ᠪᠠᠭᠰᠢ ᠬᠦᠮᠦᠨ
ᠪᠣᠤ ᠵᠢᠨᠵᠤᠸᠠᠨᠭᠽᠢ
ᠪᠠᠭᠰᠢ ᠬᠦᠮᠦᠨ ︱
ᠣᠶᠣᠨ ᠣᠬᠠᠭᠠᠨ ᠤ ᠮᠢᠨᠢ ᠱᠣᠭᠣᠨ ᠪᠦᠲᠦᠭᠡᠭᠴᠢ ᠪᠣᠯᠤᠭᠰᠠᠨ
ᠣᠣᠷ ᠴᠢᠨᠠᠷ ᠤᠨ ᠮᠢᠨᠢ ᠬᠦᠮᠦᠵᠢᠭᠦᠯᠦᠭᠴᠢ ᠪᠣᠢᠵᠢᠭᠣᠯᠣᠭᠴᠢ ᠪᠣᠯᠤᠭᠰᠠᠨ
ᠣᠷᠴᠢᠯᠠᠩ ᠲᠡᠯᠡᠬᠡᠢ ᠶᠢᠨ ᠮᠢᠨᠢ ᠭᠡᠢᠭᠦᠯᠦᠭᠴᠢ ᠣᠳᠤᠨ ᠬᠦᠮᠦᠨ
ᠣᠯᠠᠨ ᠲᠦᠮᠡᠨ ᠢ ᠮᠢᠨᠢ ᠭᠡᠷᠡᠯᠳᠦᠭᠦᠯᠦᠭᠴᠢ ᠰᠣᠳᠤᠨ ᠬᠦᠮᠦᠨ ︕
ᠪᠠᠭᠰᠢ ᠬᠦᠮᠦᠨ ︱
ᠣᠶᠣᠨ ᠤ ᠲᠦᠯᠬᠢᠭᠦᠷ ᠦᠨ ᠠᠳᠬᠣᠭᠣᠯᠤᠭᠴᠢ ᠪᠣᠯᠤᠭᠰᠠᠨ
ᠪᠢᠯᠢᠭ ᠦᠨ ᠭᠡᠭᠡᠪᠴᠢ ᠶᠢᠨ ᠰᠡᠩᠭᠡᠷᠡᠭᠦᠯᠦᠭᠴᠢ ᠪᠣᠯᠤᠭᠰᠠᠨ
ᠡᠨᠡ ᠨᠠᠰᠣᠨ ᠤ ᠮᠢᠨᠢ ᠠᠴᠢᠲᠣ ᠬᠦᠮᠦᠨ
ᠡᠷᠭᠢᠭᠦ ᠲᠦᠷᠦᠯ ᠦᠨ ᠮᠢᠨᠢ ᠭᠠᠪᠢᠶᠠᠲᠦ ᠬᠦᠮᠦᠨ ︕
ᠪᠠᠭᠰᠢ ᠬᠦᠮᠦᠨ ︱
ᠰᠣᠷᠬᠣᠢ ᠶᠢᠨ ᠲᠦᠯᠦᠭᠡ ᠴᠢᠷᠮᠠᠢᠵᠣ ᠶᠠᠪᠤᠭᠰᠠᠨ
ᠰᠣᠷᠭᠠᠬᠣᠢ ᠶᠢᠨ ᠲᠦᠯᠦᠭᠡ ᠵᠢᠳᠭᠦᠵᠦ ᠶᠠᠪᠤᠭᠰᠠᠨ
ᠰᠦᠰᠦ ᠵᠣᠷᠢᠭ ᠲᠠᠢ ᠰᠣᠳᠣᠯᠣᠭᠴᠢ ᠬᠦᠮᠦᠨ
ᠰᠦᠷ ᠬᠦᠴᠦᠨ ᠲᠠᠢ ᠰᠣᠷᠭᠠᠭᠴᠢ ᠬᠦᠮᠦᠨ ︕
ᠪᠠᠭᠰᠢ ᠬᠦᠮᠦᠨ ︱
ᠢᠷᠡᠭᠡᠳᠦᠢ ᠬᠦᠰᠡᠯ ᠢ ᠮᠢᠨᠢ ᠰᠠᠷᠠᠭᠣᠯᠵᠢᠭᠣᠯᠣᠭᠰᠠᠨ
ᠢᠷᠡᠬᠦ ᠮᠠᠷᠭᠠᠰᠢ ᠶᠢ ᠮᠢᠨᠢ ᠭᠡᠭᠡᠷᠡᠭᠦᠯᠦᠭᠰᠡᠨ
ᠡᠨᠡ ᠪᠡᠶ᠎ᠡ ᠶᠢᠨ ᠮᠢᠨᠢ ᠢᠲᠡᠭᠡᠯ ᠲᠠᠢ ᠬᠦᠮᠦᠨ
ᠠᠷᠠᠳ ᠣᠯᠠᠨ ᠤ ᠮᠢᠨᠢ ᠪᠢᠰᠢᠷᠡᠯ ᠲᠠᠢ ᠬᠦᠮᠦᠨ ︕
ᠪᠠᠭᠰᠢ ᠬᠦᠮᠦᠨ ︱
ᠦᠷᠦᠰᠢᠶᠡᠩᠭᠦᠢ ᠰᠡᠳᠭᠢᠯᠭᠡ ᠪᠡᠷ ᠢᠶᠡᠨ ᠬᠡᠣᠬᠡᠳ ᠢᠶᠡᠨ ᠪᠣᠢᠵᠢᠭᠣᠯᠣᠭᠰᠠᠨ
ᠦᠭᠭᠢᠶᠡᠮᠦᠷᠢᠴᠢ ᠣᠶᠣᠨ ᠢᠶᠠᠷ ᠢᠶᠠᠨ ᠰᠣᠷᠣᠭᠴᠢᠳ ᠢᠶᠠᠨ ᠬᠦᠮᠦᠵᠢᠭᠦᠯᠦᠭᠰᠡᠨ
ᠦᠷ᠎ᠡ ᠬᠡᠣᠬᠡᠳ ᠲᠦ ᠪᠡᠨ ᠬᠠᠢᠷᠠᠯᠠᠯ ᠲᠠᠢ ᠬᠦᠮᠦᠨ
ᠦᠰᠪᠦᠷᠢ ᠶᠢᠨ ᠰᠣᠷᠣᠭᠴᠢᠳ ᠲᠤ ᠪᠠᠨ ᠬᠦᠨᠳᠦᠳᠭᠡᠯ ᠲᠠᠢ ᠬᠦᠮᠦᠨ ︕
ᠪᠠᠭᠰᠢ ᠬᠦᠮᠦᠨ ︱
ᠪᠣᠰᠤᠳ ᠤᠨ ᠲᠦᠯᠦᠭᠡ ᠪᠡᠶ᠎ᠡ ᠪᠡᠨ ᠦᠷᠡᠬᠦ ᠡᠴᠡ ᠠᠶᠣᠳᠠᠭ ᠦᠭᠡᠢ
ᠪᠣᠯᠪᠠᠰᠣᠨ ᠤ ᠲᠦᠯᠦᠭᠡ ᠠᠯᠢᠪᠠ ᠪᠠᠨ ᠵᠣᠷᠢᠭᠤᠯᠬᠤ ᠠᠴᠠ ᠵᠢᠷᠦᠭᠡᠰᠢᠶᠡᠳᠡᠭ ᠦᠭᠡᠢ
ᠪᠦᠮᠪᠦᠷᠴᠡᠭ ᠲᠡᠯᠡᠬᠡᠢ ᠳᠤ ᠠᠯᠳᠠᠷᠰᠢᠭᠰᠠᠨ ᠵᠣᠷᠢᠭ ᠬᠦᠴᠦᠨ ᠲᠠᠢ ᠪᠠᠭᠠᠲᠣᠷ ᠬᠦᠮᠦᠨ
ᠪᠦᠭᠦᠳᠡ ᠣᠯᠠᠨ ᠳᠤ ᠭᠠᠢᠬᠠᠭᠳᠠᠭᠰᠠᠨ ᠴᠢᠳᠠᠯ ᠡᠷᠳᠡᠮ ᠲᠠᠢ ᠵᠠᠩᠵᠣᠨ ᠬᠦᠮᠦᠨ ︕
ᠪᠠᠭᠰᠢ ᠬᠦᠮᠦᠨ ︱
ᠰᠠᠭᠣᠭᠰᠠᠨ ᠰᠠᠢᠬᠠᠨ ᠭᠠᠵᠠᠷ ᠣᠷᠣᠨ ᠳᠤ ᠪᠠᠨ
ᠰᠣᠶᠣᠯ ᠤᠨ ᠦᠷ᠎ᠡ ᠶᠢ ᠰᠠᠴᠣᠭᠴᠢ ᠠᠵᠢᠯᠴᠢ ᠬᠦᠮᠦᠨ
ᠣᠨᠠᠭᠰᠠᠨ ᠭᠣᠶᠣᠬᠠᠨ ᠨᠣᠲᠣᠭ ᠣᠰᠣᠨ ᠳᠤ ᠪᠠᠨ
ᠣᠶᠣᠳᠠᠨ ᠰᠡᠭᠡᠭᠡᠳᠡᠨ ᠢ ᠬᠦᠮᠦᠵᠢᠭᠦᠯᠦᠭᠴᠢ ᠬᠦᠳᠡᠯᠮᠦᠷᠢᠴᠢ ᠬᠦᠮᠦᠨ ︕
ᠪᠠᠭᠰᠢ ᠬᠦᠮᠦᠨ ︱
ᠬᠦᠷᠦᠰᠦᠲᠦ ᠲᠡᠯᠡᠬᠡᠢ ᠳᠦ ᠬᠦᠮᠦᠨ ᠪᠣᠯᠬᠤ ᠶᠢᠨ
ᠬᠦᠯᠦᠭ ᠦᠨ ᠵᠢᠯᠣᠭᠣ ᠶᠢ ᠠᠳᠬᠣᠭᠣᠯᠤᠭᠰᠠᠨ ᠪᠣᠷᠬᠠᠨ ᠬᠦᠮᠦᠨ
ᠰᠠᠨᠰᠠᠷ ᠶᠢᠷᠳᠢᠨᠴᠣ ᠪᠠᠷ ᠠᠶᠠᠯᠠᠨ ᠵᠣᠭᠠᠴᠠᠬᠣ ᠶᠢᠨ
ᠨᠢᠰᠭᠡᠯ ᠦᠨ ᠡᠷᠴᠢᠯᠡᠭᠦᠷ ᠢ ᠪᠠᠷᠢᠭᠣᠯᠤᠭᠰᠠᠨ ᠪᠣᠭᠳᠠ ᠬᠦᠮᠦᠨ ︕
ᠪᠠᠭᠰᠢ ᠬᠦᠮᠦᠨ ︱
ᠠᠮᠢᠳᠣᠷᠠᠬᠣᠢ ᠶᠢᠨ ᠵᠦᠭᠯᠡᠭᠦᠷ ᠢ ᠵᠦᠪ ᠵᠢᠭᠠᠭᠰᠠᠨ
ᠦᠷᠭᠡᠨ ᠮᠡᠳᠡᠯᠭᠡ ᠭᠦᠨ ᠣᠬᠠᠭᠠᠨ ᠲᠠᠢ ᠡᠷᠳᠡᠮᠲᠡᠨ ᠬᠦᠮᠦᠨ
ᠣᠷᠣᠰᠢᠬᠣᠢ ᠶᠢᠨ ᠴᠢᠭᠯᠡᠭᠦᠷ ᠢ ᠣᠨᠣᠪᠴᠢᠲᠠᠢ ᠲᠣᠰᠢᠶᠠᠭᠰᠠᠨ
ᠦᠯᠡᠮᠵᠢ ᠲᠣᠷᠰᠢᠯᠭ᠎ᠠ ᠣᠷ᠎ᠠ ᠠᠪᠢᠶᠠᠰ ᠲᠠᠢ ᠴᠢᠳᠠᠪᠦᠷᠢᠳᠠᠨ ᠬᠦᠮᠦᠨ︕
ᠪᠠᠭᠰᠢ ᠬᠦᠮᠦᠨ ︱
ᠡᠷᠳᠡᠮ ᠦᠨ ᠲᠠᠯᠠᠢ ᠪᠠᠷ ᠱᠣᠩᠪᠠᠭᠰᠠᠨ
ᠮᠡᠳᠡᠯᠭᠡ ᠶᠢᠨ ᠶᠢᠷᠳᠢᠨᠴᠣ ᠪᠠᠷ ᠲᠡᠨᠦᠭᠰᠡᠨ
ᠬᠣᠪᠢᠯᠭᠠᠨ ᠡᠷᠳᠡᠮ ᠲᠠᠶ ᠮᠡᠷᠭᠡᠨ ᠬᠦᠮᠦᠨ
ᠬᠣᠯᠠ ᠶᠢᠨ ᠪᠣᠳᠤᠯᠭ᠎ᠠ ᠲᠠᠶ ᠭᠡᠭᠡᠨ ᠬᠦᠮᠦᠨ ︕
ᠪᠠᠭᠰᠢ ᠬᠦᠮᠦᠨ ︱
ᠬᠠᠷᠠᠩᠭᠣᠢ ᠶᠢ ᠭᠡᠢᠭᠦᠯᠦᠭᠴᠢ ᠵᠣᠯᠠ ᠪᠣᠯᠤᠭᠰᠠᠨ
ᠬᠠᠮᠤᠭ ᠢ ᠭᠡᠷᠡᠯᠳᠦᠭᠦᠯᠦᠭᠴᠢ ᠯᠠ ᠪᠣᠯᠤᠭᠰᠠᠨ
ᠮᠡᠳᠡᠯᠭᠡ ᠡᠷᠳᠡᠮ ᠢᠶᠡᠷ ᠪᠠᠶᠠᠯᠢᠭ ᠬᠦᠮᠦᠨ
ᠮᠣᠷᠠᠯ ᠰᠣᠷᠳᠠᠯ ᠢᠶᠠᠷ ᠴᠢᠭᠴᠢ ᠬᠦᠮᠦᠨ ︕
ᠪᠠᠭᠰᠢ ᠬᠦᠮᠦᠨ ︱
ᠦᠷ᠎ᠡ ᠪᠡᠨ ᠭᠡᠪᠡᠯ ᠦᠷᠦ ᠵᠢᠷᠦᠬᠡᠨ ᠡᠴᠡ ᠪᠡᠨ ᠪᠦᠪᠡᠢᠯᠡᠭᠰᠡᠨ
ᠰᠣᠷᠤᠭᠴᠢ ᠪᠠᠨ ᠭᠡᠪᠡᠯ ᠰᠡᠳᠭᠢᠯ ᠦᠨ ᠣᠭ ᠠᠴᠠ ᠪᠠᠨ ᠬᠠᠢᠷᠠᠯᠠᠭᠰᠠᠨ
ᠠᠨᠠᠪᠠᠳ ᠲᠠᠯᠠᠢ ᠠᠴᠠ ᠴᠤ ᠭᠦᠨ ᠠᠴᠢ ᠭᠠᠪᠢᠶ᠎ᠠ ᠲᠠᠢ ᠡᠴᠢᠭᠡ ᠬᠦᠮᠦᠨ
ᠰᠦᠮᠪᠦᠷ ᠠᠭᠣᠯᠠ ᠠᠴᠠ ᠴᠤ ᠦᠨᠳᠦᠷ ᠦᠷᠦᠰᠢᠶᠡᠯ ᠬᠠᠢᠷ᠎ᠠ ᠲᠠᠢ ᠡᠵᠢ ᠬᠦᠮᠦᠨ ︕
ᠪᠠᠭᠰᠢ ᠬᠦᠮᠦᠨ ︱
ᠡᠴᠢᠭᠡ ᠡᠬᠡ ᠨᠢ ᠦᠷ᠎ᠡ ᠶᠢᠨ ᠢᠶᠡᠨ ᠲᠦᠯᠦᠭᠡ
ᠦᠰᠦ ᠴᠠᠢᠵᠣ ᠰᠢᠳᠦ ᠣᠨᠠᠨ᠎ᠠ ᠭᠡᠬᠦᠯᠡᠷ
ᠪᠠᠭᠰᠢ ᠬᠦᠮᠦᠨ ᠰᠣᠷᠤᠭᠴᠢ ᠶᠢᠨ ᠢᠶᠡᠨ ᠲᠦᠯᠦᠭᠡ
8 0