ᠠᠪᠣ ᠪᠠᠨ ᠮᠦᠷᠦᠭᠡᠳᠬᠦ ᠨᠢ
ᠠᠪᠤ ᠶᠢᠨ ᠢᠶᠡᠨ ᠨᠠᠰᠤ ᠪᠠᠷᠠᠭᠰᠠᠨ
40 ᠵᠢᠯ ᠦᠨ ᠤᠢ ᠶᠢ ᠲᠤᠷᠠᠳᠬᠠᠪᠠ
ᠪ ᠂ ᠠᠯᠳᠠᠨᠪᠠᠭᠠᠨ᠎ᠠ
ᠨᠣᠴᠣᠭᠰᠠᠨ ᠭᠠᠯ ᠣᠨᠳᠠᠷᠠᠵᠣ
ᠨᠣᠶᠠᠨ ᠣᠷᠭᠢᠯ ᠬᠠᠷᠠᠯᠠᠪᠠ
ᠠᠮᠢᠲᠠᠨ ᠪᠦᠬᠦᠨ ᠢᠴᠡᠭᠡᠯᠡᠵᠦ
ᠡᠪᠦᠯ ᠦᠨ ᠬᠦᠢᠳᠡᠨ ᠮᠡᠯᠡᠢᠪᠡ᠃
ᠰᠢᠷᠦᠭᠦᠨ ᠰᠠᠯᠬᠢᠨ ᠤ ᠬᠦᠢᠳᠡᠨ ᠳᠦ
ᠰᠠᠨᠰᠠᠷ ᠲᠡᠯᠡᠬᠡᠢ ᠭᠣᠨᠢᠶᠠᠨᠠ
ᠮᠡᠯᠲᠡᠭᠡᠨᠡᠬᠦ ᠮᠦᠰᠦᠨ ᠦ ᠵᠢᠭᠡᠬᠦᠨ ᠳᠦ
ᠮᠡᠯᠮᠡᠢ ᠨᠢᠳᠦ ᠴᠢᠰᠣᠷᠠᠨᠠ ᠃
ᠲᠡᠷᠡ ᠡᠪᠦᠯ ᠦᠨ ᠬᠦᠢᠳᠡᠨ ᠭᠡᠵᠢ ᠡ ︕
ᠲᠣᠲᠣᠨᠤ ᠠᠪᠤ ᠮᠢᠨᠢ ᠬᠠᠯᠢᠭᠰᠠᠨ ᠤ ᠤᠤ ︖
ᠲᠣᠲᠣᠭᠠᠳᠣ ᠦᠷᠦᠭᠡ ᠬᠠᠷᠠᠩᠭᠣᠢᠳᠤᠨ ᠭᠡᠵᠢ ᠡ ︕
ᠲᠡᠭᠷᠢ ᠶᠢᠨ ᠭᠡᠭᠡ ᠰᠠᠷᠨᠢᠭᠰᠠᠨ ᠤ ᠤᠤ ︖
ᠣᠷᠭ᠎ᠠ ᠲᠠᠰᠢᠭᠣᠷ ᠲᠡᠷᠭᠡ ᠨᠢ
ᠦᠲᠦᠷᠮ᠎ᠡ ᠬᠠᠰᠢᠶᠠᠨ ᠳᠤ ᠨᠢ ᠬᠣᠴᠣᠷᠪᠠ
ᠬᠠᠳᠣᠭᠣᠷ ᠰᠦᠬᠡ ᠬᠦᠷᠵᠡ ᠨᠢ
ᠬᠦᠮᠦᠷᠭᠡᠨ ᠭᠡᠷ ᠲᠦ ᠨᠢ ᠦᠨᠦᠴᠢᠷᠡᠪᠡ ᠃
ᠣᠨᠤᠵᠤ ᠲᠣᠪᠲᠣᠯᠳᠠᠭ ︽ ᠰᠢᠷᠭ᠎ᠠ ︾ ᠨᠢ
ᠤᠶᠠᠭ᠎ᠠ ᠪᠠᠨ ᠲᠣᠭᠣᠷᠢᠭᠠᠳ ᠦᠣᠷᠰᠡᠨᠡ
ᠭᠦᠶᠦᠵᠦ ᠲᠠᠭᠠᠳᠠᠭ ︽ ᠠᠯᠠᠭ ᠠ ︾ ᠨᠢ
ᠭᠠᠵᠠᠷ ᠢ ᠮᠠᠯᠲᠠᠭᠠᠳ ᠭᠠᠰᠠᠯᠣᠨᠠ ᠃
ᠰᠦᠯᠵᠢᠵᠦ ᠭᠦᠷᠦᠭᠰᠡᠨ ᠰᠠᠭᠰᠤ ᠴᠢᠨᠢ
ᠰᠡᠳᠭᠢᠯ ᠦᠨ ᠦᠵᠦᠭᠦᠷ ᠡᠯᠭᠦᠭᠡᠰᠣᠲᠠᠢ
ᠦᠯᠡᠳᠡᠭᠡᠵᠦ ᠬᠣᠴᠣᠷᠭᠠᠭᠰᠠᠨ ᠭᠡᠷᠢᠶᠡᠰ ᠴᠢᠨᠢ
ᠣᠶᠤᠨ ᠲᠠᠷᠢᠬᠢᠨ ᠳᠤ ᠰᠡᠢᠯᠦᠭᠡᠰᠣᠳᠠᠢ ᠃
ᠬᠡᠷᠡᠭᠰᠡᠯ ᠡᠳᠡᠯᠡᠯ ᠢ ᠴᠢᠨᠢ ᠬᠠᠷᠠᠭᠠᠳ
ᠬᠠᠷᠠᠬᠣ ᠨᠢᠳᠦ ᠮᠢᠨᠢ ᠪᠦᠷᠬᠦᠯᠵᠡᠨᠡ
ᠬᠠᠢᠷᠠᠠᠠᠠ ᠰᠢᠬ ᠲᠦᠷᠢ ᠶᠢ ᠴᠢᠨᠢ ᠰᠠᠨᠠᠭᠠᠳ
ᠬᠦᠴᠦᠨ ᠵᠣᠷᠢᠭ ᠮᠢᠨᠢ ᠪᠠᠳᠠᠷᠠᠨ᠎ᠠ ᠃
ᠦᠨᠦᠴᠢᠷᠡᠵᠦ ᠬᠣᠴᠣᠷᠣᠭᠰᠠᠨ ᠦᠷᠡᠰ ᠴᠢᠨᠢ
ᠦᠷᠦᠴᠡ ᠪᠡᠨ ᠲᠡᠪᠡᠷᠢᠭᠡᠳ ᠡᠮᠬᠡᠨᠢᠨᠡ
ᠭᠣᠨᠢᠷᠬᠠᠵᠣ ᠦᠯᠡᠳᠡᠭᠰᠡᠨ ᠡᠵᠢ ᠮᠢᠨᠢ
ᠭᠣᠶ᠎ᠠ ᠪᠠᠨ ᠠᠯᠭᠠᠳᠣᠭᠠᠳ ᠭᠠᠰᠢᠭᠣᠳᠠᠨᠠ᠃
ᠤᠩᠭᠤᠨ ᠤ ᠴᠢᠨᠢ ᠡᠮᠦᠨ᠎ᠡ ᠰᠦᠭᠦᠳᠴᠦ
ᠠᠯᠲᠠᠨ ᠴᠢᠨᠳᠠᠷ ᠲᠤ ᠴᠢᠨᠢ ᠮᠦᠷᠭᠦᠶ᠎ᠡ
ᠬᠡᠰᠢᠭ ᠢᠳᠡᠭᠡᠨ ᠢᠶᠡᠨ ᠡᠷᠭᠦᠵᠦ
ᠭᠡᠭᠡᠨ ᠰᠦᠨᠡᠰᠦᠨ ᠳᠦ ᠴᠢᠨᠢ ᠲᠠᠭᠠᠳᠬᠠᠶ᠎ᠠ ᠃
ᠭᠤᠮᠢᠨᠳᠠᠩ ᠤᠨ ᠴᠡᠷᠢᠭ ᠲᠦ ᠣᠷᠤᠭᠠᠳ
ᠭᠣᠴᠢᠨ ᠨᠠᠰᠣᠯᠠᠳᠠᠯ᠎ᠠ ᠪᠠᠢᠯᠳᠣᠯᠠ
ᠬᠠᠷᠬᠢᠰ ᠵᠢᠶᠠᠩ ᠵᠢᠶᠸ ᠱᠢ ᠶᠢᠨ ᠬᠣᠤᠷᠳᠠᠯ ᠳᠤ
ᠬᠠᠯᠠ ᠵᠣᠪᠠᠯᠠᠩ ᠢ ᠠᠮᠰᠠᠯ᠎ᠠ ᠃
ᠵᠠᠯᠢᠬᠠᠢ ᠲᠠᠢᠰᠣᠨ ᠲᠠᠢ ᠲᠡᠮᠡᠴᠡᠵᠦ
ᠵᠢᠷᠭᠠᠯ ᠴᠡᠩᠭᠡᠯ ᠢ ᠬᠦᠭᠡᠭᠡᠴᠡᠯᠳᠦᠯᠡ
ᠦᠪᠡᠷ ᠦᠨ ᠪᠡᠶ᠎ᠡ ᠪᠡᠨ ᠴᠦᠯᠡᠵᠦ
ᠦᠷ᠎ᠡ ᠬᠡᠦᠬᠡᠳ ᠢᠶᠡᠨ ᠦᠰᠭᠡᠯᠡ ᠃
ᠵᠠᠵᠢᠨ ᠦᠰᠦ ᠨᠢ ᠴᠠᠢᠪᠠᠴᠣ
ᠵᠣᠰᠠᠯᠠᠩ ᠬᠠᠳᠣᠯᠠᠩ ᠠᠴᠠ ᠵᠠᠢᠳᠠᠭᠠ ᠦᠭᠡᠢ
ᠡᠭᠦᠳᠡᠨ ᠰᠢᠳᠦ ᠨᠢ ᠣᠨᠠᠭᠰᠠᠨ ᠴᠤ
ᠠᠨᠵᠢᠰᠦ ᠬᠦᠯᠦᠭ ᠡᠴᠡ ᠰᠠᠯᠣᠭᠠ ᠦᠭᠡᠢ ᠃
ᠬᠦᠳᠡᠯᠮᠦᠷᠢᠴᠢ ᠪᠣᠷᠣᠭᠵᠢᠭᠤᠨ ᠵᠠᠩ ᠴᠢᠨᠢ
ᠬᠡᠣᠬᠡᠳ ᠲᠡᠭᠦᠦ ᠨᠠᠷ ᠲᠤ ᠪᠠᠨ ᠲᠠᠭᠣᠷᠢᠶᠠᠯ ᠲᠠᠢ
ᠲᠣᠲᠣᠨᠤᠰᠣᠭ ᠵᠢᠷᠦᠮᠲᠦ ᠴᠢᠨᠠᠷ ᠴᠢᠨᠢ
ᠲᠣᠰᠬᠣᠨ ᠠᠢᠯ ᠳᠤ ᠪᠠᠨ ᠲᠣᠷᠠᠳᠬᠠᠯ ᠲᠠᠢ ᠃
ᠬᠦᠨᠳᠦᠳᠦ ᠠᠴᠢᠯᠠᠯᠲᠦ ᠠᠪᠣ ᠮᠢᠨᠢ ᠡ ︕
ᠬᠡᠬᠦᠳᠡᠭ ᠮᠢᠨᠢ ᠬᠡᠷᠬᠢᠭᠰᠡᠨ ᠭᠠᠰᠢᠭᠣᠨ ︖
ᠬᠠᠳᠠ ᠠᠭᠣᠯᠠ ᠰᠢᠬ ᠠᠴᠢ ᠶᠢ ᠴᠢᠨᠢ ︕
ᠬᠦᠦ ᠴᠢᠨᠢ ᠶᠠᠭᠠᠬᠢᠵᠣ ᠴᠤ ᠬᠠᠷᠢᠭᠣᠯᠣᠶᠠ ⁈
ᠨᠠᠨᠳᠢᠨ ᠴᠠᠢᠯᠭᠠᠨ ᠰᠡᠳᠭᠢᠯ ᠢ ᠴᠢᠨᠢ
ᠨᠠᠰᠣᠨ ᠲᠣᠷᠰᠢᠲᠠ ᠵᠠᠯᠭᠠᠮᠵᠢᠯᠠᠶ᠎ᠠ
ᠨᠠᠷᠮᠠᠢ ᠵᠣᠷᠢᠭ ᠢᠶᠠᠨ ᠪᠠᠳᠠᠷᠠᠭᠣᠯᠵᠣ
ᠨᠠᠢᠷᠰᠠᠭ ᠠᠮᠢᠳᠣᠷᠠᠯ ᠢᠶᠠᠨ ᠴᠣᠭᠴᠠᠯᠠᠶ᠎ᠠ ︕
ᠨᠠᠷᠠᠯᠬᠠᠭ ᠲᠣᠰᠠᠴᠢ ᠰᠣᠷᠲᠠᠯ ᠢ ᠴᠢᠨᠢ
ᠨᠠᠨᠳᠢᠩᠨᠠᠵᠣ ᠴᠠᠭᠠᠰᠢ ᠪᠠᠨ ᠬᠦᠭᠵᠢᠭᠦᠯᠦᠶ᠎ᠡ
ᠨᠢᠳᠣᠷᠭ᠎ᠠ ᠠᠯᠠᠭ᠎ᠠ ᠪᠠᠨ ᠵᠠᠩᠭᠢᠳᠴᠣ
ᠨᠡᠢᠳᠡ ᠣᠯᠠᠨ ᠳᠤ ᠪᠠᠨ ᠦᠢᠯᠡᠴᠢᠯᠡᠶ᠎ᠡ ︕
ᠡᠨᠡᠷᠢᠨ ᠦᠰᠭᠡᠭᠰᠡᠨ ᠬᠠᠢᠷ᠎ᠠ ᠴᠢᠨᠢ
ᠦᠷᠦᠴᠡ ᠴᠡᠭᠡᠵᠢᠨ ᠳᠦ ᠠᠮᠢᠯᠠᠨ᠎ᠠ
ᠡᠩᠬᠦᠷᠡᠢᠯᠡᠨ ᠰᠣᠷᠭᠠᠭᠰᠠᠨ ᠭᠠᠪᠢᠶ᠎ᠠ ᠴᠢᠨᠢ
ᠡᠯᠢᠭᠡ ᠵᠢᠷᠦᠬᠡᠨ ᠳᠦ ᠬᠠᠳᠠᠩᠰᠢᠨ᠎ᠠ ᠃
ᠠᠷᠣᠤᠬᠠᠨ ᠲᠣᠩᠭᠠᠯᠠᠭ ᠪᠡᠶ᠎ᠡ ᠴᠣᠭᠴᠠᠰ ᠴᠢᠨᠢ
ᠠᠯᠲᠠᠨ ᠲᠡᠯᠡᠬᠡᠢ ᠡᠴᠡ ᠠᠩᠭᠢᠵᠢᠷᠠᠭᠰᠠᠨ ᠴᠤ
ᠠᠰᠪᠣᠷᠢ ᠴᠠᠭᠠᠪᠦᠷᠢ ᠵᠠᠩ ᠠᠭᠠᠯᠢ ᠴᠢᠨᠢ
ᠠᠶᠣᠣᠯᠢᠬᠠᠢ ᠴᠡᠭᠡᠵᠢᠨ ᠳᠦ ᠦᠨᠢ ᠮᠦᠩᠬᠡ ︕
ᠠᠴᠢᠯᠠᠯ ᠶᠡᠬᠡ ᠲᠠᠢ ᠭᠠᠪᠢᠶᠠᠲᠣ ᠠᠪᠣ ᠮᠢᠨᠢ
ᠠᠵᠠ ᠵᠢᠷᠭᠠᠯ ᠤᠨ ᠣᠷᠳᠣᠨ ᠳᠤ ᠪᠠᠨ
ᠠᠮᠣᠷᠯᠢᠩᠭᠣᠢ ᠨᠤᠢᠷᠰᠤᠭᠠᠷᠠᠢ︕
2 0