ᠡᠪᠦᠯ ᠠᠢᠰᠤᠢ
ᠵᠦᠰᠡᠷ ᠰᠠᠯᠬᠢᠨ ᠤ
ᠰᠢᠷᠦᠭᠦᠨ ᠦᠯᠢᠶᠡᠯᠳᠡ ᠳᠦ
ᠵᠤᠷᠢᠭ ᠢᠶᠠᠨ ᠬᠦᠪᠴᠢᠯᠡᠵᠦ
ᠵᠤᠳ ᠰᠢᠭᠤᠷᠭᠠᠨ ᠤ
ᠬᠠᠳᠠᠭᠤ ᠴᠤᠬᠢᠯᠳᠠ ᠳᠤ
ᠬᠦᠴᠦᠨ ᠢᠶᠡᠨ ᠴᠢᠨᠭᠭᠠᠳᠬᠠᠵᠤ
ᠵᠡᠭᠡᠷ᠎ᠡ ᠪᠤᠭᠤ ᠶᠢᠨ
ᠬᠦᠴᠦᠳᠦ ᠲᠤᠭᠯᠠᠯᠳᠠ ᠳᠦ
ᠢᠳᠡᠭᠡᠯ ᠢᠶᠡᠨ ᠴᠢᠪᠠᠭᠳᠠᠵᠤ
ᠵᠢᠷᠤᠭ ᠤᠨ ᠶᠢᠷᠳᠢᠨᠴᠤ
ᠬᠦᠰᠡᠯ ᠦᠨ ᠲᠡᠯᠡᠬᠡᠢ
ᠬᠦᠭᠵᠢᠮᠳᠦ ᠡᠪᠦᠯ ᠠᠢᠰᠤᠢ
670
2024-10-11 12:43
发表于:内蒙古
ᠡᠪᠦᠯ ᠠᠶᠢᠰᠤᠢ
ᠪ ᠂ ᠠᠯᠳᠠᠨᠪᠠᠭᠠᠨ᠎ᠠ
ᠵᠦᠰᠡᠷ ᠰᠠᠯᠬᠢᠨ ᠤ
ᠰᠢᠷᠦᠭᠦᠨ ᠦᠯᠢᠶᠡᠯᠳᠡ ᠳᠦ
ᠵᠤᠷᠢᠭ ᠢᠶᠠᠨ ᠬᠦᠪᠴᠢᠯᠡᠵᠦ
ᠵᠤᠳ ᠰᠢᠭᠤᠷᠭᠠᠨ ᠤ
ᠬᠠᠳᠠᠭᠤ ᠴᠤᠬᠢᠯᠳᠠ ᠳᠤ
ᠬᠦᠴᠦᠨ ᠢᠶᠡᠨ ᠴᠢᠨᠭᠭᠠᠳᠬᠠᠵᠤ
ᠵᠡᠭᠡᠷ᠎ᠡ ᠪᠤᠭᠤ ᠶᠢᠨ
ᠬᠦᠴᠦᠳᠦ ᠲᠤᠭᠯᠠᠯᠳᠠ ᠳᠦ
ᠢᠳᠡᠭᠡᠯ ᠢᠶᠡᠨ ᠴᠢᠪᠠᠭᠳᠠᠵᠤ
ᠵᠢᠷᠤᠭ ᠤᠨ ᠶᠢᠷᠳᠢᠨᠴᠤ
ᠬᠦᠰᠡᠯ ᠦᠨ ᠲᠡᠯᠡᠬᠡᠢ
ᠬᠦᠭᠵᠢᠮᠳᠦ ᠡᠪᠦᠯ ᠠᠶᠢᠰᠤᠢ
ᠬᠦᠭᠵᠢᠯ ᠢᠶᠡᠷ ᠪᠢᠯᠬᠠᠭᠰᠠᠨ
ᠬᠡᠭᠡᠷ᠎ᠡ ᠲᠠᠯ᠎ᠠ ᠶᠢ
ᠬᠦᠬᠡ ᠦᠨᠭᠭᠡ ᠪᠡᠷ ᠴᠢᠮᠡᠭᠯᠡᠵᠦ
ᠬᠦᠦᠷᠨᠢᠯ ᠢᠶᠡᠷ ᠲᠦᠭᠦᠷᠡᠭᠰᠡᠨ
ᠬᠦᠳᠡᠭᠡ ᠨᠤᠳᠤᠭ ᠢ
ᠬᠦᠭᠵᠢᠮ ᠡᠭᠡᠰᠢᠭ ᠢᠶᠡᠷ ᠤᠶᠠᠨᠭᠭᠠᠷᠠᠭᠤᠯᠵᠤ
ᠬᠦᠪᠦᠯᠵᠡᠨ ᠰᠦᠨᠳᠡᠷᠯᠡᠬᠦ
ᠠᠭᠤᠯᠠᠰ ᠤᠨ ᠲᠡᠭᠡᠭᠦᠷ
ᠬᠦᠬᠡ ᠴᠠᠰᠤ ᠯᠠᠪᠰᠠᠵᠤ
ᠬᠠᠮᠤᠭ ᠰᠡᠭᠦᠯᠴᠢ ᠤᠯᠠᠷᠢᠯ
ᠬᠡᠬᠦᠳᠡᠭ ᠦᠨ ᠠᠮᠠᠷᠠᠭ
ᠬᠦᠬᠡᠭᠡ ᠡᠪᠦᠯ ᠠᠶᠢᠰᠤᠢ
ᠲᠡᠷᠳᠡᠭᠡ ᠬᠠᠷᠠᠭᠳᠠᠬᠤ
ᠠᠢᠯ ᠤᠨ ᠪᠠᠷ᠎ᠠ ᠶᠢ
ᠴᠢᠭᠯᠡᠨ ᠴᠢᠭᠯᠡᠨ ᠠᠯᠬᠤᠬᠤ ᠳᠤ
ᠲᠤᠰᠤ ᠮᠢᠬᠠᠨ ᠤ
ᠠᠮᠳᠠᠳᠤ ᠦᠨᠦᠷ
ᠲᠠᠯ᠎ᠠ ᠶᠢᠨ ᠭᠦᠨ ᠡᠴᠡ ᠰᠡᠨᠭᠭᠢᠨᠡᠨᠡ
ᠲᠡᠭᠷᠢ ᠳᠦ ᠨᠢᠰᠬᠦ
ᠲᠸᠭᠨᠢᠭ ᠨᠢᠰᠭᠡᠯ
ᠲᠦᠴᠢᠬᠢᠨᠡᠨ ᠬᠦᠷᠴᠢᠬᠢᠨᠡᠨ ᠰᠦᠯᠵᠢᠯᠳᠦᠬᠦ ᠳᠦ
ᠲᠠᠨᠭᠰᠤᠭ ᠵᠢᠯ ᠦᠨ
ᠲᠠᠭᠠᠯᠠᠮᠵᠢᠳᠦ ᠡᠪᠦᠯ
ᠲᠤᠯᠤᠭᠠᠳ ᠢᠷᠡᠭᠰᠡᠨ ᠢ ᠮᠡᠳᠡᠭᠡᠯᠡᠨ᠎ᠡ
ᠨᠠᠮᠤᠭ ᠤᠨ ᠮᠦᠰᠦᠨᠡ
ᠨᠠᠭᠠᠯᠢᠨᠭᠬᠠᠢ ᠬᠡᠤᠬᠡᠳ ᠦᠳ
ᠨᠠᠭᠠᠳᠤᠨ ᠴᠡᠨᠭᠬᠡᠨ ᠲᠡᠰᠢᠬᠦ ᠳᠤ
ᠨᠠᠢᠭᠤᠨ ᠲᠡᠨᠭᠬᠡᠢᠭᠰᠡᠨ
ᠠᠭᠤᠯᠠ ᠬᠠᠳᠠ
ᠨᠠᠢᠷᠰᠠᠭ ᠰᠡᠭᠦᠳᠡᠷ ᠢᠶᠡᠨ ᠬᠤᠷᠤᠢᠯᠠᠨ᠎ᠠ
ᠨᠠᠷᠠ ᠲᠠᠶ ᠰᠠᠷ᠎ᠠ ᠲᠠᠶ
ᠬᠤᠯᠠ ᠶᠢᠨ ᠲᠡᠭᠷᠢ
ᠬᠦᠳᠡᠩ ᠲᠠᠳᠠᠨ ᠲᠤᠨᠤᠷᠠᠬᠤ ᠳᠤ
ᠨᠠᠷᠮᠠᠢ ᠰᠠᠢᠬᠠᠨ
ᠬᠦᠬᠡᠬᠤᠳᠠ ᠶᠢᠨ ᠬᠤᠳᠤᠨᠭ᠌ ᠲᠤᠭᠤᠷᠢᠭ
ᠡᠪᠦᠯ ᠢᠶᠡᠨ ᠤᠭᠳᠤᠵᠤ ᠰᠡᠭᠦᠶᠢᠨᠡ ᠃
2024.10.8 ᠬᠦᠬᠡᠬᠤᠳᠠᠨ᠎ᠠ
5
0