ᠰᠡᠳᠬᠢᠯ ᠠᠷᠢᠭᠤᠯᠠᠭᠰᠠᠨ ᠭᠤᠷᠪᠠᠨ ᠪᠤᠯᠠᠭ ᠮᠢᠨᠢ
ᠰᠡᠳᠬᠢᠯ ᠠᠷᠢᠭᠤᠯᠠᠭᠰᠠᠨ ᠭᠤᠷᠪᠠᠨ ᠪᠤᠯᠠᠭ ᠮᠢᠨᠢ
1251
2024-09-03 15:19
发表于:内蒙古
ᠰᠡᠳᠭᠢᠯ ᠠᠷᠢᠭᠤᠯᠠᠭᠰᠠᠨ ᠭᠤᠷᠪᠠᠨ ᠪᠤᠯᠠᠭ ᠮᠢᠨᠢ
ᠦᠭᠡ ᠠᠶ᠎ᠠ ᠄ ᠬᠠᠷᠬᠠᠳᠠᠨ ᠷ ᠂ ᠴᠢᠷᠮᠠᠢᠢᠯᠳᠤ
ᠬᠤᠭᠤᠷᠠᠬᠤ ᠡᠴᠡ ᠴᠦ ᠪᠢᠰᠢ ᠨᠤᠭᠤᠷᠠᠳᠠᠭ ᠦᠭᠡᠢ
ᠦᠯᠵᠡᠢᠢᠰᠦᠢᠮᠪᠦᠷ ᠤᠨ ᠤᠨᠠᠭᠠᠨ ᠪᠠᠭᠤᠴᠠ ᠲᠠᠢ
ᠬᠤᠪᠢᠷᠠᠬᠤ ᠡᠴᠡ ᠴᠦ ᠪᠢᠰᠢ
ᠬᠤᠴᠤᠷᠳᠠᠭ ᠦᠭᠡᠢ
ᠦᠵᠦᠭᠦᠷ ᠪᠠᠶᠠᠨ ᠤ ᠲᠠᠷᠬᠠᠨ ᠭᠤᠯᠤᠮᠳᠠ ᠲᠠᠢ
ᠬᠤᠷᠮᠤᠰᠲᠠ ᠡᠴᠡ ᠴᠦ ᠪᠢᠰᠢ ᠡᠵᠡᠨ ᠮᠦᠷᠭᠦᠯᠴᠢᠨ ᠤ
ᠠᠱᠠᠢ ᠵᠢᠨ ᠤᠪᠤᠭᠠᠨ ᠲᠠᠬᠢᠯᠭ᠎ᠠ ᠲᠠᠢ
ᠬᠤᠯᠠ ᠡᠴᠡ ᠴᠦ ᠪᠢᠰᠢ ᠡᠨᠡᠭᠡᠨ ᠬᠠᠷᠠᠭᠳᠠᠭ᠎ᠠ
ᠬᠤᠨᠢᠨ ᠬᠦᠳᠡᠭᠡ ᠪᠡᠯᠴᠢᠭᠡᠷ ᠲᠠᠢ
ᠭᠠᠯᠪᠠ ᠵᠢᠨ ᠶᠠᠰᠢᠨ ᠴᠠᠭ ᠡᠴᠡ ᠴᠦ
ᠠᠯᠳ᠋ᠠᠷ ᠵᠢᠡᠨ ᠤᠮᠠᠷᠲᠠᠭ᠎ᠠ ᠦᠭᠡᠢ ᠬᠦᠬᠡ ᠳᠡᠷᠡᠰᠦ ᠮᠢᠨᠢ
ᠭᠠᠩ ᠲᠠᠢ ᠴᠦᠪ ᠤᠨ ᠵᠢᠯ ᠤᠳ ᠵᠢᠡᠷ ᠴᠦ
ᠠᠶᠤᠤᠯᠢᠬᠠᠢ ᠪᠡᠨ ᠭᠠᠷᠭᠠᠭ᠎ᠠ ᠦᠭᠡᠢ ᠬᠦᠪ ᠤᠨ ᠵᠠᠳ᠋ᠠᠭᠠᠢ ᠮᠢᠨᠢ
ᠭᠠᠨᠵᠤᠭ᠎ᠠ ᠪᠠᠷ ᠢᠮᠠᠭᠳᠠ ᠲᠦᠭᠦᠷᠡᠩ ᠪᠠᠢᠢᠳᠠᠭ
ᠠᠩ ᠲᠠᠩᠰᠤᠭ ᠪᠠᠩᠵᠠᠨ ᠪᠠᠯᠠᠷ ᠮᠢᠨᠢ
ᠭᠠᠢᠢᠬᠠᠮᠰᠢᠭ ᠢ ᠦᠷᠭᠦᠯᠵᠢ ᠡᠮᠦᠨ᠎ᠡ ᠴᠢᠨᠢ ᠳᠡᠯᠭᠡᠳᠡᠭ
ᠠᠵᠢᠨᠠᠢ ᠬᠦᠯᠦᠭᠲᠦ ᠨᠢᠮ᠎ᠠ ᠵᠢᠨ ᠲᠠᠯ᠎ᠠ ᠮᠢᠨᠢ
ᠰᠡᠳᠬᠢᠯ ᠠᠷᠢᠭᠤᠯᠠᠭᠰᠠᠨ ᠭᠤᠷᠪᠠᠨ ᠪᠤᠯᠠᠭ ᠮᠢᠨᠢ ᠡ
ᠨᠤᠳᠤᠭ ᠮᠢᠨᠢ ᠰᠢᠦ
ᠢᠳᠡᠭᠡᠯ ᠠᠮᠢᠯᠠᠭᠰᠠᠨ ᠲᠠᠭᠱᠠᠨ ᠤᠷᠤᠨ ᠪᠢᠯᠡ
ᠬᠤᠳᠤᠭ ᠮᠢᠨᠢ ᠰᠢᠦ
ᠪᠦᠷᠬᠦᠭᠡᠷ ᠵᠠᠳ᠋ᠠᠭᠠᠢ ᠂ ᠮᠦᠩᠭᠦᠨ ᠠᠷᠤ ᠂ ᠵᠦᠯᠭᠡᠨ ᠰᠤᠪᠠᠭ ᠡ
ᠪᠦᠭᠦᠳ᠋ᠡ ᠤᠯᠡᠨ ᠤ ᠰᠠᠭᠤᠯᠳᠠᠢ ᠰᠠᠢᠢᠬᠠᠨ ᠤᠤᠭᠠᠯ ᠨᠤᠳᠤᠭ ᠰᠢᠦ
ᠪᠦᠯᠬᠦᠮᠳᠡᠨ ᠲᠡᠮᠡᠴᠡᠵᠦ ᠬᠠᠮᠳᠤᠪᠠᠷ ᠴᠤᠭᠴᠠᠯᠠᠬᠤ ᠠᠷᠢᠭᠤᠨ ᠦᠢᠯᠡᠰ ᠡ
ᠪᠦᠷᠢᠰᠤᠨ ᠡᠰᠡᠨᠢᠬᠦ ᠡᠷᠡᠨ ᠴᠠᠭ ᠤᠨ ᠴᠤᠬᠤᠮ ᠲᠤᠷᠠᠳᠬᠠᠯ ᠰᠢᠦ
︵ ᠲᠠᠬᠢᠯᠳᠠ ︶
0
0