ᠤᠶᠣᠨ ᠪᠣᠳᠣᠯ ᠤᠨ ᠰᠢᠷ᠎ᠠ ᠬᠠᠷᠭᠣᠢ
ᠦᠰᠬᠦ ᠨᠠᠰᠣᠨ ᠤ ᠲᠦᠯᠦ ᠶᠢ ᠲᠦᠷᠡᠯᠵᠡᠭᠦᠯᠦᠭᠰᠡᠨ
ᠢᠷᠡᠭᠡᠳᠦᠢ ᠬᠦᠰᠡᠯ ᠳᠦ ᠪᠡᠨ ᠲᠡᠮᠡᠣᠯᠡᠬᠦ ᠶᠢᠨ ᠰᠢᠵᠢᠮ ᠪᠠᠢᠵᠠᠢ ᠃
1186
2023-06-29 14:32
发表于:内蒙古
ᠤᠶᠣᠨ ᠪᠣᠳᠣᠯ ᠤᠨ ᠰᠢᠷ᠎ᠠ ᠬᠠᠷᠭᠣᠢ
ᠪᠤᠤ ᠵᠢᠨᠵᠤᠸᠠᠨᠭᠽᠢ
ᠡᠰᠢ ᠲᠡᠰᠢ ᠮᠣᠷᠣᠢᠯᠵᠠᠭᠰᠠᠨ ᠨᠠᠷᠢᠬᠠᠨ ᠵᠦᠷᠢᠭ
ᠡᠷᠴᠢ ᠵᠣᠷᠢᠭ ᠢ ᠴᠢᠩᠭᠠᠷᠠᠭᠤᠯᠤᠭᠰᠠᠨ ᠰᠢᠯᠭᠠᠯᠲᠠ ᠪᠢᠯᠡ
ᠠᠯᠣᠰ ᠢᠷᠡᠭᠡᠳᠦᠢ ᠶᠢᠨ ᠰᠠᠢᠬᠠᠨ ᠮᠠᠷᠭᠠᠰᠢ ᠳᠤ
ᠠᠶᠠᠳᠣᠭᠣᠯᠵᠤ ᠦᠭᠭᠦᠭᠰᠡᠨ ᠡᠬᠢᠯᠡᠯᠲᠡ ᠪᠢᠯᠡ ᠃
ᠦᠨᠦᠬᠢ ᠬᠠᠷᠭᠣᠢ ᠬᠦᠯ ᠢ ᠮᠢᠨᠢ ᠲᠠᠲᠠᠵᠣ
ᠦᠨᠳᠦᠷ ᠲᠠᠪᠠᠭ᠎ᠠ ᠶᠢ ᠦᠩᠭᠡᠷᠡᠭᠦᠯᠵᠦ ᠪᠢᠯᠡ
ᠦᠷᠭᠡᠨ ᠲᠠᠯ᠎ᠠ ᠶᠢᠨ ᠬᠣᠯᠠ ᠶᠢ ᠡᠪᠬᠡᠵᠦ
ᠠᠯᠣᠰ ᠤᠨ ᠭᠠᠵᠠᠷ ᠲᠤ ᠣᠢᠷᠠᠲᠣᠭᠣᠯᠵᠣ ᠪᠢᠯᠡ ᠃
ᠦᠯᠡᠮᠵᠢ ᠬᠦᠴᠦᠨ ᠳᠦ ᠪᠡᠨ ᠪᠢ ᠢᠲᠡᠭᠡᠵᠦ
ᠦᠨᠳᠦᠷ ᠠᠭᠤᠯᠠ ᠠᠪᠠᠷᠢᠭᠰᠠᠨ ᠪᠢᠯᠡ
ᠦᠨᠢᠷ ᠬᠦᠰᠡᠯ ᠳᠦ ᠪᠡᠨ ᠪᠢ ᠰᠢᠲᠦᠵᠦ
ᠦᠩᠭᠡ ᠭᠢᠯᠪᠠᠭ᠎ᠠ ᠪᠠᠨ ᠰᠠᠴᠣᠷᠠᠭᠣᠯᠤᠭᠰᠠᠨ ᠪᠢᠯᠡ ᠃
ᠠᠯᠬᠣᠨ ᠠᠯᠬᠣᠯᠠᠭᠰᠠᠭᠠᠷ ᠵᠠᠮ ᠭᠠᠷᠳᠠᠭ
ᠰᠣᠷᠤᠯᠴᠠᠨ ᠰᠤᠷᠤᠯᠴᠠᠭᠰᠠᠭᠠᠷ ᠮᠡᠳᠡᠯᠭᠡ ᠬᠣᠷᠠᠳᠠᠭ
ᠡᠳᠦᠷ ᠬᠣᠨᠤᠭ ᠨᠢᠰᠣᠨ ᠣᠳᠣᠭᠰᠠᠭᠠᠷ
ᠡᠷᠭᠢᠴᠡᠭᠦᠯᠦᠨ ᠰᠠᠢᠬᠠᠨ ᠪᠣᠳᠣᠬᠤ ᠳᠤ
ᠤᠶᠣᠨ ᠪᠣᠳᠤᠯ ᠤᠨ ᠰᠢᠷ᠎ᠠ ᠬᠠᠷᠭᠣᠢ ᠭᠡᠵᠦ
ᠠᠯᠢᠪᠠ ᠡᠷᠳᠡᠨᠢᠰ ᠦᠨ ᠲᠦᠯᠬᠢᠭᠦᠷ ᠪᠠᠢᠵᠠᠢ
ᠦᠰᠬᠦ ᠨᠠᠰᠣᠨ ᠤ ᠲᠦᠯᠦ ᠶᠢ ᠲᠦᠷᠡᠯᠵᠡᠭᠦᠯᠦᠭᠰᠡᠨ
ᠢᠷᠡᠭᠡᠳᠦᠢ ᠬᠦᠰᠡᠯ ᠳᠦ ᠪᠡᠨ ᠲᠡᠮᠡᠣᠯᠡᠬᠦ ᠶᠢᠨ ᠰᠢᠵᠢᠮ ᠪᠠᠢᠵᠠᠢ ᠃
ᠡᠰᠢ ᠲᠡᠰᠢ ᠮᠣᠷᠣᠢᠯᠵᠠᠭᠰᠠᠨ ᠨᠠᠷᠢᠬᠠᠨ ᠵᠦᠷᠢᠭ
ᠡᠷᠴᠢ ᠵᠣᠷᠢᠭ ᠢ ᠴᠢᠩᠭᠠᠷᠠᠭᠤᠯᠤᠭᠰᠠᠨ ᠰᠢᠯᠭᠠᠯᠲᠠ ᠪᠢᠯᠡ
ᠠᠯᠣᠰ ᠢᠷᠡᠭᠡᠳᠦᠢ ᠶᠢᠨ ᠰᠠᠢᠬᠠᠨ ᠮᠠᠷᠭᠠᠰᠢ ᠳᠤ
ᠠᠶᠠᠳᠣᠭᠣᠯᠵᠤ ᠦᠭᠭᠦᠭᠰᠡᠨ ᠡᠬᠢᠯᠡᠯᠲᠡ ᠪᠢᠯᠡ ᠃
ᠦᠨᠦᠬᠢ ᠬᠠᠷᠭᠣᠢ ᠬᠦᠯ ᠢ ᠮᠢᠨᠢ ᠲᠠᠲᠠᠵᠣ
ᠦᠨᠳᠦᠷ ᠲᠠᠪᠠᠭ᠎ᠠ ᠶᠢ ᠦᠩᠭᠡᠷᠡᠭᠦᠯᠵᠦ ᠪᠢᠯᠡ
ᠦᠷᠭᠡᠨ ᠲᠠᠯ᠎ᠠ ᠶᠢᠨ ᠬᠣᠯᠠ ᠶᠢ ᠡᠪᠬᠡᠵᠦ
ᠠᠯᠣᠰ ᠤᠨ ᠭᠠᠵᠠᠷ ᠲᠤ ᠣᠢᠷᠠᠲᠣᠭᠣᠯᠵᠣ ᠪᠢᠯᠡ ᠃
ᠦᠯᠡᠮᠵᠢ ᠬᠦᠴᠦᠨ ᠳᠦ ᠪᠡᠨ ᠪᠢ ᠢᠲᠡᠭᠡᠵᠦ
ᠦᠨᠳᠦᠷ ᠠᠭᠤᠯᠠ ᠠᠪᠠᠷᠢᠭᠰᠠᠨ ᠪᠢᠯᠡ
ᠦᠨᠢᠷ ᠬᠦᠰᠡᠯ ᠳᠦ ᠪᠡᠨ ᠪᠢ ᠰᠢᠲᠦᠵᠦ
ᠦᠩᠭᠡ ᠭᠢᠯᠪᠠᠭ᠎ᠠ ᠪᠠᠨ ᠰᠠᠴᠣᠷᠠᠭᠣᠯᠤᠭᠰᠠᠨ ᠪᠢᠯᠡ ᠃
7
0