ᠤᠴᠠᠷᠠᠨ ᠵᠣᠯᠭᠠᠬᠤ ᠶᠢᠨ ᠢᠷᠥᠭᠡᠯ
ᠳᠠᠭᠤᠤ ᠶᠢᠨ ᠦᠭᠡ
906
2023-11-30 11:44
发表于:内蒙古
ᠠᠷᠠᠳ ᠰᠤᠷᠭᠠᠭᠤᠯᠢ ᠶᠢᠨ ᠠᠯᠲᠠᠨ ᠪᠣᠱᠣᠭ᠎ᠠ ᠶᠢ
ᠠᠯᠬᠤᠵᠤ ᠣᠷᠣᠭᠰᠠᠨ ᠠᠩᠬᠠᠨ ᠤ ᠡᠳᠦᠷ ᠡᠴᠡ
ᠠᠷᠪᠢᠨ ᠡᠷᠳᠡᠮ ᠦᠨ ᠰᠢᠮ᠎ᠡ ᠶᠢ ᠬᠦᠷᠲᠡᠨ
ᠠᠷᠪᠠᠨ ᠵᠢᠯ ᠢ ᠠᠷᠤ ᠳᠤ ᠪᠠᠨ ᠣᠷᠬᠢᠯ᠎ᠠ
ᠬᠦᠰᠡᠯ ᠦᠨ ᠵᠢᠭᠦᠷ ᠢ ᠤᠷᠠᠭᠤᠯᠵᠤ ᠥᠭᠭᠦᠭᠰᠡᠨ
ᠬᠦᠰᠡᠯ ᠢᠷᠡᠭᠡᠳᠦᠢ ᠶᠢ ᠤᠭᠲᠤᠭᠤᠯᠵᠦ ᠵᠢᠭᠠᠭᠰᠠᠨ
ᠠᠷᠪᠠᠨ ᠵᠢᠯ ᠦᠨ ᠰᠤᠷᠭᠠᠭᠤᠯᠢ ᠪᠠᠨ ᠳᠤᠷᠠᠰᠤᠭᠠᠳ
ᠠᠴᠢᠲᠤ ᠪᠠᠭᠰᠢ ᠪᠠᠨ ᠰᠠᠨᠠᠵᠤ ᠶᠠᠪᠤᠨ᠎ᠠ
ᠬᠡᠳᠦᠬᠡᠨ ᠰᠢᠬᠢᠷ ᠢ ᠲᠠᠯᠠᠯᠠᠨ ᠬᠤᠪᠢᠶᠠᠵᠤ
ᠬᠡᠴᠡᠭᠦᠦ ᠬᠢᠴᠢᠶᠡᠯ ᠢᠶᠡᠨ ᠬᠠᠮᠲᠤᠷᠠᠨ ᠳᠠᠪᠲᠠᠭᠰᠠᠨ
ᠰᠤᠷᠤᠭᠴᠢ ᠶᠢᠨ ᠬᠤᠪᠴᠠᠰᠤ ᠪᠠᠨ ᠢᠵᠢᠯᠢᠳᠦᠨ ᠭᠤᠶᠤᠭᠰᠠᠨ
ᠰᠤᠷᠭᠠᠭᠤᠯᠢ ᠶᠢᠨ ᠵᠢᠯ ᠦᠳ ᠲᠦ ᠳᠡᠩᠳᠡᠭᠦᠦ ᠲᠡᠰᠦᠯ᠎ᠡ
ᠵᠤᠵᠠᠭᠠᠨ ᠳᠡᠪᠲᠡᠷ ᠲᠦ ᠦᠯᠡᠳᠡᠭᠡᠵᠦ ᠦᠭᠭᠦᠭᠰᠡᠨ
ᠵᠢᠷᠤᠭ ᠳᠤᠷᠠᠰᠬᠠᠯ ᠴᠢᠨᠢ ᠳᠤᠷᠠᠢᠵᠤ ᠪᠠᠢᠨ᠎ᠠ
ᠵᠠᠭᠤᠷᠠᠳᠤ ᠶᠢᠨ ᠪᠢᠰᠢ᠂ ᠡᠭᠦᠷᠢᠳᠡ ᠶᠢᠨ ᠰᠡᠳᠬᠢᠯ ᠢᠶᠡᠷ
ᠵᠠᠭᠤᠨ ᠨᠠᠰᠤᠯᠠᠭᠰᠠᠨ ᠴᠤ ᠬᠠᠳᠠᠭᠠᠯᠠᠵᠤ ᠶᠠᠪᠤᠨ᠎ᠠ
ᠠᠵᠢᠯ ᠡᠷᠳᠡᠮ ᠦᠨ ᠵᠠᠮ ᠢ ᠳᠠᠭᠠᠭᠠᠭᠠᠳ
ᠠᠷᠪᠢᠨ ᠵᠦᠭ ᠲᠡᠭᠡᠨ ᠵᠠᠮᠨᠠᠨ ᠣᠳᠤᠭᠠᠳ
ᠠᠭᠤᠳᠠᠮ ᠨᠤᠲᠤᠭ ᠲᠠᠭᠠᠨ ᠳᠠᠷᠬᠠᠨ ᠰᠠᠭᠤᠭᠰᠠᠨ ᠴᠤ
ᠤᠴᠠᠷᠠᠨ ᠵᠣᠯᠭᠠᠬᠤ ᠶᠢᠨ ᠢᠷᠥᠭᠡᠯ ᠪᠠᠢᠨ᠎ᠠ
0 0