ᠪᠠᠷᠠᠰᠢ ᠦᠭᠡᠢ ᠪᠠᠶᠠᠷ ᠤᠨ ᠠᠷᠢᠬᠢ
ᠪᠤᠤ ᠵᠢᠨᠵᠤᠸᠠᠨᠭᠽᠢ
ᠶᠡᠬᠡ ᠰᠣᠷᠭᠠᠭᠣᠯᠢ ᠶᠢᠨ ᠰᠢᠯᠭᠠᠯᠲᠠ ᠲᠠᠭᠣᠰᠣᠭᠠᠳ᠂ ᠲᠡᠮᠡᠢ ᠬᠡᠳᠦᠨ ᠡᠳᠦᠷ ᠪᠣᠯᠤᠯ ᠦᠭᠡᠢ ᠂ ᠪᠣᠷᠭᠠᠰᠣᠲᠠᠢ ᠲᠣᠰᠬᠣᠨ ᠤ ᠪᠦᠬᠡ ᠭᠣᠸᠠᠢ ᠪᠦᠳᠦᠭᠦᠨ ᠬᠣᠶᠠᠷ ᠦᠬᠡᠷ ᠢᠶᠡᠨ ᠬᠣᠳᠠᠯᠳᠣᠭᠠᠳ ᠪᠠᠶᠠᠷ ᠤᠨ ᠠᠷᠢᠬᠢ
ᠲᠠᠲᠠᠭᠰᠠᠭᠠᠷ ᠪᠠᠢᠵᠤ᠂ ᠵᠤᠭᠤᠰ ᠢᠶᠠᠨ ᠪᠦᠷ ᠪᠠᠷᠠᠭᠠᠬᠣ ᠰᠢᠬᠠᠯ᠎ᠠ ᠃ ᠦᠨᠦᠳᠦᠷ ᠲᠡᠷᠡ ᠪᠠᠷᠠᠭᠣᠨ ᠲᠣᠰᠬᠣᠨ ᠤ ᠪᠠᠨ ᠪᠠᠶᠠᠷ ᠭᠣᠸᠠᠢ ᠶᠢᠨ᠂ ᠪᠠᠭ᠎ᠠ ᠬᠦᠦ ᠶᠢᠨ ᠰᠣᠷᠭᠠᠭᠣᠯᠢ ᠳᠤ ᠣᠷᠣᠭᠰᠠᠨ᠂ ᠪᠠᠶᠠᠷ ᠤᠨ ᠠᠷᠢᠬᠢ ᠶᠢ ᠲᠠᠲᠠᠬᠣ ᠪᠠᠷ ᠪᠣᠷᠭᠠᠰᠣ ᠰᠣᠨᠳᠣᠣ ᠲᠠᠶ ᠨᠠᠷᠢᠬᠠᠨ ᠵᠦᠷᠢᠭ ᠢᠶᠡᠷ ᠪᠠᠶᠠᠷ ᠦᠭᠡᠢᠬᠡᠨ ᠭᠡᠯᠲᠦᠷᠢᠨ ᠵᠠᠮᠨᠠᠨ᠎ᠠ ᠃ ︽ ᠪᠠᠷᠠᠰᠢ ᠦᠭᠡᠢ ᠪᠠᠶᠠᠷ ᠤᠨ ᠠᠷᠢᠬᠢ ᠪᠣᠯᠵᠠᠢ ︾ ᠬᠡᠵᠦ ᠪᠣᠳᠣᠬᠣ ᠪᠦᠷᠢ ᠪᠣᠷᠣ ᠵᠢᠷᠦᠬᠡ ᠨᠢ ᠵᠢᠮᠵᠢᠬᠢᠨᠡᠵᠦ ᠪᠠᠷᠠᠭᠠᠨ ᠬᠦᠮᠦᠰᠭᠡ ᠨᠢ ᠢᠲᠠᠪᠠᠯᠵᠠᠨᠠ ᠃ ᠬᠠᠷᠮᠠᠨ ᠲᠣᠲᠣᠷᠠᠬᠢ ᠭᠠᠷ ᠣᠲᠠᠰᠣ ᠨᠢ ᠬᠠᠴᠢᠨ ᠰᠣᠨᠢᠨ ᠢᠶᠠᠷ ᠲᠠᠴᠢᠬᠢᠨᠠᠨ ᠲᠦᠴᠢᠬᠢᠨᠡᠵᠦ ᠪᠠᠢᠲᠠᠯ᠎ᠠ ᠬᠠᠷᠢᠨ ᠲᠡᠷᠡ ᠴᠢᠨᠢ ᠯᠠᠪᠲᠠᠢ ᠬᠣᠷᠢᠮ ᠪᠠᠶᠠᠷ ᠤᠨ ᠸᠡᠢᠴᠠᠲ ᠣᠲᠠᠰᠣ ᠯᠠ ᠪᠠᠢᠯᠭᠦᠢ ᠬᠡᠮᠡᠨ ᠪᠣᠳᠣᠭᠠᠳ ᠬᠠᠮᠢᠶ᠎ᠠ ᠴᠤ ᠦᠭᠡᠢ ᠶᠤᠮ ᠰᠢᠬ ᠣᠢᠰᠢᠶᠠᠬᠣ ᠴᠤ ᠦᠭᠡᠢ ᠣᠷᠣᠭᠰᠢᠯᠠᠵᠣ ᠯᠠ ᠶᠠᠪᠣᠨ᠎ᠠ ᠃ ᠭᠡᠨᠡᠳᠲᠡ ᠠᠷᠣ ᠠᠴᠠ ᠨᠢ ᠄
︱ ᠬᠦᠢ ᠬᠦᠶ᠋ᠢ ︕ ᠲᠠ ᠴᠢᠨᠢ ᠡᠨᠳᠡ ᠶᠠᠪᠣᠵᠣ ᠪᠠᠢᠨᠠᠣ ︖ ᠪᠢ ᠲᠠᠨ ᠢ ᠡᠷᠢᠭᠡᠳ ᠡᠷᠢᠭᠡᠳ ᠣᠯᠬᠣ ᠦᠭᠡᠢ ᠪᠠᠢᠭᠰᠠᠨ ᠂ ᠭᠡᠰᠡᠨ ᠭᠣᠮᠪᠦ ᠨᠠᠢᠵᠠ ᠶᠢᠨ ᠬᠢᠨᠢ ᠲᠠᠨᠢᠯ ᠲᠠᠰᠣᠯ ᠲᠠᠭᠣᠨ ᠲᠣᠭᠤᠯᠳᠣᠪᠠ ᠃
︱ ᠲᠠ ᠶᠠᠭᠣᠨ ᠳᠤ ᠨᠠᠮ᠎ᠠ ᠶᠢ ᠡᠷᠢᠵᠦ ᠪᠠᠰᠠ ᠶᠠᠮᠠᠷ ᠣᠴᠢᠷ ᠲᠠᠶ ᠪᠣᠯᠪᠠ ︖
︱ ᠴᠢᠮ᠎ᠠ ᠶᠢ ᠣᠷᠢᠵᠣ ᠮᠠᠷᠭᠠᠰᠢ ᠪᠠᠶᠠᠷ ᠤᠨ ᠠᠷᠢᠬᠢ ᠲᠠᠲᠠᠭᠣᠯᠤᠶᠠ
ᠭᠡᠰᠡᠨ ᠶᠤᠮ ᠭᠡᠴᠢᠭᠡᠳ ᠭᠣᠮᠪᠤ ᠭᠣᠸᠠᠢ ᠲᠡᠭᠷᠢ ᠭᠠᠵᠠᠷ ᠢ ᠰᠣᠯᠢᠪᠴᠢᠯᠠᠨ ᠰᠢᠷᠲᠡᠨ᠎ᠡ ᠃
︱ ᠲᠠ ᠴᠢᠨᠢ ᠣᠷᠵᠢᠨᠤᠨ ᠣᠷᠳᠣ ᠬᠠᠷᠰᠢ ᠰᠣᠯᠢᠯᠠ ᠬᠡᠮᠡᠨ ᠠᠷᠢᠬᠢ ᠣᠣᠭᠤᠯᠭᠠᠨ ᠂ ᠨᠢᠳᠣᠨᠤᠨ ᠮᠡᠭᠡᠵᠢ ᠭᠠᠬᠠᠢ ᠠᠷᠪᠠᠨ ᠨᠡᠢᠮᠠ ᠲᠦᠷᠦᠯ᠎ᠡ ᠬᠡᠮᠡᠨ ᠣᠯᠠᠨ ᠢ ᠣᠷᠢᠵᠣ ᠬᠣᠷᠢᠮᠯᠠᠴᠢᠬᠠᠭᠠᠳ ᠂ ᠣᠳᠤ ᠪᠠᠰᠠ ᠶᠠᠮᠠᠷ ᠪᠠᠶᠠᠷ ᠪᠣᠯᠴᠢᠬᠠᠪᠠ ︖
︱ ᠬᠠᠢ ᠂ ᠡᠨᠡ ᠣᠳᠠᠭ᠎ᠠ ᠠᠭᠣᠯᠭ᠎ᠠ ᠨᠢ ᠣᠨᠳᠣᠣ ᠪᠣᠯᠴᠢᠬᠠᠪᠠ ᠂ ᠬᠦᠦ ᠶᠢᠨ ᠮᠢᠨᠢ ᠰᠣᠷᠭᠠᠭᠣᠯᠢ ᠳᠤ ᠣᠷᠣᠬᠤ ᠪᠠᠶᠠᠷ ᠤᠨ ᠠᠷᠢᠬᠢ ᠡ ᠂ ᠪᠠᠶᠠᠷ ᠨᠠᠢᠷ ᠤᠨ ᠣᠴᠢᠷ ᠬᠣᠢᠨ᠎ᠠ ᠬᠣᠢᠨ᠎ᠠ ᠠᠴᠠ ᠨᠢ ᠢᠷᠡᠵᠦ ᠯᠠ ᠪᠠᠢᠬᠣ ᠶᠤᠮ ᠴᠢᠨᠢ ᠬᠢᠬᠦ ᠦᠭᠡᠢ ᠪᠣᠯ ᠪᠠᠰᠠ ᠲᠠ ᠨᠠᠷ ᠮᠠᠭᠣ ᠰᠠᠨᠠᠨ᠎ᠠ ᠃ ᠨᠠᠢᠵᠠ ᠴᠢᠮᠠᠢ ᠪᠠᠨ ᠵᠠᠯᠠᠵᠤ ᠪᠠᠢᠨ᠎ᠠ ᠭᠡᠳ ᠬᠣᠭᠤᠯᠠᠢ ᠴᠡᠴᠡᠷᠬᠢᠯᠡᠭᠦᠯᠦᠨ
ᠶᠠᠷᠢᠵᠣ ᠵᠣᠭᠰᠣᠨ᠎ᠠ ᠃
︱ ᠬᠣᠪᠢ ᠨᠢ ᠭᠠᠷᠣᠭᠠᠳ ᠢᠷᠡᠴᠢᠬᠡᠭᠰᠡᠨ ᠦᠦ ︖ ᠬᠡᠳᠦᠢ ᠬᠣᠪᠢ
ᠰᠢᠯᠭᠠᠭᠰᠠᠨ ᠪᠣᠢ ︖ ᠮᠠᠭᠣᠬᠠᠢ ᠰᠢᠯᠭᠠᠭᠰᠠᠨ ᠪᠣᠯ ᠪᠠᠶᠠᠷ ᠬᠢᠭᠡᠳ ᠨᠢᠭᠣᠷ ᠢᠶᠠᠨ ᠭᠡᠭᠡᠬᠦ ᠦᠭᠡᠢ ᠦᠦ ︖
︱ ᠬᠠᠷᠢᠨ ᠢᠶᠠᠨ ᠪᠣᠴᠠᠭᠠᠬᠣ ᠭᠡᠵᠦ ᠪᠠᠢᠬᠣ ᠶᠤᠮ ᠴᠢᠨᠢ ᠬᠣᠪᠢ ᠮᠤᠪᠢ
ᠭᠡᠵᠦ ᠪᠢ ᠬᠠᠮᠢᠶᠠᠷᠬᠣ ᠦᠭᠡᠢ ᠂ ᠬᠣᠷᠢᠨ ᠬᠣᠪᠢ ᠠᠪᠣᠭᠰᠠᠨ ᠴᠤ ᠡᠨᠡ ᠪᠠᠶᠠᠷ ᠢ ᠵᠠᠪᠠᠯ ᠬᠢᠨ᠎ᠡ ᠭᠡᠵᠦ ᠠᠵᠢᠭ ᠴᠤ ᠦᠭᠡᠢ ᠶᠠᠷᠢᠵᠣ ᠭᠠᠷᠣᠯ᠎ᠠ ᠃
ᠪᠦᠬᠡ ᠭᠣᠸᠠᠢ ᠠᠭᠣᠷ ᠢᠶᠠᠨ ᠲᠠᠷᠣᠰᠬᠢᠨ
ᠬᠠᠷᠮᠠᠨ ᠠᠴᠠ ᠪᠠᠨ ᠭᠣᠷᠪᠠᠨ ᠵᠠᠭᠣᠨ ᠲᠦᠭᠦᠷᠢᠭ ᠲᠠᠲᠠᠨ ᠭᠠᠷᠭᠠᠭᠠᠳ ᠄
︱ ᠮᠠ ᠂ ᠪᠢ ᠣᠴᠢᠵᠤ ᠲᠡᠢᠯᠦᠬᠦ ᠦᠭᠡᠢ ᠯᠠᠢ
᠂ ᠪᠡᠯᠡᠭ ᠢ ᠨᠢ ᠦᠭᠴᠢᠭᠡᠶᠡ ᠭᠡᠳ ᠭᠣᠮᠪᠦ ᠭᠤᠸᠠᠢ ᠳᠦ ᠭᠠᠷᠲᠠᠭᠣᠯᠪᠠ ᠃
ᠭᠣᠷᠪᠠᠨ ᠵᠠᠭᠣᠨ ᠲᠦᠭᠦᠷᠢᠭ ᠢ ᠲᠣᠰᠤᠨ ᠠᠪᠣᠭᠰᠠᠨ ᠭᠣᠮᠪᠦ ᠭᠣᠸᠠᠢ
ᠪᠠᠶᠠᠷᠯᠠᠭᠰᠠᠨ ᠦᠭᠡᠢ ᠮᠦᠷᠳᠡᠭᠡᠨ ᠶᠡᠬᠡ ᠯᠠ ᠲᠣᠷ᠎ᠠ ᠦᠭᠡᠢᠴᠡᠭᠰᠡᠨ
ᠮᠠᠶ᠋ᠢᠭᠲᠠᠢ ᠄
︱ ᠬᠦᠶ᠋ᠢ ᠂ ᠨᠠᠢᠵᠠ ᠡ ᠂ ᠣᠳᠣ ᠶᠢᠨ ᠪᠡᠯᠡᠭ ᠴᠢᠨᠢ ᠭᠣᠷᠪᠠᠨ ᠵᠠᠭᠣ
ᠪᠢᠰᠢ ᠯᠠᠢ ᠂ ᠲᠠᠪᠣᠨ ᠵᠠᠭᠣ ᠪᠣᠯᠴᠢᠬᠠᠭᠰᠠᠨ ᠰᠢᠦ ︕ ᠲᠠ ᠮᠡᠳᠡᠭᠡᠳᠦᠢ ᠦᠦ ︖ ᠭᠡᠳ ᠪᠦᠬᠡ ᠭᠣᠸᠠᠢ ᠲᠡᠰᠢ ᠱᠣᠬᠣᠭᠣᠷᠬᠠᠨ ᠰᠢᠷᠲᠡᠨ᠎ᠡ ᠃
︱ ᠶᠠᠮᠠᠷ ᠲᠠᠪᠣᠨ ᠵᠠᠭᠣ ᠪᠣᠢ ︖ ᠪᠢ ᠬᠡᠨ ᠦ ᠳᠦ ᠴᠦᠮ ᠭᠣᠷᠪᠠᠨ ᠵᠠᠭᠣ ᠬᠡᠮᠡᠨ ᠠᠭᠣᠷᠯᠠᠨ ᠪᠠᠷᠬᠢᠷᠠᠪᠠ ᠃
ᠪᠦᠬᠡ ᠭᠣᠸᠠᠢ ᠶᠢᠨ ᠬᠢᠯᠢᠩᠨᠡᠨ
ᠠᠭᠣᠷᠯᠠᠭᠰᠠᠨ ᠢ ᠬᠠᠷᠠᠭᠰᠠᠨ ᠭᠣᠮᠪᠦ ᠭᠣᠸᠠᠢ ᠠᠷᠭ᠎ᠠ ᠦᠭᠡᠢᠳᠡᠬᠦ ᠳᠦ ᠪᠡᠨ ᠭᠣᠷᠪᠠᠨ ᠵᠠᠭᠣᠨ ᠲᠦᠭᠦᠷᠢᠭ ᠢᠶᠡᠨ ᠬᠠᠷᠮᠠᠨ ᠳᠤ ᠪᠠᠨ ᠬᠢᠬᠦ ᠶᠢᠨ ᠲᠠᠭᠠᠣ ᠄
︱ ᠪᠣᠯᠵᠠᠢ ᠂ ᠪᠣᠯᠵᠠᠢ ᠃ ᠲᠡᠢᠮᠦ ᠪᠣᠯ ᠲᠠ ᠲᠠᠷᠠᠭ᠎ᠠ ᠣᠳᠠᠭᠠᠨ ᠤ ᠪᠠᠶᠠᠷ ᠲᠡᠭᠡᠷ᠎ᠡ ᠮᠡᠳᠡᠴᠢᠬᠡ ᠭᠡᠵᠣ ᠭᠠᠷ ᠡᠷᠭᠢᠭᠦᠯᠦᠨ ᠶᠠᠷᠢᠪᠠ ᠃
︱ ᠠ ︕ ᠲᠠᠷᠠᠭ᠎ᠠ ᠣᠳᠠᠭ᠎ᠠ ᠪᠠᠰᠠ ᠶᠠᠮᠠᠷ ᠪᠠᠶᠠᠷ ᠬᠢᠬᠦ ᠭᠡᠵᠦ ᠪᠠᠢᠬᠣ ᠶᠤᠮ ᠬᠡᠮᠡᠨ ᠶᠡᠬᠡ ᠯᠠ ᠰᠣᠴᠢᠨ ᠠᠰᠠᠭᠣᠪᠠ ᠃
︱ ᠠᠪᠣ ᠶᠢᠨ ᠮᠢᠨᠢ ᠵᠢᠷᠠᠨ ᠨᠢᠭᠡᠨ ᠦ ᠪᠠᠶᠠᠷ ᠰᠢᠳᠡ ᠭᠡᠵᠦ ᠶᠠᠷᠢᠴᠢᠬᠠᠭᠠᠳ ᠭᠤᠮᠪᠤ ᠭᠤᠸᠠᠢ ᠬᠠᠳᠠᠭᠠᠨᠠᠨ ᠢᠨᠢᠶᠡᠨ᠎ᠡ ᠃
︱ ᠪᠣᠷᠬᠠᠨ ᠂ ᠪᠣᠷᠬᠠᠨ ︕ ᠪᠠᠷᠠᠰᠢ ᠦᠭᠡᠢ ᠪᠠᠶᠠᠷ ᠤᠨ ᠠᠷᠢᠬᠢ ᠪᠣᠯᠵᠠᠢ
ᠬᠡᠮᠡᠨ ᠵᠠᠯᠪᠠᠷᠢᠭᠰᠠᠭᠠᠷ ᠪᠠᠷᠠᠭᠣᠨ ᠵᠦᠭ ᠲᠦ ᠪᠦᠬᠡ ᠭᠣᠸᠠᠢ ᠪᠠᠷ᠎ᠠ ᠦᠭᠡᠢ ᠪᠣᠯᠵᠤ ᠣᠳᠪᠠ ᠃
8 0