ᠳᠡᠯᠡᠬᠡᠢ ᠡᠬᠡ ᠬᠡᠯᠡ
ᠦᠨᠦᠳᠦᠷ᠂ ᠣᠳᠣ ᠢᠨ ᠮᠣᠩᠭᠣᠯ ᠬᠡᠯᠡᠨ ᠪ ᠬᠥᠭᠵᠢᠯ ᠬᠤᠪᠢᠷᠠᠯ ᠳ᠋ᠦ᠍︽ ᠦᠰᠦᠭ ᠱᠢᠪᠠᠬᠦ᠌ ᠮᠡᠷᠭᠡᠵᠢᠯ︾ _(输入法) ᠥᠨᠳᠥᠷ ᠪᠣᠯᠣᠭᠰᠠᠨ ᠡᠶᠡᠷ ᠵᠠᠷᠢᠮ ᠦᠭᠡ ᠪᠤᠶᠤ ᠲᠠᠭᠠᠪᠤᠷᠢ ᠵᠢ ᠵᠥᠪ ᠪᠢᠴᠢᠬᠦ᠌ ᠳ᠋ᠦ᠍ ᠪᠡᠷᠬᠡ ᠬᠦᠴᠢᠷ ᠲᠠᠢ ᠪᠣᠯᠵᠤ᠂ ᠡᠨᠡ ᠵᠢ ᠱᠢᠯᠦᠭᠯᠡᠵᠦ᠍ ᠰᠠᠭᠤᠯ᠎ᠠ ᠪᠢ᠃
ᠴᠠᠭᠠᠨ ᠰᠠᠷ᠎ᠠ ᠢᠨ ᠠᠷᠪᠠᠨ ᠬᠣᠶᠠᠷ
2024,2,21
1929
2024-02-21 15:09
发表于:内蒙古
ᠳᠡᠯᠡᠬᠡᠢ ᠡᠬᠡ ᠬᠡᠯᠡ
᠂ ᠪ᠂ ᠷᠢᠨᠴᠢᠨ
ᠲᠡᠬᠡᠳᠦᠰ ᠡᠴᠡ ᠢᠪᠡᠭᠡᠭᠰᠡᠨ
ᠲᠡᠭᠷᠢᠯᠢᠭ ᠳᠡᠯᠡᠬᠡᠢ ᠬᠡᠯᠡ᠂
ᠳᠡᠪᠡᠯ ᠠᠭᠤᠵᠢᠭᠤ ᠡᠩᠭᠡᠷ ᠲᠠᠢ
ᠤᠷᠤᠰᠤᠮ᠎ᠠ ᠳᠡᠯᠡᠬᠡᠢ ᠬᠡᠯᠡ᠃
ᠡᠪᠦᠭᠡᠳ ᠡᠴᠡ ᠵᠠᠶᠠᠭᠠᠭᠰᠠᠨ
ᠥᠪ ᠳᠡᠯᠡᠬᠡᠢ ᠬᠡᠯᠡ᠂
ᠡᠪᠦᠷ ᠳᠤᠯᠠᠭᠠᠨ ᠢᠯᠴᠢ ᠲᠠᠢ
ᠥᠨᠢᠷ ᠳᠡᠯᠡᠬᠡᠢ ᠬᠡᠯᠡ᠃
ᠠᠷᠭᠠᠯ ᠡᠴᠡ ᠣᠳᠣᠭᠠᠱᠢᠭᠰᠠᠨ
ᠠᠩᠭᠢᠷ ᠳᠡᠯᠡᠬᠡᠢ ᠬᠡᠯᠡ᠂
ᠠᠯᠤᠰ ᠬᠡᠳᠦ ᠬᠦᠰᠡᠯᠡᠩ ᠲᠠᠢ
ᠠᠷᠢᠭᠤᠨ ᠳᠡᠯᠡᠬᠡᠢ ᠬᠡᠯᠡ᠃
ᠬᠠᠷᠢ ᠡᠴᠡ ᠣᠨᠴᠠᠯᠢᠭᠳᠠᠭᠰᠠᠨ
ᠬᠠᠨ ᠳᠡᠯᠡᠬᠡᠢ ᠬᠡᠯᠡ᠂
ᠭᠠᠷᠣᠳᠢ ᠭᠠᠯᠪᠢᠩᠭ᠎ᠠ ᠠᠪᠢᠶ᠎ᠠ ᠲᠠᠢ
ᠭᠠᠯᠡᠪ ᠳᠡᠯᠡᠬᠡᠢ ᠬᠡᠯᠡ᠃
ᠭᠠᠩ ᠡᠴᠡ ᠬᠤᠷᠴᠠᠯᠠᠭᠰᠠᠨ
ᠴᠢᠩᠳᠠ ᠲᠠᠯᠠᠬᠡᠢ ᠬᠡᠯᠡ᠃
ᠬᠡᠡᠢᠮᠣᠷᠢ ᠴᠣᠭ ᠥᠯᠵᠡᠢ ᠲᠠᠢ
ᠭᠢᠯᠪᠡᠭᠡᠨ ᠳᠡᠯᠡᠬᠡᠢ ᠬᠡᠯᠡ᠃
ᠭᠠᠯ ᠡᠴᠡ ᠤᠴᠢᠯᠠᠭᠰᠠᠨ
ᠥᠭᠡᠳᠡ ᠳᠡᠯᠡᠬᠡᠢ ᠬᠡᠯᠡ᠂
ᠭᠠᠷ ᠲᠠᠲᠠᠮ᠎ᠠ ᠭᠠᠨᠵᠤᠭ᠎ᠠ ᠲᠠᠢ
ᠡᠭᠦᠳᠦᠯᠲᠡ ᠳᠡᠯᠡᠬᠡᠢ ᠬᠡᠯᠡ᠃
᠂ ᠦᠨᠦᠳᠦᠷ᠂ ᠣᠳᠣ ᠢᠨ ᠮᠣᠩᠭᠣᠯ ᠬᠡᠯᠡᠨ ᠪ ᠬᠥᠭᠵᠢᠯ
ᠬᠤᠪᠢᠷᠠᠯ ᠳ᠋ᠦ᠍︽ ᠦᠰᠦᠭ ᠱᠢᠪᠠᠬᠦ᠌ ᠮᠡᠷᠭᠡᠵᠢᠯ︾ _(输入法) ᠥᠨᠳᠥᠷ ᠪᠣᠯᠣᠭᠰᠠᠨ ᠡᠶᠡᠷ ᠵᠠᠷᠢᠮ ᠦᠭᠡ ᠪᠤᠶᠤ ᠲᠠᠭᠠᠪᠤᠷᠢ ᠵᠢ ᠵᠥᠪ ᠪᠢᠴᠢᠬᠦ᠌ ᠳ᠋ᠦ᠍ ᠪᠡᠷᠬᠡ ᠬᠦᠴᠢᠷ ᠲᠠᠢ ᠪᠣᠯᠵᠤ᠂ ᠡᠨᠡ ᠵᠢ ᠱᠢᠯᠦᠭᠯᠡᠵᠦ᠍ ᠰᠠᠭᠤᠯ᠎ᠠ ᠪᠢ᠃
ᠴᠠᠭᠠᠨ ᠰᠠᠷ᠎ᠠ ᠢᠨ ᠠᠷᠪᠠᠨ ᠬᠣᠶᠠᠷ
2024,2,21
6
0