ᠦᠷᠨᠢᠨ ᠬᠦᠭᠵᠢᠭᠰᠡᠨ ᠦᠯᠦᠭᠡᠢ ᠬᠦᠳᠡᠬᠡ ᠮᠢᠨᠢ
ᠪ ᠂ᠠᠯᠲᠠᠨᠪᠠᠭᠠᠨ᠎ᠠ
ᠦᠨᠢᠷ ᠬᠦᠭᠵᠢᠯᠲᠡ ᠶᠢᠨ ᠵᠢᠭᠦᠷ ᠢᠶᠡᠨ ᠲᠡᠯᠭᠡᠵᠦ
ᠦᠰᠦᠷᠦᠩᠭᠦᠢ ᠲᠠᠪᠰᠢᠯᠲᠠ ᠶᠢᠨ ᠲᠠᠯᠠᠪᠴᠢ ᠪᠠᠨ ᠲᠡᠪᠢᠵᠦ
ᠦᠷᠨᠢᠨ ᠬᠦᠭᠵᠢᠭᠰᠡᠨ ᠦᠯᠦᠭᠡᠢ ᠬᠦᠳᠡᠬᠡ ᠮᠢᠨᠢ
ᠦᠷ᠎ᠡ ᠪᠡᠨ ᠨᠠᠮ᠎ᠠ ᠶᠢ ᠪᠦᠪᠡᠢᠯᠡᠭᠰᠡᠨ ᠡᠨᠡᠷᠢᠯᠲᠣ ᠡᠵᠢ ᠮᠢᠨᠢ ︕
ᠬᠦᠬᠡᠮᠳᠦᠭ ᠤᠰᠤ ᠨᠢ ᠲᠣᠩᠭᠠᠯᠠᠭᠰᠢᠭᠠᠳ
ᠬᠦᠷᠦᠰᠦᠳᠦ ᠲᠡᠯᠡᠬᠡᠢ ᠶᠢ ᠮᠢᠨᠢ ᠭᠣᠶᠣᠯᠠᠨ᠎ᠠ
ᠬᠦᠬᠡ ᠣᠭᠳᠠᠷᠭᠣᠢ ᠨᠢ ᠴᠡᠯᠮᠡᠭᠰᠢᠭᠡᠳ
ᠬᠦᠳᠡᠬᠡ ᠨᠣᠲᠣᠭ ᠢ ᠮᠢᠨᠢ ᠴᠢᠮᠡᠭᠯᠡᠨ᠎ᠡ
ᠦᠷᠭᠡᠨ ᠣᠯᠠᠨ ᠨᠢ ᠦᠭᠡ ᠨᠢᠭᠡᠳᠠᠢ ᠪᠡᠷ ᠲᠡᠮᠡᠤᠯᠡᠵᠡᠭᠡᠵᠦ
ᠦᠵᠡᠰᠭᠦᠯᠡᠩᠲᠦ ᠰᠠᠢᠬᠠᠨ ᠣᠷᠣᠨ ᠨᠣᠲᠣᠭ ᠢᠶᠠᠨ ᠴᠣᠭᠴᠠᠯᠠᠨ
ᠦᠩᠭᠡ ᠪᠦᠷᠢᠳᠦᠭᠰᠡᠨ ᠦᠵᠡᠮᠵᠢ ᠶᠢᠨ ᠣᠷᠤᠨ ᠳᠤ ᠪᠠᠨ
ᠦᠯᠡᠮᠵᠢ ᠶᠢᠨ ᠵᠢᠷᠭᠠᠯ ᠲᠠᠢ ᠠᠮᠢᠳᠣᠷᠠᠵᠠᠭᠠᠨᠠ ᠃
ᠦᠮᠴᠢᠷᠬᠡᠵᠦ ᠬᠤᠪᠢᠶᠠᠷᠢᠯᠠᠬᠤ ᠦᠯᠵᠡᠢ ᠪᠡᠯᠭᠡ ᠨᠢ
ᠦᠷᠭᠡᠨ ᠠᠭᠣᠳᠠᠮ ᠬᠦᠳᠡᠬᠡ ᠨᠣᠲᠣᠭ ᠢ ᠢᠪᠡᠭᠡᠨ
ᠦᠨᠢᠷ ᠲᠠᠩᠰᠣᠭ ᠣᠴᠠᠷᠠᠯ ᠪᠠᠷᠢᠯᠳᠣᠯᠭ᠎ᠠ ᠶᠢ ᠲᠣᠬᠢᠶᠠᠨ
ᠦᠨᠢ ᠮᠦᠩᠬᠡ ᠶᠢᠨ ᠬᠦᠰᠡᠯ ᠡᠷᠡᠮᠡᠯᠵᠡᠯ ᠢ ᠰᠣᠶᠤᠯᠠᠭᠣᠯᠤᠨᠠ ᠃
ᠦᠴᠦᠭᠡᠳᠦᠷ ᠦᠨ ᠭᠡᠷᠡᠯ ᠰᠠᠴᠣᠷᠠᠩᠭᠣᠢ ᠲᠡᠣᠬᠡ ᠨᠢ
ᠦᠯᠢᠭᠡᠷ ᠲᠠᠢ ᠲᠣᠤᠯᠢᠰ ᠲᠠᠢ ᠲᠡᠮᠳᠡᠭᠯᠡᠭᠳᠡᠯᠡ
ᠦᠨᠦᠳᠦᠷ ᠦᠨ ᠠᠣᠭ᠎ᠠ ᠶᠡᠬᠡ ᠠᠵᠢᠯ ᠦᠢᠯᠡᠰ ᠨᠢ
ᠠᠮᠵᠢᠯᠲᠠ ᠲᠠᠢ ᠪᠦᠳᠦᠮᠵᠢᠲᠠᠢ ᠵᠢᠷᠣᠭᠯᠠᠭᠳᠠᠯᠠ
ᠠᠭᠣᠤ ᠶᠡᠬᠡ ᠲᠦᠰᠦᠪ ᠲᠦᠯᠦᠪᠯᠡᠭᠡ ᠨᠢ
ᠠᠷᠠᠳ ᠣᠯᠠᠨ ᠳᠤ ᠪᠠᠨ ᠬᠦᠷᠢᠶᠡᠯᠡᠭᠳᠡᠯᠡ
ᠢᠷᠡᠬᠦ ᠮᠠᠷᠭᠠᠰᠢ ᠶᠢᠨ ᠬᠦᠰᠡᠯ ᠵᠡᠭᠦᠳᠦ ᠨᠢ
ᠦᠨᠡᠨ ᠲᠠᠢ ᠵᠢᠷᠭᠠᠯ ᠲᠠᠢ ᠪᠡᠶᠡᠯᠡᠭᠳᠡᠯ᠎ᠡ
ᠲᠡᠣᠬᠡᠨ ᠳᠦ ᠭᠠᠷᠣᠭ᠎ᠠ ᠦᠭᠡᠢ ᠲᠣᠮᠤ ᠶᠡᠬᠡ ᠬᠣᠪᠢᠷᠠᠯᠳᠠ ᠶᠢ
ᠲᠦᠮᠡᠨ ᠣᠯᠠᠨ ᠢᠶᠠᠷ ᠢᠶᠠᠨ ᠪᠢᠰᠢᠷᠡᠬᠦ ᠦᠭᠡᠢ ᠬᠡᠵᠦ ᠪᠠᠢᠨᠠᠣ ︖
ᠦᠯᠢᠭᠡᠷ ᠲᠤ ᠶᠠᠷᠢᠭᠳᠠᠭ᠎ᠠ ᠦᠭᠡᠢ ᠠᠣᠭ᠎ᠠ ᠶᠡᠬᠡ ᠠᠮᠵᠢᠯᠲᠠ ᠶᠢ
ᠠᠷᠠᠳ ᠣᠯᠠᠨ ᠢᠶᠠᠷ ᠢᠶᠠᠨ ᠭᠠᠢᠬᠠᠬᠤ ᠦᠭᠡᠢ ᠬᠡᠵᠦ ᠪᠠᠢᠨᠠᠣ ︖
ᠦᠩᠭᠡᠷᠡᠭᠰᠡᠨ ᠦ ᠠᠯᠳᠠᠨ ᠰᠢᠷᠭᠠᠯ ᠴᠠᠭ ᠮᠦᠴᠡ ᠨᠢ
ᠣᠷᠣᠰᠣᠨ ᠴᠠᠯᠬᠢᠯᠠᠬᠤ ᠢᠷᠠᠭᠣ ᠨᠠᠢᠷᠠᠭ ᠰᠢᠬ ᠭᠢᠯᠠᠯᠵᠠᠨ᠎ᠠ
ᠦᠨᠦ ᠮᠠᠷᠭᠠᠰᠢ ᠶᠢᠨ ᠠᠣᠭ᠎ᠠ ᠶᠡᠬᠡ ᠬᠦᠰᠡᠯ ᠡᠷᠡᠮᠡᠯᠵᠡᠯ ᠨᠢ
ᠣᠶᠠᠩᠭᠠᠷᠠᠨ ᠰᠣᠨᠣᠰᠳᠠᠬᠣ ᠲᠠᠭᠣᠣ ᠬᠦᠭᠵᠢᠮ ᠰᠢᠭ ᠦᠷᠬᠦᠯᠵᠢᠯᠡᠨ᠎ᠡ
ᠬᠣᠷ᠎ᠠ ᠶᠢᠨ ᠲᠠᠷᠠᠭᠠᠬᠢ ᠡᠪᠡᠰᠦ ᠴᠡᠴᠡᠭ ᠦᠳ
ᠬᠢᠵᠠᠭᠠᠯᠠᠰᠢ ᠦᠭᠡᠢ ᠪᠠᠶᠠᠷ ᠪᠠᠶᠠᠰᠣᠯ ᠢ ᠪᠡᠯᠭᠡᠳᠡᠨ᠎ᠡ
ᠬᠣᠯᠠ ᠶᠢᠨ ᠦᠨᠳᠦᠷ ᠲᠡᠬᠢ ᠭᠠᠯᠠᠭᠣᠳ ᠤᠨ ᠴᠣᠪᠤᠭ᠎ᠠ
ᠬᠡᠪᠡᠯᠢ ᠵᠢᠷᠦᠬᠡᠨ ᠦ ᠪᠠᠬᠠᠳᠣᠯᠳᠤ ᠲᠠᠭᠤᠨ ᠢ ᠣᠯᠠᠮᠵᠢᠯᠠᠨ᠎ᠠ
ᠠᠭᠲᠠ ᠶᠢᠨ ᠲᠦᠪᠡᠷᠭᠡᠨ ᠲᠡᠶ ᠠᠭᠣᠳᠠᠮ ᠲᠠᠯ᠎ᠠ ᠳᠤ ᠨᠢ
ᠠᠶᠠᠨ ᠤ ᠮᠠᠰᠢᠨ ᠵᠢᠷᠪᠢᠯᠵᠡᠵᠦ ᠵᠦᠷᠢᠯᠳᠦᠬᠦ ᠨᠢ ᠭᠣᠶᠤᠬᠠᠨ
ᠰᠢᠪᠠᠭᠣᠳ ᠤᠨ ᠨᠦᠷᠭᠢᠭᠡᠨ ᠲᠠᠢ ᠪᠣᠭᠳᠠ ᠬᠠᠢᠷᠬᠠᠨ ᠳᠤ ᠨᠢ
ᠱᠣᠤᠭᠢᠭᠰᠠᠨ ᠣᠢ ᠨᠠᠢᠭᠣᠯᠵᠠᠵᠣ ᠮᠢᠷᠠᠯᠵᠠᠬᠤ ᠨᠢ ᠰᠠᠢᠬᠠᠨ
ᠰᠦᠷᠯᠢᠭ ᠦᠵᠡᠮᠵᠢᠲᠦ ᠬᠦᠳᠡᠬᠡ ᠶᠢᠨ ᠮᠢᠨᠢ
ᠰᠦᠷ ᠭᠡᠷᠡᠯ ᠨᠢ ᠣᠨᠲᠠᠷᠠᠰᠢ ᠦᠭᠡᠢ
ᠰᠥ᠋ ᠶᠢ ᠨᠢ ᠰᠢᠮᠡᠭᠰᠡᠨ ᠬᠡᠣᠬᠡᠳ ᠦᠨ ᠬᠢᠨᠢ
ᠰᠦᠰᠦ ᠵᠣᠷᠢᠭ ᠨᠢ ᠮᠣᠬᠤᠰᠢ ᠦᠭᠡᠢ
ᠨᠠᠷᠠᠨ ᠰᠠᠷᠠᠨ ᠢᠪᠡᠭᠡᠭᠡᠳ ᠲᠣᠯᠠᠢᠯᠠ
ᠨᠠᠪᠴᠢ ᠴᠡᠴᠡᠭ ᠨᠢ ᠮᠢᠷᠠᠯᠵᠠᠭᠠᠳ ᠢᠷᠠᠢᠯᠠ
ᠨᠠᠮ ᠵᠠᠰᠠᠭ ᠨᠢ ᠬᠠᠯᠠᠮᠵᠢᠯᠠᠭᠠᠳ ᠢᠷᠡᠬᠦ ᠳᠦ
ᠨᠠᠷᠮᠠᠢ ᠠᠷᠠᠳ ᠨᠢ ᠴᠢᠨᠡᠭᠡᠯᠢᠭᠵᠢᠭᠡᠳ ᠪᠠᠶᠠᠰᠣᠯᠠ ᠃
ᠪᠦᠮᠪᠦᠷᠴᠡᠭ ᠲᠡᠯᠡᠬᠡᠢ ᠪᠦᠪᠡᠢᠯᠡᠭᠡᠳ ᠢᠷᠡᠭᠰᠡᠨ
ᠪᠣᠷᠣᠭᠠᠨᠨ ᠬᠤᠷ᠎ᠠ ᠨᠢ ᠲᠡᠭᠰᠢᠷᠡᠭᠡᠳ ᠢᠷᠡᠭᠰᠡᠨ
ᠪᠦᠯᠬᠦᠮᠳᠡᠯ ᠦᠨ ᠴᠡᠴᠡᠭ ᠨᠢ ᠪᠠᠭᠴᠠᠷᠠᠭᠠᠳ ᠢᠷᠡᠭᠰᠡᠨ
ᠪᠦᠭᠦᠳᠡ ᠣᠯᠠᠨ ᠢᠶᠠᠷ ᠢᠶᠠᠨ ᠪᠠᠶᠠᠵᠢᠭᠠᠳ ᠢᠷᠡᠭᠰᠡᠨ ᠃
ᠡᠷᠬᠡ ᠵᠢᠷᠭᠠᠯ ᠨᠢ ᠪᠢᠯᠬᠠᠭᠠᠳ ᠢᠷᠡᠬᠦ ᠳᠦ
ᠡᠷᠴᠢ ᠵᠣᠷᠢᠭ ᠨᠢ ᠪᠠᠳᠠᠷᠠᠭᠠᠳ ᠴᠢᠷᠮᠠᠢᠵᠠᠭᠠᠯᠠ
ᠡᠷᠳᠡᠮ ᠴᠢᠳᠠᠪᠣᠷᠢ ᠪᠠᠨ ᠭᠠᠷᠭᠠᠭᠠᠳ ᠵᠢᠳᠭᠦᠵᠡᠭᠡᠬᠦ ᠳᠦ
ᠦᠯᠦᠭᠡᠢ ᠬᠦᠳᠡᠬᠡ ᠮᠢᠨᠢ ᠬᠦᠭᠵᠢᠭᠡᠳ ᠭᠣᠶᠤᠵᠢᠯᠠ ᠃
ᠦᠨᠢᠷ ᠬᠦᠭᠵᠢᠯᠲᠡ ᠶᠢᠨ ᠵᠢᠭᠦᠷ ᠢᠶᠡᠨ ᠲᠡᠯᠭᠡᠵᠦ
ᠦᠰᠦᠷᠦᠩᠭᠦᠢ ᠲᠠᠪᠰᠢᠯᠲᠠ ᠶᠢᠨ ᠲᠠᠯᠠᠪᠴᠢ ᠪᠠᠨ ᠲᠡᠪᠢᠵᠦ
ᠦᠷᠨᠢᠨ ᠬᠦᠭᠵᠢᠭᠰᠡᠨ ᠦᠯᠦᠭᠡᠢ ᠬᠦᠳᠡᠬᠡ ᠮᠢᠨᠢ
ᠦᠷ᠎ᠡ ᠪᠡᠨ ᠨᠠᠮ᠎ᠠ ᠶᠢ ᠪᠦᠪᠡᠢᠯᠡᠭᠰᠡᠨ ᠡᠨᠡᠷᠢᠯᠲᠣ ᠡᠵᠢ ᠮᠢᠨᠢ ︕
3 0