ᠬᠠᠪᠣᠷ ᠰᠢᠬ ᠵᠠᠯᠠᠭᠣ ᠨᠠᠰᠣ
ᠪ ᠂ᠠᠯᠳᠠᠨᠪᠠᠭᠠᠨ᠎ᠠ
ᠴᠠᠷᠳᠠᠮᠠᠯ ᠰᠢᠷᠳᠡᠮᠡᠯ ᠵᠠᠮ ᠢᠶᠠᠷ ᠮᠠᠰᠢᠨ ᠨᠢᠰᠭᠡᠨ
ᠴᠠᠭᠠᠨᠠᠬᠢ ᠠᠭᠣᠯᠠᠰ ᠢ ᠨᠢᠰᠦᠭᠡᠳ ᠲᠠᠪᠠᠴᠢᠬᠠᠳᠠᠭ
ᠴᠣᠭ ᠲᠠᠢ ᠰᠦᠯᠳᠡ ᠲᠠᠢ ᠵᠠᠯᠠᠭᠣ ᠨᠠᠰᠣ ᠭᠡᠵᠦ
ᠴᠡᠩᠭᠡᠯᠲᠦ ᠠᠮᠢᠳᠣᠷᠠᠯ ᠤᠨ ᠲᠣᠯᠠᠭᠠᠬᠠ ᠬᠠᠪᠣᠷ ᠡ ︕
ᠴᠡᠩᠭᠡᠷ ᠬᠣᠷᠸ᠎ᠠ ᠳᠤ ᠴᠢᠮᠡᠭ ᠪᠣᠯᠤᠭᠠᠳ
ᠴᠢᠷᠮᠠᠢᠵᠣ ᠶᠠᠪᠣᠬᠣ ᠶᠢᠨ ᠰᠠᠢᠬᠠᠨ ᠴᠠᠭ ᠡ ︕
ᠪᠢᠷ ᠦᠨ ᠦᠵᠦᠭᠦᠷ ᠷᠢᠳᠢ ᠰᠢᠳᠢ ᠣᠷᠣᠰᠢᠵᠣ
ᠪᠢᠴᠢᠭ ᠡᠷᠳᠡᠮ ᠦᠨ ᠲᠠᠯᠠᠢ ᠳᠤ ᠱᠣᠩᠪᠠᠴᠢᠬᠠᠭᠰᠠᠨ
ᠪᠢᠯᠢᠭ ᠲᠡᠶ ᠰᠣᠶᠣᠯ ᠲᠠᠶ ᠵᠠᠯᠠᠭᠣ ᠨᠠᠰᠣ ᠭᠡᠵᠦ
ᠪᠠᠳᠠᠷᠠᠯᠳᠣ ᠠᠮᠢᠳᠣᠷᠠᠯ ᠤᠨ ᠣᠷᠢᠬᠠᠨ ᠬᠠᠪᠣᠷ ᠡ ︕
ᠪᠦᠮᠪᠦᠷᠴᠡᠭ ᠲᠡᠯᠡᠬᠡᠢ ᠳᠦ ᠰᠣᠪᠣᠳ ᠰᠢᠬ ᠭᠢᠯᠠᠯᠵᠠᠭᠠᠳ
ᠪᠦᠳᠦᠮᠵᠢᠳᠠᠢ ᠲᠡᠶ ᠶᠠᠪᠣᠬᠣ ᠶᠢᠨ ᠰᠠᠢᠬᠠᠨ ᠴᠠᠭ ᠡ ︕
ᠠᠯᠲᠠᠨ ᠲᠡᠯᠡᠬᠡᠢ ᠳᠦ ᠬᠦᠰᠡᠯ ᠰᠣᠶᠣᠯᠠᠭᠣᠯᠵᠤ
ᠠᠷᠣ ᠭᠡᠷ ᠲᠦ ᠪᠡᠨ ᠵᠢᠷᠭᠠᠯ ᠪᠢᠯᠬᠠᠭᠣᠯᠤᠭᠰᠠᠨ
ᠠᠰᠪᠣᠷᠢ ᠴᠠᠢᠯᠭᠠᠨ ᠵᠠᠯᠠᠭᠣ ᠨᠠᠰᠣ ᠭᠡᠵᠦ
ᠠᠵᠠ ᠲᠠᠶ ᠠᠮᠢᠳᠣᠷᠠᠯ ᠤᠨ ᠰᠢᠨᠡᠬᠡᠨ ᠬᠠᠪᠣᠷ ᠡ ︕
ᠠᠯᠠᠭᠬᠠᠨ ᠬᠣᠷᠸ᠎ᠠ ᠳᠤ ᠠᠯᠳᠠᠷ ᠢᠶᠠᠨ ᠮᠠᠨᠳᠣᠭᠣᠯᠵᠤ
ᠠᠯᠳᠠᠷᠰᠢᠵᠦ ᠶᠠᠪᠣᠬᠣ ᠶᠢᠨ ᠰᠠᠢᠬᠠᠨ ᠴᠠᠭ ᠡ ︕
ᠬᠣᠩᠭᠤᠷ ᠠᠮᠠᠷᠠᠭ ᠲᠠᠶ ᠪᠠᠨ ᠦᠢᠯᠡᠰ ᠴᠣᠭᠴᠠᠯᠠᠨ
ᠬᠦᠦ ᠬᠡᠣᠬᠡᠨ ᠢᠶᠡᠨ ᠦᠨᠦᠰᠦᠨ ᠲᠠᠭᠠᠯᠠᠭᠰᠠᠨ
ᠬᠦᠰᠡᠯ ᠮᠦᠷᠦᠭᠡᠳᠦᠯᠳᠦ ᠵᠠᠯᠠᠭᠣ ᠨᠠᠰᠣ ᠭᠡᠵᠦ
ᠬᠦᠭᠵᠢᠯᠲᠦ ᠠᠮᠢᠳᠣᠷᠠᠯ ᠤᠨ ᠵᠢᠷᠭᠠᠯᠲᠣ ᠬᠠᠪᠣᠷ ᠡ ︕
ᠬᠦᠪᠴᠢᠨ ᠲᠡᠯᠡᠬᠡᠢ ᠳᠦ ᠠᠮᠢᠳᠣᠷᠠᠯ ᠪᠣᠰᠬᠠᠵᠣ
ᠬᠦᠭᠵᠢᠵᠦ ᠴᠡᠴᠡᠭᠯᠡᠬᠦ ᠶᠢᠨ ᠰᠠᠢᠬᠠᠨ ᠴᠠᠭ ᠡ ︕
7 0