ᠮᠣᠩᠭᠣᠯ
ᠪᠣᠣ ᠵᠢᠨᠵᠣᠸᠠᠩᠽᠢ
ᠡᠪᠴᠢᠭᠦᠨ ᠳᠦ ᠪᠡᠨ ᠪᠣᠢᠵᠢᠭᠣᠯᠣᠭᠰᠠᠨ ᠡᠬᠡ ᠮᠢᠨᠢ ᠮᠣᠩᠭᠤᠯ ᠪᠣᠯᠬᠣᠷ
ᠡᠯᠢᠭᠡ ᠵᠢᠷᠦᠬᠡᠨ ᠳᠦ ᠮᠢᠨᠢ ᠮᠣᠩᠭᠤᠯ ᠴᠢᠰᠣ ᠴᠣᠬᠢᠯᠠᠭᠠᠳ ᠪᠠᠢᠨ᠎ᠠ
ᠡᠩᠭᠡᠷ ᠲᠦ ᠪᠡᠨ ᠪᠦᠪᠡᠢᠯᠡᠭᠰᠡᠨ ᠡᠴᠢᠭᠡ ᠮᠢᠨᠢ ᠮᠣᠩᠭᠤᠯ ᠪᠣᠯᠬᠣᠷ
ᠡᠷᠢᠶᠡᠨ ᠰᠣᠳᠠᠯ ᠳᠤ ᠮᠢᠨᠢ ᠮᠣᠩᠭᠤᠯ ᠴᠢᠰᠣ ᠯᠣᠭᠰᠢᠭᠠᠳ ᠪᠠᠢᠨ᠎ᠠ ᠃
ᠮᠠᠬᠠᠪᠣᠳ ᠪᠡᠶ᠎ᠡ ᠶᠢᠨ ᠲᠣᠯᠭᠠᠭᠣᠷᠢ ᠪᠣᠯᠣᠭᠰᠠᠨ ᠶᠠᠰᠤ ᠮᠢᠨᠢ ᠮᠣᠩᠭᠤᠯ
ᠮᠠᠷᠠᠢᠬᠣ ᠵᠣᠷᠢᠭ ᠤᠨ ᠡᠷᠴᠢᠯᠡᠭᠦᠷ ᠪᠣᠯᠣᠭᠰᠠᠨ ᠰᠦᠨᠡᠰᠦ ᠮᠢᠨᠢ ᠮᠣᠩᠭᠤᠯ
ᠮᠠᠲᠠᠷᠠᠰᠢ ᠦᠭᠡᠢ ᠬᠡᠯᠡᠨ ᠦ ᠮᠢᠨᠢ ᠲᠣᠷᠭᠠᠨ ᠦᠵᠦᠭᠦᠷ ᠨᠢ ᠮᠣᠩᠭᠤᠯ
ᠮᠠᠷᠭᠣᠰᠢ ᠦᠭᠡᠢ ᠲᠡᠮᠡᠴᠡᠯ ᠦᠨ ᠮᠢᠨᠢ ᠦᠨᠢ ᠢᠯᠠᠯᠳᠠ ᠨᠢ ᠴᠤ ᠮᠣᠩᠭᠤᠯ ︕
ᠲᠢᠪ ᠢ ᠲᠣᠩᠰᠣᠯᠭᠠᠭᠰᠠᠨ ᠲᠡᠣᠬᠡᠲᠦ ᠪᠣᠷᠣᠭᠵᠢᠭᠤᠨ ᠮᠣᠩᠭᠤᠯ
ᠲᠡᠯᠡᠬᠡᠢ ᠶᠢ ᠨᠢᠭᠡᠳᠭᠡᠭᠰᠡᠨ ᠡᠵᠡᠨ ᠲᠡᠮᠦᠵᠢᠨ ᠮᠣᠩᠭᠤᠯ
ᠲᠠᠯᠠᠭᠳᠠᠵᠣ ᠪᠣᠯᠣᠰᠢ ᠦᠭᠡᠢ ᠦᠨᠳᠦᠰᠦ ᠮᠢᠨᠢ ᠮᠣᠩᠭᠤᠯ
ᠲᠠᠶᠠᠭᠳᠠᠵᠣ ᠪᠣᠯᠣᠰᠢ ᠦᠭᠡᠢ ᠣᠭᠰᠠᠭ᠎ᠠ ᠮᠢᠨᠢ ᠴᠤ ᠮᠣᠩᠭᠤᠯ ︕
ᠡᠷᠲᠡᠨ ᠡᠴᠡ ᠠᠪᠣᠭᠠᠳ ᠡᠷᠡᠯᠬᠡᠭ ᠯᠠ ᠮᠣᠩᠭᠤᠯ
ᠡᠳᠦᠭᠡ ᠳᠦ ᠲᠣᠯᠲᠠᠯ᠎ᠠ ᠪᠠᠭᠠᠳᠣᠷ ᠯᠠ ᠮᠣᠩᠭᠤᠯ
ᠦᠶ᠎ᠡ ᠶᠢᠨ ᠦᠶ᠎ᠡ ᠳᠦ ᠪᠡᠨ ᠦᠨᠡᠨᠴᠢ ᠮᠣᠩᠭᠣᠯ
ᠦᠢᠯᠡᠰ ᠠᠵᠢᠯ ᠳᠤ ᠪᠠᠨ ᠰᠢᠳᠣᠷᠭᠣ ᠯᠠ ᠮᠣᠩᠭᠤᠯ ︕
ᠰᠥ᠋ ᠰᠢᠭ ᠴᠠᠢᠯᠭᠠᠨ ᠰᠡᠳᠭᠢᠯ ᠲᠡᠶ ᠰᠡᠴᠡᠨ ᠮᠣᠩᠭᠤᠯ
ᠰᠦᠮᠪᠦᠷ ᠰᠢᠬ ᠦᠷᠭᠡᠨ ᠮᠡᠳᠡᠯᠭᠡ ᠲᠡᠶ ᠰᠡᠷᠭᠦᠯᠡᠩ ᠮᠣᠩᠭᠤᠯ
ᠰᠣᠷᠭᠠᠯᠳᠠᠨ ᠰᠢᠬ ᠦᠨᠡᠨ ᠡᠷᠳᠡᠮ ᠲᠠᠢ ᠲᠡᠭᠡᠲᠦ ᠮᠣᠩᠭᠤᠯ
ᠰᠠᠬᠢᠭᠣᠯᠰᠣᠨ ᠰᠢᠬ ᠬᠦᠴᠦᠨ ᠴᠢᠳᠠᠪᠣᠷᠢ ᠲᠠᠶ ᠬᠦᠬᠡ ᠮᠣᠩᠭᠤᠯ ︕
ᠬᠦᠬᠡ ᠣᠭᠳᠠᠷᠭᠣᠢ ᠶᠢᠨ ᠭᠡᠷᠡᠯ ᠭᠢᠯᠪᠠᠭ᠎ᠠ ᠲᠠᠶ ᠣᠳᠤᠨ ᠮᠣᠩᠭᠤᠯ
ᠬᠦᠮᠦᠨ ᠦ ᠶᠢᠷᠳᠢᠨᠴᠣ ᠶᠢᠨ ᠰᠣᠶᠤᠯ ᠪᠣᠯᠪᠠᠰᠣᠷᠠᠯ ᠲᠠᠶ ᠰᠣᠳᠤᠨ ᠮᠣᠩᠭᠤᠯ
ᠬᠦᠯᠦᠭ ᠮᠣᠷᠢᠨ ᠳᠤ ᠪᠠᠨ ᠪᠠᠬ᠎ᠠ ᠲᠠᠶ ᠡᠮᠨᠢᠭᠴᠢᠨ ᠮᠣᠩᠭᠤᠯ
ᠬᠦᠷᠦᠰᠦ ᠰᠢᠷᠣᠢ ᠳᠤ ᠪᠠᠨ ᠬᠠᠢᠷ᠎ᠠ ᠲᠠᠶ ᠠᠵᠢᠯᠴᠢ ᠮᠣᠩᠭᠤᠯ ︕
ᠴᠡᠴᠡᠭ ᠲᠠᠢ ᠬᠣᠸᠠᠷ ᠲᠠᠶ ᠠᠮᠢᠳᠣᠷᠠᠯ ᠮᠢᠨᠢ ᠴᠣᠴᠠᠯᠳᠠ ᠦᠭᠡᠢ ᠮᠣᠩᠭᠤᠯ
ᠴᠢᠭᠯᠡᠯ ᠲᠡᠶ ᠬᠠᠷᠠᠯᠳᠠ ᠲᠠᠶ ᠲᠡᠮᠡᠴᠡᠯ ᠮᠢᠨᠢ ᠪᠣᠴᠠᠯᠳᠠ ᠦᠭᠡᠢ ᠮᠣᠩᠭᠤᠯ
ᠬᠠᠷᠰᠢ ᠲᠠᠶ ᠰᠠᠭᠠᠳ ᠲᠠᠶ ᠠᠶᠠᠨ ᠮᠢᠨᠢ ᠬᠣᠢᠰᠢᠯᠲᠠ ᠦᠭᠡᠢ ᠮᠣᠩᠭᠤᠯ
ᠬᠦᠰᠡᠯ ᠲᠡᠶ ᠵᠡᠭᠦᠳᠦ ᠲᠡᠶ ᠢᠷᠡᠭᠡᠳᠦᠢ ᠮᠢᠨᠢ ᠬᠣᠪᠢᠷᠠᠯᠳᠠ ᠦᠭᠡᠢ ᠮᠣᠩᠭᠤᠯ ︕
ᠪᠣᠯᠵᠣᠮᠤᠷ ᠰᠢᠪᠠᠭᠣ ᠵᠢᠷᠭᠢᠭᠰᠡᠨ ᠪᠣᠷᠤ ᠲᠠᠯ᠎ᠠ ᠮᠢᠨᠢ ᠮᠣᠩᠭᠤᠯ
ᠪᠣᠲᠠ ᠪᠤᠷᠭᠠᠰᠤ ᠶᠠᠭᠰᠢᠷᠠᠭᠰᠠᠨ ᠪᠢᠲᠡᠭᠦᠦ ᠭᠣᠪᠢ ᠮᠢᠨᠢ ᠮᠤᠩᠭᠣᠯ
ᠪᠣᠭᠳᠠ ᠶᠢᠨ ᠨᠣᠮ ᠢᠶᠡᠨ ᠪᠢᠰᠢᠯᠭᠠᠭᠰᠠᠨ ᠪᠣᠭᠤᠷᠣᠯ ᠨᠠᠰᠣᠳᠠᠳ ᠮᠢᠨᠢ ᠮᠣᠩᠭᠤᠯ
ᠪᠣᠰᠤᠭ᠎ᠠ ᠦᠰᠦᠭ ᠢᠶᠡᠨ ᠣᠶᠠᠩᠭᠠᠯᠠᠭᠰᠠᠨ ᠪᠣᠯᠪᠠᠷᠠᠢ ᠬᠡᠣᠬᠡᠳ ᠮᠢᠨᠢ ᠴᠤ ᠮᠣᠩᠭᠤᠯ
ᠭᠣᠶᠣ ᠶᠢᠷᠳᠢᠨᠴᠣ ᠪᠠᠷ ᠠᠶᠠᠯᠠᠬᠣ ᠵᠡᠭᠦᠳᠦ ᠬᠦᠰᠡᠯ ᠮᠢᠨᠢ ᠮᠣᠩᠭᠤᠯ
ᠭᠣᠸ᠎ᠠ ᠳᠡᠯᠡᠬᠡᠢ ᠪᠡᠷ ᠵᠣᠷᠴᠢᠬᠣ ᠠᠮᠵᠢᠯᠲᠠ ᠪᠦᠲᠦᠭᠡᠯ ᠮᠣᠩᠭᠤᠯ
ᠭᠣᠢᠪᠢᠰᠢ ᠦᠭᠡᠢ ᠴᠢᠷᠮᠠᠢᠬᠣ ᠬᠦᠴᠦᠨ ᠴᠢᠳᠠᠯ ᠮᠢᠨᠢ ᠮᠣᠩᠭᠤᠯ
ᠭᠣᠶᠠᠴᠢ ᠦᠭᠡᠢ ᠵᠢᠳᠭᠦᠬᠦ ᠰᠦᠰᠦ ᠵᠣᠷᠢᠭ ᠮᠢᠨᠢ ᠴᠣ ᠮᠣᠩᠭᠤᠯ ︕
ᠣᠶᠤᠨ ᠢᠶᠠᠨ ᠰᠢᠪᠬᠠᠨ ᠣᠶᠠᠷᠠᠭᠣᠯᠵᠤ ᠪᠢᠴᠢᠭᠰᠡᠨ ᠰᠢᠯᠦᠭ ᠮᠢᠨᠢ ᠮᠣᠩᠭᠤᠯ
ᠣᠩᠰᠢᠭᠴᠢ ᠪᠠᠨ ᠣᠳᠣᠷᠢᠳᠤᠨ ᠰᠡᠳᠭᠢᠭᠦᠯᠦᠭᠰᠡᠨ ᠰᠠᠨᠠᠭ᠎ᠠ ᠮᠢᠨᠢ ᠮᠣᠩᠭᠤᠯ
ᠣᠴᠢᠷ ᠢᠶᠠᠨ ᠢᠯᠡᠳᠭᠡᠨ ᠲᠣᠯᠢᠲᠠᠭᠣᠯᠵᠤ ᠵᠢᠷᠣᠭᠰᠠᠨ ᠵᠢᠷᠣᠭ ᠮᠢᠨᠢ ᠮᠣᠩᠭᠤᠯ
ᠦᠵᠡᠭᠴᠢ ᠪᠡᠨ ᠲᠠᠭᠠᠭᠣᠯᠤᠨ ᠰᠣᠨᠢᠷᠬᠠᠭᠣᠯᠣᠭᠰᠠᠨ ᠰᠡᠳᠭᠢᠯ ᠮᠢᠨᠢ ᠮᠣᠩᠭᠤᠯ ︕
ᠮᠠᠭᠲᠠᠭᠠᠯᠲᠦ ᠲᠡᠣᠬᠡ ᠪᠡᠨ ᠡᠷᠭᠢᠴᠡᠭᠦᠯᠵᠦ ᠶᠠᠪᠣᠪᠠᠯ ᠰᠠᠶ᠋ᠢ ᠮᠣᠩᠭᠤᠯ
ᠮᠠᠨᠳᠣᠯᠲᠣ ᠢᠷᠡᠭᠡᠳᠦᠢ ᠪᠡᠨ ᠭᠡᠭᠡᠷᠡᠭᠦᠯᠵᠦ ᠶᠠᠪᠣᠪᠠᠯ ᠰᠠᠶ᠋ᠢ ᠮᠣᠩᠭᠤᠯ
ᠲᠠᠷᠬᠠᠨ ᠦᠨᠳᠦᠰᠦᠳᠡᠨ ᠢᠶᠡᠨ ᠬᠦᠨᠳᠦᠳᠭᠡᠵᠦ ᠶᠠᠪᠣᠪᠠᠯ ᠰᠠᠶ᠋ᠢ ᠮᠣᠩᠭᠤᠯ
ᠲᠣᠷᠪᠢᠯᠢᠭ ᠣᠭᠰᠠᠭᠠᠲᠠᠨ ᠢᠶᠠᠨ ᠬᠠᠢᠷᠠᠯᠠᠵᠣ ᠶᠠᠪᠣᠪᠠᠯ ᠰᠠᠶ᠋ᠢ ᠮᠣᠩᠭᠤᠯ ︕
ᠡᠪᠴᠢᠭᠦᠨ ᠳᠦ ᠪᠡᠨ ᠪᠣᠢᠵᠢᠭᠣᠯᠣᠭᠰᠠᠨ ᠡᠬᠡ ᠮᠢᠨᠢ ᠮᠣᠩᠭᠤᠯ ᠪᠣᠯᠬᠣᠷ
ᠡᠯᠢᠭᠡ ᠵᠢᠷᠦᠬᠡᠨ ᠳᠦ ᠮᠢᠨᠢ ᠮᠣᠩᠭᠤᠯ ᠴᠢᠰᠣ ᠴᠣᠬᠢᠯᠠᠭᠠᠳ ᠪᠠᠢᠨ᠎ᠠ
ᠡᠩᠭᠡᠷ ᠲᠦ ᠪᠡᠨ ᠪᠦᠪᠡᠢᠯᠡᠭᠰᠡᠨ ᠡᠴᠢᠭᠡ ᠮᠢᠨᠢ ᠮᠣᠩᠭᠤᠯ ᠪᠣᠯᠬᠣᠷ
ᠡᠷᠢᠶᠡᠨ ᠰᠣᠳᠠᠯ ᠳᠤ ᠮᠢᠨᠢ ᠮᠣᠩᠭᠤᠯ ᠴᠢᠰᠣ ᠯᠣᠭᠰᠢᠭᠠᠳ ᠪᠠᠢᠨ᠎ᠠ ᠃
16 0