ᠲᠤᠮᠤᠭ ᠦᠯᠢᠭᠡᠷ
ᠣᠨᠢᠰᠤᠭ᠎ᠠ
ᠣᠨᠢᠰᠤᠭ᠎ᠠ ᠴᠡᠭᠡᠵᠢᠯᠡᠬᠦ ᠤᠷᠮ᠎ᠠ ᠪᠠᠬ᠎ᠠ ᠲᠠᠢ
5975
2017-10-10 07:40
发表于:内蒙古
ᠣᠨᠢᠰᠤᠭ᠎ᠠ
ᠠᠷᠤ ᠶᠢᠨ ᠬᠤᠳᠳᠤᠭ ᠤᠰᠤ ᠦᠭᠡᠢ ᠬᠠᠭᠤᠷᠠᠢ
ᠠᠷᠰᠯᠡᠨ ᠤ ᠲᠣᠯᠣᠭᠠᠢ ᠴᠢᠰᠤ ᠦᠭᠡᠢ ᠬᠠᠭᠤᠷᠠᠢ
( ᠬᠡᠩᠭᠡᠷᠭᠡ︶
ᠭᠦᠡᠭᠭᠡᠷ ᠭᠦᠡᠭᠭᠡᠷ ᠲᠠᠭᠤ ᠲᠠᠢ
ᠬᠥᠮᠥᠨ ᠴᠣᠬᠢᠬᠤ ᠡᠴᠡ ᠨᠠᠰᠢ ᠳᠤᠤᠭᠠᠷᠳᠠᠭ ᠦᠭᠡᠢ
︵ ᠬᠡᠩᠭᠡᠷᠭᠡ︶
ᠭᠡᠳᠡᠭᠡᠷ ᠪᠠᠨᠳᠠᠢ ᠶᠢᠨ
ᠲᠣᠯᠣᠭᠠᠢ ᠨᠢ ᠶᠡᠬᠡ
︵ ᠬᠡᠩᠭᠡᠷᠭᠡ ᠶᠢᠨ ᠳᠣᠬᠢᠭᠤᠷ︶
ᠭᠡᠳᠡᠢᠢᠬᠦ ᠳᠥ ᠭᠡᠳᠡᠰᠦ ᠨᠢ ᠬᠢᠯᠢᠰ
ᠪᠦᠬᠦᠢᠢᠬᠦ ᠳᠥ ᠪᠥᠭᠰᠡ ᠨᠢ ᠬᠢᠯᠢᠰ
︵ ᠴᠠᠩ︶
ᠴᠠᠭᠠᠨ ᠦᠬᠡᠷ
ᠴᠠᠪᠢ ᠪᠡᠷ ᠢᠶᠡᠨ ᠮᠥᠭᠡᠷᠡᠨ᠎ᠡ
︵ ᠲᠤᠩ︶
ᠭᠣᠮᠪᠣ ᠮᠠᠮᠠ
ᠭᠣᠣᠯ ᠢᠶᠡᠷ ᠢᠶᠡᠨ ᠶᠠᠷᠢᠨ᠎ᠠ
︵ᠪᠢᠰᠬᠢᠭᠦᠷ︶
ᠭᠣᠯᠵᠢᠭᠣᠷ ᠬᠦᠦ
ᠭᠤᠷᠭᠤᠤᠯᠳᠠᠢ ᠶᠢᠨ ᠲᠠᠭᠤ ᠲᠠᠢ
︵ ᠪᠢᠰᠬᠢᠭᠦᠷ︶
ᠳᠥᠷᠪᠡᠯᠵᠢᠨ ᠪᠡᠶ᠎ᠡ ᠳᠡᠭᠡᠨ ᠲᠥᠷᠥ ᠪᠤᠯᠢᠶᠠᠯᠳᠣᠨᠠ
ᠲᠥᠷᠥᠭᠰᠡᠨ ᠪᠡᠶ᠎ᠡ ᠳᠡᠭᠡᠨ ᠤᠬᠠᠭᠠᠨ ᠪᠤᠯᠢᠶᠠᠯᠳᠣᠨᠠ
︵ ᠰᠢᠳᠡᠷ᠎ᠡ︶
ᠲᠣᠡᠡᠰᠢᠨ ᠯᠠᠮᠠ
ᠲᠣᠣᠷᠡᠳᠣᠬᠢ ᠲᠡᠭᠡᠳᠤᠬᠢ ᠨᠢ ᠬᠥᠨᠳᠡᠯᠡᠨ
︵ ᠬᠣᠩᠬᠣ︶
ᠳ᠋ᠠᠮᠪᠠ ᠯᠠᠮᠠ
ᠳᠠᠯᠤ ᠪᠡᠨ ᠰᠢᠭᠠᠪᠠ
︵ ᠲᠠᠮᠠᠷᠦ︶
6
0