ᠍ ᠦᠭᠭᠦᠭᠰᠡᠨ ᠵᠦᠢᠯ ᠵᠦᠢᠯ ᠤᠨ ᠲᠤᠰᠠᠯᠠᠮᠵᠢ ᠲᠡᠳᠡᠨ ᠦ
ᠬᠥᠮᠥᠨ ᠪᠦᠷᠢ ᠳ᠋ᠦ᠍ ᠲᠡᠭᠰᠢᠳᠭᠡᠬᠡᠳ 5000 ᠳᠦᠭᠦᠷᠡᠩ
︿ ᠠᠷᠠᠳ ᠤᠨ ᠵᠣᠭᠣᠰ ﹀ ᠭᠦᠷᠦᠭᠰᠡᠨ ᠪᠠᠢᠯ᠎ᠠ ᠃ ᠪᠢᠳᠡ
ᠲᠡᠳᠡᠨ ᠢ ᠲᠠᠭᠠᠭᠠᠳ ᠠᠪᠣᠴᠢᠬᠠᠶᠠ ᠂ ᠪᠢᠳᠡ ᠬᠥᠮᠥᠨ ᠡᠴᠡ
ᠨᠢᠭᠡ ᠠᠮᠠ ᠳᠤᠲᠠᠭᠤ ᠢᠳᠡᠪᠡᠯ ᠪᠦᠬᠦ᠌ ᠤᠯᠤᠰ ᠡᠶᠡᠷ ᠨᠢ
ᠴᠠᠳᠭᠠᠴᠢᠬᠣ ᠦᠭᠡᠢ ᠶᠠᠭᠤ ᠪᠣᠯᠣᠭᠰᠠᠨ ᠶᠤᠮ︕ ᠭᠡᠵᠦ᠍
ᠮᠠᠣ ᠲᠡᠷᠢᠭᠦᠯᠡᠭᠴᠢ ᠬᠡᠯᠡᠵᠦ᠍ ᠦᠩᠬᠡᠷᠡᠵᠡᠢ᠃ ᠭᠡᠲᠡᠯ᠎ᠡ
ᠢᠳᠡᠬᠦ᠌ ᠵᠢ ᠨᠢ ᠯᠠ ᠲᠠᠭᠠᠭᠠᠳ ᠵᠣᠭᠰᠣᠭᠰᠠᠨ ᠤᠤ ᠳ᠋ᠠ ︖
ᠵᠦᠢᠯ ᠵᠦᠢᠯ ᠤᠨ ᠴᠡᠷᠢᠭ ᠤᠨ ᠵᠡᠪᠰᠡᠭ ᠲᠣᠨᠣᠭᠯᠠᠯ᠂
ᠪᠦᠲᠦᠭᠡᠨ ᠪᠠᠢᠭᠣᠯᠣᠯᠳᠡ ᠢ᠌᠌ᠨ ᠪᠠᠭᠠᠵᠢ ᠬᠡᠷᠡᠭᠰᠡᠯ᠂ ᠡᠮ ᠲᠠᠩ
᠂ ᠡᠳᠦᠷ ᠲᠤᠲᠤᠮ ᠤᠨ ᠬᠡᠷᠡᠭᠯᠡᠬᠡᠨ ᠦ ᠡᠳ᠋ ᠡᠴᠡ ᠠᠪᠤᠭᠠᠳ
ᠲᠣᠮᠳᠠᠳᠣ ᠤᠯᠤᠰ ᠥᠪᠡᠷᠳᠡᠬᠡᠨ ᠦᠭᠡᠢ ᠴᠤ᠌ ᠬᠠᠷᠢ
ᠤᠯᠤᠰ ᠠᠴᠠ ᠣᠯᠵᠤ ᠥᠭᠳᠡᠭ ᠭᠠᠳᠠᠭᠠᠳᠤ ᠢ᠌᠌ᠨ ᠵᠣᠭᠣᠰ
ᠭᠥᠷᠳᠡᠯ᠎ᠡ ᠶᠠᠭᠤ ᠪᠥᠬᠥᠨ ᠢ ᠪᠢᠳᠡᠨ ᠡᠴᠡ ᠭᠠᠷ ᠰᠠᠷᠪᠠᠢᠨ
ᠠᠪᠳᠠᠭ ᠃
ᠸᠢᠶᠸ᠋ᠲ᠋ᠨᠠᠮ ᠴᠤ᠌ ᠭᠡᠳ ᠥᠭᠡᠷ᠎ᠡ ᠦᠭᠡᠢ ︕ ᠪᠢᠳᠡ
ᠤᠷᠢᠳ ᠬᠣᠵᠢᠳ ᠲᠡᠳᠡᠨ ᠳ᠋ᠦ᠍ ᠬᠡᠳᠦᠨ ᠵᠠᠭᠤᠨ
ᠳ᠋ᠦᠩᠰᠢᠭᠤᠷ ᠳ᠋ᠣ᠍ᠯᠯᠠᠷ ᠤᠨ ᠶᠠᠩᠵᠤ ᠪᠦᠷᠢ ᠢ᠌᠌ᠨ
ᠲᠤᠰᠠᠯᠠᠮᠵᠢ ᠦᠭᠴᠡᠢ ᠃ ᠪᠢᠳᠡ ᠰᠠᠶᠢᠬᠠᠨ ᠰᠣᠳᠣᠯᠣᠨ
ᠦᠢᠯᠡᠳᠦᠭᠰᠡᠨ ᠲᠡᠷᠢᠭᠦᠨ ᠦ ᠵᠡᠪᠰᠡᠭ ᠲᠣᠨᠣᠭᠯᠠᠯ ᠡᠶᠡᠨ
ᠥᠪᠡᠷ ᠤᠨ ᠴᠡᠷᠢᠭ ᠠᠩᠭᠢ ᠳ᠋ᠦ᠍ ᠪᠡᠨ ᠥᠭᠴᠦ᠍
ᠲᠣᠨᠣᠭᠯᠠᠭᠣᠯᠣᠭᠠᠳᠣᠢ ᠪᠡᠷ ᠣᠷᠢᠳᠠᠪᠠᠷ ᠲᠡᠳᠡᠨ ᠳ᠋ᠦ᠍
ᠬᠠᠩᠭᠠᠳᠠᠭ ︕ ᠰᠠᠶᠢᠬᠠᠨ ᠲᠣᠨᠣᠭᠯᠠᠭᠰᠠᠨ ᠡᠶᠡᠨ ᠪᠤᠴᠠᠭᠠᠵᠤ
ᠠᠪᠴᠢᠷᠠᠭᠠᠳ ᠲᠡᠳᠡᠨ ᠳ᠋ᠦ᠍ ᠥᠭᠳᠡᠭ ︕ ᠲᠡᠳᠡᠨ ᠦ
ᠴᠡᠷᠢᠭ ᠤᠨ ᠣᠷᠣᠢ ᠶᠢᠨ ᠨᠢ ᠤᠯᠠ ᠳ᠋ᠤᠨᠢ ᠲᠣᠯᠳᠠᠯᠠᠬᠢ
ᠵᠢ ᠪᠦᠷ ᠲᠣᠮᠳᠠᠳᠣ ᠤᠯᠤᠰ ᠬᠠᠩᠭᠠᠭᠰᠠᠨ ᠶᠤᠮ ᠃
ᠬᠤᠪᠴᠠᠰᠤ ᠬᠤᠨᠠᠷ᠂ ᠠᠮᠤ ᠪᠤᠳᠠᠭ᠎ᠠ᠂ ᠵᠡᠷ ᠵᠡᠪᠰᠡᠭ ᠢ
ᠪᠣᠣ ᠬᠡᠯᠡ᠂ ᠲᠠᠲᠠᠳᠠᠭ ᠲᠠᠮᠠᠬᠢ ᠨᠢ ᠭᠥᠷᠳᠡᠯ᠎ᠡ ᠳᠤᠮᠳᠠᠳᠤ
ᠤᠯᠤᠰ ᠤᠨ ᠬᠢ ᠪᠠᠢᠭᠰᠠᠨ᠃ ᠰᠡᠭᠦᠯᠳᠡᠵᠦ᠍ ᠢᠷᠡᠭᠡᠳ
ᠸᠢᠶᠸᠲ᠋ᠨᠠᠮ ᠤᠨ ᠲᠠᠯ᠎ᠠ ᠪᠡᠷ ᠲᠦᠭᠡᠵᠦ᠍ ᠠᠭᠤᠯᠠ ᠪᠡᠷ
ᠲᠦᠭᠦᠷᠦᠭᠰᠡᠨ ᠠᠭᠤᠢ ᠪᠣᠯᠣᠨ ᠬᠥᠮᠥᠷᠭᠡ ᠳ᠋ᠤᠨᠢ ᠭᠠᠯᠲᠤ
ᠫᠤᠤ ᠰᠤᠮᠤ ᠲᠠᠷᠢ᠂ ᠮᠠᠱᠢᠨ ᠲᠡᠷᠭᠡ᠂ ᠬᠥᠨᠵᠢᠯᠡᠨ ᠳᠡᠪᠢᠰᠭᠡᠷ
᠂ ᠡᠮ ᠲᠠᠩ᠁ ᠵᠡᠷᠭᠡ ᠲᠣᠮᠳᠠᠳᠣ ᠤᠯᠤᠰ ᠤᠨ
ᠲᠤᠰᠠᠯᠠᠮᠵᠢ ᠢ᠌᠌ᠨ ᠪᠣᠳᠠᠰ ᠡᠶᠡᠷ ᠲᠦᠭᠦᠷᠴᠦ ᠍᠂ ᠠᠷᠪᠢᠨ ᠨᠢ
ᠦᠵᠢᠷᠡᠵᠦ᠍ ᠵᠢᠪᠡᠷᠡᠨ ᠦᠦᠵᠦ᠍ ᠢᠯᠵᠢᠷᠡᠭᠰᠡᠨ ᠪᠠᠢᠨ᠎ᠠ ᠃
ᠸᠢᠶᠸᠲ᠋ᠨᠠᠮᠴᠣᠳ ᠤᠨ ᠬᠣᠵᠢᠮ ᠨᠢ ᠳᠤᠮᠳᠠᠳᠤ ᠤᠯᠤᠰ ᠤᠨ
ᠨᠤᠲᠤᠭ ᠳᠡᠪᠢᠰᠭᠡᠷ ᠥᠭᠡᠳᠡ ᠂ ᠲᠣᠮᠳᠠᠳᠣᠴᠣᠳ ᠥᠭᠡᠳᠡ
ᠬᠠᠷᠪᠣᠭᠰᠠᠨ ᠰᠤᠮᠤ ᠳᠠᠷᠢ ᠢ᠌᠌ᠨ ᠬᠡᠴᠢᠨᠡᠨ ᠨᠢ ᠲᠣᠮᠳᠠᠳᠣ
ᠤᠯᠤᠰ ᠤᠨ ᠦᠢᠯᠡᠳᠦᠭᠰᠡᠨ ᠰᠤᠮᠤ ᠲᠠᠷᠢ ᠪᠠᠢᠭᠰᠠᠨ
ᠦᠭᠡᠢ ᠪᠤᠢ ︕
ᠲᠤᠬᠠᠢ ᠢ᠌᠌ᠨ ᠦᠶ᠎ᠡ ᠳ᠋ᠦ᠍ ᠪᠢᠳᠡ ᠪᠠᠰᠠ ᠡᠳᠡᠭᠡᠷ
ᠨᠦᠭᠦᠷᠰᠡᠭ ᠤᠯᠤᠰ ᠢ ᠬᠠᠪᠰᠣᠷᠣᠨ᠂ ᠣᠨᠳᠣᠣ ᠤᠯᠤᠰ
ᠡᠴᠡ ᠲᠡᠷᠢᠭᠦᠨ ᠦ ᠵᠡᠪᠰᠡᠭ ᠲᠣᠨᠣᠭᠯᠠᠯ᠂ ᠮᠡᠷᠭᠡᠵᠢᠯ ᠪᠣᠯᠣᠨ
ᠪᠠᠭᠠᠵᠢ ᠬᠡᠷᠡᠭᠰᠡᠯ ᠬᠣᠳᠠᠯᠳᠣᠨ ᠠᠪᠴᠤ᠌ ᠥᠭᠬᠦ᠌ ᠡᠭᠦᠷᠭᠡ
ᠲᠠᠢ ᠪᠠᠢᠵᠠᠢ ᠃ ᠬᠣᠵᠢᠮ ᠨᠢ ᠂ ᠲᠡᠳᠡ ᠮᠠᠨ ᠤ ᠥᠨᠳᠥᠷ
ᠦᠨ᠎ᠡ ᠪᠡᠷ ᠬᠣᠳᠠᠯᠳᠣᠵᠤ ᠠᠪᠴᠢᠷᠠᠭᠰᠠ ᠲᠦᠯᠦᠪᠦᠷᠢ
ᠦᠭᠡᠢ ᠲᠤᠰᠠᠯᠠᠮᠵᠢ ᠵᠢ ᠮᠠᠨ ᠤ ᠠᠪᠤᠭᠰᠠᠨ ᠠᠴᠠ ᠬᠠᠭᠠᠰ
ᠬᠢᠮᠳᠠ ᠶᠤᠮ ᠤᠤ ᠴᠢᠨᠠᠭᠰᠢᠯᠠᠭᠠᠳ ᠨᠡᠩ ᠳᠣᠣᠷ᠎ᠠ ᠦᠨ᠎ᠡ
ᠪᠡᠷ ᠪᠤᠰᠤᠳ ᠲᠤ᠍ ᠬᠤᠳᠠᠯᠳᠤᠨ ᠥᠭᠴᠦ᠍ ᠪᠠᠢᠬᠤ ᠵᠢ
ᠪᠢᠳᠡ ᠣᠯᠵᠤ ᠮᠡᠳᠡᠵᠡᠢ ᠃ ︽ᠨᠦᠭᠦᠷᠯᠡᠯ︾ ᠡᠶᠡᠨ
ᠪᠣᠳᠣᠭᠠᠳ ᠪᠢᠳᠡ ᠵᠣᠪᠠᠯᠠᠩ ᠪᠠᠢᠭᠠᠳ ᠬᠡᠯᠡᠵᠦ᠍ ᠴᠢᠳᠠᠬᠤ
ᠦᠭᠡᠢ ᠪᠠᠢᠯ᠎ᠠ ︕ ᠳᠡᠭᠡᠪᠡᠯ ᠂ ᠡᠳᠡᠭᠡᠷ ᠤᠯᠤᠰ ᠤᠨ ᠮᠠᠨ ᠤ
ᠤᠯᠤᠰ ᠲᠦ᠍ ᠰᠣᠷᠣᠯᠴᠠᠬᠤ ᠪᠡᠷ ᠢᠷᠡᠭᠰᠡᠨ ᠰᠣᠷᠤᠭᠴᠢᠳ
ᠤᠨ ᠰᠣᠷᠣᠯᠭ᠎ᠠ ᠢ᠌᠌ᠨ ᠰᠦᠢᠳᠭᠡᠯ᠂ ᠢᠳᠡᠬᠦ᠌ ᠬᠡᠷᠡᠭᠯᠡᠬᠦ᠌
ᠰᠦᠢᠳᠭᠡᠯ ᠢ ᠪᠦᠷ ᠪᠢᠳᠡ ᠳᠠᠭᠠᠭᠠᠵᠤ ᠪᠠᠢᠭᠰᠠᠨ ᠡᠶᠡᠷ
ᠵᠣᠭᠰᠣᠬᠤ ᠦᠭᠡᠢ ᠪᠠᠰᠠ ᠲᠡᠳᠡᠨ ᠢ ᠭᠠᠵᠡᠷ ᠪᠣᠯᠭᠠᠨ
ᠡᠶᠡᠷ ᠲᠣᠭᠣᠷᠢᠭᠣᠯᠵᠣ ᠂ ᠶᠠᠭᠤ ᠦᠵᠡᠬᠦ᠌ ᠭᠡᠪᠡᠯ ᠶᠠᠭᠤ ᠵᠢ
ᠨᠢ ᠦᠵᠡᠭᠦᠯᠵᠦ᠍ ᠪᠠᠢᠭᠰᠠᠨ ︕ ᠲᠤᠬᠠᠢ ᠢ᠌᠌ᠨ ᠦᠶ᠎ᠡ ᠳ᠋ᠦ ᠍᠂
ᠪᠢᠳᠡ ᠲᠡᠳᠡᠨ ᠢ ᠬᠠᠷᠢ ᠬᠥᠮᠥᠨ ᠡᠶᠡᠷ ᠶᠡᠷᠦ᠍ ᠦᠵᠡᠵᠦ᠍
ᠪᠠᠢᠭᠰᠠᠨ ᠦᠭᠡᠢ ᠂ ᠵᠠᠷᠢᠮ ᠨᠢ ᠪᠠᠰᠠ ᠳᠠᠢᠰᠤᠨ ᠪᠣᠯᠴᠢᠬᠠᠨ᠎ᠠ
ᠬᠡᠵᠦ᠍ ᠪᠣᠳᠣᠯᠭᠠᠨ ᠳ᠋ᠦ᠍ ᠴᠤ᠌ ᠣᠷᠣᠭ᠎ᠠ ᠦᠭᠡᠢ ᠶᠤᠮ᠃
ᠮᠠᠣ ᠲᠡᠷᠢᠭᠦᠯᠡᠭᠴᠢ ᠬᠣᠵᠢᠮ ᠨᠢ ᠡᠨᠡ ᠶᠠᠩᠵᠤ ᠪᠡᠷ ᠪᠣᠯ
ᠪᠣᠯᠬᠤ ᠦᠭᠡᠢ ᠭᠡᠳᠡᠭ ᠢ ᠤᠬᠠᠵᠤ ᠮᠡᠳᠡᠭᠡᠳ ᠨᠠᠳᠠᠳᠤ ᠄
ᠰᠡᠭᠦᠯᠡᠷ ᠰᠠᠢᠨ ᠨᠢᠭᠲᠠ ᠪᠣᠳᠣᠵᠤ ᠂ ᠵᠣᠭᠣᠰ ᠡᠶᠡᠨ
ᠦᠵᠡᠵᠦ᠍ ᠪᠠᠢᠭᠠᠳ ᠴᠢᠩᠭ᠎ᠠ ᠰᠢᠭ᠋ ᠣᠷᠣᠬᠤ ᠬᠡᠷᠡᠭᠲᠡᠢ
ᠭᠡᠵᠦ᠍ ᠬᠡᠯᠡᠭᠰᠡᠨ ᠶᠤᠮ ᠃
︽ ᠭᠠᠷᠠᠭ ᠦᠨ ᠰᠡᠭᠦᠯᠴᠢ ᠰᠣᠨᠢᠨ︾ ᠡᠴᠡ
※ ︽ ᠰᠣᠶᠣᠯ ᠦᠨ ᠶᠡᠬᠡ ᠬᠤᠪᠢᠰᠬᠠᠯ ︾ ᠲᠣᠮᠳᠠᠬᠢ
ᠮᠠᠨ ᠤ ᠤᠯᠤᠰ ᠤᠨ ᠭᠠᠳᠠᠭᠠᠳᠤ ᠳ᠋ᠦ᠍ ᠣᠯᠭᠣᠭᠰᠠ
ᠴᠡᠷᠢᠭ ᠤᠨ ᠶᠠᠪᠤᠳᠠᠯ ᠤᠨ ᠲᠤᠰᠠᠯᠠᠮᠵᠢ ᠢ᠌᠌ᠨ ᠲᠠᠯ᠎ᠠ
ᠪᠡᠷ ᠬᠢ ᠣᠰᠣᠯ ᠠᠯᠳᠠᠭ᠎ᠠ ᠃
2023 ᠂ 1 ᠂ 25
11
0