  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1795740
   1251

ᠭᠥᠯᠥᠭᠡ

1969 ᠣᠨ ᠳ᠋ᠤ ᠪᠢ ᠨᠠᠷᠠᠨ ᠳ᠋ᠤ ᠪᠠᠶ᠋ᠢᠬᠤ ᠳ᠋ᠤ ᠪᠠᠨ ᠡᠬᠢᠯᠡᠭᠡᠳ ᠣᠷᠬᠢᠬᠰᠠᠨ《 ᠭᠥᠯᠥᠭᠡ》 ᠲᠤᠭᠤᠵᠢ ᠪᠠᠨ ᠰᠠᠶᠢ ᠳᠠᠭᠤᠰᠬᠠᠯ᠎ᠠ᠃ ᠡᠨᠡ ᠲᠤᠭᠤᠵᠢ ᠮᠢᠨᠦ ᠬᠠᠶ᠋ᠢᠷᠠᠲᠠᠢ ᠲᠤᠭᠤᠵᠢ ᠮᠥᠨ᠃ ᠪᠢ ᠭᠥᠯᠥᠭᠡ ᠳ᠋ᠦ ᠬᠠᠶ᠋ᠢᠷᠠᠲᠠᠢ᠂ ᠨᠣᠬᠠᠢ ᠶ᠋ᠢᠨ ᠪᠠᠬ᠋᠎ᠠ ᠨᠠᠰᠤᠨ ᠪ‍ ᠠᠮᠢᠲ‍ᠤᠷᠠᠯ ᠊ᠢ ᠶᠡᠬᠡᠳᠡ ᠰᠣᠨᠢᠷᠬᠠᠲ‍ᠠᠭ ᠲᠤᠯᠠ ᠰᠸᠲᠣᠨ— ᠲᠣᠮᠫᠠᠰᠤᠨ ᠰᠢᠬ ᠠᠮᠢᠲᠠᠳ ᠦ᠋ᠨ ᠠᠮᠢᠲ‍ᠤᠷᠠᠯ ᠊ᠢ ᠢᠷᠠᠭᠤ ᠨᠠᠶ᠋ᠢᠷᠠᠭ ᠦ᠋ᠨ᠂ ᠦᠷᠭᠦᠯᠵᠢᠯᠡᠬ᠋ᠰᠡᠨ ᠦᠭᠡ ᠪᠡᠷ ᠬᠦᠦᠷᠨᠢᠬᠦ ᠭᠡᠰᠡᠨ ᠶᠤᠮ( ᠴᠣᠶ᠋ᠢᠨᠤᠮ ᠦ᠋ᠨ ᠵᠠᠬᠢᠲ‍ᠠᠯ ᠎ᠠᠴᠠ)
        1327     
2023-05-23 17:56    
发表于:内蒙古
ᠬᠥᠯᠥᠭᠡ ᠱᠣᠷᠭᠠᠭ ᠬᠠᠰᠢᠶᠠᠨ ᠳᠣᠲᠣᠷᠠᠬᠢ ᠪᠢᠴᠢᠬᠠᠨ ᠶᠢᠷᠲᠢᠨᠴᠤ ᠶ᠋ᠢᠨ ᠲᠤᠬᠠᠢ ᠦᠬᠦᠯᠡᠬᠦ ᠲᠡᠷᠢᠭᠦᠨ ᠪᠥᠯᠥᠭ ᠪᠠᠭᠠᠪᠲᠤᠷᠬᠠᠨ ᠪᠠᠢᠰᠢᠩ ᠦ᠋ᠨ ᠡᠮᠦᠨ᠎ᠡ ᠂ ᠬᠠᠪᠤᠷ ᠦ᠋ᠨ ᠨᠠᠷᠠᠨ ᠳ᠋ᠤ ᠨᠣᠵᠣᠭᠤᠷᠠᠨ ᠰᠠᠭᠤᠭᠰᠠᠨ ᠭᠦᠯᠥᠭᠡ ᠂ ᠡᠮᠦᠨ᠎ᠡ ᠪᠠᠶ᠋ᠢᠬ᠋᠎ᠠ ᠦᠬᠡᠷ ᠦ᠋ᠨ ᠳᠠᠯᠤᠨ ᠪ ᠮᠥᠭᠡᠷᠰᠥᠨ ᠶᠠᠰᠤ ᠶ᠋ᠢ ᠬᠠᠷᠠᠵᠤ ᠬᠠᠷᠠᠵᠤ ᠭᠡᠨᠡᠳᠲᠡ ᠬᠣᠴᠠᠮᠠᠷ ᠰᠠᠨᠠᠭᠳᠠᠵᠠᠢ ᠃ ᠲᠡᠭᠦᠨ ᠳ᠋ᠦ ᠴᠣᠬᠣᠮ ᠶᠠᠭᠤ ᠪᠤᠳᠣᠬᠳᠠᠬᠰᠠᠨ ᠊ᠢ ᠬᠡᠨ ᠮᠡᠳᠡᠬᠦ ᠪᠤᠢ ︕ ᠪᠣᠳᠣᠭᠳᠠᠬᠤ ᠴᠥ᠍ ᠭᠡᠵᠢ ᠦᠦ ᠳ᠋ᠡ ︕ ᠨᠣᠬᠠᠢ ᠳ᠋ᠤ ᠰᠡᠳᠬᠢᠭᠦᠢ ᠪᠠᠶ᠋ᠢᠬᠤ ᠦᠭᠡᠢ ᠭᠡᠳᠡᠭ ᠰᠢᠤ ᠳ᠋ᠠ ᠃ ᠲᠡᠷᠡ ᠳᠤᠮᠳᠠ ᠪᠠᠨ ᠂ ᠡᠬᠡ ᠡᠴᠡ ᠭᠠᠷᠤᠭᠠᠳ ᠳᠥᠩᠭᠡᠵᠢ ᠲᠦᠴᠢᠨ ᠶᠢᠰᠦ ᠬᠣᠨᠣᠵᠤ ᠪᠠᠶ᠋ᠢᠬ᠋᠎ᠠ ᠡᠯ᠎ᠡ ᠭᠥᠯᠥᠭᠡᠨ ᠳ᠋ᠦ ᠶᠠᠭᠤᠨ ᠪ ᠪᠤᠳᠣᠯ ᠪᠠᠶ᠋ᠢᠬᠤ ᠪᠢᠯᠡ ᠃ ᠭᠡᠪᠡᠴᠦ ᠂ ᠠᠯᠢᠪᠠ ᠠᠮᠢᠳᠤ ᠠᠮᠢᠲᠠᠨ ᠵᠦᠩ ᠪᠢᠯᠢᠭ ᠂ ᠲᠡᠨᠢᠨ ᠮᠡᠳᠡᠷᠡᠬᠦ ᠴᠢᠳᠠᠯ ᠬᠢᠭᠡᠳ ᠬᠢᠷᠢ ᠬᠡᠮᠵᠢᠶᠡᠨ ᠳ᠋ᠡᠭᠡᠨ ᠵᠣᠬᠢᠴᠠᠭᠰᠠᠨ ᠤᠭᠤᠷᠠᠭ ᠲᠠᠷᠢᠬᠢᠨ ᠪ ︽ ᠥᠰᠥᠨ ᠲᠡᠯᠡᠭᠦ ᠠᠵᠢᠯᠯᠠᠭ᠎ᠠ ᠨᠢ ᠬᠡᠷᠡᠭᠲᠡᠢ ᠮᠡᠲᠦ ᠰᠠᠨᠠᠭᠳᠠᠭᠤᠯᠤᠭᠰᠠᠨ ᠶᠠᠭᠤᠮ᠎ᠠ ᠪᠦᠭᠦᠨ ᠶ᠋ᠢᠠᠨ ᠬᠢᠬᠦ ᠳ᠋ᠦ ᠲᠡᠷᠡ ᠠᠮᠢᠲᠠᠨ ᠊ᠢ ᠵᠢᠯᠣᠭᠣᠳᠴᠤ ᠴᠢᠳᠠᠳᠠᠭ ᠠᠵᠢ ᠃ ᠡᠶ᠋ᠢᠮᠦ ᠡᠴᠡ ᠡᠨᠡ ᠬᠥᠯᠥᠭᠡ ᠂ ᠪᠠᠷᠤᠭ ᠥᠪᠡᠷ ᠡᠴᠡ ᠪᠡᠨ ᠪᠠᠭ᠎ᠠ ᠦᠭᠡᠢ ᠰᠢᠬᠠᠮ ᠲᠡᠷᠡᠬᠦ ᠮᠥᠭᠡᠷᠰᠦᠨ ᠶᠠᠰᠤ ᠶ᠋ᠢ ᠲᠣᠯᠣᠭᠠᠢ ᠶᠤᠭᠠᠨ ᠭᠢᠯᠵᠢᠢᠯᠭᠡᠨ ᠬᠠᠷᠠᠵᠤ ᠪᠠᠶ᠋ᠢᠬᠰᠠᠨ ᠶ᠋ᠢᠠᠨ ᠴᠣᠪᠣᠭᠣ ᠳᠠᠭᠤ ᠪᠠᠷ ᠬᠤᠴᠠᠵᠠᠢ ᠃ ᠬᠡᠳᠦ ᠬᠤᠴᠠᠭᠠᠳ ᠂ ᠬᠠᠷᠢᠭᠤ ᠬᠦᠯᠢᠶᠡᠬᠦ ᠮᠡᠲᠦ ᠨᠥᠬᠥᠭᠡᠬᠢ ᠶᠠᠰᠤ ᠪᠠᠨ ᠵᠢᠭᠠᠬᠠᠨ ᠪᠦᠯᠲᠡᠭᠡᠷ ᠬᠠᠷ᠎ᠠ ᠨᠢᠳᠦ ᠪᠡᠷ ᠶ᠋ᠢᠠᠨ ᠲᠦᠷᠯᠡᠶ᠋ᠢᠲᠡᠯ᠎ᠡ ᠬᠠᠷᠠᠨ ᠰᠠᠭᠤᠨ᠎ᠠ ᠃ ᠭᠡᠲᠡᠯ᠎ᠡ ᠲᠡᠷᠡ ᠶᠠᠰᠤ ᠂ ᠭᠥᠯᠥᠭᠡ ᠶ᠋ᠢᠨ ᠥᠭᠡᠳᠡ ᠡᠴᠡ ᠬᠠᠷᠢᠭᠤ ᠥᠭᠭᠦ ᠨᠢ ᠪᠢᠲᠡᠭᠡᠢ ᠬᠡᠯᠡ ᠂ ᠥᠨᠳᠡᠯᠵᠡᠵᠦ ᠬᠥᠳᠡᠯᠦᠭᠰᠡᠨ ᠴᠥ᠍ ᠦᠭᠡᠢ ᠃ ᠲᠡᠭᠡᠬᠦ ᠪᠡᠷ ᠨᠢ ᠬᠥᠯᠥᠭᠡ ᠪᠤᠭᠤᠨᠢᠬᠠᠨ ᠮᠠᠶ᠋ᠢᠬ᠋᠎ᠠ ᠬᠥᠯ ᠶ᠋ᠢᠠᠷ ᠶ᠋ᠢᠠᠨ ᠰᠠᠮᠤᠷᠳᠠᠵᠤ ᠦᠵᠡᠲᠡᠯ᠎ᠡ ᠳᠡᠭᠡᠭᠰᠢ ᠮᠠᠲᠠᠢᠭᠰᠠᠨ ᠨᠢᠭᠡ ᠦᠵᠦᠭᠦᠷ ᠨᠢ ᠳᠠᠷᠤᠭᠳᠠᠬᠤ ᠳ᠋ᠥ ᠨᠥᠭᠥᠭᠡ ᠦᠵᠦᠭᠦᠷ ᠨᠢ ᠥᠨᠳᠡᠢᠵᠦ ᠢᠷᠡᠭᠰᠡᠨ ᠲᠤᠯᠠ ᠬᠥᠯᠥᠭᠡ ᠪᠤᠰᠢᠭᠤᠬᠠᠨ ᠪᠣᠰᠴᠤ ᠭᠡᠳᠡᠷᠭᠦ ᠤᠬᠤᠷᠢᠬᠤ ᠳ᠋ᠠᠭᠠᠨ ᠠᠷᠤ ᠳ᠋ᠠᠭᠠᠨ ᠪᠠᠢᠭᠰᠠᠨ ᠲᠡᠮᠦᠷ ᠬᠤᠪᠢᠩ ᠊ᠢ ᠪᠥᠭᠰᠡ ᠪᠡᠷ ᠶ᠋ᠢᠠᠨ ᠲᠤᠯᠵᠤ ᠂ ᠲᠡᠭᠦᠨ ᠡᠴᠡ ᠰᠣᠴᠢᠵᠤ ᠂ ᠭᠠᠰᠠᠯᠵᠤ ᠂ ᠬᠠᠵᠠᠭᠤ ᠲᠠᠢᠰᠢ ᠭᠦᠶᠦᠵᠦ ᠵᠠᠢᠯᠠᠬᠤ ᠳ᠋ᠤ ᠶᠡᠬᠡ ᠯᠡ ᠠᠶᠤᠵᠤ ᠰᠤᠷᠳᠤᠢᠨ ᠵᠣᠭᠰᠣᠪᠠ ᠃ ᠭᠡᠪᠡᠴᠦ ᠲᠡᠮᠦᠷ ᠬᠣᠪᠢᠩ ᠂ ᠮᠥᠷᠭᠡᠰᠦ ᠶ᠋ᠢᠨ ᠶᠠᠰᠤ ᠬᠣᠶᠠᠷ ᠣᠬᠲᠣ ᠦᠯᠦ ᠭᠦᠳᠡᠯᠭᠦ ᠲᠤᠯᠠ ᠬᠥᠯᠥᠭᠡ ᠲᠦᠲᠡᠭᠡᠨ ᠲᠠᠢᠪᠤᠰᠢᠷᠠᠵᠤ ᠂ ᠠᠶᠠᠷᠬᠠᠨ ᠣᠴᠢᠭᠠᠳ ᠬᠣᠪᠢᠩ ᠊ᠢ ᠦᠨᠦᠷᠯᠡᠵᠦ ᠦᠵᠡᠪᠡ ᠃ ᠬᠠᠭᠤᠴᠢᠷᠠᠭᠰᠠᠨ ᠲᠡᠮᠦᠷ ᠦ᠋ᠨ ᠦᠯᠦ ᠮᠡᠳᠡᠭ ᠡᠭᠡᠭᠦᠨ ᠦᠨᠦᠷ ᠂ ᠰᠢᠷᠣᠢ ᠶ᠋ᠢᠨ ᠲᠠᠨᠢᠯ ᠦᠨᠦᠷ ᠬᠢᠭᠡᠳ ᠡᠯᠳᠡᠪ ᠤᠬᠢᠶᠠᠳᠠᠰᠤ ᠭᠬᠢᠷ ᠦ᠋ᠨ ᠬᠠᠴᠢᠨ ᠦᠨᠦᠷ ᠦᠨᠦᠷᠲᠦᠪᠡ ᠃ ᠳᠠᠷᠠᠭ᠎ᠠ ᠨᠢ ᠬᠥᠯᠥᠭᠡ ᠲᠣᠯᠣᠭᠠᠢ ᠰᠡᠭᠰᠦᠷᠴᠦ ᠂ ᠲᠣᠮᠣ ᠨᠣᠬᠠᠢ ᠰᠢᠭ᠋ ᠶᠡᠬᠡᠮᠰᠦᠭ ᠶ᠋ᠢᠠᠷ ᠬᠠᠮᠠᠷ ᠶ᠋ᠢᠠᠨ ᠭᠤᠲᠤᠷᠠᠨ ᠦᠯᠢᠶᠡᠬᠦ ᠭᠡᠰᠡᠨ ᠨᠢ ᠬᠡᠮᠵᠢᠶ᠎ᠡ ᠠᠯᠳᠠᠵᠤ ᠂ ᠰᠢᠷᠣᠢ ᠤᠷᠤᠭᠤ ᠨᠣᠢᠲᠠᠨ ᠬᠠᠮᠠᠷ ᠶ᠋ᠢᠠᠷ ᠶ᠋ᠢᠠᠨ ᠬᠠᠳᠬᠤᠵᠤ ᠣᠷᠭᠢᠭᠠᠳ ᠶᠡᠬᠡ ᠯᠡ ᠰᠠᠨᠳᠤᠷᠤᠨ ᠰᠡᠮᠬᠡᠨ ᠭᠠᠰᠠᠯᠵᠠᠢ ᠃ ᠲᠡᠭᠡᠭᠡᠳ ᠮᠠᠶ᠋ᠢᠬ᠋᠎ᠠ ᠬᠥᠯ ᠶ᠋ᠢᠠᠷ ᠶ᠋ᠢᠠᠨ ᠬᠣᠰᠢᠭᠤᠨ ᠪ ᠪᠠᠨ ᠬᠠᠵᠠᠭᠤ ᠲᠠᠯ᠎ᠠ ᠶ᠋ᠢ ᠳᠤᠲᠠᠭᠤ ᠬᠠᠭᠠᠰ ᠠᠷᠴᠢᠭᠠᠳ ᠨᠥᠬᠦᠭᠡᠬᠡ ᠮᠥᠭᠡᠷᠰᠦ ᠶ᠋ᠢ ᠰᠠᠢᠲᠤᠷ ᠦᠨᠦᠷᠯᠡᠨ ᠦᠵᠡᠭᠰᠡᠨ ᠶ᠋ᠢᠠᠨ ᠬᠠᠵᠠᠭᠠᠳ ᠠᠪᠤᠯ᠎ᠠ ᠃ ᠳᠥᠩᠭᠡᠵᠢ ᠴᠣᠬᠣᠢᠭᠰᠠᠨ ᠵᠡᠭᠦᠦ ᠶ᠋ᠢᠨ ᠦᠵᠦᠭᠦᠷ ᠮᠡᠲᠦ ᠵᠢᠵᠢᠭ ᠰᠢᠳᠦ ᠨᠦ᠋ᠭᠦᠳ ᠨᠢ ᠦᠬᠡᠷ ᠦ᠋ᠨ ᠮᠥᠭᠡᠷᠰᠦᠨ ᠳ᠋ᠦ ᠰᠢᠬᠢᠳᠴᠦ ᠴᠢᠳᠠᠬᠤ ᠦᠭᠡᠢ ᠠᠵᠢ ᠃ ᠲᠡᠭᠡᠭᠦ ᠪᠡᠷ ᠨᠢ ᠳᠠᠭᠢᠨ ᠵᠠᠭᠤᠵᠤ ᠂ ᠳᠡᠭᠡᠭᠰᠢ ᠡᠷᠭᠦᠵᠦ ᠦᠵᠡᠭᠡᠳ ᠲᠡᠭᠦᠨ ᠳ᠋ᠡᠭᠡᠨ ᠪᠠᠶᠠᠰᠤᠨ ᠬᠠᠰᠢᠶᠠᠨ ᠳᠣᠲᠣᠷ᠎ᠠ ᠭᠦᠶᠦᠵᠦ ᠂ ᠪᠦᠷ ᠱᠣᠭᠰᠢᠵᠤ ᠭᠠᠷᠴᠠᠢ ᠃ ᠭᠡᠪᠡᠴᠦ ᠭᠥᠯᠥᠭᠡ ᠳᠠᠪᠬᠢᠬᠤ ᠳ᠋ᠠᠭᠠᠨ ᠲᠣᠩ ᠮᠠᠭᠤ ᠂ ᠲᠡᠭᠦᠨ ᠳᠡᠭᠡᠷ᠎ᠡ ᠠᠮᠠᠨ ᠳ᠋ᠠᠭᠠᠨ ᠵᠠᠭᠤᠭᠰᠠᠨ ︽ ᠲᠣᠮᠣ ︾ ᠶᠠᠰᠤᠨ ᠳ᠋ᠤ ᠲᠡᠭᠦᠷᠲᠡᠵᠤ ᠂ ᠲᠣᠯᠣᠭᠠᠢ ᠪᠠᠨ ᠬᠡᠳᠦ ᠡᠷᠭᠦᠵᠦ ᠪᠠᠷᠤᠭ ᠥᠷᠥᠭᠡᠰᠦᠨ ᠬᠠᠵᠠᠭᠤ ᠪᠠᠷ ᠶ᠋ᠢᠠᠨ ᠬᠥᠨᠳᠡᠯᠢᠳᠦᠨ ᠂ ᠪᠡᠴᠢᠬᠢ ᠪᠠᠴᠢᠬᠢ ᠭᠦᠶᠦᠭᠦ ᠠᠯᠳᠠᠭᠠᠳ ᠮᠥᠭᠡᠷᠰᠦ ᠶ᠋ᠢ ᠠᠮᠠᠨ ᠡᠴᠠ ᠪᠠᠨ ᠠᠯᠳᠠᠵᠤ ᠂ ᠲᠡᠭᠦᠨ ᠳ᠋ᠡᠭᠡᠨ ᠲᠡᠭᠡᠭᠯᠡᠨ ᠭᠣᠳᠣᠷᠣᠢᠲᠤᠵᠤ ᠤᠨᠠᠪᠠ ᠃ ᠤᠩᠰᠢᠭᠴᠢ ᠲᠠ ᠢᠨᠢᠶᠡᠮᠰᠦᠭᠯᠡᠵᠦ ᠪᠠᠶ᠋ᠢᠨ᠎ᠠ ᠤᠤ ︖ ᠮᠠᠭᠠᠳ ᠦᠭᠡᠢ ᠂ 1952 ᠣᠨ ᠪ 4 ᠰᠠᠷ᠎ᠠ ᠶ᠋ᠢᠨ ᠡᠬᠢ ᠪᠡᠷ ᠤᠯᠠᠭᠠᠪᠠᠭᠠᠲᠤᠷ ᠬᠤᠲᠠ ᠶ᠋ᠢᠨ ᠲᠡᠭᠦᠷᠭᠡ ᠬᠤᠲᠠ ᠠᠮᠤᠭᠤᠯᠠᠩᠪᠠᠭᠠᠲᠤᠷ ᠦ᠋ᠨ ᠣᠯᠠᠨ ᠬᠠᠰᠢᠶᠠᠨ ᠪ ᠨᠢᠭᠡᠨ ᠳ᠋ᠦ ᠡᠨᠡ ᠭᠦᠯᠥᠭᠡ ᠶ᠋ᠢ ᠢᠩᠭᠢᠵᠦ ᠬᠥᠭᠯᠡᠵᠦ ᠪᠠᠢᠬᠤ ᠶ᠋ᠢ ᠬᠠᠷᠠᠭᠰᠠᠨ ᠪᠣᠯ ᠡᠳᠦᠭᠡ ᠢᠨᠢᠶᠡᠮᠰᠦᠭᠯᠡᠭᠡᠳ ᠵᠣᠭᠰᠣᠬᠤ ᠦᠭᠡᠢ ᠢᠨᠢᠶᠡᠵᠦ ᠂ ᠪᠦᠷ ᠬᠥᠬᠥᠷᠡᠵᠦ ᠪᠠᠢᠭ᠎ᠠ ᠪᠢᠵᠡ ᠠ᠋ ᠃ ᠲᠡᠷᠡ ᠭᠥᠯᠥᠭᠡ ᠂ ᠪᠦᠳᠡᠭᠢᠭᠡᠨ ᠰᠢᠷᠭᠠᠯ ᠵᠢᠰᠦ ᠲᠡᠢ ᠪᠤᠯᠪᠠᠴᠤ ᠦᠰᠦ ᠨᠢ ᠬᠠᠷᠠᠪᠲᠤᠷ ᠰᠤᠷ ᠲᠠᠢ ᠃ ᠪᠢᠴᠢᠬᠠᠨ ᠨᠣᠢᠲᠠᠨ ᠬᠠᠷ᠎ᠠ ᠬᠠᠮᠠᠷ ᠡᠴᠠ ᠪᠡᠨ ᠭᠤᠲᠣᠭᠣᠷᠬᠠᠨ ᠰᠡᠭᠦᠯ ᠦ᠋ᠨ ᠦᠵᠦᠭᠦᠷ ᠶ᠋ᠢᠠᠨ ᠭᠦᠷᠲᠡᠯ᠎ᠡ ᠨᠢᠷᠤᠭᠤ ᠪᠠᠨ ᠳᠠᠭᠠᠭᠰᠠᠨ ᠬᠠᠷ᠎ᠠ ᠰᠤᠳᠠᠯ ᠲᠠᠢ ᠂ ᠪᠠᠩᠬᠣᠷ ᠬᠣᠩᠰᠢᠶᠠᠷ ᠲᠠᠢ ᠰᠢᠯ ᠦ᠋ᠨ ᠲᠣᠪᠴᠢ ᠮᠡᠲᠦ ᠬᠢᠯᠠᠭᠠᠷ ᠬᠣᠶᠠᠷ ᠬᠠᠷ᠎ᠠ ᠨᠢᠳᠦ ᠲᠡᠢ ᠂ ᠪᠠᠷᠢᠮ ᠬᠦᠷᠬᠦ ᠦᠭᠡᠢ ᠰᠢᠬᠠᠮ ᠮᠠᠢᠭ᠎ᠠ ᠪᠦᠳᠦᠭᠦᠨ ᠬᠥᠯ ᠲᠡᠢ ᠪᠠᠢᠯ᠎ᠠ ᠃ ᠡᠬᠡ ᠦᠭᠡᠢ ᠥᠰᠴᠦ ᠪᠠᠢᠭ᠎ᠠ ᠲᠡᠵᠢᠭᠡᠪᠦᠷᠢ ᠠᠮᠢᠲᠠᠨ ᠲᠤᠯᠠ ᠴᠣᠷᠳᠣᠭᠤᠷ ᠲᠣᠮᠣ ᠭᠡᠳᠡᠰᠦ ᠲᠡᠢ ᠂ ᠢᠯᠠᠩᠭᠤᠶ᠎ᠠ ᠪᠤᠳᠠᠭ᠎ᠠ ᠲᠠᠢ ᠱᠥᠯᠥ ᠪᠤᠶᠤ ᠪᠤᠶᠤ ᠴᠠᠢᠳᠠᠮ ᠳᠣᠯᠢᠶᠠᠵᠤ ᠴᠠᠳᠤᠭᠠᠳ ᠶᠠᠪᠤᠬᠤ ᠳ᠋ᠠᠭᠠᠨ ᠣᠪᠣᠭ᠎ᠠ ᠪᠡᠰᠡᠷᠩᠬᠡᠨ ᠪᠣᠭᠴᠤ ᠲᠡᠩᠭᠨᠡᠭᠰᠡᠨ ᠮᠡᠲᠦ ᠶᠡᠬᠡ ᠭᠡᠳᠡᠰᠦ ᠲᠡᠢ ᠪᠣᠯᠣᠨ ᠢᠨᠴᠠᠭᠯᠠᠨ ᠰᠠᠯᠭᠠᠯᠠᠵᠤ ᠶᠠᠪᠤᠳᠠᠭ ᠪᠢᠯᠡ ᠃ ᠭᠡᠪᠡᠴᠦ ᠲᠡᠭᠦᠨ ᠊ᠢ ᠱᠣᠣᠯᠠᠭᠰᠠᠨ ᠪ ᠬᠡᠷᠡᠭ ᠦᠭᠡᠢ ᠃ ᠶᠡᠷᠦ ᠨᠢ ᠬᠥᠯᠥᠭᠡ ᠪᠦᠭᠦᠨ ᠲᠣᠮᠣ ᠭᠡᠳᠡᠰᠦ ᠲᠡᠢ ᠪᠠᠢᠳᠠᠭ ᠦᠭᠡᠢ ᠭᠡᠵᠢ ᠦᠦ ︖ ᠡᠨᠡ ᠭᠥᠯᠥᠭᠡ ᠂ ᠨᠢᠳᠦ ᠨᠡᠭᠡᠭᠡᠬᠦ ᠴᠠᠭ ᠡᠴᠠ ᠡᠬᠡ ᠪᠡᠨ ᠦᠵᠡᠭᠡ ᠦᠭᠡᠢ ᠲᠤᠯᠠ ᠵᠢᠭᠠᠬᠠᠨ ᠪᠤᠳᠣᠯᠢᠭᠤ ᠪᠥᠭᠡᠳ ᠠᠶᠤᠮᠠᠲᠠᠭᠠᠢ ᠵᠠᠩ ᠲᠠᠢ ᠂ ᠪᠠᠰᠠ ᠡᠨᠡ ᠬᠠᠰᠢᠶᠠᠨ ᠡᠴᠠ ᠭᠠᠳᠠᠭᠰᠢ ᠶᠠᠭᠤ ᠪᠠᠢᠳᠠᠭ ᠊ᠢ ᠣᠬᠲᠣ ᠬᠠᠷᠠᠭ᠎ᠠ ᠦᠭᠡᠢ ᠲᠤᠯᠠ ᠵᠠᠯᠬᠠᠭᠤ ᠨᠣᠢᠷᠮᠣᠭ ᠠᠵᠢ ᠃ ᠳᠤᠷᠠᠲᠠᠢ ᠴᠠᠭ ᠲᠠᠭᠠᠨ ᠡᠨᠡᠬᠡᠨ ᠲᠡᠷᠡᠭᠡᠨ ᠶ᠋ᠢᠠᠷ ᠫᠠᠴᠢᠬᠢᠯᠡᠨ ᠶᠠᠪᠤᠵᠤ ᠶᠠᠭᠤᠬᠠᠨ ᠭᠡᠭᠡᠭᠡᠨ ᠊ᠢ ᠣᠴᠢᠵᠤ ᠦᠨᠦᠷᠲᠦᠨ᠎ᠡ ᠂ ᠬᠡᠷᠪᠡ ᠠᠶᠠᠲᠠᠶᠢᠬᠠᠨ ᠦᠨᠦᠷᠲᠦᠪᠡᠯ ᠳᠣᠯᠢᠶᠠᠵᠤ ᠴᠥ᠍ ᠦᠵᠡᠨ᠎ᠡ ᠃ ᠲᠡᠭᠡᠵᠦ ᠳᠡᠭᠡᠭᠰᠡᠭᠡᠷ ᠡᠨᠡ ᠬᠠᠰᠢᠶᠠᠨ ᠳᠣᠲᠣᠷ᠎ᠠ ᠪᠠᠢᠳᠠᠭ ᠲᠣᠢᠮᠣ ᠲᠡᠢ ᠬᠡᠳᠦᠨ ᠵᠦᠢᠯ ᠊ᠢ ᠨᠢᠭᠡᠨ ᠤᠳᠠᠭ᠎ᠠ ᠪᠦᠷᠢᠳᠬᠡᠵᠦ ᠦᠵᠡᠴᠢᠬᠡᠭᠡᠳ ᠵᠡᠭᠦᠨ ᠤᠷᠲᠤ ᠥᠨᠴᠥᠭ ᠦ᠋ᠨ ᠡᠯᠡᠰᠦᠷᠬᠡᠭ ᠭᠠᠵᠠᠷ ᠎ᠲᠤ᠌ ᠰᠢᠭᠡᠴᠢᠬᠡᠭᠡᠳ ᠬᠠᠰᠢᠶᠠᠨ ᠪ ᠭᠣᠣᠯ ᠶ᠋ᠢᠠᠷ ᠲᠣᠮᠣᠭᠠᠲᠠᠢ ᠶᠠᠪᠤᠵᠤ ᠂ ᠪᠠᠢᠰᠢᠩ ᠦ᠋ᠨ ᠬᠠᠭᠠᠯᠭᠠᠨ ᠳ᠋ᠤ ᠣᠢᠷᠠᠯᠴᠠᠭ᠎ᠠ ᠥᠪᠡᠷ ᠎ᠲᠤ᠌ ᠨᠢ ᠵᠣᠷᠢᠭᠤᠯᠤᠭᠰᠠᠨ ᠪᠢᠴᠢᠬᠠᠨ ᠳᠡᠪᠢᠰᠬᠡᠷ ᠪᠦᠬᠦᠢ ᠮᠣᠳᠣᠨ ᠬᠠᠢᠷᠴᠠᠭ ᠎ᠲᠤ᠌ ᠣᠷᠣᠵᠤ ᠬᠡᠪᠲᠡᠨ᠎ᠡ ᠃ ᠬᠠᠢᠷᠴᠠᠭ ᠥᠪᠡᠷ ᠎ᠲᠤ᠌ ᠨᠢ ᠲᠠᠭᠠᠯᠠᠮᠵᠢᠲᠠᠢ ᠰᠠᠢᠬᠠᠨ ᠳᠣᠭᠢᠯᠢᠭ ᠳᠤᠯᠠᠭᠠᠨ ᠣᠷᠣᠨ ᠪᠥᠭᠡᠳ ᠪᠠᠰᠠ ᠴᠥ᠍ ᠨᠠᠷᠠᠨ ᠶᠡᠭᠡᠳᠡ ᠨᠣᠵᠣᠭᠤᠷᠠᠭᠤᠯᠤᠨ ᠰᠢᠷᠠᠬᠤ ᠲᠤᠯᠠ ᠲᠡᠷᠡ ᠳᠣᠲᠣᠷ᠎ᠠ ᠨᠠᠮ ᠤᠨᠲᠠᠨ᠎ᠠ ᠃ ᠪᠠᠰᠠ ᠵᠡᠭᠦᠲᠦᠯᠡᠨ ᠂ ᠵᠠᠷᠢᠮ ᠳ᠋ᠠᠭᠠᠨ ᠭᠡᠢᠨᠠᠵᠤ ᠂ ᠵᠠᠷᠢᠮ ᠳ᠋ᠠᠭᠠᠨ ᠬᠢᠩᠰᠢᠨ ᠣᠯᠢᠵᠤ ᠪᠦᠷ ᠬᠤᠴᠠᠵᠤ ᠣᠷᠭᠢᠭᠠᠳ ᠰᠡᠷᠡᠭᠦ ᠤᠳᠠᠭ᠎ᠠ ᠴᠥ᠍ ᠪᠤᠢ ᠃ ᠡᠨᠡ ᠨᠢ ᠥᠩᠭᠡᠷᠡᠭᠰᠡᠨ ᠰᠥᠨᠢ ᠶ᠋ᠢᠨ ᠶ᠋ᠢᠠᠨ ᠠᠶᠤᠭᠰᠠᠨ ᠶᠠᠪᠤᠳᠠᠯ ᠡᠴᠠ ᠬᠠᠷ᠎ᠠ ᠳᠠᠷᠤᠨ ᠵᠡᠭᠦᠳᠦᠯᠡᠭᠰᠡᠨ ᠬᠡᠷᠡᠭ ᠪᠢᠯᠡ ᠃ ᠶᠡᠷᠦ ᠨᠢ ᠡᠨᠡ ᠬᠥᠯᠥᠭᠡ ᠰᠥᠨᠢ ᠲᠤᠩ ᠪᠠᠭ᠎ᠠ ᠤᠨᠲᠠᠳᠠᠭ ᠭᠡᠳᠡᠭ ᠊ᠢ ᠡᠵᠡᠳ ᠨᠢ ᠡᠰᠡ ᠠᠩᠵᠠᠭᠠᠷᠠᠵᠠᠢ ᠃ ᠰᠥᠨᠢ ᠪᠤᠯᠬᠤ ᠪᠠᠷ ᠭᠥᠯᠥᠭᠡ ᠶᠠᠭᠤᠮ᠎ᠠ ᠶᠠᠭᠤᠮ᠎ᠠ ᠡᠴᠠ ᠠᠶᠤᠵᠤ ᠂ ᠠᠶᠠᠭᠠᠨ ᠴᠢᠨᠡᠭᠡᠨ ᠪᠣᠯᠴᠢᠬᠠᠭᠠᠳ ᠡᠢᠰᠢ ᠲᠡᠢᠰᠢ ᠬᠠᠷᠠᠨ ᠬᠡᠪᠲᠡᠨ᠎ᠡ ᠃ ᠬᠠᠶᠠ ᠣᠳᠣᠳ ᠦᠵᠡᠬᠦ ᠪᠤᠯᠪᠠᠴᠤ ᠲᠡᠭᠦᠨ ᠪ ᠪᠠᠯᠴᠢᠷ ᠨᠢᠳᠦᠨ ᠪ ᠬᠠᠷᠠᠭ᠎ᠠ ᠲᠣᠩ ᠴᠥᠭᠡᠭᠡᠨ ᠣᠳᠣ ᠪᠤᠶᠤ ᠬᠡᠳᠦᠨ ᠭᠠᠷᠠᠭ ᠯᠠ ᠬᠠᠷᠠᠳᠠᠭ ᠪᠤᠯᠣᠯᠲᠠᠢ ᠃ ᠬᠠᠷᠢᠨ ᠰᠠᠷᠠ ᠶ᠋ᠢ ᠬᠠᠷᠠᠭᠠᠳ ᠵᠠᠷᠢᠮ ᠳ᠋ᠠᠭᠠᠨ ᠳᠣᠯᠢᠶᠠᠵᠤ ᠦᠵᠡᠬᠦ ᠳᠤᠷ᠎ᠠ ᠨᠢ ᠬᠦᠷᠬᠦ ᠪᠣᠯᠪᠠᠴᠤ ᠨᠢᠭᠡᠨ ᠤᠳᠠᠭ᠎ᠠ ᠲᠡᠨᠡᠭᠳᠡᠵᠦ ᠥᠯᠢᠢᠵᠦ ᠵᠢᠳᠬᠦᠭᠡᠳ ᠰᠢᠷᠭᠤᠴᠢᠵᠤ ᠤᠨᠠᠭᠰᠠᠨ ᠡᠴᠠ ᠬᠣᠢᠰᠢ ᠬᠠᠰᠢᠷᠠᠵᠠᠢ ᠃ ᠬᠠᠷᠢᠨ ᠡᠨᠡ ᠲᠤᠭᠤᠢ ᠴᠠᠭᠠᠨ ᠶᠠᠭᠤᠮ᠎ᠠ ᠶᠠᠭᠠᠬᠢᠭᠠᠳ ᠦᠨᠦᠷ ᠦᠭᠡᠢ ᠪᠠᠢᠨ᠎ᠠ ᠪᠤᠢ ︖ ᠭᠡᠵᠦ ᠭᠠᠢᠬᠠᠨ᠎ᠠ ᠃ ᠭᠡᠲᠡᠯ᠎ᠡ ᠰᠠᠷᠠ ᠭᠠᠷᠴᠤ ᠢᠷᠡᠬᠦ ᠰᠠᠴᠠᠭᠤ ᠰᠡᠭᠦᠳᠡᠷ ᠭᠡᠵᠦ ᠨᠢᠭᠡᠨ ᠠᠶᠤᠮᠰᠢᠭᠲᠠᠢ ᠶᠠᠭᠤᠮ᠎ᠠ ᠪᠤᠢ ᠪᠤᠯᠳᠠᠭ ᠲᠤᠯᠠ ᠬᠥᠯᠥᠭᠡ ᠠᠶᠤᠬᠤ ᠳ᠋ᠠᠭᠠᠨ ᠬᠤᠴᠠᠨ᠎ᠠ ᠃ ᠡᠨᠡ ᠨᠢ ᠡᠵᠡᠨ ᠬᠥᠮᠥᠨ ᠶ᠋ᠢᠡᠨ ᠢᠷᠡᠵᠦ ᠲᠣᠰᠠᠯᠠᠭᠠᠨᠴᠢ ᠭᠡᠰᠡᠨ ᠳᠣᠬᠢᠶ᠎ᠠ ᠲᠤᠯᠠ ᠭᠡᠳᠦ ᠬᠤᠴᠢᠬᠠᠭᠠᠳ ᠬᠠᠭᠠᠯᠭ᠎ᠠ ᠥᠭᠡᠳᠡ ᠭᠣᠷᠢᠳᠠᠭᠰᠠᠨ ᠬᠠᠷᠠᠴᠠ ᠪᠠᠷ ᠬᠠᠷᠠᠨ᠎ᠠ ᠃ ᠭᠡᠲᠡᠯ᠎ᠡ ᠬᠡᠨ ᠴᠥ᠍ ᠭᠠᠷᠴᠤ ᠢᠷᠡᠬᠦ ᠦᠭᠡᠢ ᠳ᠋ᠦ ᠤᠯᠠᠮ ᠪᠤᠷᠭᠤᠨ ᠬᠤᠴᠠᠵᠤ ᠪᠦᠭᠦ ᠪᠡᠶ᠎ᠡ ᠨᠢ ᠴᠡᠴᠡᠷᠠᠨ᠎ᠡ ᠃ ᠡᠨᠡ ᠦᠶ᠎ᠡ ᠳ᠋ᠥ ᠱᠤᠷᠭᠠᠭ ᠬᠠᠰᠢᠶᠠᠨ ᠪ ᠳᠣᠲᠣᠷᠠᠬᠢ ᠶᠠᠭᠤᠮ᠎ᠠ ᠪᠦᠭᠦᠨ ᠬᠥᠳᠡᠯᠵᠦ ᠂ ᠬᠥᠭᠡᠷᠦᠬᠦᠢ ᠪᠢᠴᠢᠬᠠᠨ ᠬᠥᠯᠥᠭᠡ ᠤᠷᠤᠭᠤ ᠂ ᠰᠢᠳᠦ ᠢᠷᠵᠠᠢᠯᠭᠠᠨ ᠳᠦᠭᠦᠵᠦ ᠪᠠᠢᠬᠤ ᠰᠢᠭ᠋ ᠬᠠᠷᠠᠭᠳᠠᠳᠠᠭ ᠠᠵᠢ ᠃ ᠠᠶᠤᠵᠤ ᠴᠥᠬᠥᠷᠡᠭᠰᠡᠨ ᠭᠥᠯᠥᠭᠡ ᠂ ᠰᠡᠭᠦᠯ ᠳ᠋ᠡᠭᠡᠨ ᠬᠤᠴᠠᠬᠤ ᠴᠥ᠍ ᠲᠡᠩᠬᠡᠭᠡ ᠦᠭᠡᠢ ᠪᠣᠯᠵᠤ ᠂ ᠳᠠᠭᠤ ᠭᠠᠷᠤᠭᠰᠠᠨ ᠡᠴᠠ ᠳᠠᠭᠤ ᠦᠭᠡᠢ ᠨᠢ ᠳᠡᠭᠡᠷ᠎ᠡ ᠂ ᠬᠠᠷᠠᠵᠤ ᠪᠠᠢᠭᠰᠠᠨ ᠡᠴᠠ ᠬᠠᠷᠠᠭ᠎ᠠ ᠦᠭᠡᠢ ᠨᠢ ᠠᠮᠤᠷ ᠮᠡᠲᠦ ᠲᠤᠯᠠ ᠪᠦᠭᠦ ᠪᠡᠶ᠎ᠡ ᠪᠡᠨ ᠬᠤᠷᠢᠶᠠᠵᠤ ᠂ ᠳᠥᠷᠪᠡᠨ ᠪᠣᠭᠣᠨᠢᠬᠠᠨ ᠬᠥᠯ ᠶ᠋ᠢᠡᠨ ᠴᠢᠳᠠᠯ ᠶ᠋ᠢᠠᠷ ᠶ᠋ᠢᠡᠨ ᠡᠪᠬᠡᠨ ᠂ ᠰᠡᠭᠦᠯ ᠶ᠋ᠢᠡᠨ ᠬᠠᠪᠴᠢᠵᠤ ᠨᠢᠳᠦ ᠪᠡᠨ ᠠᠨᠢᠭᠠᠳ ᠴᠡᠴᠡᠷᠡᠨ ᠬᠡᠪᠲᠡᠨ᠎ᠡ ᠃ ᠨᠢᠳᠦ ᠪᠡᠨ ᠴᠢᠩᠭ᠎ᠠ ᠠᠨᠢᠪᠠᠯ ᠡᠮᠦᠨ᠎ᠡ ᠨᠢ ᠬᠣᠶᠠᠷ ᠳᠤᠭᠤᠢ ᠰᠢᠷ᠎ᠠ ᠴᠠᠭᠠᠷᠢᠭ ᠭᠢᠯᠠᠰᠬᠢᠨ ᠬᠠᠷᠠᠭᠳᠠᠬᠤ ᠲᠤᠯᠠ ᠪᠠᠰᠠ ᠯᠠ ᠵᠢᠪᠡᠭᠦᠴᠡᠨ᠎ᠡ ᠃ ᠭᠡᠪᠡᠴᠦ ᠰᠡᠭᠦᠯ ᠳ᠋ᠦ ᠨᠢ ᠡᠭᠦᠨ ᠳ᠋ᠡᠭᠡᠨ ᠲᠠᠰᠤᠭᠠᠳ ᠨᠢᠳᠦ ᠪᠡᠨ ᠨᠢᠭᠡ ᠴᠢᠩᠭ᠎ᠠ ᠠᠨᠢᠵᠤ ᠂ ᠨᠢᠭᠡ ᠬᠠᠷᠠᠵᠤ ᠲᠡᠭᠦᠨ ᠳ᠋ᠡᠭᠡᠨ ᠰᠠᠭᠠᠳᠠᠨ ᠬᠡᠪᠲᠡᠭᠰᠡᠭᠡᠷ ᠤᠨᠲᠠᠨ᠎ᠠ ᠃ ᠡᠨᠡ ᠮᠡᠲᠦ ᠪᠡᠷ ᠰᠥᠨᠢ ᠥᠩᠭᠡᠷᠡᠬᠦ ᠪᠤᠯᠪᠠᠴᠤ ᠰᠥᠨᠢ ᠪᠦᠭᠦᠨ ᠲᠡᠭᠦᠨ ᠳ᠋ᠦ ᠶᠡᠷᠦ ᠪᠤᠰᠤ ᠪᠥᠭᠡᠳ ᠠᠶᠤᠬᠤ ᠶᠠᠭᠤᠮ᠎ᠠ ᠮᠤᠩᠳᠠᠬᠤ ᠦᠭᠡᠢ ᠃ ᠬᠠᠷᠢᠨ ᠡᠳᠦᠷ ᠪᠣᠯ ᠨᠢᠭᠡᠨ ᠢᠵᠢᠯ ᠪᠥᠭᠡᠳ ᠭᠡᠭᠡ ᠭᠡᠷᠡᠯ ᠲᠡᠢ ᠂ ᠳᠤᠯᠠᠭᠠᠨ ᠲᠠᠢᠪᠤᠩ ᠲᠤᠯᠠ ᠭᠥᠯᠥᠭᠡ ᠡᠳᠦᠷ ᠶᠡᠬᠡ ᠤᠨᠲᠠᠨ᠎ᠠ ᠃ ᠪᠠᠰᠠ ᠥᠪᠡᠷ ᠵᠠᠭᠤᠷ᠎ᠠ ᠪᠡᠨ ᠪᠠᠭ᠎ᠠ ᠵᠡᠷᠭᠡ ᠣᠮᠣᠭ ᠣᠷᠣᠵᠤ ᠂ ᠶᠠᠰᠤ ᠦᠰᠦ ᠮᠡᠲᠦ ᠪᠠᠭᠠᠪᠲᠤᠷ ᠶᠠᠭᠤᠮ᠎ᠠ ᠤᠷᠤᠭᠤ ᠬᠤᠴᠠᠵᠤ ᠦᠵᠡᠬᠦ ᠲᠡᠷᠢᠭᠦᠳᠡᠨ ᠊ᠢ ᠦᠢᠯᠡᠳᠴᠦ ᠂ ᠪᠠᠰᠠ ᠴᠥ᠍ ᠡᠷᠭᠡᠯᠡᠨ ᠨᠠᠭᠠᠳᠤᠨ᠎ᠠ ᠃ ᠲᠡᠭᠡᠭᠡᠳ ᠥᠨᠥᠳᠥᠷ ᠦᠬᠡᠷ ᠦ᠋ᠨ ᠳᠠᠯᠤᠨ ᠪ ᠮᠥᠭᠡᠷᠰᠦᠨ ᠶᠠᠰᠤ ᠲᠠᠢ ᠡᠷᠬᠡᠯᠡᠵᠦ ᠦᠵᠡᠭᠰᠡᠨ ᠪᠥᠭᠡᠳ ᠲᠡᠭᠦᠨ ᠳ᠋ᠡᠭᠡᠨ ᠲᠠᠪᠠᠷᠴᠠᠭᠯᠠᠨ ᠭᠣᠳᠣᠷᠣᠢᠲᠤᠵᠤ ᠤᠨᠠᠭᠰᠠᠨ ᠠᠵᠢ ᠃ ᠵᠢᠭᠠᠬᠠᠨ ᠡᠪ ᠦᠭᠡᠢ ᠤᠨᠠᠭᠰᠠᠨ ᠲᠤᠯᠠ ᠲᠡᠨᠳᠡ ᠪᠡᠨ ᠥᠨᠳᠡᠢᠨ ᠰᠠᠭᠤᠴᠢᠬᠠᠭᠠᠳ ᠪᠠᠰᠠ ᠴᠥ᠍ ᠢᠴᠢᠵᠦ ᠡᠪ ᠦᠭᠡᠢᠷᠡᠭᠰᠡᠨ ᠶᠤᠮ ᠤᠤ ᠂ ᠮᠠᠯ ᠭᠠᠢᠬᠠᠭᠰᠠᠨ ᠶᠤᠮ ᠤᠤ ᠂ ᠪᠤᠰᠬᠤ ᠦᠭᠡᠢ ᠯᠡ ᠪᠠᠢᠨ᠎ᠠ ᠃ ᠭᠡᠲᠡᠯ᠎ᠡ ᠄  ᠭᠥᠯᠥᠭᠡ ᠂ ᠭᠥᠯᠥᠭᠡ ᠭᠡᠰᠡᠨ ᠨᠠᠷᠢᠬᠠᠨ ᠳᠠᠭᠤ ᠰᠣᠨᠣᠰᠳᠠᠬᠤ ᠳ᠋ᠤ ᠲᠡᠷᠡ ᠵᠦᠭ ᠤᠷᠤᠭᠤ ᠬᠠᠷᠠᠪᠠᠯ ︽ ᠰᠦᠨ ᠪ ᠦᠨᠦᠷᠲᠦ ᠬᠥᠬᠡ ᠡᠷᠢᠶᠡᠨ ᠶᠠᠭᠤᠮ᠎ᠠ ︾ ᠪᠠᠢᠰᠢᠩ ᠦ᠋ᠨ ᠡᠭᠦᠳᠡᠨ ᠳ᠋ᠦ ᠱᠣᠪᠣᠢᠵᠤ ᠬᠠᠷᠠᠭᠳᠠᠯ᠎ᠠ ᠃ ᠡᠨᠡ ᠪᠣᠯ ᠲᠡᠭᠦᠨ ᠪ ᠡᠵᠡᠨ ᠥᠬᠢᠨ ᠪᠥᠭᠡᠳ ᠬᠥᠬᠡ ᠡᠷᠢᠶᠡᠨ ᠲᠡᠷᠯᠢᠭ ᠡᠮᠦᠰᠴᠦ ᠪᠠᠢᠰᠢᠩ ᠦ᠋ᠨ ᠶ᠋ᠢᠠᠨ ᠡᠭᠦᠳᠡᠨ ᠳ᠋ᠦ ᠨᠣᠮ ᠬᠠᠷᠠᠵᠤ ᠰᠠᠭᠤᠬᠤ ᠳᠤᠷᠠᠲᠠᠢ ᠪᠠᠢᠯ᠎ᠠ ᠃ ᠪᠠᠰᠠ ᠲᠡᠷᠡ ︽ ᠬᠥᠬᠡ ᠡᠷᠢᠶᠡᠨ ︾ ᠨᠢ ᠠᠮᠠ ᠪᠠᠨ ᠠᠩᠭᠠᠢᠵᠤ ᠰᠢᠳᠦ ᠢᠷᠵᠡᠢᠨ ᠨᠢᠳᠦ ᠠᠨᠢᠵᠤ ᠂ ᠬᠠᠴᠢᠨ ᠵᠥᠭᠡᠯᠡᠨ ᠳᠠᠭᠤ ᠪᠠᠷ ᠬᠤᠴᠠᠵᠤ ᠪᠠᠢᠬᠤ ᠰᠢᠭ᠋ ᠲᠤᠯᠠ ᠂ ᠡᠨᠡ ᠨᠢ ᠵᠥᠭᠡᠯᠡᠨ ᠵᠠᠩ ᠶ᠋ᠢᠠᠷ ᠡᠷᠬᠡᠯᠡᠵᠦ ᠪᠠᠢᠭ᠎ᠠ ᠬᠡᠷᠡᠭ ᠭᠡᠳᠡᠭ ᠊ᠢ ᠬᠥᠯᠥᠬᠡ ᠮᠡᠳᠡᠭᠡᠳ ᠪᠣᠰᠴᠤ ᠲᠡᠭᠦᠨ ᠤᠷᠤᠭᠤ ᠭᠦᠶᠦᠪᠡ ᠃ ᠦᠨᠡᠨ ᠳ᠋ᠡᠭᠡᠨ ᠬᠥᠮᠥᠨ ᠶᠠᠭᠤᠨ ᠳ᠋ᠤ ᠬᠤᠴᠠᠬᠤ ᠪᠢᠯᠡ ᠃ ᠡᠵᠡᠨ ᠥᠬᠢᠨ ᠨᠢ ᠭᠥᠯᠥᠭᠡ ᠶ᠋ᠢᠨ ᠤᠨᠠᠬᠤ ᠶ᠋ᠢ ᠬᠠᠷᠠᠭᠰᠠᠨ ᠲᠤᠯᠠ ᠂ ᠲᠡᠰᠭᠡᠯ ᠦᠭᠡᠢ ᠢᠨᠢᠶᠡᠳᠦ ᠨᠢ ᠭᠦᠷᠤᠭᠡᠳ ᠬᠥᠬᠥᠷᠡᠵᠦ ᠪᠠᠶᠢᠭᠰᠠᠨ ᠨᠢ ᠲᠡᠷᠡ ᠠᠵᠢ ᠃ ᠭᠦᠯᠥᠭᠡ ᠳᠡᠷᠭᠡᠳᠡ ᠨᠢ ᠭᠦᠶᠦᠵᠦ ᠢᠷᠡᠪᠡᠰᠦ ᠪᠥᠰᠡᠭᠦᠢ ᠭᠠᠷ ᠶ᠋ᠢᠠᠨ ᠰᠡᠷᠪᠠᠢᠨ ᠪᠥᠬᠥᠢᠭᠰᠡᠨ ᠳ᠋ᠦ ᠬᠥᠯᠥᠭᠡ ᠪᠢᠴᠢᠬᠠᠨ ᠮᠠᠢᠭ᠎ᠠ ᠬᠥᠯ ᠶ᠋ᠢᠠᠨ ᠳᠡᠭᠡᠷ᠎ᠡ ᠡᠷᠭᠦᠵᠦ ᠂ ᠲᠣᠯᠣᠭᠠᠢ ᠪᠠᠨ ᠭᠢᠯᠵᠢᠢᠨ ᠠᠮᠠ ᠪᠠᠨ ᠠᠩᠭᠠᠢᠰᠬᠢᠵᠤ ᠂ ᠬᠥᠮᠥᠨ ᠢᠨᠢᠶᠡᠬᠦ ᠮᠡᠲᠦ ᠲᠥᠷᠬᠦ ᠪᠡᠷ ᠵᠠᠩᠨᠠᠵᠤ ᠂ ᠶᠠᠩᠵᠤ ᠪᠦᠷᠢ ᠶ᠋ᠢᠨ ᠢᠳᠡᠬᠦ ᠶᠠᠭᠤᠮ᠎ᠠ ᠬᠠᠩᠬᠤᠯᠤᠭᠤᠯᠤᠭᠰᠠᠨ ᠤᠯᠠᠭᠠᠨ ᠭᠠᠷ ᠦ᠋ᠨ ᠬᠢᠨᠢ ᠠᠯᠠᠭᠠᠨ ᠳᠡᠭᠡᠷ᠎ᠡ ᠂ ᠵᠢᠵᠢᠭᠬᠡᠨ ᠬᠠᠯᠠᠭᠤᠨ ᠲᠠᠪᠠᠬᠠᠢ ᠪᠠᠨ ᠵᠥᠭᠡᠯᠡᠨ ᠲᠠᠯᠪᠢᠪᠠ ᠃ ᠪᠦᠰᠡᠭᠦᠢ ᠭᠥᠯᠥᠭᠡ ᠶ᠋ᠢ ᠡᠷᠭᠦᠵᠦ ᠂ ᠡᠪᠦᠷ ᠳᠡᠭᠡᠷ᠎ᠡ ᠪᠡᠨ ᠠᠪᠬᠤ ᠳ᠋ᠤ ᠂ ᠲᠡᠭᠦᠨ ᠪ ᠡᠩᠭᠡᠷ ᠡᠴᠡ ᠤᠴᠢᠷ ᠦᠯᠦ ᠮᠡᠳᠡᠭᠳᠡᠬᠦ ᠵᠦᠢᠯ ᠰᠠᠩᠭᠢᠨᠠᠨ ᠦᠨᠦᠷᠲᠦᠪᠡ ᠃ ᠡᠨᠡ ᠪᠣᠯ ᠦᠨᠥᠷᠲᠡᠢ ᠤᠰᠤᠨ ᠪ ᠦᠨᠦᠷ ᠪᠤᠯᠪᠠᠴᠤ ᠬᠥᠯᠥᠭᠡᠨ ᠳ᠋ᠦ ᠲᠡᠢᠮᠦ ᠴᠥ᠍ ᠰᠠᠢᠬᠠᠨ ᠪᠤᠰᠤ ᠦᠨᠦᠷᠲᠦᠬᠦ ᠠᠵᠢ ᠃ ᠭᠡᠬᠦ ᠳ᠋ᠡᠭᠡᠨ ᠡᠨᠡ ᠭᠥᠯᠥᠭᠡ ᠥᠬᠢᠨ ᠪ ᠬᠠᠮᠢᠭ᠎ᠠ ᠡᠴᠠ ᠨᠢ ᠶᠠᠭᠤᠮ᠎ᠠ ᠦᠨᠥᠷᠲᠦᠳᠡᠭ ᠊ᠢ ᠮᠡᠳᠡᠭᠦ ᠪᠢᠯᠡ ᠃ ᠡᠨᠡ ᠥᠬᠢᠨ ᠂ ᠭᠦᠯᠥᠭᠡ ᠶ᠋ᠢ ᠨᠢᠳᠦ ᠨᠡᠭᠡᠭᠡ ᠦᠭᠡᠢ ᠰᠢᠬᠠᠮ ᠪᠠᠢᠬᠤ ᠡᠴᠠ ᠨᠢ ᠬᠠᠶᠠ ᠡᠪᠦᠷ ᠳᠡᠭᠡᠷ᠎ᠡ ᠪᠡᠨ ᠠᠪᠴᠤ ᠬᠣᠰᠢᠭᠤ ᠶ᠋ᠢ ᠨᠢ ᠬᠠᠴᠠᠷ ᠲᠠᠭᠠᠨ ᠨᠠᠭᠠᠵᠤ ᠥᠬᠥᠭᠡᠷᠳᠡᠳᠡᠭ ᠪᠠᠢᠭᠰᠠᠨ ᠲᠤᠯᠠ ᠪᠤᠰᠤᠳ ᠡᠴᠠ ᠠᠷᠠᠢ ᠢᠯᠡᠭᠦᠦ ᠳᠣᠲᠣᠨᠣ ᠡᠵᠡᠨ ᠨᠢ ᠡᠨᠡ ᠪᠠᠢᠪᠠ ᠃ ᠬᠡᠳᠦᠢ ᠲᠡᠢᠮᠦ ᠪᠤᠯᠪᠠᠴᠤ ᠡᠨᠡ ᠪᠦᠰᠡᠬᠦᠷ ᠭᠥᠯᠥᠭᠡ ᠲᠡᠢ ᠲᠡᠢᠮᠦ ᠴᠥ᠍ ᠤᠳᠠᠭᠠᠨ ᠴᠤᠭ ᠪᠠᠢᠳᠠᠭ ᠦᠭᠡᠢ ᠃ ᠲᠡᠢᠮᠦ ᠴᠥ᠍ ᠶᠡᠬᠡ ᠡᠷᠬᠡᠯᠡᠭᠦᠯᠳᠡᠭ ᠦᠭᠡᠢ ᠂ ᠮᠠᠭᠠᠳ ᠦᠭᠡᠢ ᠲᠡᠢᠮᠦ ᠴᠥ᠍ ᠶᠡᠬᠡ ᠣᠢᠰᠢᠶᠠᠳᠠᠭ ᠦᠭᠡᠢ ᠪᠠᠢᠭᠰᠠᠨ ᠪᠠᠢᠬᠤ ᠃ ᠠᠷᠭ᠎ᠠ ᠴᠥ᠍ ᠦᠭᠡᠢ ᠪᠢᠵᠡ ᠃ ᠡᠨᠡ ᠪᠦᠰᠡᠭᠦᠢ ᠪᠣᠯ ᠠᠷᠪᠠᠳᠤᠭᠠᠷ ᠠᠩᠬᠢ ᠶ᠋ᠢᠨ ᠰᠤᠷᠤᠬᠴᠢ ᠃ ᠠᠷᠢᠭᠤᠨ ᠴᠡᠪᠡᠷᠴᠢ ᠂ ᠡᠷᠳᠡᠮ ᠨᠣᠮ ᠲᠠᠢ ᠂ ᠴᠡᠪᠡᠷ ᠴᠡᠮᠴᠡᠭᠡᠷ ᠬᠡᠦᠬᠡᠨ ᠪᠣᠯᠵᠤ ᠶᠠᠪᠤᠭ᠎ᠠ ᠪᠣᠯᠬᠣᠷ ᠶᠠᠭᠤᠨ ᠳ᠋ᠤ ᠨᠣᠬᠠᠢ ᠶ᠋ᠢᠨ ᠭᠥᠯᠥᠭᠡ ᠪᠡᠷ ᠲᠡᠷᠡ ᠪᠣᠯᠭᠠᠨ ᠤᠷᠤᠯᠳᠤᠵᠤ ᠰᠠᠭᠤᠬᠤ ᠪᠢᠯᠡ ᠳ᠋ᠡ ᠃ ᠲᠡᠭᠡᠭᠡᠳ ᠴᠥ᠍ ᠶᠡᠷᠦ ᠨᠢ ᠵᠠᠪ ᠪᠠᠭ᠎ᠠ ᠲᠠᠢ ᠪᠠᠢᠳᠠᠭ ᠪᠢᠵᠡ ᠃ ᠬᠡᠨ ᠯᠡ ᠭᠥᠯᠥᠭᠡ ᠰᠢᠭ ᠡᠳᠦᠷ ᠦ᠋ᠨ ᠶᠡᠬᠡᠩᠬᠢ ᠶ᠋ᠢ ᠤᠨᠳᠠᠵᠤ ᠂ ᠪᠠᠰᠠ ᠰᠥᠨᠢ ᠬᠤᠴᠠᠵᠤ ᠪᠠᠢᠬᠤ ᠪᠢᠯᠡ ᠳ᠋ᠡ ︕ ᠡᠶ᠋ᠢᠨᠬᠦ ᠭᠦᠯᠥᠭᠡ ᠴᠥ᠍ ᠬᠦᠯᠥᠭᠡ ᠪᠡᠷ ᠶ᠋ᠢᠡᠨ ᠂ ᠪᠥᠰᠡᠬᠦᠢ ᠴᠥ᠍ ᠪᠦᠰᠡᠭᠦᠢ ᠪᠠᠷ ᠶ᠋ᠢᠡᠨ ᠂ ᠲᠤᠰ ᠲᠤᠰ ᠦ᠋ᠨ ᠭᠣᠷᠢᠮ ᠶ᠋ᠢᠠᠷ ᠥᠨᠥ ᠶ᠋ᠢ ᠬᠦᠷᠪᠡ ᠃ ᠭᠡᠲᠡᠯ᠎ᠡ ᠡᠳᠦᠭᠡ ᠪᠠᠯᠴᠢᠷ ᠵᠢᠭᠠᠬᠠᠨ ᠭᠥᠯᠥᠭᠡᠨ ᠳ᠋ᠦ ᠴᠥ᠍ ᠂ ᠪᠠᠬ᠋᠎ᠠ ᠵᠢᠭᠠᠬᠠᠨ ᠪᠦᠰᠡᠬᠦᠢ ᠳ᠋ᠦ ᠴᠥ᠍ ᠶᠡᠷᠦ ᠠᠯᠢ ᠠᠯᠢᠨ ᠳ᠋ᠤ ᠨᠢ ᠴᠥ᠍ ᠴᠣ᠋ ᠰᠢᠨ᠎ᠡ ᠨᠢᠭᠡᠨ ᠵᠦᠢᠯ ᠂ ᠲᠠᠷᠢᠬᠢ ᠰᠡᠳᠬᠢᠭᠦᠢ ᠶ᠋ᠢ ᠨᠢ ᠰᠡᠷᠡᠬᠡᠨ ᠣᠷᠣᠵᠤ ᠢᠷᠡᠵᠡᠢ ᠃ ᠡᠨᠡᠬᠦ ᠳᠡᠯᠡᠬᠡᠢ ᠶ᠋ᠢᠨ ᠬᠠᠲᠠᠭᠤ ᠰᠢᠷᠣᠢ ᠶ᠋ᠢᠨ ᠬᠦᠷᠥᠰᠦᠨ᠎ᠡ ᠠᠮᠢᠲᠠᠨ ᠪᠣᠯᠵᠤ ᠳᠦᠷᠦᠭᠡᠳ ᠪᠤᠰᠤᠳ ᠎ᠲᠤ᠌ ᠡᠷᠭᠡᠯᠡᠬᠦ ᠶ᠋ᠢᠨ ᠵᠢᠷᠭᠠᠯ ᠊ᠢ ᠡᠯ᠎ᠡ ᠪᠠᠯᠴᠢᠷ ᠴᠠᠭ ᠲᠠᠭᠠᠨ ᠠᠮᠰᠠᠭ᠎ᠠ ᠦᠭᠡᠢ ᠶᠠᠪᠤᠭ᠎ᠠ ᠬᠥᠭᠡᠷᠦᠬᠦᠢ ᠭᠦᠯᠥᠭᠡ ᠂ ᠡᠵᠡᠨ ᠪᠦᠰᠡᠭᠦᠢ ᠶ᠋ᠢᠨ ᠶ᠋ᠢᠡᠨ ᠤᠴᠢᠷ ᠵᠦᠭ ᠦᠭᠡᠢ ᠥᠬᠥᠭᠡᠷᠳᠡᠬᠦ ᠳ᠋ᠦ ᠳᠡᠮᠡᠢ ᠯᠠ ᠭᠠᠢᠬᠠᠨ ᠬᠢᠩᠰᠢᠵᠦ ᠪᠠᠢᠯ᠎ᠠ ᠃ ᠲᠡᠭᠦᠨ ᠪ ᠵᠥᠭᠡᠯᠡᠨ ᠬᠠᠯᠠᠭᠤᠬᠠᠨ ᠪᠠᠩᠬᠤᠷ ᠬᠣᠩᠰᠢᠶᠠᠷ ᠪᠣᠯᠣᠨ ᠪᠢᠴᠢᠬᠠᠨ ᠡᠪᠡᠷ ᠲᠣᠪᠴᠢ ᠮᠡᠲᠦ ᠬᠦᠢᠲᠡᠨ ᠬᠠᠷ᠎ᠠ ᠬᠠᠮᠠᠷ ᠊ᠢ ᠨᠢ ᠡᠯᠢᠭᠡᠨ ᠳ᠋ᠡᠭᠡᠨ ᠂ ᠬᠣᠭᠣᠯᠠᠢ ᠳ᠋ᠠᠭᠠᠨ ᠂ ᠬᠠᠴᠠᠷ ᠲᠠᠭᠠᠨ ᠨᠠᠭᠠᠵᠤ ᠪᠠᠢᠵᠤ ᠮᠠᠨᠢ ᠪᠦᠰᠡᠬᠦᠢ ᠤᠷᠢᠳᠤ ᠡᠴᠠ ᠢᠯᠡᠭᠦᠦ ᠲᠡᠢ ᠦᠬᠦᠭᠡᠷᠲᠡᠨ ᠥᠩᠭᠡᠵᠦ ᠪᠠᠢᠯ᠎ᠠ ᠃ ᠭᠠᠢᠬᠠᠬᠤ ᠶ᠋ᠢᠨ ᠬᠠᠵᠠᠭᠤ ᠪᠠᠷ ᠪᠦᠲᠡᠵᠦ ᠦᠬᠦᠬᠦ ᠰᠢᠬᠠᠭᠰᠠᠨ ᠭᠥᠯᠥᠭᠡ ᠂ ᠥᠷᠥ ᠡᠪᠡᠳᠦᠮ᠎ᠡ ᠬᠣᠩᠭᠣᠷ ᠳᠠᠭᠤ ᠪᠠᠷ ᠭᠠᠰᠠᠯᠬᠤ ᠳ᠋ᠤ ᠨᠢ ᠄  ᠡᠪᠡᠢ ᠂ ᠡᠪᠡᠢ ︕ ᠬᠠᠷᠢᠭᠤ ᠦᠭᠡᠢ ᠨᠢᠯᠬ᠎ᠠ ᠠᠮᠢᠲᠠᠨ ︕ ᠴᠢ ᠶᠠᠭᠠᠬᠢᠵᠤ ᠡᠳᠦᠢ ᠪᠤᠯᠲᠠᠯ᠎ᠠ ᠭᠠᠳᠠᠭ᠎ᠠ ᠤᠨᠳᠠᠵᠤ ᠂ ᠭᠠᠳᠠᠭ᠎ᠠ ᠬᠣᠭᠣᠯᠠᠯᠠᠵᠤ ᠪᠠᠢᠪᠠ ᠳ᠋ᠠ ⁈ ᠬᠡᠵᠢᠶ᠎ᠡ ᠨᠢᠭᠡ ᠲᠣᠮᠣ ᠨᠣᠬᠠᠢ ᠪᠣᠯᠣᠨ᠎ᠠ ᠳ᠋ᠤᠤ ︕ ᠭᠡᠮᠡᠨ ᠲᠡᠷᠡ ᠪᠦᠰᠡᠭᠦᠷ ᠂ ᠡᠬᠡ ᠠᠮᠢᠲᠠᠨ ᠪ ᠵᠦᠩ ᠪᠢᠯᠢᠭ ᠶ᠋ᠢᠡᠷ ᠡᠩᠬᠦᠷᠡᠢᠯᠡᠨ ᠪᠠᠢᠪᠠ ᠃ ᠤᠴᠢᠷ ᠨᠢ ᠬᠡᠪᠡᠰᠦ ᠪᠦᠰᠡᠭᠦᠢ ᠬᠥᠭᠡᠷᠦᠬᠦᠢ ᠭᠥᠯᠥᠭᠡ ᠶ᠋ᠢ ᠰᠠᠶᠢ ᠮᠥᠭᠡᠷᠰᠦ ᠲᠡᠳᠦᠢᠬᠡᠨ ᠳ᠋ᠦ ᠳᠣᠷᠴᠤ ᠤᠨᠠᠬᠤ ᠳ᠋ᠠᠭᠠᠨ ᠪᠡᠷᠲᠡᠬᠦ ᠡᠴᠡ ᠨᠠᠭᠠᠬᠠᠨᠠᠭᠤᠷ ᠬᠡᠷᠬᠢᠨ ᠭᠣᠳᠣᠷᠣᠢᠲᠤᠵᠤ ᠪᠠᠢᠬᠤ ᠶ᠋ᠢ ᠨᠢ ᠬᠠᠷᠠᠵᠤ ᠤᠯᠠᠮ ᠶ᠋ᠢᠠᠷ ᠲᠡᠭᠦᠨ ᠪ ᠬᠡᠴᠢᠨᠡᠭᠡᠨ ᠡᠮᠵᠡᠭ ᠪᠢᠴᠢᠬᠠᠨ ᠂ ᠬᠡᠴᠢᠨᠡᠭᠡᠨ ᠠᠶᠣᠮᠬᠠᠢ ᠨᠢᠯᠬ᠎ᠠ ᠂ ᠥᠨᠥᠴᠢᠨ ᠂ ᠥᠷᠥᠭᠡᠰᠦᠨ ᠂ ᠠᠷᠠᠴᠢᠭ᠎ᠠ ᠦᠭᠡᠢ ᠲᠣᠷᠣᠢ ᠪᠤᠯᠬᠤ ᠶ᠋ᠢ ᠭᠡᠨᠡᠳᠲᠡ ᠣᠢᠯᠠᠭᠠᠵᠠᠢ ᠃ ᠭᠡᠲᠡᠯ᠎ᠡ ᠂ ᠡᠯ᠎ᠡ ᠪᠦᠰᠡᠭᠦᠢ ᠥᠪᠡᠷ ᠶ᠋ᠢᠡᠨ ᠲᠡᠷᠡᠬᠦ ᠮᠥᠭᠡᠷᠰᠦ ᠶ᠋ᠢ ᠤᠯᠠᠭᠠᠨ ᠭᠠᠷ ᠶ᠋ᠢᠠᠷ ᠶ᠋ᠢᠠᠨ ᠬᠡᠴᠢᠨᠡᠭᠡᠨ ᠯᠡ ᠪᠣᠯ ᠬᠡᠴᠢᠨᠡᠭᠡᠨ ᠬᠤᠭᠤ ᠂ ᠬᠡᠮᠬᠡ ᠠᠳᠬᠤᠵᠤ ᠴᠢᠳᠠᠨ᠎ᠠ ︵ ᠬᠠᠷᠢᠨ ᠲᠡᠷᠡ ᠴᠢᠭ ᠶ᠋ᠢᠠᠷ ᠨᠢ ᠢᠳᠡᠴᠢᠬᠡᠵᠦ ᠴᠢᠳᠠᠬᠤ ᠦᠭᠡᠢ ᠨᠢ ᠮᠡᠳᠡᠭᠡᠵᠢ ᠯᠡ ᠳ᠋ᠡ ︶ ᠃ ᠡᠢᠮᠦ ᠡᠴᠡ ᠡᠨᠡ ᠪᠣᠯ ᠬᠥᠮᠥᠨ ᠃ ᠲᠡᠭᠡᠭᠦ ᠳ᠋ᠡᠭᠡᠨ ᠪᠦᠷ ᠳᠥᠴᠢ ᠶᠢᠰᠦᠨ ᠬᠣᠨᠣᠭ ᠪᠤᠰᠤ ᠂ ᠠᠷᠪᠠᠨ ᠶᠢᠰᠤᠨ ᠵᠢᠯ ᠊ᠢ ᠡᠨᠡᠬᠦ ᠬᠠᠲᠠᠭᠤ ᠰᠢᠷᠣᠢ ᠶ᠋ᠢᠨ ᠭᠦᠷᠦᠰᠦᠲᠦ ᠬᠠᠨᠠᠭᠠᠷ ᠶᠡᠬᠡ ᠳᠡᠯᠡᠬᠡᠢ ᠳᠡᠭᠡᠷ᠎ᠡ ᠬᠠᠯᠠᠵᠤ ᠭᠦᠷᠦᠵᠦ ᠪᠠᠶᠠᠰᠤᠨ ᠭᠣᠮᠣᠳᠠᠵᠤ ᠂ ᠡᠷᠭᠡᠯᠡᠵᠦ ᠠᠶᠤᠵᠤ ᠂ ᠤᠭᠢᠯᠠᠵᠤ ᠳᠠᠭᠤᠯᠠᠵᠤ ᠥᠩᠭᠡᠷᠡᠭᠰᠡᠨ ᠢᠳᠡ ᠨᠠᠰᠤᠨ ᠪ ᠭᠤᠸ᠎ᠠ ᠪᠦᠰᠡᠬᠦᠢ ᠪᠠᠢᠨ᠎ᠠ ᠃ ᠡᠨᠡ ᠪᠦᠰᠡᠬᠦᠢ ᠶ᠋ᠢᠨ ᠥᠪᠥᠷ ᠳᠡᠭᠡᠷ᠎ᠡ ᠡᠢᠨᠬᠦ ᠤᠷᠢᠳᠤ ᠤᠷᠢᠳᠤ ᠡᠴᠠ ᠤᠳᠠᠭᠠᠨ ᠪᠥᠭᠡᠳ ᠳᠣᠲᠣᠨᠣ ᠡᠩᠬᠦᠷᠡᠢᠯᠡᠭᠦᠯᠦᠨ ᠪᠠᠢᠬᠤ ᠳ᠋ᠠᠭᠠᠨ ᠭᠥᠯᠥᠭᠡ ᠂ ᠡᠷᠬᠡᠪᠰᠢ ᠨᠣᠬᠠᠢ ᠶ᠋ᠢᠨ ᠬᠦᠦ ᠭᠡᠰᠡᠨ ᠳ᠋ᠡᠭᠡᠨ ᠪᠦᠰᠡᠬᠦᠢ ᠶ᠋ᠢᠨ ᠵᠢᠩᠬᠢᠨᠢ ᠥᠪᠡᠷ ᠦ᠋ᠨ ᠦᠨᠦᠷ ᠡᠴᠡ ᠭᠠᠳᠠᠨ᠎ᠠ ᠬᠡᠴᠢᠨᠡᠭᠡᠨ ᠣᠯᠠᠨ ᠭᠠᠳᠠᠨ᠎ᠠ ᠶ᠋ᠢᠨ ᠬᠠᠴᠢᠨ ᠦᠨᠦᠷ ᠲᠡᠭᠦᠨ ᠳ᠋ᠦ ᠴᠤᠭᠴᠠᠯᠠᠭᠰᠠᠨ ᠊ᠢ ᠰᠠᠶᠢ ᠠᠩᠵᠠᠭᠠᠷᠠᠵᠠᠢ ᠃ ᠠᠯᠢᠪᠠ ᠶᠠᠭᠤᠮᠠᠨ ᠪ ᠦᠨᠦᠷ ᠊ᠢ ᠬᠡᠢ ᠠᠭᠠᠷ ᠳᠣᠲᠣᠷ᠎ᠠ ᠡᠴᠠ ᠣᠯᠵᠤ ᠮᠡᠳᠡᠷᠡᠬᠦ ᠬᠢᠭᠡᠳ ᠪᠦᠭᠦ ᠪᠣᠳᠠᠰ ᠦ᠋ᠨ ᠦᠨᠦᠷ ᠊ᠢ ᠠᠳᠠᠯ ᠦᠭᠡᠢ ᠢᠯᠭᠠᠨ ᠲᠠᠨᠢᠬᠤ ᠴᠢᠳᠠᠯ ᠶ᠋ᠢᠠᠷ ᠬᠥᠮᠥᠨ ᠪ ᠬᠢ ᠶ᠋ᠢ ᠪᠤᠳᠣᠪᠠᠯ ᠨᠣᠬᠠᠢ ᠶ᠋ᠢᠨ ᠬᠠᠮᠠᠷ ᠨᠢᠭᠡᠨ ᠮᠢᠩᠭ᠎ᠠ ᠳᠠᠭᠢᠨ ᠢᠯᠡᠭᠦᠦ ᠪᠠᠢᠳᠠᠭ ᠲᠤᠯᠠ ᠂ ᠪᠦᠰᠡᠬᠦᠢ ᠶ᠋ᠢᠨ ᠪᠡᠶ᠎ᠡ ᠳ᠋ᠦ ᠪᠠᠢᠭ᠎ᠠ ᠪᠦᠭᠦ ᠯᠠ ᠳᠡᠪᠦᠦ ᠬᠤᠪᠴᠠᠰᠤ ᠨᠤᠭᠤᠳ ᠦ᠋ᠨ ᠭᠣᠷᠢᠯ ᠲᠠᠢ ᠂ ᠪᠣᠳᠣᠬ ᠲᠠᠢ ᠂ ᠲᠤᠰᠤ ᠲᠠᠢ ᠪᠣᠯᠣᠨ ᠵᠡᠭᠦᠦ ᠤᠲᠠᠰᠤᠨ ᠪ ᠥᠪᠡᠷᠮᠢᠴᠡ ᠦᠨᠦᠷ ᠨᠢ ᠪᠠᠰᠠ ᠥᠰᠥᠨ ᠪ ᠲᠣᠰᠣ ᠂ ᠥᠨᠥᠷᠳᠡᠢ ᠤᠰᠤ ᠂ ᠰᠠᠪᠤᠩ ᠂ ᠣ ᠬᠢᠭᠡᠳ ᠪᠤᠰᠤᠳ ᠡᠯᠳᠡᠪ ᠦᠨᠦᠷ ᠊ᠢ ᠳᠤᠬᠠᠢᠯᠠᠬᠤ ᠶ᠋ᠢᠨ ᠵᠡᠷᠬᠡᠴᠡᠬᠡ ᠥᠭᠡᠷ᠎ᠡ ᠨᠢᠭᠡᠨ ᠣᠨᠴᠠᠭᠠᠢ ᠰᠣᠨᠢᠨ ᠦᠨᠦᠷ ᠊ᠢ ᠡᠨᠡ ᠬᠥᠯᠥᠭᠡ ᠰᠠᠶᠢ ᠣᠯᠵᠤ ᠮᠡᠳᠡᠪᠡ ᠃ ᠡᠨᠡ ᠪᠣᠯ ᠶᠠᠮᠠᠷ ᠨᠢᠭᠡᠨ ᠬᠥᠮᠥᠨ ᠪ ᠦᠨᠦᠷ ᠪᠣᠯᠣᠯᠲᠠᠢ ᠃ ᠲᠡᠭᠡᠭᠦ ᠳ᠋ᠡᠭᠡᠨ ᠡᠨᠡ ᠪᠥᠰᠡᠬᠦᠷ ᠡᠴᠡ ᠣᠩᠭᠢ ᠥᠭᠡᠷ᠎ᠡ ᠬᠦᠴᠦ ᠲᠡᠩᠬᠡᠭᠡ ᠲᠡᠢ ᠬᠥᠮᠥᠨ ᠪ ᠦᠨᠦᠷ ᠰᠢᠭ᠋ ᠲᠣᠩ ᠶᠠᠯᠢᠬᠤ ᠦᠭᠡᠢ ᠠᠲᠠᠯ᠎ᠠ ᠨᠢᠭᠡ ᠯᠡ ᠬᠤᠷᠴᠠ ᠡᠷᠡᠮᠡᠬᠡᠢ ᠦᠨᠦᠷ ᠪᠠᠢᠵᠠᠢ ᠃ ᠡᠭᠦᠨ ᠊ᠢ ᠮᠡᠳᠡᠮᠡᠭᠴᠡ ᠭᠥᠯᠥᠭᠡ ᠂ ᠭᠡᠢᠨᠠᠵᠤ ᠭᠠᠰᠠᠯᠠᠬᠤ ᠂ ᠨᠢᠯᠠᠭᠰᠠᠭ ᠵᠠᠩ ᠶ᠋ᠢᠠᠷ ᠶ᠋ᠢᠠᠨ ᠮᠠᠷᠲᠠᠨ ᠲᠣᠮᠣ ᠨᠣᠬᠠᠢ ᠮᠡᠲᠦ ᠭᠠᠢᠬᠠᠵᠤ ᠪᠠᠢᠯ᠎ᠠ ᠃ ᠬᠠᠷᠢᠨ ᠪᠥᠰᠡᠬᠦᠢ ᠄ ᠡᠪᠡᠢ ᠂ ᠲᠡᠨᠡᠭ ᠵᠢᠭᠠᠬᠠᠨ ᠭᠥᠯᠥᠭᠡ ᠭᠡᠵᠦ ᠥᠬᠦᠭᠡᠷᠲᠡᠨ᠎ᠡ ᠃ ᠵᠢᠪᠡᠷ ᠳᠣᠣᠷ᠎ᠠ ᠥᠰᠦᠭᠰᠡᠨ ᠠᠳᠤᠭᠤᠰᠤᠨ ᠪ ᠦᠷ᠎ᠡ ᠂ ᠵᠢᠭᠠᠬᠠᠨ ᠪᠠᠯᠴᠢᠷ ᠬᠡᠳᠦᠢ ᠪᠤᠯᠪᠠᠴᠤ ᠵᠢᠷᠭᠠᠯ ᠳᠤᠮᠳᠠ ᠥᠰᠦᠭᠰᠡᠨ ᠬᠥᠮᠥᠨ ᠪ ᠦᠷ᠎ᠡ ᠡᠴᠡ ᠡᠨᠡ ᠮᠡᠲᠦ ᠵᠦᠢᠯ ᠳᠡᠭᠡᠷ᠎ᠡ ᠢᠯᠡᠭᠦᠦ ᠭᠠᠷᠳᠠᠭ ᠶᠣᠰᠣ ᠪᠤᠢ ᠠᠵᠢ ᠃ ᠡᠨᠡ ᠪᠣᠯ ᠪᠠᠢᠭᠠᠯᠢ ᠶ᠋ᠢᠨ ᠲᠥᠷᠥᠯᠬᠢ ᠠᠪᠢᠶᠠᠰ ᠭᠡᠭᠴᠢ ᠪᠡᠷ ᠲᠠᠢᠯᠪᠤᠷᠢᠯᠠᠭᠳᠠᠵᠤ ᠪᠤᠯᠬᠤ ᠶᠤᠮ ᠳ᠋ᠠ ᠃

2        0       

                             13847524386      211429899@qq.com      13847524386   QQ  211429899 蒙ICP备17002503号-1