          
     
   2022-03-13 13:56
   2024-07-15 19:40
   317942
   285

ᠴᠠᠭᠠᠨ ᠢᠳᠡᠭᠡᠨ ᠤ ︽ᠴᠠᠭᠠᠨ ᠮᠦᠷ︾

ᠴᠠᠭᠠᠨ ᠢᠳᠡᠭᠡᠨ ᠤ ︽ᠴᠠᠭᠠᠨ ᠮᠦᠷ︾
        234     
2024-07-07 17:19    
发表于:内蒙古
ᠤᠶᠢᠷ᠎ᠠ ᠳᠤ᠂ ᠰᠢᠯᠢ ᠶᠢᠨ ᠭᠤᠤᠯ ᠠᠶᠢᠮᠠᠭ ᠤᠨ ᠬᠦᠪᠡᠭᠡᠲᠤ ᠰᠢᠷ᠎ᠠ ᠬᠤᠰᠢᠭᠤᠨ ᠤ ᠭᠤᠷᠪᠠᠲᠤᠭᠠᠷ ᠤᠲᠠᠭᠠᠨ ᠤ ᠤᠯᠠᠮᠵᠢᠯᠠᠯᠲᠤ ᠴᠠᠭᠠᠨ ᠢᠲᠡᠭᠡᠨ ᠤ ᠰᠤᠶᠤᠯ ᠤᠨ ᠨᠠᠶᠢᠷ ᠬᠤᠰᠢᠭᠤᠨ ᠲᠦᠪ ᠰᠢᠨᠡᠪᠤᠯᠠᠭ ᠪᠠᠯᠭᠠᠰᠤᠨ ᠳᠤ 2 ᠡᠲᠤᠷ ᠤᠨ ᠬᠤᠭᠤᠴᠠᠭ᠎ᠠ ᠲᠠᠢ ᠨᠢᠵᠢᠬᠢᠷ ᠰᠠᠶᠢᠬᠠᠨ ᠶᠠᠪᠤᠭᠲᠠᠯ᠎ᠠ᠃ ᠪᠦᠬᠦ ᠤᠯᠤᠰ ᠤᠨ ᠮᠠᠯᠴᠢᠨ ᠲᠠᠷᠢᠶᠠᠴᠢᠳ ᠤᠨ ᠡᠯᠪᠡᠭ ᠬᠤᠷᠢᠶᠠᠯᠲᠠ ᠶᠢᠨ ᠪᠠᠶᠠᠷ ᠢ ᠪᠡᠯᠭᠡᠯᠡᠵᠤ᠂ ᠬᠤᠲᠠ ᠤᠷᠤᠭᠰᠠᠨ ᠮᠠᠯᠴᠢᠨ ᠲᠦᠮᠡᠨ ᠤ ᠤᠷᠤᠯᠭ᠎ᠠ ᠶᠢ ᠨᠡᠮᠡᠭᠲᠡᠬᠦᠯᠬᠦ ᠪᠠᠷ ᠭᠤᠤᠯ ᠰᠡᠲᠤᠪ ᠪᠤᠯᠭᠠᠭᠰᠠᠨ ᠲᠤᠰ ᠤᠲᠠᠭᠠᠨ ᠤ ᠠᠵᠢᠯᠯᠠᠭ᠎ᠠ ᠨᠢ᠂ ︽ᠤᠯᠠᠮᠵᠢᠯᠠᠯᠲᠤ ᠴᠠᠭᠠᠨ ᠢᠲᠡᠭᠡᠨ ᠤ ᠰᠤᠶᠤᠯ ᠤᠨ ᠨᠠᠶᠢᠷ ᠪᠤᠯᠤᠨ ᠴᠠᠭᠠᠨ ᠢᠳᠡᠭᠡᠨ ᠤ ᠠᠵᠤ ᠤᠶᠢᠯᠡᠰ ᠤᠨ ᠴᠢᠨᠠᠷᠯᠢᠭ ᠬᠦᠭᠵᠢᠯᠲᠠ ᠶᠢᠨ ᠶᠠᠷᠢᠯᠴᠠᠭᠠᠨ ᠤ ᠲᠠᠪᠴᠠᠩ ᠵᠢᠴᠢ ᠴᠠᠭᠠᠨ ᠢᠲᠡᠭᠡ ᠡᠳ᠋ᠰᠢᠬᠦᠯᠵᠤ ᠪᠤᠯᠪᠠᠰᠤᠷᠠᠭᠤᠯᠬᠤ ᠤᠷ᠎ᠠ ᠮᠡᠷᠭᠡᠵᠢᠯ ᠢᠶᠠᠨ ᠲᠡᠭᠡᠭᠰᠢᠯᠡᠬᠦᠯᠬᠦ ᠪᠤᠯᠪᠠᠰᠤᠷᠠᠯ︾ ᠬᠡᠮᠡᠬᠦ ᠬᠤᠶᠠᠷ ᠶᠡᠭᠡ ᠠᠭᠤᠯᠭ᠎ᠠ ᠪᠠᠷ ᠬᠤᠪᠢᠶᠠᠬᠲᠠᠵᠤ ᠶᠠᠪᠤᠭᠲᠠᠬᠰᠠᠨ ᠶᠤᠮ᠃ ᠤᠳᠬ᠎ᠠ ᠰᠠᠲᠤᠪ᠂ ᠠᠭᠤᠯᠭ᠎ᠠ ᠬᠡᠯᠪᠡᠷᠢ ᠠᠯᠢ ᠲᠠᠯ᠎ᠠ ᠪᠠᠷ ᠭᠡᠯᠡᠭᠰᠡᠨ ᠴᠦ ᠲᠤᠰ ᠨᠠᠶᠢᠷ ᠨᠢ ᠦᠩᠭᠡᠷᠡᠭᠰᠠᠨ ᠬᠤᠶᠠᠷ ᠤᠲᠠᠭ᠎ᠠ ᠠᠴᠠ ᠪᠠᠨ ᠬᠤᠯᠠ ᠶᠡᠭᠡ ᠲᠠᠪᠰᠢᠯᠲᠠ ᠲᠠᠢ ᠪᠤᠯᠵᠤ᠂ ᠮᠠᠯᠴᠢᠳ ᠤᠨ ᠴᠠᠭᠠᠨ ᠢᠳᠡᠭᠡᠨ ᠤ ᠦᠢᠯᠡᠰ ᠡᠷᠬᠢᠯᠡᠬᠦ ᠤᠷᠮ᠎ᠠ ᠢᠳᠡᠪᠬᠢᠵᠢᠯ ᠢ ᠲᠠᠶᠢᠴᠢᠯᠠᠨ᠂ ᠴᠠᠭᠠᠨ ᠢᠳᠡᠭᠡᠨ ᠤ ᠠᠵᠦ ᠦᠢᠯᠡᠰᠵᠢᠨ ᠬᠦᠭᠵᠢᠬᠦ ᠳᠤ ᠰᠢᠨ᠎ᠡ ᠵᠠᠮ ᠬᠠᠶᠢᠵᠦ ᠦᠭᠬᠦᠭᠰᠡᠨ ᠪᠢᠯᠡ᠃ ᠴᠢᠩ ᠤᠯᠤᠰ ᠤᠨ ᠦᠶ᠎ᠡ ᠳᠤ ᠬᠦᠪᠡᠬᠡᠲᠦ ᠰᠢᠷ᠎ᠠ ᠬᠤᠰᠢᠭᠤ ᠨᠢ ᠬᠠᠭᠠᠨ ᠤ ᠤᠷᠲᠤᠨ ᠤ ᠮᠠᠯᠵᠢᠯ ᠤᠨ ᠲᠠᠯᠠᠪᠠᠢ ᠬᠡᠮᠡᠭᠲᠡᠵᠤ᠂ ᠤᠷᠲᠤᠨ ᠳᠤ ᠴᠠᠭᠠᠨ ᠢᠲᠡᠭᠡᠨ ᠡᠳ᠋ᠰᠢᠬᠦᠯᠵᠤ ᠦᠭᠲᠡᠭ ᠰᠠᠭᠤᠷᠢᠨ ᠭᠠᠵᠠᠷ ᠪᠠᠶᠢᠭᠰᠠᠨ ᠶᠤᠮ᠃ ᠰᠢᠨ᠎ᠡ ᠡᠷᠢᠨ ᠳᠤ᠂ ᠮᠠᠯ ᠠᠵᠤ ᠠᠬᠤᠢ ᠪᠠᠷ ᠲᠤᠯᠭᠠᠭᠤᠷᠢ ᠠᠵᠤ ᠤᠶᠢᠯᠡᠰ ᠢᠶᠠᠨ ᠪᠤᠯᠭᠠᠬᠰᠠᠨ ᠲᠤᠰ ᠬᠤᠰᠢᠭᠤ ᠨᠢ ᠮᠠᠯ ᠤᠨ ᠠᠰᠢᠬ ᠰᠢᠮ᠎ᠡ ᠶᠢ ᠪᠤᠯᠪᠠᠰᠤᠷᠡᠭᠤᠯᠬᠤ᠂ ᠰᠢᠨ᠎ᠡ ᠶᠢ ᠡᠬᠦᠲᠦᠨ ᠠᠵᠦ ᠦᠢᠯᠡᠰ ᠪᠤᠯᠭᠠᠨ ᠬᠦᠭᠵᠢᠬᠦᠯᠬᠦ ᠵᠡᠷᠭᠡ ᠲᠠᠯ᠎ᠠ ᠪᠠᠷ ᠮᠦᠨ ᠤᠯᠠᠮᠵᠢᠯᠠᠯ ᠢᠶᠠᠨ ᠡᠷᠬᠢᠮᠯᠡᠵᠦ ᠰᠢᠨᠡᠴᠢᠯᠡᠯ ᠢ ᠡᠷᠢᠯᠬᠢᠯᠡᠨ ᠬᠦᠭᠵᠢᠭᠰᠡᠭᠡᠷ ᠪᠠᠶᠢᠨ᠎ᠠ᠃ ᠲᠠᠪᠤᠨ ᠬᠤᠰᠢᠭᠤ ᠮᠠᠯ ᠳᠠᠭᠠᠨ ᠲᠦᠰᠢᠭᠯᠡᠵᠦ ᠠᠵᠦ ᠠᠮᠢᠲᠤᠷᠠᠯ ᠢᠶᠠᠨ ᠦᠬᠡᠳᠡᠯᠡᠬᠦᠯᠵᠦ᠂ ᠦᠦᠬᠡ ᠲᠡᠦᠭᠡ ᠪᠠᠨ ᠪᠢᠴᠢᠭᠯᠡᠵᠦ ᠢᠷᠡᠭᠰᠠᠨ ᠮᠤᠩᠭᠤᠯᠴᠤᠳ ᠤᠨ ᠬᠤᠪᠢ ᠳᠤ ᠠᠪᠴᠤ ᠬᠡᠯᠡᠪᠡᠯ᠂ ᠴᠠᠭᠠᠨ ᠢᠲᠡᠭᠡᠨ ᠨᠢ ᠦᠨᠲᠦᠰᠦᠳᠡᠨ ᠤ ᠤᠯᠠᠮᠵᠢᠯᠠᠯᠲᠦ ᠠᠵᠦ ᠠᠬᠤᠢ ᠲᠠᠢ ᠬᠤᠯᠪᠤᠬᠲᠠᠬᠤ ᠨᠡᠷ᠎ᠡ ᠲᠤᠮᠢᠶ᠎ᠠ ᠪᠤᠯᠬᠤ ᠪᠦᠬᠡᠳ ᠮᠤᠩᠭᠤᠯ ᠵᠠᠩ ᠤᠶᠢᠯᠡ ᠰᠤᠶᠤᠯ ᠲᠠᠢ ᠴᠦ ᠬᠤᠯᠪᠤᠬᠲᠠᠬᠤ ᠴᠢᠬᠤᠯᠠ ᠨᠢᠭᠡᠨ ᠠᠭᠤᠯᠬᠤᠨ ᠪᠤᠯᠵᠤ ᠪᠠᠶᠢᠲᠠᠭ ᠶᠤᠮ᠃ ᠤᠶᠢᠷ᠎ᠠ ᠶᠢᠨ ᠵᠢᠯ ᠤᠳ ᠠᠴᠠ ᠬᠦᠪᠡᠬᠡᠲᠤ ᠰᠢᠷ᠎ᠠ ᠬᠤᠰᠢᠭᠤ ᠨᠢ ᠦᠨᠲᠤᠰᠤᠲᠡᠨ ᠤ ᠤᠨᠴᠠᠯᠢᠭ ᠪᠠ ᠤᠷᠤᠨ ᠨᠤᠲᠤᠭ ᠤᠨ ᠤᠨᠴᠠᠯᠢᠭ ᠢ ᠬᠠᠷᠠᠭᠤᠯᠤᠬᠰᠠᠨ᠂ ᠴᠠᠬᠠᠷ ᠴᠠᠭᠠᠨ ᠢᠲᠡᠭᠡᠨ ᠤ ᠰᠤᠶᠤᠯ ᠪᠠ ᠴᠠᠭᠠᠨ ᠢᠲᠡᠭᠡᠨ ᠤ ᠠᠵᠤ ᠤᠶᠢᠯᠡᠰ ᠢ ᠬᠦᠭᠵᠢᠬᠦᠯᠬᠦ ᠪᠠᠷ ᠬᠠᠷᠠᠯᠲᠠ ᠪᠤᠯᠭᠠᠭᠰᠠᠨ ᠮᠠᠰᠢ ᠤᠯᠠᠨ ᠠᠵᠢᠯᠯᠠᠭ᠎ᠠ ᠵᠤᠬᠢᠶᠠᠨ ᠪᠠᠶᠢᠭᠤᠯᠵᠦ᠂ ︽ᠬᠦᠪᠡᠭᠡᠲᠤ ᠰᠢᠷ᠎ᠠ ᠶᠢᠨ ᠴᠠᠭᠠᠨ ᠢᠲᠡᠭᠡᠨ︾ ᠢᠶᠠᠨ ᠨᠢᠬᠡᠨ ᠬᠦᠮᠦᠰ ᠤᠨ ᠠᠩᠬᠠᠷᠤᠯ ᠳᠤ ᠬᠦᠷᠦᠭᠰᠡᠨ ᠨᠡᠷᠡᠲᠦ ᠲᠡᠮᠳᠡᠭ ᠪᠤᠯᠭᠠᠨ ᠬᠦᠭᠵᠢᠬᠦᠯᠵᠦ ᠪᠠᠶᠢᠭ᠎ᠠ ᠪᠢᠯᠡ᠃ ᠲᠡᠮ ᠲᠡᠮ ᠳᠡᠭᠡᠨ ᠲᠡᠭᠡᠰᠦ ᠡᠷᠴᠢᠮ ᠳᠡᠭᠡᠨ 8 ᠰᠠᠷ᠎ᠠ ᠶᠢᠨ 27 ᠤ ᠡᠲᠦᠷ᠂ ᠬᠦᠪᠡᠭᠡᠲᠦ ᠰᠢᠷ᠎ᠠ ᠬᠤᠰᠢᠭᠤ ᠶᠢᠨ ᠴᠠᠭᠠᠨ ᠢᠳᠡᠭᠡᠨ ᠤ ᠨᠠᠶᠢᠷ ᠤᠨ ᠵᠤᠬᠢᠶᠠᠨ ᠪᠠᠶᠢᠭᠤᠯᠬᠤ ᠺᠤᠮᠢᠰ ᠤᠨ ᠤᠲᠤᠷᠢᠲᠤᠯᠭ᠎ᠠ ᠪᠠᠷ᠂ 2 ᠲᠤᠰᠬᠠᠢ ᠮᠡᠷᠬᠡᠵᠢᠯᠳᠡᠨ ᠢᠶᠠᠷ ᠲᠦᠯᠤᠭᠡᠯᠡᠭᠴᠢ ᠪᠤᠯᠭᠠᠭᠰᠠᠨ ᠴᠠᠭᠠᠨ ᠢᠳᠡᠭᠡᠨ ᠤ ᠨᠠᠶᠢᠷ ᠤᠨ ᠬᠢᠨᠠᠭᠴᠢᠳ ᠤᠨ ᠲᠤᠭᠤᠶᠢᠯᠠᠩ ᠨᠢ ︽ᠡᠷᠬᠡ ᠲᠡᠭᠰᠢ᠂ ᠲᠦᠪ ᠭᠤᠤᠯᠴᠢ᠂ ᠢᠯᠡ ᠲᠤᠲᠤ᠂ ᠰᠢᠯᠢᠲᠡᠭ ᠢ ᠰᠤᠩᠭᠤᠬᠤ︾ ᠵᠠᠷᠴᠢᠮ ᠢᠶᠠᠷ᠂ ᠤᠷᠤᠯᠲᠤᠭᠠᠨ ᠳᠤ ᠤᠷᠤᠯᠴᠠᠬᠰᠠᠨ ︽ᠡᠷᠲᠡᠨᠢ ᠴᠠᠭᠠᠨ ᠢᠲᠡᠭᠡᠨ ᠤ ᠲᠡᠯᠭᠡᠬᠦᠷ︾᠂ ︽ᠪᠠᠶᠠᠨ ᠵᠡᠯ᠎ᠡ ᠴᠠᠭᠠᠨ ᠢᠲᠡᠭᠡᠨ ᠤ ᠲᠡᠯᠭᠡᠬᠦᠷ︾᠂ ︽ᠭᠤᠷᠪᠠᠨ ᠬᠤᠳᠲᠤᠭ︾᠂ ︽ᠪᠢᠯᠬᠠᠭ᠎ᠠ︾᠂ ︽ᠲᠠᠩᠰᠤᠭ︾᠂ ︽ᠨᠤᠮᠢᠨ ᠲᠠᠯ᠎ᠠ︾᠂ ︽ᠲᠤᠶᠠᠭ᠎ᠠ︾ ᠵᠡᠷᠭᠡ 28 ᠴᠠᠭᠠᠨ ᠢᠳᠡᠭᠡᠨ ᠤ ᠲᠡᠯᠭᠡᠬᠦᠷ ᠤᠨ ᠦᠢᠯᠡᠳᠪᠦᠷᠢᠯᠡᠭᠰᠡᠨ ᠴᠠᠭᠠᠨ ᠢᠲᠡᠭᠡᠨ ᠳᠤ ᠬᠤᠪᠢ ᠤᠯᠭᠤᠵᠦ᠂ ᠬᠠᠮᠤᠭ ᠤᠨ ᠡᠴᠦᠰ ᠲᠤ᠂ ᠨᠢᠭᠡᠲᠤᠭᠡᠷ ᠨᠡᠷᠡᠰ ᠲᠤ 4᠂ ᠬᠤᠶᠠᠲᠤᠭᠠᠷ ᠨᠡᠷᠡᠰ ᠲᠤ 8᠂ ᠭᠤᠷᠪᠠᠲᠤᠭᠠᠷ ᠨᠡᠷᠡᠰ ᠲᠤ 16 ᠴᠠᠭᠠᠨ ᠢᠳᠡᠭᠡᠨ ᠢ ᠰᠢᠯᠭᠠᠷᠠᠭᠤᠯᠵᠤ᠂ ᠲᠤᠰ ᠲᠤᠰ ᠱᠠᠩᠨᠠᠨ ᠬᠦᠬᠢᠬᠦᠯᠦᠭᠰᠠᠨ ᠪᠠᠶᠢᠨ᠎ᠠ᠃ ᠡᠬᠦᠨ ᠤ ᠬᠠᠮᠲᠦ ᠴᠠᠭᠠᠨ ᠢᠲᠡᠭᠡᠨ ᠡᠵᠡᠩᠨᠡᠨ ᠪᠤᠷᠤᠯᠠᠭᠤᠯᠵᠦ ᠪᠠᠶᠢᠭ᠎ᠠ 5 ᠴᠠᠭᠠᠨ ᠢᠲᠡᠭᠡᠨ ᠤ ᠲᠡᠯᠭᠡᠬᠦᠷ ᠤᠨ ᠡᠵᠡᠨᠲᠡᠨ ᠳᠤ ︽ᠭᠠᠲᠠᠭᠰᠢ ᠵᠠᠬ᠎ᠠ ᠲᠡᠯᠭᠡᠬᠦᠷ ᠨᠡᠭᠡᠭᠡᠭᠰᠠᠨ ᠴᠢᠲᠠᠪᠤᠷᠢᠲᠠᠨ︾᠂ ︽ᠴᠠᠭᠠᠨ ᠢᠲᠡᠭᠡᠨ ᠤ ᠤᠶᠢᠯᠡᠰ ᠲᠤ ᠢᠲᠡᠪᠬᠢᠲᠡᠢ ᠬᠤᠪᠢ ᠨᠡᠮᠡᠷᠢ ᠦᠵᠡᠬᠦᠯᠤᠭ᠍ᠰᠠᠨ ᠴᠢᠲᠠᠪᠤᠷᠢᠲᠠᠨ︾ ᠤ ᠱᠠᠩᠨᠠᠯ ᠤᠯᠭᠤᠵᠤ᠂ ᠤᠷᠤᠯᠴᠠᠬᠰᠠᠨ ᠪᠦᠬᠦ ᠬᠦᠮᠦᠰ ᠲᠤ ᠵᠤᠷᠢᠭᠵᠢᠭᠤᠯᠤᠯ ᠤᠨ ᠱᠠᠩᠨᠠᠯ ᠭᠠᠷᠲᠠᠭᠤᠯᠤᠬᠰᠠᠨ ᠪᠢᠯᠡ᠃ ᠲᠤᠰ ᠤᠲᠠᠭᠠᠨ ᠤ ᠠᠲᠠᠯᠢᠳᠬᠠᠨ ᠰᠢᠯᠭᠠᠷᠠᠭᠤᠯᠤᠯᠲᠠ ᠳᠤ ᠴᠠᠭᠠᠨ ᠢᠳᠡᠭᠡᠨ ᠡᠵᠡᠩᠨᠡᠨ ᠪᠤᠷᠤᠯᠠᠭᠤᠯᠵᠦ ᠪᠠᠶᠢᠭ᠎ᠠ 56 ᠡᠷᠤᠬᠡ ᠤᠷᠤᠯᠴᠠᠬᠰᠠᠨ ᠪᠦᠭᠡᠳ ᠤᠯᠠᠩᠬᠢ ᠨᠢ ᠬᠤᠶᠠᠷ ᠠᠴᠠ ᠲᠡᠭᠡᠭᠰᠢ ᠳ᠋ᠠᠩ ᠲᠦᠷᠤᠯ ᠤᠨ ᠤᠷᠤᠯᠲᠤᠭᠠᠨ ᠳᠤ ᠤᠷᠤᠯᠴᠠᠭᠰᠠᠨ ᠶᠤᠮ᠃ ᠴᠠᠭᠠᠨ ᠢᠳᠡᠭᠡᠨ ᠤ ᠨᠠᠶᠢᠷ ᠨᠢ ᠭᠤᠷᠪᠠᠳᠡᠬᠢ ᠤᠲᠠᠭ᠎ᠠ ᠪᠠᠨ ᠶᠠᠪᠤᠭᠲᠠᠵᠦ ᠪᠠᠶᠢᠭ᠎ᠠ ᠪᠤᠯᠪᠠᠴᠦ᠂ ᠲᠤᠰ ᠤᠲᠠᠭᠠᠨ ᠤ ᠨᠠᠶᠢᠷ ᠨᠢ ᠬᠦᠷᠢᠶ᠎ᠡ ᠬᠡᠪᠴᠢᠶᠡᠵᠢᠯ ᠢᠶᠠᠷ ᠦᠷᠭᠡᠨ᠂ ᠵᠤᠬᠢᠶᠠᠨ ᠪᠠᠶᠢᠭᠤᠯᠤᠯᠲᠠ ᠨᠢ ᠡᠷᠴᠢᠮᠳᠡᠢ ᠪᠤᠯᠵᠦ ᠴᠢᠲᠠᠭᠰᠠᠨ ᠮᠦᠷᠳᠡᠭᠡᠨ ᠤᠯᠠᠨ ᠤ ᠢᠲᠡᠪᠬᠢᠵᠢᠯ ᠢ ᠲᠠᠶᠢᠴᠢᠯᠠᠵᠤ᠂ ᠴᠠᠬᠠᠷ ᠨᠤᠲᠤᠭ ᠤᠨ ᠤᠨᠴᠠᠯᠢᠭᠲᠤ ᠴᠠᠭᠠᠨ ᠢᠲᠡᠭᠡᠨ ᠤ ᠦᠨᠤᠷ ᠠᠮᠲᠠ᠂ ᠦᠩᠭᠡ ᠴᠢᠨᠠᠷ ᠢ ᠪᠠᠲᠤᠯᠠᠨ ᠰᠠᠶᠢᠵᠢᠷᠠᠭᠤᠯᠬᠤ᠂ ᠴᠠᠭᠠᠨ ᠢᠲᠡᠭᠡᠨ ᠤ ᠰᠤᠶᠤᠯ ᠢ ᠤᠯᠠᠮᠵᠢᠯᠠᠨ ᠬᠦᠭᠵᠢᠬᠦᠯᠬᠦ᠂ ᠴᠠᠭᠠᠨ ᠢᠳᠡᠭᠡᠨ ᠤ ᠠᠵᠦ ᠦᠢᠯᠡᠰ ᠲᠤ ᠵᠠᠬ᠎ᠠ ᠲᠡᠯᠭᠡᠬᠦᠷ ᠨᠡᠭᠡᠭᠡᠬᠦ ᠳᠤ ᠪᠦᠷ ᠲᠦᠯᠬᠢᠴᠡ ᠦᠢᠯᠡᠲᠦᠯ ᠦᠵᠡᠬᠦᠯᠦᠭᠰᠡᠨ ᠶᠤᠮ᠃ ᠲᠤᠰ ᠠᠵᠢᠯᠯᠠᠭ᠎ᠠ ᠶᠢ ᠡᠷᠴᠢᠮᠲᠠᠢ᠂ ᠦᠷ᠎ᠡ ᠠᠰᠢᠭᠲᠠᠢ᠂ ᠨᠦᠯᠤᠭᠡ ᠲᠤᠰᠬᠠᠯ ᠲᠠᠢ᠂ ᠲᠦᠷᠢᠮᠵᠢᠯ ᠲᠠᠢ ᠰᠠᠶᠢᠬᠠᠨ ᠶᠠᠪᠤᠭᠲᠠᠭᠤᠯᠬᠤ ᠶᠢᠨ ᠲᠤᠰᠠᠲᠠ᠂ ᠬᠦᠪᠡᠬᠡᠲᠦ ᠰᠢᠷ᠎ᠠ ᠬᠤᠰᠢᠭᠤᠨ ᠤ ᠨᠠᠮ ᠵᠠᠰᠠᠭ ᠠᠴᠠ ᠬᠤᠷᠠᠯ ᠬᠤᠷᠠᠯᠲᠤᠭᠤᠯᠵᠦ᠂ ᠲᠤᠰᠬᠠᠢ ᠰᠡᠲᠤᠪ ᠢᠶᠠᠷ ᠶᠠᠷᠢᠯᠴᠠᠨ᠂ ᠪᠠᠶᠢᠴᠠᠭᠠᠨ ᠰᠤᠲᠤᠯᠤᠯᠲᠠ ᠬᠢᠵᠤ᠂ ᠬᠤᠰᠢᠭᠤᠨ ᠤ ᠪᠠᠨ ᠪᠠᠭ᠎ᠠ ᠵᠢᠵᠢᠭ ᠠᠵᠤ ᠠᠬᠤᠶᠢᠯᠠᠯ ᠤᠨ ᠬᠤᠲᠠᠯᠲᠤᠭᠠᠨ ᠤ ᠡᠪᠯᠡᠯ ᠤᠨ ᠤᠯᠠᠮᠵᠢᠯᠠᠯᠲᠤ ᠴᠠᠭᠠᠨ ᠢᠲᠡᠭᠡᠨ ᠤ ᠤᠶᠢᠯᠡᠰ ᠤᠨ ᠬᠤᠪᠢᠶᠠᠷᠢ ᠨᠡᠶᠢᠭᠡᠮᠯᠢᠭ ᠲᠠᠢ ᠬᠠᠮᠵᠢᠯᠴᠠᠨ᠂ 2 ᠭᠠᠷᠠᠭ ᠤᠨ ᠡᠮᠤᠨ᠎ᠡ ᠠᠴᠠ ᠲᠤᠰ ᠠᠵᠢᠯᠯᠠᠭ᠎ᠠ ᠶᠢᠨ ᠪᠡᠯᠡᠳᠬᠡᠯ ᠠᠵᠢᠯ ᠢ ᠡᠬᠢᠯᠡᠬᠦᠯᠦᠭᠰᠡᠨ ᠪᠠᠶᠢᠲᠠᠭ᠃ ᠬᠤᠶᠠᠷ ᠡᠲᠦᠷ ᠦᠷᠬᠦᠯᠵᠢᠯᠡᠭᠰᠡᠨ ᠴᠠᠭᠠᠨ ᠢᠳᠡᠭᠡᠨ ᠤ ᠨᠠᠶᠢᠷ ᠨᠢ ᠮᠠᠯᠴᠢᠳ ᠲᠤ ᠲᠤᠷᠰᠢᠯᠭ᠎ᠠ ᠪᠠᠨ ᠰᠤᠯᠢᠯᠴᠠᠬᠤ ᠲᠠᠪᠴᠠᠩ ᠪᠤᠯᠵᠦ᠂ ᠪᠦᠬᠦ ᠬᠤᠰᠢᠭᠤᠨ ᠤ ᠴᠠᠭᠠᠨ ᠢᠲᠡᠭᠡᠨ ᠤ ᠠᠵᠤ ᠤᠶᠢᠯᠠᠰ ᠤᠨ ᠡᠷᠡᠬᠦᠯ ᠬᠦᠭᠵᠢᠯᠲᠡ ᠳᠤ ᠵᠤᠬᠢᠶᠠᠨ ᠪᠠᠶᠢᠭᠤᠯᠤᠯᠲᠠ ᠶᠢᠨ ᠲᠠᠯ᠎ᠠ ᠪᠠᠷ ᠬᠢ ᠪᠠᠲᠤᠯᠠᠭ᠎ᠠ ᠬᠠᠨᠭ᠍ᠭᠠᠵᠦ᠂ ᠴᠠᠭᠠᠨ ᠢᠲᠡᠭᠡᠨ ᠤ ᠤᠶᠢᠯᠡᠰ ᠤᠨ ᠭᠤᠷᠪᠠᠲᠤᠭᠠᠷ ᠠᠵᠤ ᠤᠶᠢᠯᠡᠰ ᠲᠠᠬᠢ ᠬᠤᠪᠢ ᠶᠢᠨ ᠵᠢᠩ ᠢ ᠨᠡᠮᠡᠭᠳᠡᠬᠦᠯᠵᠦ᠂ ᠬᠤᠲᠠ ᠤᠷᠤᠭᠰᠠᠨ ᠮᠠᠯᠴᠢᠳ ᠲᠤ ᠤᠷᠤᠯᠭ᠎ᠠ ᠪᠠᠨ ᠨᠡᠮᠡᠭᠳᠡᠬᠦᠯᠬᠦ ᠰᠠᠶᠢᠨ ᠠᠷᠭ᠎ᠠ ᠵᠠᠮ ᠵᠢᠭᠠᠵᠦ ᠦᠭᠬᠦᠭᠰᠡᠨ ᠪᠢᠯᠡ᠃ ︽ᠪᠤᠷᠠᠮ︾ ᠬᠠᠶᠢᠷᠠᠯᠠᠬᠤ ᠪᠠᠷ ᠤᠷᠮ᠎ᠠ ᠬᠠᠶᠢᠷᠠᠯᠠᠪᠠ 2015 ᠤᠨ ᠠᠴᠠ ᠡᠬᠢᠯᠡᠵᠤ᠂ ᠬᠦᠪᠡᠬᠡᠲᠦ ᠰᠢᠷ᠎ᠠ ᠬᠤᠰᠢᠭᠤ ᠨᠢ ᠴᠠᠭᠠᠨ ᠢᠲᠡᠭᠡᠨ ᠤ ᠠᠵᠤ ᠤᠶᠢᠯᠡᠰ ᠢ ᠬᠤᠲᠠ ᠤᠷᠤᠭᠰᠠᠨ ᠮᠠᠯᠴᠢᠳ ᠤᠨ ᠤᠷᠤᠯᠭ᠎ᠠ ᠶᠢᠨ ᠨᠡᠮᠡᠭᠲᠠᠯ ᠢ ᠠᠬᠢᠭᠤᠯᠬᠤ᠂ ᠤᠷᠤᠨ ᠨᠤᠲᠤᠭ ᠤᠨ ᠤᠨᠴᠠᠯᠢᠭᠲᠤ ᠭᠤᠤᠯᠲᠠᠯᠭᠠᠲᠤ ᠠᠵᠤ ᠤᠶᠢᠯᠡᠰ ᠢᠶᠠᠷ ᠠᠳᠬᠤᠬᠤ ᠪᠤᠯᠤᠭᠰᠠᠨ ᠢᠶᠠᠷ ᠰᠠᠭᠠᠯᠢ ᠶᠢᠨ ᠦᠨᠢᠶ᠎ᠡ ᠮᠠᠯᠵᠢᠬᠤ ᠠᠴᠠ ᠮᠠᠯ ᠤᠨ ᠠᠰᠢᠬ ᠰᠢᠮ᠎ᠡ ᠶᠢ ᠪᠤᠯᠪᠠᠰᠤᠷᠠᠭᠤᠯᠬᠤ ᠬᠦᠷᠳᠡᠯ᠎ᠡ ᠪᠦᠷ ᠨᠢᠭᠡ ᠢᠵᠢ ᠲᠦᠷᠤ ᠶᠢᠨ ᠪᠤᠲᠤᠯᠭ᠎ᠠ ᠶᠢᠨ ᠴᠢᠨᠠᠷᠲᠠᠢ ᠲᠦᠷᠢᠮ ᠲᠤᠭᠲᠠᠭᠠᠯ ᠭᠠᠷᠭᠠᠬᠰᠠᠨ ᠪᠠᠶᠢᠲᠠᠭ᠃ ᠲᠤᠬᠠᠶᠢᠯᠠᠪᠠᠯ᠂ ᠵᠠᠰᠠᠭ ᠤᠨ ᠤᠷᠲᠤᠨ ᠠᠴᠠ ᠵᠢᠬᠡᠯᠡᠯᠬᠡ ᠶᠢᠨ ᠬᠦᠤ ᠮᠦᠩᠬᠦ ᠶᠢ ᠨᠢ ᠤᠷᠤᠯᠠᠨ ᠲᠤᠰᠢᠶᠠᠬᠤ᠂ ᠴᠠᠭᠠᠨ ᠢᠲᠡᠭᠡᠨ ᠤ ᠤᠶᠢᠯᠡᠰ ᠡᠷᠬᠢᠯᠡᠵᠤ ᠪᠠᠶᠢᠭ᠎ᠠ ᠬᠦᠮᠤᠰ ᠢ ᠭᠠᠲᠠᠭᠰᠢ ᠲᠤᠭᠤᠷᠢᠨ ᠰᠤᠷᠤᠯᠴᠠᠭᠤᠯᠬᠤ᠂ ᠲᠤᠰᠬᠠᠢ ᠮᠡᠷᠭᠡᠵᠢᠯᠲᠠᠨ ᠵᠠᠯᠠᠵᠤ ᠬᠢᠴᠢᠶᠠᠯ ᠲᠠᠶᠢᠯᠤᠮᠵᠢ ᠬᠢᠯᠭᠡᠬᠦ ᠵᠡᠷᠭᠡ ᠠᠯᠢ ᠤᠯᠠᠨ ᠲᠡᠮᠵᠢᠯᠬᠡ ᠶᠢᠨ ᠲᠦᠷᠦ ᠶᠢᠨ ᠪᠤᠲᠤᠯᠭ᠎ᠠ ᠠᠷᠭ᠎ᠠ ᠬᠡᠮᠵᠢᠶ᠎ᠡ ᠨᠢ ᠬᠤᠲᠠ ᠤᠷᠤᠭᠰᠠᠨ ᠮᠠᠯᠴᠢᠳ ᠤᠨ ᠴᠠᠭᠠᠨ ᠢᠳᠡᠭᠡᠨ ᠤ ᠦᠢᠯᠡᠰ ᠡᠷᠬᠢᠯᠡᠬᠦ ᠢᠳᠡᠪᠬᠢᠵᠢᠯ ᠢ ᠶᠡᠭᠡ ᠪᠠᠷ ᠲᠡᠭᠡᠭᠰᠢᠯᠡᠬᠦᠯᠦᠭᠰᠡᠨ ᠪᠠᠶᠢᠨ᠎ᠠ᠃ ᠢᠯᠠᠩᠭᠤᠶ᠎ᠠ ᠡᠨᠡ ᠵᠢᠯ ᠬᠦᠪᠡᠭᠡᠲᠦ ᠰᠢᠷ᠎ᠠ ᠬᠤᠰᠢᠭᠤ ᠨᠢ ᠭᠠᠲᠠᠨ᠎ᠠ ᠠᠴᠠ ᠰᠢᠯᠢᠲᠡᠭ ᠡᠬᠦᠯᠳᠡᠷ ᠤᠨ ᠰᠠᠭᠠᠯᠢ ᠶᠢᠨ ᠦᠨᠢᠶ᠎ᠡ ᠶᠢ 63 ᠤᠷᠤᠭᠤᠯᠵᠤ᠂ ᠰᠢᠨᠡᠪᠤᠯᠠᠭ ᠪᠠᠯᠭᠠᠰᠤᠨ ᠤ ᠤᠶᠢᠷ᠎ᠠ ᠬᠠᠪᠢ ᠶᠢᠨ ᠰᠠᠭᠠᠯᠢ ᠶᠢᠨ ᠦᠨᠢᠶ᠎ᠡ ᠮᠠᠯᠵᠢᠵᠤ ᠪᠠᠶᠢᠬᠤ ᠠᠶᠢᠯ ᠡᠷᠤᠬᠡ ᠳᠤ ᠨᠠᠶᠢᠲᠠᠨ ᠮᠠᠯᠵᠢᠭᠤᠯᠤᠬᠰᠠᠨ ᠪᠦᠬᠡᠳ ᠬᠤᠲᠠ ᠤᠷᠤᠵᠤ ᠤᠶᠢᠯᠡᠰ ᠡᠷᠬᠢᠯᠡᠭᠡ ᠶᠠᠲᠠᠭᠤ ᠬᠦᠴᠢᠷᠳᠡᠯᠲᠠᠢ ᠡᠷᠤᠭᠡ ᠶᠢ ᠲᠡᠳᠬᠦᠨ ᠲᠡᠮᠵᠢᠬᠦ ᠡᠬᠦᠲᠡᠨ ᠠᠴᠠ ᠦᠨᠢᠶ᠎ᠡ ᠪᠦᠷᠢ ᠠᠴᠠ ᠵᠢᠯ ᠳᠡᠭᠡᠨ ᠵᠦᠪᠭᠡᠨ 1800 — 2000 ᠲᠦᠬᠦᠷᠢᠭ ᠤᠨ ᠲᠠᠲᠠᠪᠤᠷᠢ ᠠᠪᠬᠤ ᠪᠠᠷ ᠲᠤᠭᠲᠠᠬᠰᠠᠨ ᠪᠠᠶᠢᠨ᠎ᠠ᠃ ᠡᠬᠦᠨ ᠠᠴᠠ ᠭᠠᠲᠠᠨ᠎ᠠ᠂ ᠦᠨᠲᠦᠰᠦᠳᠡᠨ ᠤ ᠤᠨᠴᠠᠯᠢᠭ ᠪᠠ ᠤᠷᠤᠨ ᠨᠤᠲᠤᠭ ᠤᠨ ᠤᠨᠴᠠᠯᠢᠭ ᠢ ᠬᠦᠢᠴᠡᠳ ᠬᠠᠷᠠᠭᠤᠯᠤᠬᠰᠠᠨ ᠬᠦᠪᠡᠭᠡᠲᠦ ᠰᠢᠷ᠎ᠠ ᠬᠤᠰᠢᠭᠤᠨ ᠤ ︽ᠤᠯᠠᠮᠵᠢᠯᠠᠯᠲᠤ ᠴᠠᠭᠠᠨ ᠢᠲᠡᠭᠡᠨ ᠤ ᠠᠵᠤ ᠤᠶᠢᠯᠡᠰ ᠤᠨ ᠲᠤᠭᠤᠷᠢᠭ︾ ᠤᠲᠤ ᠶᠠᠭ ᠰᠠᠶᠢᠬᠠᠨ ᠪᠦᠲᠦᠭᠡᠨ ᠪᠠᠶᠢᠭᠤᠯᠬᠤ ᠱᠠᠲᠦᠨ ᠳᠠᠭᠠᠨ ᠪᠤᠢ᠃ ᠲᠤᠰ ᠲᠤᠭᠤᠷᠢᠭ ᠢᠶᠠᠨ ᠢᠲᠡᠭᠡᠨ ᠤᠮᠲᠠᠭᠠᠨ ᠢ ᠡᠳ᠋ᠰᠢᠬᠦᠯᠵᠦ ᠪᠤᠯᠪᠠᠰᠤᠷᠠᠭᠤᠯᠬᠤ ᠤᠯᠤᠰ ᠤᠨ ᠪᠠᠷᠢᠮᠵᠢᠶ᠎ᠡ ᠪᠠᠷ ᠲᠦᠰᠤᠪᠯᠡᠨ ᠵᠠᠰᠠᠨ ᠴᠢᠮᠡᠭᠯᠡᠵᠤ ᠪᠠᠶᠢᠬᠤ ᠪᠦᠭᠡᠳ ᠨᠢᠭᠡᠲᠤᠭᠡᠷ ᠠᠯᠬᠤᠮ ᠳᠤ ᠨᠦᠬᠦᠴᠡᠯ ᠱᠠᠭᠠᠷᠲᠠᠯᠭ᠎ᠠ ᠳᠤ ᠦᠨᠲᠤᠰᠤᠨ ᠳᠡᠭᠡᠨ ᠨᠡᠶᠢᠴᠡᠬᠦ 50 ᠡᠷᠤᠬᠡ ᠶᠢ ᠤᠷᠤᠭᠤᠯᠬᠤ ᠪᠠᠷ ᠴᠠᠭ ᠢ ᠵᠠᠪᠲᠤᠨ ᠪᠦᠲᠤᠭᠡᠨ ᠪᠠᠶᠢᠭᠤᠯᠵᠦ ᠪᠤᠢ᠃ ᠲᠤᠰ ᠵᠡᠬᠡᠯᠢ ᠨᠢ ᠠᠰᠢᠬᠯᠠᠯᠲᠠ ᠳᠤ ᠤᠷᠤᠪᠠᠯ᠂ ᠬᠦᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠦᠢᠯᠡᠰ ᠤᠨ ᠬᠦᠭᠵᠢᠯᠳᠡ ᠪᠠ ᠰᠤᠶᠤᠯ ᠵᠢᠭᠤᠯᠴᠢᠯᠠᠯ ᠤᠨ ᠠᠭᠤᠰᠤᠯᠴᠠᠯ ᠬᠦᠭᠵᠢᠯᠳᠠ ᠳᠤ ᠲᠦᠯᠬᠢᠴᠡ ᠦᠢᠯᠡᠲᠦᠯ ᠦᠵᠡᠬᠦᠯᠬᠦ ᠨᠢ ᠯᠠᠪᠲᠠᠢ᠃ ᠴᠠᠭᠠᠨ ᠢᠳᠡᠭᠡᠨ ᠤ ᠠᠵᠤ ᠤᠶᠢᠯᠡᠰ ᠤᠨ ᠴᠢᠨᠠᠷᠯᠢᠭ ᠬᠦᠭᠵᠢᠯᠲᠠ ᠶᠢᠨ ᠶᠠᠷᠢᠯᠴᠠᠭᠠᠨ ᠤ ᠲᠡᠪᠴᠠᠩ ᠳᠤ᠂ ᠰᠢᠯᠢ ᠶᠢᠨ ᠭᠤᠤᠯ ᠠᠵᠢᠯ ᠮᠡᠷᠭᠡᠵᠢᠯ ᠤᠨ ᠲᠡᠭᠡᠲᠤ ᠰᠤᠷᠭᠠᠭᠤᠯᠢ ᠶᠢᠨ ᠪᠠᠭᠰᠢ᠂ ᠰᠢᠯᠢ ᠶᠢᠨ ᠭᠤᠤᠯ ᠠᠶᠢᠮᠠᠭ ᠤᠨ ᠤᠯᠠᠮᠵᠢᠯᠠᠯᠲᠤ ᠴᠠᠭᠠᠨ ᠢᠲᠡᠭᠡᠨ ᠤ ᠨᠡᠶᠢᠭᠡᠮᠯᠢᠭ ᠤᠨ ᠲᠠᠷᠤᠭ᠎ᠠ ᠤᠯᠠᠭᠠᠨᠴᠡᠴᠡᠭ ᠪᠤᠯᠤᠨ ᠦᠪᠤᠷ ᠮᠤᠩᠭᠤᠯ ᠤᠨ ᠲᠡᠷᠢᠶᠠᠯᠠᠩ ᠤᠨ ᠶᠡᠭᠡ ᠰᠤᠷᠭᠠᠭᠤᠯᠢ ᠶᠢᠨ ᠢᠲᠡᠭᠡᠨ ᠤ ᠰᠢᠨᠵᠢᠯᠡᠬᠦ ᠤᠬᠠᠭᠠᠨ ᠬᠢᠭᠡᠳ ᠢᠨᠵᠧᠨᠧᠷᠢᠩ ᠤᠨ ᠲᠡᠭᠡᠲᠤ ᠰᠤᠷᠭᠠᠭᠤᠯᠢ ᠶᠢᠨ ᠫᠷᠤᠹᠧᠰᠰᠤᠷ ᠮᠦᠩᠬᠡᠪᠢᠯᠢᠭ ᠨᠠᠷ ᠠᠴᠠ ᠴᠠᠭᠠᠨ ᠢᠳᠡᠭᠡᠨ ᠤ ᠰᠤᠶᠤᠯ ᠢ ᠤᠯᠠᠮᠵᠢᠯᠠᠨ ᠬᠦᠭᠵᠢᠬᠦᠯᠬᠦ᠂ ᠴᠠᠭᠠᠨ ᠢᠳᠡᠭᠡᠨ ᠢ ᠠᠵᠦ ᠦᠢᠯᠡᠰᠵᠢᠬᠦᠯᠦᠨ ᠬᠦᠭᠵᠢᠬᠦᠯᠬᠦ ᠲᠤᠬᠠᠢ ᠶᠠᠷᠢᠶ᠎ᠠ ᠲᠠᠯᠪᠢᠵᠦ᠂ ᠤᠯᠤᠰ ᠤᠨ ᠲᠤᠲᠤᠭᠠᠲᠤ ᠭᠠᠲᠠᠭᠠᠲᠤ ᠶᠢᠨ ᠴᠠᠭᠠᠨ ᠢᠳᠡᠭᠡᠨ ᠤ ᠤᠶᠢᠯᠡᠰ ᠤᠨ ᠬᠦᠭᠵᠢᠯᠳᠡ ᠶᠢᠨ ᠪᠠᠶᠢᠲᠠᠯ ᠲᠠᠢ ᠤᠶᠠᠯᠲᠤᠭᠤᠯᠤᠨ ᠤᠯᠠᠮᠵᠢᠯᠠᠯᠲᠦ ᠴᠠᠭᠠᠨ ᠢᠳᠡᠭᠡᠨ ᠤ ᠦᠢᠯᠡᠰ ᠢ ᠬᠡᠷᠬᠢᠨ ᠬᠦᠭᠵᠢᠬᠦᠯᠬᠦ ᠲᠤᠬᠠᠢ ᠦᠵᠡᠯ ᠪᠤᠲᠤᠯ ᠢᠶᠠᠨ ᠰᠤᠯᠢᠯᠴᠠᠯ᠎ᠠ᠃ ︽ᠬᠤᠶᠢᠰᠢᠲᠠ ᠶᠢᠨ ᠠᠵᠢᠯ ᠳᠠᠭᠠᠨ ᠪᠢᠳᠡ ᠪᠦᠬᠦ ᠬᠤᠰᠢᠭᠤᠨ ᠤ ᠰᠦᠨ ᠤ ᠤᠶᠢᠯᠡᠰ ᠤᠨ ᠬᠦᠭᠵᠢᠯᠲᠠ ᠶᠢᠨ ᠦᠷ᠎ᠡ ᠪᠦᠲᠤᠭᠡᠯ ᠢᠶᠠᠨ ᠬᠦᠢᠴᠡᠳ ᠨᠤᠲᠠᠯᠠᠵᠤ᠂ ᠤᠲᠤᠬᠠᠨ ᠤ ᠤᠷᠤᠰᠢᠵᠤ ᠪᠠᠶᠢᠭ᠎ᠠ ᠠᠰᠠᠭᠤᠲᠠᠯ ᠬᠢᠭᠡᠳ ᠬᠦᠷᠤᠯᠴᠡᠬᠦ ᠦᠭᠡᠢ ᠲᠠᠯ᠎ᠠ ᠪᠠᠨ ᠬᠦᠢᠴᠡᠳ ᠲᠠᠨᠢᠵᠦ᠂ ᠰᠢᠯᠢᠲᠡᠭ ᠴᠢᠨᠠᠷ ᠲᠠᠢ ᠰᠦᠨ ᠤ ᠢᠷᠡᠯᠲᠡ ᠶᠢ ᠪᠠᠲᠤᠯᠠᠵᠦ᠂ ᠤᠶᠢᠯᠡᠳᠪᠤᠷᠢᠯᠡᠵᠤ ᠪᠤᠷᠤᠯᠠᠭᠤᠯᠬᠤ ᠶᠠᠪᠤᠴᠠ ᠶᠢ ᠲᠦᠷᠢᠮᠵᠢᠬᠦᠯᠦᠨ᠂ ᠵᠠᠬ᠎ᠠ ᠲᠡᠯᠭᠡᠬᠦᠷ ᠢᠶᠠᠨ ᠢᠲᠡᠪᠬᠢᠲᠡᠢ ᠦᠷᠭᠡᠳᠬᠡᠵᠦ᠂ ᠠᠵᠤ ᠤᠶᠢᠯᠡᠰ ᠤᠨ ᠬᠦᠭᠵᠢᠯᠲᠠ ᠶᠢᠨ ᠲᠦᠯᠬᠢᠴᠠ ᠬᠦᠴᠤᠨ ᠢ ᠴᠢᠩᠭᠠᠳᠬᠠᠨ᠎ᠠ︾ ᠭᠡᠵᠦ ᠬᠦᠪᠡᠭᠡᠲᠦ ᠰᠢᠷ᠎ᠠ ᠬᠤᠰᠢᠭᠤᠨ ᠤ ᠨᠠᠮ ᠤᠨ ᠬᠤᠷᠢᠶᠠᠨ ᠤ ᠱᠦᠵᠢ ᠲᠠᠪᠰᠢᠯᠲᠤ ᠨᠦᠬᠦᠷ ᠪᠦᠬᠦ ᠬᠤᠰᠢᠭᠤᠨ ᠤ ᠴᠠᠭᠠᠨ ᠢᠲᠡᠭᠡᠨ ᠤ ᠦᠢᠯᠡᠰ ᠤᠨ ᠤᠲᠤᠬᠢ ᠪᠠᠶᠢᠲᠠᠯ ᠳᠠᠭᠠᠨ ᠵᠠᠲᠠᠯᠤᠯᠲᠠ ᠬᠢᠵᠦ ᠬᠤᠶᠢᠰᠢᠲᠠ ᠶᠢᠨ ᠬᠦᠭᠵᠢᠯᠳᠡ ᠶᠢᠨ ᠢᠶᠠᠨ ᠲᠤᠬᠠᠢ ᠢᠡᠭᠬᠢᠵᠦ ᠶᠠᠷᠢᠯ᠎ᠠ᠃ ᠰᠢᠯᠢᠲᠡᠭ ᠡᠬᠦᠯᠲᠡᠷ ᠤᠨ ᠰᠠᠭᠠᠯᠢ ᠶᠢᠨ ᠦᠨᠢᠶ᠎ᠡ ᠲᠡᠵᠢᠭᠡᠨ ᠦᠷᠡᠵᠢᠬᠦᠯᠬᠦ ᠬᠡᠪᠴᠢᠶ᠎ᠡ ᠪᠠᠨ ᠦᠷᠭᠡᠳᠬᠡᠵᠤ᠂ ᠦᠨᠲᠤᠷ ᠤᠨᠠᠯᠲᠠᠲᠤ ᠪᠤᠷᠲᠤᠭᠠᠨ ᠰᠠᠭᠤᠷᠢᠨ ᠭᠠᠵᠠᠷ ᠤᠨ ᠪᠠᠲᠤᠯᠠᠭ᠎ᠠ ᠶᠢᠨ ᠴᠢᠲᠠᠪᠤᠷᠢ ᠪᠠᠨ ᠲᠡᠭᠡᠭᠰᠢᠯᠡᠬᠦᠯᠤᠨ᠎ᠠ︔ ᠲᠡᠵᠢᠭᠡᠯ ᠪᠤᠷᠲᠤᠭ᠎ᠠ ᠤᠶᠢᠯᠡᠳᠪᠤᠷᠢᠯᠡᠬᠦ ᠠᠵᠤ ᠠᠬᠤᠶᠢᠯᠠᠯ ᠤᠨ ᠲᠤᠭᠲᠠᠭᠤᠨ ᠬᠦᠭᠵᠢᠯᠲᠠ ᠶᠢ ᠪᠠᠲᠤᠯᠠᠵᠤ᠂ ︽ᠴᠠᠭᠠᠨ ᠢᠲᠡᠭᠡᠨ︾ ᠤ ᠨᠢᠭᠡᠲᠤᠯᠲᠡᠢ ᠲᠠᠸᠠᠷ ᠤᠨ ᠲᠡᠮᠲᠡᠭ ᠢ ᠲᠠᠩᠰᠠᠯᠠᠭᠤᠯᠤᠨ᠎ᠠ︔ ᠴᠠᠭᠠᠨ ᠢᠳᠡᠭᠡᠨ ᠤ ᠦᠢᠯᠡᠰ ᠢ ᠵᠢᠭᠤᠯᠴᠢᠯᠠᠯ ᠤᠨ ᠤᠶᠢᠯᠡᠰ ᠲᠠᠢ ᠠᠭᠤᠰᠤᠯᠴᠠᠭᠤᠯᠤᠨ ᠬᠦᠭᠵᠢᠬᠦᠯᠵᠦ᠂ ᠴᠠᠭᠠᠨ ᠢᠲᠡᠭᠡᠨ ᠤ ᠵᠡᠭᠡᠯᠢ ᠪᠠ ᠴᠠᠭᠠᠨ ᠢᠲᠡᠭᠡᠨ ᠪᠤᠯᠪᠠᠰᠤᠷᠠᠭᠤᠯᠣᠨ ᠪᠤᠷᠤᠯᠠᠭᠤᠯᠬᠤ ᠪᠠᠷ ᠭᠤᠤᠯ ᠪᠤᠯᠭᠠᠭᠰᠠᠨ ᠶᠠᠲᠠᠭᠤ ᠶᠢ ᠲᠡᠳᠬᠦᠬᠦ ᠠᠵᠤ ᠤᠶᠢᠯᠡᠰ ᠤᠨ ᠲᠤᠭᠤᠷᠢᠭ ᠤᠨ ᠪᠦᠲᠤᠭᠡᠨ ᠪᠠᠶᠢᠭᠤᠯᠤᠯᠲᠠ ᠶᠢ ᠲᠦᠷᠭᠡᠳᠭᠡᠨ᠎ᠠ︔ ᠴᠠᠭᠠᠨ ᠢᠲᠡᠭᠡᠨ ᠤ ᠪᠤᠭᠤᠲᠠᠯ ᠪᠠᠭᠯᠠᠭ᠎ᠠ ᠶᠢ ᠤᠯᠠᠮ ᠨᠠᠷᠢᠯᠢᠭᠵᠢᠭᠤᠯᠤᠨ᠂ ᠴᠠᠭᠠᠨ ᠢᠲᠡᠭᠡᠨ ᠤ ᠰᠢᠷᠢᠰ ᠪᠦᠲᠤᠭᠡᠭᠲᠡᠬᠦᠨ ᠢ ᠦᠢᠯᠡᠳᠪᠦᠷᠢᠯᠡᠨ᠎ᠠ ᠁ ᠴᠠᠭᠠᠨ ᠢᠳᠡᠭᠡᠨ ᠤ ᠠᠵᠤ ᠤᠶᠢᠯᠡᠰ ᠤᠨ ᠴᠢᠨᠠᠷᠯᠢᠭ ᠬᠦᠭᠵᠢᠯᠲᠠ ᠶᠢᠨ ᠶᠠᠷᠢᠯᠴᠠᠭᠠᠨ ᠤ ᠲᠡᠪᠴᠠᠩ ᠨᠢ ᠰᠦᠨ ᠤ ᠢᠷᠡᠯᠳᠡ ᠠᠴᠠ ᠦᠢᠯᠡᠳᠪᠦᠷᠢᠯᠡᠵᠦ ᠪᠤᠯᠪᠠᠰᠤᠷᠠᠭᠤᠯᠬᠤ᠂ ᠪᠤᠭᠤᠲᠠᠯ ᠪᠠᠭᠯᠠᠭ᠎ᠠ ᠳᠤ ᠬᠦᠷᠳᠡᠯ᠎ᠡ ᠨᠠᠷᠢᠨ ᠨᠢᠬᠲᠠ ᠲᠦᠯᠦᠪᠯᠡᠭᠡ ᠲᠤᠭᠲᠠᠭᠠᠨ᠂ ᠴᠠᠭᠠᠨ ᠢᠳᠡᠭᠡᠨ ᠤ ᠦᠢᠯᠡᠰ ᠤᠨ ᠬᠦᠭᠵᠢᠯᠳᠡ ᠳᠤ ᠨᠢᠬᠡᠨ ᠲᠤᠲᠤᠷᠬᠠᠢ ᠬᠠᠷᠠᠯᠲᠠ ᠲᠤᠭᠲᠠᠭᠠᠵᠦ ᠦᠭᠬᠦᠭᠰᠡᠨ ᠪᠢᠯᠡ᠃ ᠠᠷᠭ᠎ᠠ ᠨᠢ ᠵᠦᠪ ᠪᠤᠯ ᠠᠮᠵᠢᠯᠲᠠ ᠨᠢ ᠲᠡᠬᠦᠯᠳᠡᠷ 2015 ᠤᠨ ᠠᠴᠠ ᠬᠦᠪᠡᠭᠡᠲᠦ ᠰᠢᠷ᠎ᠠ ᠬᠤᠰᠢᠭᠤ ᠨᠢ ᠴᠠᠭᠠᠨ ᠢᠳᠡᠭᠡᠨ ᠤ ᠠᠵᠦ ᠦᠢᠯᠡᠰ ᠲᠤ ᠪᠡᠯᠡ ᠮᠦᠡᠭᠬᠦ ᠶᠢᠨ ᠲᠡᠮᠵᠢᠯᠬᠡ ᠦᠵᠡᠬᠦᠯᠵᠦ ᠡᠬᠢᠯᠡᠭᠰᠡᠨ ᠶᠤᠮ᠂ ᠤᠲᠤᠬᠠᠨ ᠪᠤᠯᠲᠠᠯ᠎ᠠ ᠬᠤᠰᠢᠭᠤᠨ ᠤ ᠠᠵᠢᠯ ᠤᠯᠭᠤᠬᠤ ᠲᠤᠪᠴᠢᠶᠠᠨ ᠠᠴᠠ ᠪᠤᠯᠪᠠᠰᠣᠷᠠᠯ ᠬᠦᠷᠲᠡᠭᠡᠬᠦ ᠪᠠᠷ ᠲᠠᠮᠵᠢᠨ᠂ 2 ᠵᠢᠯ ᠤᠨ ᠬᠤᠭᠤᠴᠠᠭᠠᠲᠤ ᠬᠦᠤ ᠦᠭᠡᠢ ᠵᠢᠭᠡᠯᠡᠯᠭᠡ ᠮᠦᠩᠬᠦ ᠶᠢ 427 ᠲᠦᠮᠡᠨ ᠲᠦᠬᠦᠷᠢᠭ ᠲᠡᠯᠪᠢᠵᠤ᠂ ᠴᠠᠭᠠᠨ ᠢᠳᠡᠭᠡᠨ ᠤ ᠠᠵᠦ ᠦᠢᠯᠡᠰ ᠡᠷᠬᠢᠯᠡᠵᠦ ᠪᠠᠶᠢᠭ᠎ᠠ 52 ᠡᠷᠤᠬᠡ ᠶᠢᠨ ᠪᠡᠯᠡ ᠮᠦᠡᠭᠬᠦᠨ ᠤ ᠬᠦᠴᠢᠷᠲᠡᠯ ᠢ ᠰᠢᠢᠳᠪᠦᠷᠢᠯᠡᠵᠦ ᠦᠭᠬᠦᠭᠰᠡᠨ ᠪᠠᠶᠢᠨ᠎ᠠ᠃ ᠡᠬᠦᠨ ᠤ ᠬᠠᠮᠲᠦ ︽ᠮᠠᠯᠴᠢᠨ ᠠᠶᠢᠯ + ᠭᠡᠷ ᠪᠦᠯᠢ ᠶᠢᠨ ᠮᠠᠯᠵᠢᠯ ᠤᠨ ᠲᠠᠯᠠᠪᠠᠢ ︵ᠬᠤᠷᠰᠢᠶᠠᠵᠢᠯ︶ + ᠲᠠᠭᠠᠭᠤᠯᠤᠭᠴᠢ ᠠᠵᠤ ᠠᠬᠤᠶᠢᠯᠠᠯ + ᠢᠲᠡᠭᠡᠨ ᠤᠮᠲᠠᠭᠠᠨ ᠤ ᠰᠤᠶᠤᠯ ᠤᠨ ᠲᠤᠭᠤᠷᠢᠭ︾ ᠤᠨ ᠵᠠᠬᠪᠦᠷ ᠢᠶᠠᠷ᠂ ︽ᠢᠨᠲ᠋ᠧᠷ ᠰᠦᠯᠵᠢᠶ᠎ᠡ + ᠴᠠᠭᠠᠨ ᠢᠲᠡᠭᠡᠨ︾ ᠤ ᠬᠦᠭᠵᠢᠯᠲᠠ ᠶᠢᠨ ᠰᠢᠨ᠎ᠡ ᠬᠡᠯᠪᠡᠷᠢ ᠪᠠᠷ᠂ ᠪᠦᠬᠦ ᠬᠤᠰᠢᠭᠤᠨ ᠤ ᠴᠠᠭᠠᠨ ᠢᠲᠡᠭᠡᠨ ᠤ ᠦᠢᠯᠡᠰ ᠢ ᠱᠠᠲᠤ ᠬᠤᠪᠢᠶᠠᠨ ᠲᠠᠶᠢᠴᠢᠯᠠᠨ ᠲᠠᠭᠠᠭᠤᠯᠵᠤ᠂ ᠴᠤᠯᠤ ᠪᠠᠶᠢᠭᠠᠯᠢᠯᠢᠭ ᠴᠠᠭᠠᠨ ᠢᠲᠡᠭᠡᠨ ᠤ ᠵᠠᠬ᠎ᠠ ᠲᠡᠯᠭᠡᠬᠦᠷ ᠤᠨ ᠪᠤᠷᠤᠯᠠᠭᠤᠯᠭ᠎ᠠ ᠶᠢᠨ ᠵᠠᠮ ᠢᠶᠠᠨ ᠢᠲᠡᠭ ᠢᠲᠡᠭ ᠢᠶᠠᠷ᠂ ᠠᠯᠬᠤᠮ ᠲᠠᠷᠠᠭ᠎ᠠ ᠲᠠᠢ ᠦᠷᠭᠡᠳᠬᠡᠵᠤ ᠢᠷᠡᠭᠰᠠᠨ ᠶᠤᠮ᠃ ︽ᠠᠷᠭ᠎ᠠ ᠨᠢ ᠵᠦᠪ ᠪᠤᠯ ᠠᠮᠵᠢᠯᠲᠠ ᠨᠢ ᠲᠡᠬᠦᠯᠲᠡᠷ︾ ᠭᠡᠲᠡᠭᠴᠢᠯᠡᠨ᠂ ᠤᠬᠤᠷᠬᠠᠨ ᠬᠡᠲᠦᠨ ᠵᠢᠯ ᠤᠨ ᠴᠢᠷᠮᠠᠶᠢᠯᠭ᠎ᠠ ᠪᠠᠷ ᠲᠡᠮᠵᠢᠨ᠂ ᠬᠦᠪᠡᠭᠡᠲᠤ ᠰᠢᠷ᠎ᠠ ᠬᠤᠰᠢᠭᠤ ᠶᠢᠨ ᠴᠠᠭᠠᠨ ᠢᠲᠡᠭᠡᠨ ᠤ ᠤᠶᠢᠯᠡᠰ ᠬᠦᠮᠤᠨ ᠵᠤᠨ ᠤ ᠪᠠᠨ ᠰᠡᠳᠬᠢᠯ ᠳᠤ ᠬᠦᠷᠴᠤ᠂ ᠬᠤᠰᠢᠭᠤ ᠠᠴᠠ ᠠᠶᠢᠮᠠᠭ᠂ ᠠᠶᠢᠮᠠᠭ ᠠᠴᠠ ᠤᠷᠤᠨ᠂ ᠤᠷᠤᠨ ᠠᠴᠠ ᠪᠦᠬᠦ ᠤᠯᠤᠰ ᠤᠨ ᠡᠯ᠎ᠡ ᠭᠠᠵᠠᠷ ᠲᠤ ᠬᠦᠷᠳᠡᠯ᠎ᠡ ᠪᠤᠷᠤᠯᠠᠭᠤᠯᠤᠬᠲᠠᠵᠦ᠂ ᠬᠦᠪᠡᠭᠡᠲᠦ ᠰᠢᠷ᠎ᠠ ᠬᠤᠰᠢᠭᠤ ᠶᠢᠨ ᠨᠢᠬᠡᠨ ᠬᠦᠮᠦᠰ ᠤᠨ ᠠᠩᠬᠠᠷᠤᠯ ᠢ ᠲᠠᠲᠠᠮᠠᠷ ︽ᠨᠡᠷ᠎ᠡ ᠶᠢᠨ ᠬᠠᠭᠤᠲᠠᠰᠦ︾ ᠪᠤᠯᠤᠬᠰᠠᠨ ᠪᠢᠯᠡ᠃ ᠪᠦᠷᠢᠳᠬᠡᠯ ᠢ ᠦᠨᠲᠦᠰᠦᠯᠡᠪᠡᠯ᠂ ᠤᠲᠤ ᠪᠦᠬᠦ ᠬᠤᠰᠢᠭᠤᠨ ᠳᠤ ᠴᠠᠭᠠᠨ ᠢᠲᠡᠭᠡᠨ ᠤ ᠠᠵᠤ ᠤᠶᠢᠯᠡᠰ ᠡᠷᠬᠢᠯᠡᠵᠤ ᠪᠠᠶᠢᠬᠤ ᠡᠷᠤᠬᠡ 234 ︵ᠡᠬᠦᠨ ᠳᠤ 2 ᠠᠵᠤ ᠠᠬᠤᠶᠢᠯᠠᠯ᠂ 2 ᠲᠤᠰᠬᠠᠢ ᠬᠤᠷᠰᠢᠶ᠎ᠠ᠂ ᠤᠶᠢᠯᠡᠳᠪᠤᠷᠢᠯᠡᠵᠤ ᠪᠤᠷᠤᠯᠠᠭᠤᠯᠬᠤ ᠶᠢ ᠨᠢᠭᠡ ᠴᠤᠭᠴᠠᠵᠢᠭᠤᠯᠤᠭᠰᠠᠨ 160 ᠡᠷᠤᠬᠡ ᠪᠠ ᠴᠠᠭᠠᠨ ᠢᠲᠡᠭᠡᠨ ᠤ ᠪᠦᠲᠤᠭᠡᠭᠲᠡᠬᠦᠨ ᠢ ᠪᠤᠷᠤᠯᠠᠭᠤᠯᠬᠤ ᠵᠦᠪᠰᠢᠶᠡᠷᠡᠯ ᠤᠨ ᠲᠡᠮᠲᠡᠭ ᠲᠠᠢ ᠭᠡᠲᠤ ᠲᠡᠯᠭᠡᠬᠦᠷ 66 ᠡᠷᠤᠬᠡ ᠪᠤᠢ︶ ᠪᠠᠶᠢᠵᠤ᠂ ᠡᠲᠤᠷ ᠲᠤ 2.5 ᠲᠤᠨ ᠰᠢᠨ᠎ᠡ ᠰᠤᠷᠭᠤᠭ ᠴᠠᠭᠠᠨ ᠢᠲᠡᠭᠡ ᠡᠳ᠋ᠰᠢᠬᠦᠯᠵᠤ ᠪᠤᠯᠪᠠᠰᠤᠷᠠᠭᠤᠯᠵᠦ ᠪᠠᠶᠢᠨ᠎ᠠ᠃ ᠬᠦᠪᠡᠭᠡᠲᠦ ᠰᠢᠷ᠎ᠠ ᠬᠤᠰᠢᠭᠤᠨ ᠤ ᠤᠨᠴᠠ ᠭᠠᠷᠤᠯᠲᠠ ᠪᠤᠯᠬᠤ ᠰᠢᠷᠬᠤᠰᠤᠨ ᠤ ᠰᠢᠬᠢᠷ ᠢ ᠴᠤ ᠡᠲᠦᠷ ᠲᠤ ᠮᠢᠩᠭ᠎ᠠ ᠭᠠᠷᠤᠢ ᠵᠢᠩ ᠪᠤᠯᠪᠠᠰᠤᠷᠠᠭᠤᠯᠵᠦ ᠪᠠᠶᠢᠨ᠎ᠠ᠃ ᠰᠢᠷᠬᠤᠰᠤᠨ ᠰᠢᠬᠢᠷ ᠭᠡᠵᠦ ᠶᠠᠷᠢᠬᠤ ᠳᠤ ᠬᠦᠪᠡᠬᠡᠲᠦ ᠰᠢᠷ᠎ᠠ ᠬᠤᠰᠢᠭᠤᠨ ᠤ ᠬᠠᠶᠠᠭᠲᠠᠮᠠᠯ ᠰᠢᠷ᠎ᠠ ᠤᠰᠤ ᠶᠢ ︽ᠬᠠᠰ ᠡᠷᠲᠡᠨᠢ︾ ᠪᠤᠯᠭᠠᠭᠰᠠᠨ ᠴᠢᠲᠠᠪᠤᠷᠢᠲᠠᠨ ᠭᠡᠵᠦ ᠨᠤᠲᠤᠭ ᠤᠰᠤᠨ ᠳᠠᠭᠠᠨ ᠨᠡᠷ᠎ᠡ ᠠᠯᠲᠠᠷᠰᠢᠭᠰᠠᠨ ᠶᠡᠷᠡᠨᠲᠤᠶᠠᠭ᠎ᠠ ᠨᠦᠬᠦᠷ ᠢ ᠭᠡᠷᠬᠢᠨ ᠤᠷᠬᠢᠬᠲᠠᠭᠤᠯᠵᠦ ᠪᠤᠯᠬᠤ ᠪᠢᠯᠡ᠃ ᠲᠡᠬᠦᠨ ᠤ ᠡᠵᠡᠩᠨᠡᠵᠦ ᠪᠠᠶᠢᠭ᠎ᠠ ︽ᠪᠠᠶᠠᠵᠢᠨ᠎ᠠ︾ ᠴᠠᠭᠠᠨ ᠢᠳᠡᠭᠡᠨ ᠤ ᠲᠡᠯᠭᠡᠬᠦᠷ ᠨᠢ ᠡᠲᠤᠷ ᠲᠤ 300 ᠭᠠᠷᠤᠢ ᠵᠢᠩ ᠤᠨ ᠰᠦ ᠪᠠᠷ ᠬᠤᠷᠤᠳ᠂ ᠪᠢᠰᠢᠯᠠᠬ ᠪᠠ ᠰᠢᠷᠬᠤᠰᠤᠨ ᠰᠢᠬᠢᠷ ᠬᠢᠳᠡᠭ ᠪᠠᠶᠢᠨ᠎ᠠ᠂ ᠤᠲᠤ ᠲᠡᠬᠦᠨ ᠤ ᠰᠢᠷᠬᠤᠰᠤᠨ ᠰᠢᠬᠢᠷ ᠤᠨ ᠵᠢᠯ ᠤᠨ ᠴᠡᠪᠡᠷ ᠤᠷᠤᠯᠭ᠎ᠠ ᠨᠢ 30 ᠲᠦᠮᠡ ᠭᠠᠷᠤᠢ ᠬᠦᠷᠦᠭᠰᠡᠨ ᠪᠠᠶᠢᠨ᠎ᠠ᠃ ᠵᠦᠪᠭᠡᠨ ᠶᠡᠷᠡᠨᠲᠤᠶᠠᠭ᠎ᠠ ᠶᠢᠨ ᠲᠡᠯᠭᠡᠬᠦᠷ ᠯᠡ ᠪᠢᠰᠢ᠂ ᠤᠲᠤ ᠲᠤᠰ ᠬᠤᠰᠢᠭᠤᠨ ᠤ ᠴᠠᠭᠠᠨ ᠢᠲᠡᠭᠡᠨ ᠤ ᠠᠵᠤ ᠤᠶᠢᠯᠠᠰ ᠢ ᠨᠡᠯᠢᠶᠡᠳ ᠶᠡᠭᠡ ᠬᠡᠪᠴᠢᠶᠡᠵᠢᠬᠦᠯᠤᠨ ᠡᠵᠡᠩᠨᠡᠵᠤ ᠪᠠᠶᠢᠬᠤ 2 ᠠᠵᠤ ᠠᠬᠤᠶᠢᠯᠠᠯ ᠠᠴᠠ ᠭᠠᠲᠠᠨ᠎ᠠ᠂ ᠪᠠᠰᠠ ︽ᠡᠷᠲᠡᠨᠢ︾᠂ ︽ᠲᠠᠩᠰᠤᠭ︾᠂ ︽ᠠᠩᠬᠢᠷ︾᠂ ︽ᠤᠩᠭᠤᠨ ᠬᠤᠨᠢᠴᠢᠨ︾᠂ ︽ᠲᠠᠶᠠᠭᠠᠷ︾᠂ ︽ᠲᠠᠭᠠᠲᠠᠢ︾᠂ ︽ᠢᠪᠡᠭᠡᠯᠲᠡᠢ︾᠂ ︽ᠤᠨᠲᠤᠷᠤᠯ︾ ᠵᠡᠷᠭᠡ ᠴᠠᠭᠠᠨ ᠢᠲᠡᠭᠡᠨ ᠤ ᠲᠡᠯᠭᠡᠬᠦᠷ ᠤᠳ ᠤᠨ ᠵᠢᠯ ᠤᠨ ᠴᠡᠪᠡᠷ ᠤᠷᠤᠯᠭ᠎ᠠ ᠨᠢ ᠪᠦᠷ 20 ᠲᠦᠮᠡ ᠶᠢ ᠲᠠᠪᠠᠵᠤ ᠪᠤᠢ᠃ ᠡᠲᠤᠷ ᠲᠤ ᠪᠠᠷᠤᠭ 3000 ᠵᠢᠩ ᠰᠦ ᠡᠳ᠋ᠰᠢᠬᠦᠯᠦᠨ ᠪᠤᠯᠪᠠᠰᠤᠷᠠᠭᠤᠯᠵᠤ ᠪᠠᠶᠢᠭ᠎ᠠ ᠦᠯᠵᠡᠢ ᠶᠢᠨ ᠡᠷᠬᠢᠯᠡᠵᠤ ᠪᠠᠶᠢᠬᠤ ︽ᠨᠤᠮᠢᠨ ᠲᠠᠯ᠎ᠠ︾᠂ ᠭᠡᠷᠡᠯᠲᠤ ᠨᠠᠷᠠᠩᠭᠤᠸ᠎ᠠ ᠶᠢᠨ ᠡᠷᠬᠢᠯᠡᠵᠤ ᠪᠠᠶᠢᠬᠤ ︽ᠲᠠᠯ᠎ᠠ ᠨᠤᠲᠤᠭ ᠤᠨ ᠦᠨᠤᠷ ᠠᠮᠲᠠ︾ ᠵᠡᠷᠭᠡ ᠴᠠᠭᠠᠨ ᠢᠲᠡᠭᠡᠨ ᠤ ᠲᠡᠯᠭᠡᠬᠦᠷ ᠤᠨ ᠴᠠᠪᠠᠷ ᠤᠷᠤᠯᠭ᠎ᠠ ᠨᠢ ᠵᠢᠯ ᠳᠤ 35 ᠠᠴᠠ 40 ᠲᠦᠮᠡᠨ ᠲᠦᠬᠦᠷᠢᠭ ᠲᠤ ᠬᠦᠷᠴᠤ ᠪᠤᠢ᠃ ᠬᠦᠪᠡᠭᠡᠲᠦ ᠰᠢᠷ᠎ᠠ ᠬᠤᠰᠢᠭᠤᠨ ᠤ ᠪᠤᠭᠲᠠ ᠶᠢᠨ ᠭᠤᠤᠯ ᠰᠤᠮᠣᠨ ᠤ ᠬᠦᠲᠤᠯ ᠤᠰᠤ ᠭᠠᠴᠠᠭ᠎ᠠ ᠪᠠᠷ ᠨᠤᠲᠤᠭ ᠲᠠᠢ ᠰᠠᠷᠠᠨᠴᠡᠴᠡᠭ ᠂ ᠰᠦᠨᠢᠳ ᠪᠠᠷᠠᠭᠤᠨ ᠬᠤᠰᠢᠭᠤᠨ ᠤ ᠲᠦᠪ ᠰᠠᠶᠢᠬᠠᠨᠲᠠᠯ᠎ᠠ ᠪᠠᠯᠭᠠᠰᠤᠨ ᠳᠤ ︽ᠲᠤᠷᠭᠠᠨ ᠴᠠᠬᠠᠷ︾ ᠴᠠᠭᠠᠨ ᠢᠲᠡᠭᠡᠨ ᠤ ᠲᠡᠯᠭᠡᠬᠦᠷ ᠡᠷᠬᠢᠯᠡᠨ᠂ ᠡᠲᠤᠷ ᠲᠤ 300 ᠵᠢᠩ ᠰᠦ ᠠᠪᠴᠤ ᠡᠳ᠋ᠰᠢᠬᠦᠯᠦᠨ ᠪᠤᠯᠪᠠᠰᠤᠷᠠᠭᠤᠯᠲᠠᠭ ᠪᠦᠬᠡᠳ ᠬᠦᠪᠡᠭᠡᠲᠦ ᠰᠢᠷ᠎ᠠ ᠬᠤᠰᠢᠭᠤᠨ ᠤ 5 ᠴᠠᠭᠠᠨ ᠢᠲᠡᠭᠡᠨ ᠤ ᠡᠷᠤᠬᠡ ᠲᠠᠢ ᠬᠤᠯᠪᠤᠭᠠᠯᠠᠨ ᠠᠵᠢᠯᠯᠠᠲᠠᠭ ᠪᠤᠯᠤᠬᠰᠠᠨ ᠠᠴᠠ ᠵᠢᠯ ᠤᠨ ᠴᠡᠪᠡᠷ ᠤᠷᠤᠯᠭ᠎ᠠ ᠨᠢ 40 ᠲᠦᠮᠡ ᠰᠢᠬᠠᠮ ᠲᠦᠬᠦᠷᠢᠭ ᠲᠤ ᠲᠤᠯᠵᠦ᠂ ᠦᠪᠤᠷ ᠮᠤᠩᠭᠤᠯ ᠤᠷᠤᠨ ᠤ ᠪᠠᠨ ᠵᠡᠬᠦᠨ ᠪᠡᠷᠡᠭᠤᠨ ᠭᠡᠰᠡᠭ ᠢ ᠬᠤᠯᠪᠤᠭᠰᠠᠨ ᠲᠤᠮᠤᠬᠠᠨ ᠭᠡᠭᠴᠢ ᠵᠠᠬ᠎ᠠ ᠲᠡᠯᠭᠡᠬᠦᠷ ᠲᠠᠢ ᠪᠤᠯᠵᠤ᠂ ᠪᠡᠭᠡᠵᠢᠩ᠂ ᠲᠢᠶᠠᠨᠵᠢᠨ ᠵᠡᠷᠭᠡ ᠲᠤᠮᠤ ᠬᠤᠲᠠ ᠶᠢᠨ ᠵᠠᠬ᠎ᠠ ᠲᠡᠯᠭᠡᠬᠦᠷ ᠲᠤ ᠴᠦ ᠬᠦᠯ ᠲᠠᠯᠪᠢᠵᠤ ᠡᠬᠢᠯᠡᠭᠰᠡᠨ ᠪᠠᠶᠢᠨ᠎ᠠ᠃ ᠲᠦᠷᠦ ᠶᠢᠨ ᠪᠤᠲᠤᠯᠭ᠎ᠠ ᠶᠢᠨ ᠲᠡᠮᠵᠢᠯᠬᠡ᠂ ᠲᠦᠮᠡᠨ ᠤᠯᠠᠨ ᠤ ᠴᠢᠷᠮᠠᠶᠢᠯᠭ᠎ᠠ ᠪᠠᠷ ᠬᠦᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠦᠢᠯᠡᠰ ᠤᠨ ᠴᠠᠭᠠᠨ ᠮᠦᠷ ᠢᠡᠭᠬᠢᠵᠦ ᠲᠤᠷᠠᠶᠢᠯ᠎ᠠ᠃ ᠵᠣᠬᠢᠶᠠᠭᠴᠢ᠄  ᠲᠠᠯᠠᠨᠪᠠᠶᠠᠷ

2        0       

                             13847524386      211429899@qq.com      13847524386   QQ  211429899 蒙ICP备17002503号-1