ᠰᠡᠴᠡᠨ ᠦᠭᠡ
ᠥᠪ ᠰᠣᠶᠣᠯ ᠤᠨ ᠦᠮᠴᠢ ᠥᠬᠡᠳᠡᠰᠦ
ᠵᠦᠢᠷ ᠰᠡᠴᠡᠨ ᠦᠬᠡ ᠵᠦᠢᠯᠡᠰᠢ ᠦᠬᠡᠢ ᠣᠷᠠᠨ ᠪᠠᠢᠳᠠᠭ ᠢᠶᠠᠷ ᠢᠶᠠᠨ ᠦᠢ ᠲᠦᠮᠡᠨ ᠦ ᠠᠩᠬᠠᠷᠣᠯ ᠢ ᠲᠠᠳᠠᠳᠠᠭ ᠶᠣᠮ ᠃
2186
2023-01-26 23:05
发表于:内蒙古
1᠂ ᠰᠡᠴᠡᠨ ᠦᠭᠡ
ᠰᠠᠠᠢᠨ ᠰᠣᠷᠣᠯᠭᠠᠳᠠᠨ ᠬᠠᠪᠤᠷ ᠦᠨ ᠰᠣᠶᠣᠭ᠎ᠠ ᠮᠡᠲᠦ᠍᠂ ᠦᠯᠦ᠍ ᠮᠡᠳᠡᠭᠳᠡᠮ᠎ᠡ ᠥᠰᠴᠣ᠂ ᠡᠳᠦᠷ ᠤᠳᠠᠭᠠᠨ ᠳ᠋ᠦ᠍ ᠪᠤᠵᠠᠭᠠᠢᠷᠠᠨᠠ᠃
ᠮᠡᠳᠡᠯᠭᠡ ᠦᠭᠡᠢ ᠬᠥᠮᠥᠰ ᠬᠡᠵᠢᠶᠡᠳᠡ ᠪᠤᠰᠤᠳ ᠦᠨ ᠮᠡᠳᠡᠯᠭᠡ ᠦᠭᠡᠢ ᠵᠢ ᠰᠢᠭᠦᠮᠵᠢᠯᠡᠬᠦ᠌ ᠲᠣᠷᠠᠳᠠᠢ ᠪᠠᠢᠳᠠᠭ᠂ ᠡᠯᠪᠡᠭ ᠪᠠᠶᠠᠯᠢᠭ ᠮᠡᠳᠡᠯᠭᠡ ᠲᠠᠢ ᠬᠥᠮᠥᠰ ᠪᠣᠯ ᠬᠠᠷᠢᠨ ᠬᠡᠵᠢᠶᠡᠳᠡ ᠥᠪᠡᠷ ᠦᠨ ᠮᠡᠳᠡᠯᠭᠡ ᠦᠭᠡᠢ ᠲᠠᠯ᠎ᠠ ᠪᠡᠨ ᠣᠯᠵᠤ ᠮᠡᠳᠡᠳᠡᠭ ᠶᠤᠮ᠃
ᠬᠠᠳᠠᠭᠠᠯᠠᠭᠰᠠᠨ ᠨᠣᠮ ᠠᠷᠪᠢᠨ ᠪᠣᠯᠪᠠᠴᠤ᠌᠂ ᠤᠩᠰᠢᠬᠤ ᠦᠭᠡᠢ ᠪᠣᠯ ᠬᠣᠭᠣᠰᠣᠨ ᠲᠡᠳᠦᠢ︔ ᠣᠩᠰᠢᠭᠰᠠᠨ ᠨᠣᠮ ᠠᠷᠪᠢᠨ ᠪᠣᠯᠪᠠᠴᠤ᠌ ᠬᠡᠷᠡᠭᠯᠡᠬᠦ᠌ ᠦᠭᠡᠢ ᠪᠣᠯ ᠦᠵᠡᠭᠰᠡᠨ ᠦᠭᠡᠢ ᠲᠠᠢ ᠠᠳᠠᠯᠢ᠃
2· ᠵᠦᠢᠷ ᠦᠭᠡ
ᠶᠡᠬᠡ ᠦᠭᠡ ᠬᠡᠯᠡᠬᠦ᠌ ᠪᠡᠷ ᠢᠶᠠᠨ
ᠪᠠᠭ᠎ᠠ ᠶᠠᠪᠤᠳᠠᠯ ᠢ ᠰᠡᠳᠭᠢ᠃
ᠮᠠᠭᠤ ᠡᠷ᠎ᠡ ᠠᠷᠢᠬᠢᠨ ᠳ᠋ᠦ᠍ ᠴᠢᠩᠭᠠᠷᠠᠨ᠎ᠠ
ᠮᠠᠭᠤ ᠮᠢᠬ᠎ᠠ ᠲᠠᠪᠤᠰᠣᠨ ᠳ᠋ᠦ᠍ ᠴᠢᠩᠭᠠᠷᠠᠨ᠎ᠠ᠃
ᠬᠣᠨᠢ ᠲᠠᠢ ᠬᠦᠮᠣᠨ ᠬᠣᠭᠣᠯᠠ ᠲᠠᠢ
ᠬᠣᠷᠭᠣᠯ ᠲᠠᠢ ᠠᠢᠯ ᠢᠯᠴᠢ ᠲᠠᠢ᠃
ᠬᠣᠯᠠ ᠠᠶᠠᠨ ᠳ᠋ᠦ᠍ ᠣᠨᠣᠭ᠎ᠠ ᠪᠡᠨ ᠬᠠᠢᠷᠠᠯᠠ
ᠨᠠᠮᠤᠷ ᠤᠨ ᠴᠠᠭ ᠲᠤ ᠍ᠲᠦᠯᠡᠭᠡ ᠪᠡᠨ ᠬᠤᠷᠢᠶ᠎ᠠ᠃
ᠲᠡᠢᠮᠦ᠍ ᠬᠥᠮᠥᠨ ᠵᠦᠷᠢᠬᠦᠣ ᠪᠡᠷ ᠡᠶᠡᠨ
ᠲᠡᠭᠡᠷᠮ᠎ᠡ ᠴᠢᠯᠠᠭᠤ ᠬᠦᠨᠳᠦ ᠪᠡᠷ ᠡᠶᠡᠨ᠃
ᠡᠩᠭᠡᠷ ᠲᠠᠭᠠᠪᠠᠯ ᠳᠤᠯᠠᠭᠠᠨ
ᠡᠶ᠎ᠡ ᠲᠠᠭᠠᠪᠠᠯ ᠨᠠᠢᠷ᠃
ᠦᠨᠡᠨ ᠭᠦᠴᠦᠳᠠᠢ
ᠣᠯᠠᠨ ᠠᠴᠢᠳᠠᠢ᠃
3᠂ ᠵᠦᠢᠷ ᠰᠡᠴᠡᠨ ᠦᠭᠡ
︵ ᠮᠣᠩᠭᠣᠯ ᠤᠯᠤᠰ︶
ᠪᠠᠢᠭᠠᠯᠢ ᠣᠷᠴᠢᠨ ᠢ ᠬᠠᠮᠠᠭᠠᠯᠠᠬᠤ ︱
ᠮᠣᠩᠭᠣᠯᠴᠣᠳ ᠡᠷᠲᠡ ᠳᠡᠭᠡᠷ᠎ᠡ ᠴᠠᠭ ᠠᠴᠠ ᠂ ᠭᠦᠷᠦᠰᠦᠳᠦ ᠠᠯᠳᠠᠨ ᠳᠡᠯᠡᠬᠡᠢ ᠬᠥᠬᠡ ᠮᠦᠷᠡᠨ ᠲᠡᠭᠷᠢ ᠮᠢᠨᠢ ᠠᠨᠠᠭᠠᠬᠤ ᠠᠴᠢᠳᠠᠢ ᠷᠠᠰᠢᠶᠠᠨ ᠠᠰᠠᠷᠠᠯᠳᠣ ᠬᠠᠢᠷᠬᠠᠨ ᠠᠭᠤᠯᠠ ᠮᠢᠨᠢ ᠬᠡᠵᠦ᠍ ᠵᠠᠯᠪᠠᠷᠢᠳᠠᠭ᠃
ᠶᠡᠬᠡ ᠰᠠᠨᠠᠭᠰᠠᠨ ᠭᠠᠵᠠᠷ ᠶᠢᠰᠦᠨ ᠰᠥᠨᠢ ᠬᠣᠭᠣᠰᠣᠨ ᠬᠣᠨᠣᠨ᠎ᠠ᠃
ᠮᠣᠩᠭᠣᠯ ᠬᠦᠮᠣᠨ ᠭᠡᠷ ᠦᠨ ᠢᠶᠠᠨ ᠴᠢᠭᠳᠠᠭ᠎ᠠ ᠵᠢ ᠬᠠᠪᠴᠢᠭᠤᠯᠬᠤ ᠳ᠋ᠠᠭᠠᠨ ᠬᠦᠷᠲᠡᠯ᠎ᠡ ᠤᠷᠭ᠎ᠠ ᠢ᠌᠌ᠨ ᠬᠤᠢᠪᠢ᠂ ᠥᠯᠵᠡᠢ ᠤᠲᠠᠰᠤ᠂ ᠬᠦᠵᠡᠬᠡᠳᠡᠢ ᠲᠣᠰᠣ ᠵᠢ ᠲᠦᠷᠰᠦᠯᠡᠨ ᠠᠵᠠ ᠵᠢᠷᠭᠠᠯᠳᠠᠢ᠂ ᠪᠠᠶᠠᠨ ᠴᠢᠨᠡᠭᠡᠯᠢᠭ ᠪᠠᠢᠬᠤ ᠵᠢ ᠭᠦᠰᠡᠮᠵᠢᠯᠡᠨ ᠪᠡᠯᠬᠡᠳᠡᠳᠡᠭ᠃
︽ ᠨᠢᠯᠬᠠᠰ ᠢ ᠠᠰᠠᠷᠠ ᠨᠠᠰᠣᠳᠠᠨ ᠢ ᠬᠦᠨᠳᠦᠯᠡ︾ ᠬᠡᠰᠡᠨ ᠦᠭᠡ ᠪᠣᠢ᠃ ᠨᠢᠯᠬᠠᠰ ᠢ ᠠᠰᠠᠷᠠᠵᠣ᠂ ᠨᠠᠰᠣᠳᠠᠨ ᠢ ᠬᠦᠨᠳᠦᠯᠡᠬᠦ᠌ ᠨᠢ ᠨᠡᠢᠲᠡ ᠬᠥᠮᠥᠨ ᠲᠦᠷᠦᠯᠬᠢᠳᠡᠨ ᠦ ᠲᠠᠭᠠᠵᠤ ᠮᠦᠷᠳᠡᠳᠡᠭ ᠶᠣᠰᠣ ᠪᠠᠢᠵᠣ ᠪᠣᠯᠬᠤ ᠶᠤᠮ᠃
ᠰᠢᠷ᠎ᠠ ᠴᠠᠪᠠᠭᠣ ᠪᠡᠷ ᠨᠠᠭᠠᠵᠣ᠂ ᠱᠢᠯᠵᠠᠨ ᠬᠠᠳᠠᠭᠠᠰᠤ ᠪᠡᠷ ᠬᠠᠳᠠᠨ᠎ᠠ᠃
4᠂ ᠬᠢᠯᠢ ᠢ᠌᠌ᠨ ᠭᠠᠳᠠᠨ᠎ᠠ ᠢ᠌᠌ᠨ ᠬᠢᠨ
ᠰᠢᠪᠠᠭᠣᠨ ᠤ ᠭᠣᠶᠣ ᠥᠳᠥ ᠰᠣᠳᠣ ᠳ᠋ᠤᠨᠢ ᠪᠠᠢᠳᠠᠭ᠂
ᠬᠥᠮᠥᠨ ᠦ ᠭᠣᠶᠣ ᠡᠷᠳᠡᠮ ᠮᠡᠳᠡᠯᠭᠡ ᠳ᠋ᠤᠨᠢ ᠪᠠᠢᠳᠠᠭ᠃
︱ ᠣᠷᠣᠰ ᠦᠨ ᠵᠦᠢᠷ ᠦᠭᠡ
ᠡᠷᠳᠡᠮ ᠮᠡᠳᠡᠯᠭᠡ ᠮᠡᠬᠦᠰ ᠪᠣᠯ ᠰᠡᠳᠭᠢᠨ ᠪᠣᠳᠣᠬᠤ ᠪᠢᠳᠠᠭᠤ ᠰᠡᠳᠭᠢᠨ ᠪᠣᠳᠣᠬᠤ ᠲᠣᠳᠠᠮᠠᠭ ᠪᠣᠯ ᠡᠷᠳᠡᠮ ᠮᠡᠳᠡᠯᠭᠡ ᠲᠠᠢ ᠪᠣᠯᠬᠤ ᠳ᠋ᠣ᠍ᠷ ᠬᠦᠴᠢᠷ᠃
︱ ᠶᠠᠫᠤᠨ ᠤ ᠵᠦᠢᠷ ᠦᠭᠡ
ᠪ ᠂ ᠷᠢᠨᠴᠢᠨ
2023᠂1᠂26
12
0