ᠵᠢᠷᠦᠬᠡᠨ ᠰᠡᠢᠢᠯᠪᠦᠷᠢ ᠨᠤᠲᠤᠭ ᠰᠠᠨᠠᠭᠳᠠᠪᠠᠢ
ᠵᠢᠷᠦᠬᠡᠨ ᠰᠡᠢᠢᠯᠪᠦᠷᠢ ᠨᠤᠲᠤᠭ ᠰᠠᠨᠠᠭᠳᠠᠪᠠᠢ
434
2024-09-04 01:56
发表于:内蒙古
ᠵᠢᠷᠦᠬᠡᠨ ᠰᠠᠢᠢᠯᠪᠦᠷᠢ ᠨᠤᠳᠤᠭ ᠰᠠᠨᠠᠭᠳᠠᠪᠠᠢ
ᠦᠭᠡ ᠠᠶ᠎ᠠ ᠄ ᠬᠠᠷᠬᠠᠳᠠᠨ ᠷ ᠂ ᠴᠢᠷᠮᠠᠢᠢᠯᠳᠦ
ᠦᠴᠦᠭᠡᠳ᠋ᠦᠷ ᠢ ᠠᠴᠢᠭᠰᠠᠨ ᠦᠬᠡᠷ ᠬᠠᠰᠠᠭ ᠬᠦᠨᠳᠡᠯᠡᠨ ᠮᠠᠩᠬ᠎ᠠ ᠮᠢᠨᠢ
ᠦᠢᠮᠡᠭᠡᠨᠳᠦ ᠴᠠᠭ ᠤᠨ ᠦᠳᠡᠰᠢ ᠵᠢᠨ ᠪᠤᠯᠵᠤᠭ᠎ᠠ ᠪᠠᠯᠭᠤᠨ ᠬᠤᠭᠤᠯᠠᠢ ᠮᠢᠨᠢ
ᠦᠰᠬᠦ ᠵᠢᠭᠠᠯ ᠤᠳ ᠤᠨ ᠪᠤᠷᠭᠠᠰᠤᠨ ᠮᠤᠷᠢ ᠲᠤᠪᠤᠭ ᠤᠨ ᠴᠠᠢᠢᠳᠠᠮ ᠮᠢᠨᠢ
ᠦᠯᠦᠰᠬᠦ ᠵᠢᠨ ᠡᠷᠡᠨ ᠳ᠋ᠦ ᠬᠡᠰᠢᠭ ᠵᠢᠡᠨ ᠬᠠᠢᠢᠷᠠᠯᠠᠳᠠᠭ ᠠᠷᠴᠠᠨ ᠪᠠᠯᠠᠷ ᠮᠢᠨᠢ
ᠠᠷᠭᠠᠯ ᠬᠤᠷᠮᠤᠢᠢᠯᠠᠭᠰᠠᠨ ᠡᠵᠢ ᠵᠢᠨ ᠪᠠᠷ᠎ᠠ ᠬᠠᠳᠠᠭᠤ ᠵᠢᠨ ᠳᠡᠷᠡᠰᠦ ᠮᠢᠨᠢ
ᠠᠢᠢᠯ ᠳᠠᠮᠵᠢᠭᠰᠠᠨ ᠬᠤᠷᠠᠯ ᠤᠨ ᠵᠠᠷ ᠭᠤᠤᠯ ᠤᠨ ᠵᠠᠳ᠋ᠠᠭᠠᠢ ᠮᠢᠨᠢ
ᠠᠴᠢᠶ᠎ᠠ ᠬᠠᠵᠠᠢᠢᠭᠰᠠᠨ ᠬᠠᠮᠳᠤ ᠵᠢᠨ ᠤᠨᠤᠭ᠎ᠠ ᠴᠠᠭᠠᠨ ᠰᠢᠪᠠᠭᠤᠳᠤ ᠮᠢᠨᠢ
ᠠᠮᠢᠨ ᠬᠠᠢᠢᠷᠠᠳᠠᠢ ᠡᠯᠢᠭᠡᠨ ᠰᠠᠬᠢᠭᠤᠰᠤ ᠭᠠᠭᠴᠠ ᠬᠦᠪᠦᠩ ᠮᠢᠨᠢ
ᠵᠡᠭᠦᠳᠦᠨ ᠲᠠᠢᠢᠯᠪᠦᠷᠢ ᠬᠠᠳᠠᠭᠤ ᠤᠷᠤᠰᠢᠪᠠᠢ
ᠵᠢᠷᠦᠬᠡᠨ ᠰᠡᠢᠢᠯᠪᠦᠷᠢ ᠨᠤᠳᠤᠭ ᠰᠠᠨᠠᠭᠳᠠᠪᠠᠢ
ᠮᠠᠨᠵᠢᠨ ᠲᠦᠬᠦᠮ ᠵᠦᠷᠢᠭᠦᠦ ᠵᠠᠭ ᠬᠦᠷᠡᠩ ᠪᠤᠬᠠᠳᠤ ᠡ
ᠮᠠᠯᠴᠢᠨ ᠲᠦᠮᠡᠨ ᠪᠢᠳᠡᠨ ᠤ ᠰᠠᠭᠤᠯᠳᠠᠢ ᠰᠠᠢᠢᠬᠠᠨ ᠨᠤᠲᠤᠭ ᠰᠢᠦ
ᠮᠠᠰᠢᠨ ᠬᠦᠮᠦᠨ ᠲᠸᠩᠨᠢᠭ ᠮᠡᠷᠭᠡᠵᠢᠯ ᠤᠷᠴᠢᠯᠠᠩ ᠤᠨ ᠨᠢᠭᠤᠴᠠ ᠡ
ᠮᠠᠭᠠᠳ ᠢᠷᠡᠬᠦ ᠰᠢᠨ᠎ᠡ ᠡᠷᠡᠨ ᠤ ᠤᠨᠢᠰᠤᠭ᠎ᠠ ᠵᠢᠨ ᠬᠠᠷᠢᠭᠤᠯᠲᠠ ᠰᠢᠦ
︵ ᠲᠠᠬᠢᠯᠳᠠ ︶
0
0