ᠡᠪᠦᠷ ᠲᠡᠮᠳ᠋ᠡᠭᠯᠡᠯ
ᠡᠪᠦᠷ ᠲᠡᠮᠳ᠋ᠡᠭᠯᠡᠯ
647
2024-08-28 11:35
发表于:内蒙古
1 ᠂ ᠭᠤᠷᠪᠠᠨ ᠵᠢᠯ ᠤᠨ ᠡᠮᠦᠨ᠎ᠡ ᠭᠤᠷᠪᠠᠨ ᠤᠴᠢᠷ ᠢ ᠮᠡᠳᠡᠵᠤ ᠴᠢᠳᠠᠪᠠᠯ ᠪᠤᠭᠳᠠ ᠨᠡᠷ᠎ᠡ ᠪᠡᠨ ᠤᠯᠵᠤ ᠪᠤᠯᠤᠨ᠎ᠠ ᠭᠡᠳᠡᠭ ᠃
2 ᠂ ᠡᠨᠡᠳᠬᠡᠭ ᠤᠨ ᠳᠤᠷᠵᠢᠳᠠᠩ ᠪᠤᠯ ᠪᠤᠷᠬᠠᠨ ᠱᠠᠰᠢᠨ ᠤ ᠡᠭᠦᠰᠦᠭᠰᠡᠨ ᠭᠠᠵᠠᠷ ᠮᠦᠨ ᠃ ᠲᠡᠭᠦᠨ ᠤ ᠠᠰ ᠡᠮᠦᠨ᠎ᠡ ᠵᠦᠭ ᠲᠤ ᠨᠢ ᠨᠠᠨ ᠬᠠᠢ ᠪᠤᠳᠠᠯᠠᠩ ᠪᠠᠢᠢᠵᠤ ᠂ ᠠᠰ ᠵᠡᠭᠦᠨᠳᠠᠢ ᠨᠢ ᠤᠳᠠᠢ ᠵᠠᠮᠪᠢᠶᠠᠩ ᠤᠨ ᠤᠷᠤᠨ ᠂ ᠠᠰ ᠪᠠᠷᠠᠭᠤᠨᠳᠠᠢ ᠨᠢ ᠤᠷᠠᠵᠢᠨ ᠬᠠᠩᠷᠠᠢᠮᠠ ᠤᠷᠤᠨ ᠂ ᠠᠰ ᠬᠤᠢᠢᠨ᠎ᠠ ᠨᠢ ᠱᠠᠮᠪᠠᠯ ᠤᠨ ᠤᠷᠤᠨ ᠪᠠᠢᠢᠳᠠᠭ ᠃
3 ᠂ ᠴᠠᠢ ᠪᠤᠴᠠᠯᠭᠠᠵᠤ ᠪᠠᠢᠢᠭᠠᠳ 81 ᠤᠳᠠᠭ᠎ᠠ ᠰᠠᠮᠠᠷᠠᠪᠠᠯ ᠴᠠᠢ ᠲᠤᠲᠤᠷ᠎ᠠ ᠪᠠᠢᠢᠭ᠎ᠠ ᠬᠤᠤᠷ᠎ᠠ ᠨᠢ ᠠᠷᠢᠯᠤᠨ ᠂ ᠤᠯᠠᠮ ᠠᠮᠳᠠᠳᠠᠢ ᠪᠤᠯᠤᠨ᠎ᠠ ᠭᠡᠳᠡᠭ ᠃
4 ᠂ ᠱᠠᠭᠵᠠᠮᠤᠨᠢ ᠭᠡᠷ ᠡᠴᠡ ᠪᠡᠨ ᠰᠠᠯᠵᠤ ᠂ ᠤᠢ ᠰᠢᠭᠤᠢ ᠳ᠋ᠦ ᠰᠠᠭᠤᠨ ᠂ ᠦᠬᠡᠷ ᠤᠨ ᠪᠠᠭᠠᠰᠤ ᠂ ᠮᠤᠳᠤᠨ ᠳᠤᠷᠤᠰᠤ ᠂ ᠵᠢᠮᠢᠰ ᠵᠡᠷᠭᠡ ᠵᠢ ᠢᠳᠡᠵᠦ ᠂ ᠬᠠᠯᠠ ᠵᠤᠪᠠᠯᠠᠩ ᠢ ᠬᠠᠨᠳᠠᠯ᠎ᠠ ᠠᠮᠰᠠᠨ ᠨᠤᠮ ᠪᠢᠰᠢᠯᠭᠠᠭᠰᠠᠨ ᠪᠤᠯᠪᠠᠴᠤ ᠪᠤᠷᠬᠠᠨ ᠬᠤᠳᠤᠭ ᠢ ᠤᠯᠵᠤ ᠳᠠᠢᠯᠤᠭᠰᠡᠨ ᠦᠭᠡᠢ ᠃ ᠵᠤᠷᠢᠭ ᠮᠤᠬᠤᠬᠤ ᠳ᠋ᠦ ᠬᠦᠷᠴᠦ ᠳᠤᠷᠵᠢᠳᠠᠩ ᠡᠴᠡ ᠤᠢᠢᠷᠠᠬᠠᠨ ᠭᠤᠤᠯ ᠤᠨ ᠤᠰᠤᠨ ᠳ᠋ᠦ ᠪᠡᠶ᠎ᠡ ᠤᠭᠠᠵᠤ ᠪᠠᠢᠢᠭᠠᠳ ᠦᠨᠢᠶ᠎ᠡ ᠰᠠᠭᠠᠳᠠᠭ ᠨᠢᠭᠡᠨ ᠦᠬᠢᠨ ᠲᠠᠢ ᠤᠴᠠᠷᠠᠪᠠ ᠃ ᠲᠡᠭᠡᠭᠡᠳ ᠲᠡᠷᠡ ᠦᠬᠢᠨ ᠤ ᠰᠦ ᠬᠦᠷᠭᠡᠵᠦ ᠢᠷᠡᠬᠦ ᠵᠡᠷᠭᠡ ᠡᠳ᠋ᠦᠷ ᠪᠦᠷᠢ ᠵᠢᠨ ᠬᠠᠯᠠᠭᠤᠨ ᠬᠠᠪᠰᠤᠷᠤᠯᠭ᠎ᠠ ᠳᠤᠤᠷ᠎ᠠ ᠳᠤᠷᠵᠢᠳᠠᠩ ᠳ᠋ᠦ ᠦᠷᠭᠦᠯᠵᠢᠯᠡᠨ ᠨᠤᠮ ᠪᠢᠰᠢᠯᠭᠠᠵᠤ ᠂ ᠵᠢᠷᠭᠤᠳᠤᠭᠠᠷ ᠡᠳ᠋ᠦᠷ ᠨᠢ ᠪᠤᠷᠬᠠᠨ ᠬᠤᠳᠤᠭ ᠢ ᠤᠯᠪᠠ ᠃
2
0