ᠡᠭᠡᠯ ᠵᠢᠷ ᠬᠢᠭᠡᠳ ᠡᠷᠬᠢᠮ ᠲᠡᠭᠡᠳᠦ
ᠬᠦᠮᠦᠨ ᠲᠦᠷᠦᠯᠬᠢᠳᠡᠨ ᠳᠦ ᠡᠭᠡᠯ ᠵᠢᠷ ᠪᠠ ᠡᠷᠬᠢᠮ ᠲᠡᠭᠡᠳᠦ ᠶᠢᠨ ᠢᠯᠭᠠᠭ᠎ᠠ ᠭᠡᠵᠦ ᠪᠠᠢᠢᠳᠠᠭ ᠦᠭᠡᠢ ᠃ ᠭᠡᠳᠡᠯ᠎ᠡ ᠵᠠᠷᠢᠮ ᠬᠦᠮᠦᠨ ᠵᠡᠷᠭᠡ ᠵᠡᠭᠦᠵᠦ ᠵᠠᠬᠢᠷᠠᠬᠤ ᠬᠦᠴᠦᠨ ᠲᠠᠢ ᠶᠠᠪᠤᠭᠰᠠᠨ ᠢᠶᠠᠨ ᠬᠤᠪᠢ ᠪᠡᠶ᠎ᠡ ᠶᠢᠨ ᠢᠶᠡᠨ ᠴᠢᠳᠠᠯ ᠡᠷᠳᠡᠮ ᠭᠡᠵᠦ ᠦᠵᠡᠭᠡᠳ ᠬᠤᠪᠢ ᠶᠢᠨ ᠭᠠᠳᠠᠨ᠎ᠠ ᠶᠠᠨᠭᠪᠠ ᠲᠠᠳᠠᠵᠤ ᠬᠦᠮᠦᠨ ᠯᠠ ᠦᠵᠡᠪᠡᠯ ᠦᠪᠡᠷ ᠢ ᠪᠡᠨ ᠦᠯᠢᠶᠡᠨ ᠮᠠᠭᠳᠠᠵᠤ ᠂ ᠬᠢᠭᠰᠡᠨ ᠡᠳᠦᠢ ᠲᠡᠳᠦᠢ ᠠᠵᠢᠯ ᠢᠶᠠᠨ ᠴᠤ ᠭᠠᠪᠢᠶ᠎ᠠ ᠪᠤᠯᠭᠠᠨ ᠲᠤᠭᠠᠴᠢᠳᠠᠭ ᠃ ᠤᠯᠵᠠ ᠠᠰᠢᠭ ᠲᠤ ᠦᠬᠦᠨ ᠰᠢᠨᠤᠵᠤ ᠂ ᠡᠳᠦᠷᠵᠢᠨ ᠦᠷᠭᠡᠨ ᠤᠯᠠᠨ ᠠᠴᠠ ᠠᠴᠢ ᠬᠠᠷᠢᠭᠤᠯᠳᠠ ᠤᠯᠬᠤ ᠪᠠᠷ ᠰᠠᠨᠠᠳᠠᠭ᠃ ᠬᠠᠶᠠ ᠵᠠᠷᠢᠮ ᠨᠢ ᠪᠠᠰᠠ ᠵᠡᠷᠭᠡ ᠬᠡᠷᠬᠢᠮ ᠪᠠᠢᠢᠷᠢ ᠰᠠᠭᠤᠷᠢ ᠶᠢᠨ ᠢᠶᠡᠨ ᠲᠦᠭᠦᠮ ᠢ ᠠᠰᠢᠭᠯᠠᠵᠤ ᠠᠷᠠᠳ ᠤᠯᠠᠨ ᠤ ᠡᠳ᠋ ᠠᠰᠢᠭ ᠢ ᠱᠠᠮᠰᠢᠴᠢᠬᠠᠭᠠᠳ ᠢᠯᠵᠠᠷᠠᠨ ᠲᠤᠷᠤᠢᠢᠳᠠᠬᠤ ᠶᠢᠨ ᠲᠤᠢᠢᠯ ᠳᠤ ᠲᠤᠯᠵᠤ ᠦᠮᠡᠬᠡᠢᠢᠷᠡᠵᠦ ᠶᠠᠪᠤᠳᠠᠭ ᠃
717
2024-10-29 19:50
发表于:内蒙古
ᠪ᠂ ᠠᠯᠲᠠᠨᠪᠠᠭᠠᠨ᠎ᠠ
ᠬᠦᠮᠦᠨ ᠲᠦᠷᠦᠯᠬᠢᠳᠡᠨ ᠳᠦ ᠡᠭᠡᠯ ᠵᠢᠷ ᠪᠠ ᠡᠷᠬᠢᠮ ᠲᠡᠭᠡᠳᠦ ᠶᠢᠨ ᠢᠯᠭᠠᠭ᠎ᠠ ᠭᠡᠵᠦ ᠪᠠᠢᠢᠳᠠᠭ ᠦᠭᠡᠢ ᠃ ᠭᠡᠳᠡᠯ᠎ᠡ ᠵᠠᠷᠢᠮ ᠬᠦᠮᠦᠨ ᠵᠡᠷᠭᠡ ᠵᠡᠭᠦᠵᠦ ᠵᠠᠬᠢᠷᠠᠬᠤ ᠬᠦᠴᠦᠨ ᠲᠠᠢ ᠶᠠᠪᠤᠭᠰᠠᠨ ᠢᠶᠠᠨ ᠬᠤᠪᠢ ᠪᠡᠶ᠎ᠡ ᠶᠢᠨ ᠢᠶᠡᠨ ᠴᠢᠳᠠᠯ ᠡᠷᠳᠡᠮ ᠭᠡᠵᠦ ᠦᠵᠡᠭᠡᠳ ᠬᠤᠪᠢ ᠶᠢᠨ ᠭᠠᠳᠠᠨ᠎ᠠ ᠶᠠᠨᠭᠪᠠ ᠲᠠᠳᠠᠵᠤ ᠬᠦᠮᠦᠨ ᠯᠠ ᠦᠵᠡᠪᠡᠯ ᠦᠪᠡᠷ ᠢ ᠪᠡᠨ ᠦᠯᠢᠶᠡᠨ ᠮᠠᠭᠳᠠᠵᠤ ᠂ ᠬᠢᠭᠰᠡᠨ ᠡᠳᠦᠢ ᠲᠡᠳᠦᠢ ᠠᠵᠢᠯ ᠢᠶᠠᠨ ᠴᠤ ᠭᠠᠪᠢᠶ᠎ᠠ ᠪᠤᠯᠭᠠᠨ ᠲᠤᠭᠠᠴᠢᠳᠠᠭ ᠃ ᠤᠯᠵᠠ ᠠᠰᠢᠭ ᠲᠤ ᠦᠬᠦᠨ ᠰᠢᠨᠤᠵᠤ ᠂ ᠡᠳᠦᠷᠵᠢᠨ ᠦᠷᠭᠡᠨ ᠤᠯᠠᠨ ᠠᠴᠠ ᠠᠴᠢ ᠬᠠᠷᠢᠭᠤᠯᠳᠠ ᠤᠯᠬᠤ ᠪᠠᠷ ᠰᠠᠨᠠᠳᠠᠭ᠃ ᠬᠠᠶᠠ ᠵᠠᠷᠢᠮ ᠨᠢ ᠪᠠᠰᠠ ᠵᠡᠷᠭᠡ ᠬᠡᠷᠬᠢᠮ ᠪᠠᠢᠢᠷᠢ ᠰᠠᠭᠤᠷᠢ ᠶᠢᠨ ᠢᠶᠡᠨ ᠲᠦᠭᠦᠮ ᠢ ᠠᠰᠢᠭᠯᠠᠵᠤ ᠠᠷᠠᠳ ᠤᠯᠠᠨ ᠤ ᠡᠳ᠋ ᠠᠰᠢᠭ ᠢ ᠱᠠᠮᠰᠢᠴᠢᠬᠠᠭᠠᠳ ᠢᠯᠵᠠᠷᠠᠨ ᠲᠤᠷᠤᠢᠢᠳᠠᠬᠤ ᠶᠢᠨ ᠲᠤᠢᠢᠯ ᠳᠤ ᠲᠤᠯᠵᠤ ᠦᠮᠡᠬᠡᠢᠢᠷᠡᠵᠦ ᠶᠠᠪᠤᠳᠠᠭ ᠃ ᠲᠡᠳᠡ ᠶᠭᠠᠠᠬᠢᠭᠠᠳ ᠦᠨᠦᠳᠦᠷ ᠦᠨ ᠡᠷᠬᠡ ᠴᠢᠯᠦᠭᠡ ᠪᠠ ᠵᠤᠯ ᠵᠢᠷᠭᠠᠯ ᠨᠢ ᠬᠡᠷᠬᠢᠨ ᠢᠷᠡᠭᠰᠡᠨ ᠢ ᠡᠷᠭᠢᠴᠡᠭᠦᠯᠵᠦ ᠪᠤᠳᠤᠯᠬᠢᠯᠠᠬᠤ ᠦᠭᠡᠢ ᠮᠦᠷᠳᠡᠬᠡᠨ ᠂ ᠲᠡᠳᠡᠨ ᠦ ᠡᠷᠬᠡ ᠲᠤᠰᠢᠶᠠᠯ ᠢ ᠨᠠᠮ ᠪᠠ ᠠᠷᠠᠳ ᠲᠦᠮᠡᠨ ᠦᠭᠭᠦᠯ᠎ᠡ ᠭᠡᠳᠡᠭ ᠢ ᠦᠴᠦᠬᠡᠨ ᠴᠤ ᠤᠢᠢᠯᠠᠭᠠᠬᠤ ᠦᠭᠡᠢ ᠪᠤᠢ ︖ ᠺᠠᠳ᠋ᠷ ᠂ ᠨᠠᠮ ᠤᠨ ᠭᠡᠰᠢᠭᠦᠨ ᠨᠢ ᠤᠯᠠᠨ ᠲᠦᠮᠡᠨ ᠦ ᠵᠠᠷᠤᠴᠠ ᠮᠦᠨ ᠭᠡᠳᠡᠭ ᠢ ᠲᠡᠳᠡ ᠴᠦᠮ ᠮᠠᠷᠳᠠᠵᠤ ᠤᠷᠬᠢᠭᠠᠳ ᠬᠦᠮᠦᠰ ᠢ ᠡᠭᠡᠯ ᠵᠢᠷ ᠦᠨ ᠪᠠ ᠡᠷᠬᠢᠮ ᠲᠡᠭᠡᠳᠦ ᠪᠡᠷ ᠢᠯᠭᠠᠨ ᠂ ᠦᠪᠡᠷ ᠦᠨ ᠪᠡᠶ᠎ᠡ ᠪᠡᠨ ᠡᠷᠬᠢᠮ ᠲᠡᠭᠡᠳᠦ ᠪᠡᠷ ᠦᠵᠡᠵᠦ ᠡᠩ ᠦᠨ ᠠᠷᠠᠳ ᠢᠷᠭᠡᠨ ᠢ ᠡᠪᠡᠰᠤ ᠰᠢᠷᠤᠢ ᠮᠡᠳᠦ ᠲᠤᠤᠷᠤᠰᠢᠶᠠᠨ ᠦᠵᠡᠵᠦ ᠂ ᠨᠢᠳᠦᠨ ᠳᠦ ᠪᠡᠨ ᠴᠤ ᠬᠠᠪᠴᠢᠬᠤ ᠦᠭᠡᠢ ᠶᠡᠬᠡᠷᠬᠡᠭᠯᠡᠨ ᠯᠠᠷᠵᠢᠶᠠᠯᠠᠵᠤ ᠠᠭᠠᠰᠢᠯᠠᠳᠠᠭ ᠃ ᠲᠡᠳᠡ ᠵᠡᠷᠭᠡ ᠬᠡᠷᠬᠢᠮ ᠪᠠᠢᠷᠢ ᠰᠠᠭᠤᠷᠶ ᠲᠠᠶ ᠶᠠᠪᠤᠬᠤ ᠳᠦ ᠪᠡᠨ ᠨᠠᠮ ᠪᠠ ᠠᠷᠠᠳ ᠲᠦᠮᠡᠨ ᠳᠦ ᠲᠤᠰᠠᠳᠠᠢ ᠠᠵᠢᠯ ᠬᠢᠭᠰᠡᠨ ᠴᠤ ᠦᠭᠡᠢ ᠂ ᠨᠡᠢᠭᠡᠮ ᠨᠡᠢᠳᠡ ᠳᠦ ᠶᠠᠮᠠᠷ ᠴᠤ ᠬᠤᠪᠢ ᠨᠡᠮᠡᠷᠢ ᠦᠵᠡᠭᠦᠯᠦᠭᠰᠡᠨ ᠢᠶᠡᠷ ᠦᠭᠡᠢ ᠂ ᠠᠵᠢᠯ ᠦᠢᠯᠡᠰ ᠲᠦ ᠪᠡᠨ ᠶᠠᠮᠠᠷ ᠴᠤ ᠠᠮᠵᠢᠯᠳᠠ ᠪᠦᠳᠦᠭᠡᠯ ᠤᠯᠤᠭ᠎ᠠ ᠦᠭᠡᠢ ᠪᠠᠢᠭᠠᠳ ᠦᠪᠡᠷ ᠦᠨ ᠪᠡᠶ᠎ᠡ ᠪᠡᠨ ᠰᠠᠨᠰᠠᠷ ᠲᠡᠯᠡᠬᠡᠢ ᠶᠢ ᠲᠤᠨᠭᠰᠤᠯᠭᠠᠮᠠ ᠦᠢᠯᠡᠰ ᠪᠦᠳᠦᠭᠡᠵᠦ ᠂ ᠰᠢᠯᠦᠭ ᠵᠤᠬᠢᠶᠠᠯ ᠪᠢᠴᠢᠭᠯᠡᠨ ᠪᠦᠳᠦᠭᠡᠭᠰᠡᠨ ᠰᠢᠭ ᠠᠭᠤᠤ ᠶᠡᠬᠡ ᠡᠷᠬᠢᠮ ᠲᠡᠭᠡᠳᠦ ᠬᠡᠮᠡᠨ ᠮᠠᠵᠤᠯᠠᠨ ᠭᠠᠢᠬᠠᠭᠤᠯᠳᠠᠭ ᠃
ᠲᠡᠯᠡᠬᠡᠢ ᠶᠢᠷᠳᠢᠨᠴᠤ ᠪᠤᠯ ᠬᠢᠵᠠᠭᠠᠯᠠᠰᠢ ᠦᠭᠡᠢ ᠦᠷᠭᠡᠨ ᠠᠭᠤᠳᠠᠮ ᠪᠠᠢᠢᠵᠤ ᠂ ᠤᠬᠠᠭᠠᠵᠤ ᠤᠢᠢᠯᠠᠭᠠᠬᠤᠢ ᠶᠢᠨ ᠬᠨᠠᠭᠠᠷ ᠶᠡᠬᠡ ᠲᠠᠯᠠᠢ ᠶᠤᠮ ᠃ ᠨᠢᠭᠡ ᠬᠦᠮᠦᠨ ᠨᠢ ᠲᠡᠯᠡᠬᠡᠢ ᠶᠢᠷᠳᠢᠨᠴᠤ ᠳᠤ ᠠᠪᠴᠤ ᠬᠡᠯᠡᠪᠡᠯ ᠨᠢᠭᠡᠨ ᠰᠢᠷᠬᠡᠭ ᠡᠪᠡᠰᠤ ᠂ ᠨᠢᠭᠡᠨ ᠮᠦᠬᠦᠯᠢᠭ ᠡᠯᠡᠰᠤ ᠲᠡᠳᠦᠢ ᠪᠠᠢᠢᠵᠤ ᠲᠠᠭᠠᠷᠠᠨ᠎ᠠ ᠃ ᠡᠵᠡᠮᠰᠢᠵᠦ ᠤᠢᠢᠯᠠᠭᠠᠭᠰᠠᠨ ᠨᠢ ᠦᠨᠡᠨ ᠳᠦ ᠪᠡᠨ ᠲᠤᠰᠤᠯ ᠤᠨ ᠲᠡᠳᠦᠢ ᠪᠠᠢᠢᠬᠤ ᠶᠤᠮ᠃ ᠨᠡᠨᠭ ᠢᠯᠠᠨᠭᠭᠤᠶ᠎ᠠ ᠲᠡᠳᠡᠭᠡᠷ ᠪᠢ ᠯᠠ ᠡᠷᠬᠢᠮ ᠲᠡᠭᠡᠳᠦ ᠠᠭᠤᠤ ᠶᠡᠬᠡ ᠭᠡᠵᠦ ᠦᠪᠡᠷ ᠢ ᠪᠡᠨ ᠯᠠ ᠲᠤᠭᠤᠳᠠᠭ ᠬᠦᠮᠦᠨ ᠦ ᠡᠨᠡ ᠲᠡᠯᠡᠬᠡᠢ ᠶᠢ ᠤᠢᠢᠯᠠᠭᠠᠵᠤ ᠮᠡᠳᠡᠭᠰᠡᠨ ᠨᠢ ᠲᠤᠰᠤᠯ ᠤᠰᠤ ᠴᠤ ᠬᠦᠷᠬᠦ ᠦᠭᠡᠢ ᠪᠠᠢᠢᠵᠤ ᠮᠡᠳᠡᠨ᠎ᠡ ᠃ ︽ ᠡᠷᠳᠡᠮᠳᠡᠨ ᠡᠴᠡ ᠲᠡᠭᠡᠳᠦ ᠡᠷᠳᠡᠮᠳᠡᠨ ᠪᠤᠢ ᠂ ᠴᠢᠳᠠᠯᠳᠠᠨ ᠠᠴᠠ ᠲᠡᠭᠡᠳᠦ ᠴᠢᠳᠠᠯᠳᠠᠨ ᠪᠤᠢ ︾ ᠭᠡᠳᠡᠭ ᠢ ᠮᠡᠳᠡᠭᠰᠡᠳ ᠯᠠ ᠰᠠᠶ᠋ᠢ ᠦᠪᠡᠷ ᠦᠨ ᠬᠢᠷᠢ ᠴᠢᠳᠠᠯ ᠢᠶᠠᠨ ᠮᠡᠳᠡᠵᠤ ᠡᠭᠡᠯ ᠵᠢᠷ ᠪᠠ ᠡᠷᠬᠢᠮ ᠲᠡᠭᠡᠳᠦ ᠶᠢ ᠤᠢᠢᠯᠠᠭᠠᠭᠰᠠᠳ ᠲᠤ ᠲᠤᠭᠠᠴᠢᠭᠳᠠᠳᠠᠭ ᠶᠤᠮ ᠃
ᠡᠭᠡᠯ ᠵᠢᠷ ᠦᠨ ᠬᠦᠮᠦᠨ ᠳᠦ ᠮᠠᠰᠢ ᠤᠯᠠᠨ ᠡᠷᠬᠢᠮ ᠲᠡᠭᠡᠳᠦ ᠲᠠᠯ᠎ᠠ ᠪᠠᠢᠵᠤ ᠂ ᠡᠷᠬᠢᠮ ᠨᠠᠨᠳᠢᠨ ᠦᠢᠯᠡᠰ ᠪᠦᠳᠦᠭᠡᠵᠦ ᠂ ᠬᠦᠮᠦᠰ ᠲᠦ ᠲᠦᠷᠢᠮ ᠪᠤᠯᠬᠤ ᠦᠯᠢᠭᠡᠷ ᠵᠢᠱᠢᠶ᠎ᠡ ᠨᠡᠢᠭᠡᠮ ᠲᠡᠭᠡᠷ᠎ᠡ ᠮᠠᠰᠢ ᠤᠯᠠᠨ ᠤᠷᠤᠰᠢᠵᠤ ᠪᠠᠢᠢᠳᠠᠭ ᠃ ᠡᠭᠡᠯ ᠵᠢᠷ ᠦᠨ ᠨᠢᠭᠡᠨ ᠬᠦᠮᠦᠨ ᠨᠢ ᠬᠦᠴᠢᠷ ᠦᠨ ᠡᠮᠦᠨ᠎ᠡ ᠬᠦᠵᠦᠭᠦᠦ ᠪᠦᠬᠦᠢᠢᠵᠦ ᠂ ᠬᠦᠯ ᠨᠤᠭᠤᠷᠠᠬᠤ ᠦᠭᠡᠢ ᠪᠠᠳᠤ ᠬᠠᠳᠠᠭᠤ ᠰᠦᠰᠦ ᠵᠤᠷᠢᠭ ᠲᠠᠶ ᠪᠠᠢᠵᠤ ᠂ ᠬᠢᠵᠠᠭᠠᠯᠠᠰᠢ ᠦᠭᠡᠢ ᠤᠳᠠᠭᠠᠨ ᠲᠠᠭᠠᠭᠠᠮᠠᠭᠠᠢ ᠴᠢᠨᠠᠷ ᠪᠤᠯᠤᠨ ᠰᠢᠨᠳᠡᠷᠡᠰᠢ ᠦᠭᠡᠢ ᠲᠡᠰᠪᠦᠷᠢ ᠬᠠᠳᠠᠭᠤᠵᠢᠯ ᠢᠶᠡᠷ ᠢᠶᠠᠨ ᠬᠦᠮᠦᠰ ᠢ ᠭᠠᠢᠢᠬᠠᠵᠤ ᠪᠢᠰᠢᠷᠡᠳᠡᠯᠡ ᠦᠢᠯᠡᠰ ᠪᠦᠳᠦᠭᠡᠵᠦ ᠂ ᠲᠡᠯᠡᠬᠡᠢ ᠶᠢᠷᠳᠢᠨᠴᠤ ᠶᠢ ᠲᠤᠨᠭᠰᠤᠯᠭᠠᠵᠤ ᠮᠡᠳᠡᠬᠦ ᠶᠤᠮ ᠃ ᠲᠤᠬᠠᠢᠢᠯᠠᠪᠠᠯ ᠂ ᠶᠠᠫᠤᠨ ᠢ ᠡᠰᠡᠷᠭᠦᠴᠡᠬᠦ ᠲᠠᠢᠨ ᠤ ᠦᠶᠡᠰ ᠂ ᠮᠠᠨ ᠤ ᠦᠨᠦᠳᠦᠷ ᠦᠨ ᠡᠷᠬᠡ ᠴᠢᠯᠦᠭᠡ ᠪᠠ ᠵᠤᠯ ᠵᠢᠷᠭᠠᠯ ᠤᠨ ᠲᠦᠯᠦᠭᠡ ᠂ ᠦᠪᠡᠷ ᠦᠨ ᠠᠷᠢᠭᠤᠨ ᠴᠢᠰᠤ ᠪᠠᠨ ᠤᠷᠤᠰᠬᠠᠵᠤ ᠂ ᠠᠯᠳᠠᠨ ᠠᠮᠢ ᠪᠠᠨ ᠦᠷᠡᠭᠳᠡᠭᠦᠯᠦᠭᠰᠡᠨ ᠡᠭᠡᠯ ᠵᠢᠷ ᠦᠨ ᠪᠠᠢᠢᠯᠳᠤᠭᠴᠢ ᠴᠦᠬᠡᠨ ᠪᠤᠰᠤ ᠴᠤᠯᠭᠤᠷᠠᠭᠰᠠᠨ ᠶᠤᠮ ᠃ ᠲᠡᠳᠡᠨ ᠢ ᠪᠢᠳᠡ ᠡᠩ ᠦᠨ ᠬᠦᠮᠦᠨ ᠡᠭᠡᠯ ᠵᠢᠷ ᠦᠨ ᠠᠷᠠᠳ ᠭᠡᠵᠦ ᠪᠠᠰᠤᠵᠤ ᠪᠤᠯᠳᠠᠭ ᠤᠤ ︖ ᠲᠡᠳᠡ ᠶᠠᠫᠤᠨ ᠡᠵᠡᠷᠬᠡᠭ ᠲᠦᠷᠢᠮᠡᠬᠡᠢᠳᠡᠳ ᠦᠨ ᠬᠤᠤᠷᠯᠠᠯ ᠰᠦᠷᠳᠡᠭᠦᠯᠦᠯ ᠦᠨ ᠡᠮᠦᠨ᠎ᠡ ᠦᠬᠦᠬᠦ ᠡᠴᠡ ᠴᠤ ᠠᠶᠤᠬᠤ ᠦᠭᠡᠢ ᠪᠠᠢᠢᠵᠤ ᠂ ᠪᠠᠭᠠᠳᠤᠷᠯᠢᠭ ᠰᠦᠰᠦ ᠵᠤᠷᠢᠭ ᠢᠶᠠᠷ ᠢᠶᠠᠨ ᠶᠠᠫᠤᠨ ᠡᠵᠡᠷᠬᠡᠭ ᠲᠦᠷᠢᠮᠡᠬᠡᠢᠳᠡᠳ ᠦᠨ ᠵᠢᠷᠦᠬᠡ ᠶᠢ ᠴᠡᠴᠡᠷᠡᠭᠦᠯᠵᠦ ᠰᠦᠰᠦ ᠶᠢ ᠨᠢ ᠬᠡᠮᠬᠡᠯᠡᠵᠦ ᠪᠠᠢᠢᠪᠠ ᠃ ᠲᠡᠳᠡᠨ ᠦ ᠪᠦᠳᠦᠭᠡᠭᠰᠡᠨ ᠦᠢᠯᠡᠰ ᠲᠤᠮᠳᠠᠳᠤ ᠶᠢᠨ ᠦᠨᠳᠦᠰᠦᠳᠡᠨ ᠦ ᠲᠡᠤᠬᠡᠨ ᠳᠦ ᠦᠨᠢᠳᠡ ᠪᠠᠯᠠᠷᠠᠵᠤ ᠨᠤᠷᠠᠰᠢ ᠦᠭᠡᠢ ᠪᠠᠳᠤ ᠰᠦᠷᠯᠢᠭ ᠬᠦᠰᠢᠶ᠎ᠡ ᠪᠤᠯᠤᠨ ᠪᠤᠰᠬᠠᠭᠳᠠᠵᠤ ᠪᠠᠢᠢᠨ᠎ᠠ ᠃ ᠦᠨᠦᠳᠦᠷ ᠦᠨ ᠠᠮᠢᠳᠤᠷᠠᠯ ᠠᠴᠠ ᠴᠤ ᠡᠭᠡᠯ ᠬᠦᠮᠦᠨ ᠦ ᠡᠷᠬᠢᠮ ᠲᠡᠭᠡᠳᠦ ᠦᠢᠯᠡ ᠠᠵᠢᠯᠯᠠᠭ᠎ᠠ ᠶᠢ ᠪᠢᠳᠡ ᠲᠤᠭ᠎ᠠ ᠲᠤᠮᠰᠢ ᠦᠭᠡᠢ ᠦᠵᠡᠵᠦ ᠬᠠᠷᠠᠵᠤ ᠂ ᠰᠤᠨᠤᠰᠴᠤ ᠲᠤᠭᠤᠯᠵᠤ ᠦᠨᠭᠭᠡᠷᠡᠪᠡ ᠃ ᠡᠮᠦᠨ᠎ᠡ ᠬᠡᠳᠦᠨ ᠵᠢᠯ ᠦᠨ ᠬᠢᠵᠢᠭ ᠦᠨ ᠬᠤᠭᠤᠴᠠᠭᠠᠨ ᠳᠦ ᠡᠭᠡᠯ ᠵᠢᠷ ᠦᠨ ᠨᠢᠭᠡᠨ ᠡᠮᠴᠢ ᠳᠦ ᠬᠦᠷᠳᠡᠯ᠎ᠡ ᠬᠢᠵᠢᠭ ᠲᠦ ᠨᠡᠷᠪᠡᠭᠳᠡᠭᠰᠡᠳ ᠢ ᠠᠪᠤᠷᠠᠬᠤ ᠶᠢᠨ ᠲᠦᠯᠦᠭᠡ ᠦᠪᠡᠷ ᠦᠨ ᠠᠯᠳᠠᠨ ᠠᠮᠢ ᠪᠠᠨ ᠦᠷᠡᠭᠳᠡᠭᠦᠯᠦᠭᠰᠡᠨ ᠦᠨᠡᠨ ᠪᠤᠳᠠᠳᠤ ᠶᠠᠪᠤᠳᠠᠯ ᠢ ᠦᠷᠭᠡᠨ ᠤᠯᠠᠨ ᠢᠶᠠᠷ ᠢᠶᠠᠨ ᠪᠦᠷ ᠮᠡᠳᠡᠬᠦ ᠶᠤᠮ ᠃ ᠪᠦᠯᠬᠦᠮᠳᠡᠨ ᠨᠢᠭᠳᠠᠷᠠᠭᠰᠠᠨ ᠲᠤᠮᠳᠠᠳᠤ ᠶᠢᠨ ᠦᠨᠳᠦᠰᠦᠳᠡᠨ ᠦ ᠠᠮᠢᠳᠤᠷᠠᠯ ᠳᠤ ᠡᠳᠦᠷᠵᠢᠨ ᠡᠭᠡᠯ ᠬᠦᠮᠦᠨ ᠦ ᠠᠷᠠᠳ ᠲᠦᠮᠡᠨ ᠦ ᠠᠰᠢᠭ ᠲᠤᠰᠠ ᠶᠢᠨ ᠲᠦᠯᠦᠭᠡ ᠦᠪᠡᠷ ᠦᠨ ᠠᠮᠢ ᠪᠡᠶ᠎ᠡ ᠪᠡᠨ ᠴᠦᠯᠡᠭᠰᠡᠨ ᠡᠷᠬᠢᠮ ᠲᠡᠭᠡᠳᠦ ᠦᠢᠯᠡ ᠠᠵᠢᠯᠯᠠᠭ᠎ᠠ ᠡᠭᠦᠰᠴᠦ ᠯᠠ ᠪᠠᠢᠢᠨ᠎ᠠ ᠃ ᠲᠤᠭ᠎ᠠ ᠲᠤᠮᠰᠢ ᠦᠭᠡᠢ ᠤᠯᠠᠨ ᠡᠭᠡᠯ ᠵᠢᠷ ᠦᠨ ᠬᠦᠮᠦᠰ ᠦᠨ ᠡᠭᠡᠯ ᠪᠤᠰᠤ ᠶᠢᠨ ᠦᠢᠯᠡ ᠠᠵᠢᠯᠯᠠᠭ᠎ᠠ ᠦᠨᠦᠳᠦᠷ ᠦᠨ ᠬᠦᠮᠦᠨ ᠦ ᠠᠮᠢᠳᠤᠷᠠᠯ ᠤᠨ ᠪᠤᠯᠪᠠᠰᠤᠨ ᠤ ᠴᠡᠴᠡᠭ ᠪᠤᠯᠵᠤ ᠭᠠᠵᠠᠷ ᠰᠠᠢ ᠦᠭᠡᠢ ᠲᠡᠯᠭᠡᠷᠡᠵᠦ ᠪᠤᠢ ᠃ ᠡᠢᠢᠨᠬᠦ ᠤᠷᠤᠨ ᠨᠤᠳᠤᠭ ᠮᠢᠨᠢ ᠵᠢᠷᠭᠠᠯ ᠤᠨ ᠤᠷᠳᠤᠨ ᠪᠤᠯᠵᠤ ᠂ ᠠᠷᠠᠳ ᠤᠯᠠᠨ ᠮᠢᠨᠢ ᠠᠵᠠᠳ᠋ᠠᠢ ᠠᠮᠢᠳᠤᠷᠠᠵᠤ ᠪᠤᠢ ᠃
ᠡᠩ ᠦᠨ ᠨᠢᠭᠡᠨ ᠬᠤᠭ ᠨᠤᠪᠰᠢ ᠲᠡᠭᠦᠵᠦ ᠂ ᠬᠡᠤᠬᠡᠳ ᠠᠴᠢ ᠨᠠᠷ ᠢᠶᠠᠨ ᠬᠦᠮᠦᠵᠢᠭᠦᠯᠦᠨ ᠲᠤᠳᠤᠮᠳᠠᠵᠤ ᠶᠠᠪᠤᠭ᠎ᠠ ᠪᠦᠰᠡᠭᠦᠢ ᠪᠡᠷ ᠡᠰᠢᠯᠡᠵᠦ ᠶᠠᠷᠢᠪᠠᠯ ᠂ ᠲᠡᠷᠡ ᠲᠡᠯᠡᠬᠡᠢ ᠶᠢᠷᠳᠢᠨᠴᠤ ᠶᠢ ᠲᠤᠨᠭᠰᠤᠯᠭᠠᠬᠤ ᠲᠡᠷᠢᠭᠦᠨ ᠦ ᠦᠢᠯᠡᠰ ᠢ ᠪᠦᠳᠦᠭᠡᠵᠦ ᠲᠡᠢᠢᠯᠬᠦ ᠦᠭᠡᠢ ᠪᠠᠢᠢᠵᠤ ᠮᠡᠳᠡᠨ᠎ᠡ ᠃ ᠭᠡᠰᠡᠨ ᠴᠤ ᠲᠡᠷᠡ ᠠᠳᠠᠯ ᠠᠮᠢᠳᠤᠷᠠᠯ ᠤᠨ ᠢᠶᠠᠨ ᠲᠦᠯᠦᠭᠡ ᠠᠯᠢ ᠪᠤᠯᠬᠤᠢᠢᠴᠠ ᠬᠦᠨᠳᠦ ᠬᠡᠴᠡᠭᠦᠦ ᠲᠠᠷᠤᠭᠠᠰᠤ ᠶᠢ ᠡᠭᠦᠷᠭᠡᠯᠡᠵᠦ ᠂ ᠦᠷ᠎ᠡ ᠬᠡᠤᠬᠡᠳ ᠢᠶᠡᠨ ᠡᠷᠳᠡᠮ ᠰᠤᠶᠤᠯ ᠂ ᠰᠤᠷᠳᠠᠯ ᠪᠤᠯᠪᠠᠰᠤᠷᠠᠯ ᠲᠠᠢ ᠂ ᠡᠬᠡ ᠤᠷᠤᠨ ᠦᠯᠦᠭᠡᠢ ᠨᠤᠳᠤᠭ ᠲᠤ ᠪᠠᠨ ᠬᠡᠷᠡᠭᠴᠡᠭᠡ ᠦᠢᠯᠡᠳᠦᠯ ᠲᠠᠢ ᠬᠦᠮᠦᠨ ᠪᠤᠯᠭᠠᠨ ᠬᠦᠮᠦᠵᠢᠭᠦᠯᠵᠦ ᠂ ᠵᠤᠯ ᠵᠢᠷᠭᠠᠯᠳᠦ ᠭᠡᠷ ᠪᠦᠯᠢ ᠪᠠᠢᠢᠭᠤᠯᠬᠤ ᠶᠢᠨ ᠲᠦᠯᠦᠭᠡ ᠬᠦᠴᠦᠨ ᠲᠠᠮᠢᠷ ᠢᠶᠠᠨ ᠰᠢᠪᠬᠠᠵᠤ ᠂ ᠦᠷᠯᠦᠭᠡ ᠶᠢᠨ ᠨᠠᠷᠠᠨ ᠲᠠᠢ ᠤᠷᠤᠯᠳᠤᠵᠤ ᠂ ᠦᠳᠡᠰᠢ ᠶᠢᠨ ᠰᠠᠷᠠᠨ ᠲᠠᠢ ᠮᠦᠴᠡᠭᠡᠷᠬᠡᠨ ᠬᠦᠴᠦ ᠬᠦᠯᠦᠰᠦ ᠪᠡᠨ ᠤᠷᠤᠰᠬᠠᠨ ᠵᠢᠳᠭᠦᠳᠡᠭ ᠃ ᠭᠡᠬᠦ ᠳᠦ ᠪᠡᠨ ᠠᠵᠢᠯ ᠤᠨ ᠪᠤᠵᠠᠷ ᠪᠤᠷᠳᠠᠭ ᠪᠠ ᠬᠦᠴᠢᠷ ᠵᠤᠪᠠᠯᠠᠩ ᠢ ᠬᠠᠢᠬᠤᠷᠤᠯ ᠦᠭᠡᠢ ᠬᠦᠰᠡᠯ ᠪᠦᠬᠦᠨ ᠢᠶᠡᠨ ᠬᠡᠤᠬᠡᠳ ᠲᠦ ᠪᠡᠨ ᠲᠠᠯᠪᠢᠵᠤ ᠂ᠦᠪᠡᠷ ᠦᠨ ᠪᠡᠶ᠎ᠡ ᠪᠡᠨ ᠦᠴᠦᠬᠡᠨ ᠴᠤ ᠪᠤᠳᠤᠯ ᠦᠭᠡᠢ ᠶᠠᠪᠤᠳᠠᠭ ᠃ ᠦᠪᠡᠷ ᠦᠨ ᠦᠨᠡᠨᠴᠢ ᠰᠢᠳᠤᠷᠭᠤ ᠂ ᠠᠵᠢᠯᠴᠢ ᠪᠤᠷᠤᠭᠵᠢᠭᠤᠨ ᠲᠦᠷᠢ ᠲᠦᠷᠬᠦ ᠪᠡᠷ ᠢᠶᠡᠨ ᠡᠬᠡ ᠤᠷᠤᠨ ᠤ ᠰᠢᠨ᠎ᠡ ᠨᠢᠭᠡ ᠦᠶ᠎ᠡ ᠶᠢᠨ ᠰᠢᠯᠢᠳᠡᠭ ᠬᠦᠮᠦᠰ ᠢ ᠬᠦᠮᠦᠵᠢᠭᠦᠯᠵᠦ ᠂ ᠰᠢᠵᠢᠷ ᠲᠤᠶᠠᠭᠠᠳᠤ ᠰᠢᠨ᠎ᠡ ᠮᠠᠶ᠋ᠢᠭ ᠤᠨ ᠵᠤᠯ ᠵᠢᠷᠭᠠᠯᠳᠦ ᠭᠡᠷ ᠪᠦᠯᠢ ᠪᠡᠨ ᠴᠤᠭᠴᠠᠯᠠᠨ ᠪᠠᠢᠭᠤᠯᠵᠤ ᠪᠠᠢᠢᠳᠠᠭ ᠶᠤᠮ ᠃ ᠲᠡᠭᠦᠨ ᠦ ᠠᠵᠢᠯ ᠤᠨ ᠠᠮᠵᠢᠯᠳᠠ ᠪᠦᠳᠦᠮᠵᠢ ᠨᠢ ᠬᠦᠮᠦᠰ ᠦᠨ ᠨᠢᠳᠦᠨ ᠳᠦ ᠦᠵᠡᠭᠳᠡᠬᠦ ᠦᠭᠡᠢ ᠂ ᠬᠦᠮᠦᠰ ᠦᠨ ᠰᠡᠳᠭᠢᠯ ᠳᠦ ᠡᠷᠬᠢᠮ ᠲᠡᠭᠡᠳᠦ ᠭᠡᠵᠦ ᠪᠤᠳᠤᠭᠳᠠᠬᠤ ᠦᠭᠡᠢ ᠪᠠᠢᠢᠵᠤ ᠮᠡᠳᠡᠨ᠎ᠡ ᠃ ᠭᠡᠪᠡᠴᠤ ᠲᠡᠭᠦᠨ ᠢ ᠬᠡᠷᠬᠢᠮ ᠵᠡᠷᠭᠡ ᠪᠡᠨ ᠠᠰᠢᠭᠯᠠᠨ ᠬᠦᠳᠡᠯᠮᠦᠷᠢᠴᠢᠨ ᠲᠦᠮᠡᠨ ᠦ ᠬᠦᠯᠦᠰᠦ ᠴᠢᠰᠤ ᠶᠢ ᠰᠤᠷᠤᠵᠤ ᠂ ᠡᠷᠬᠡ ᠵᠡᠷᠭᠡ ᠂ ᠡᠷᠬᠢᠮ ᠠᠯᠳᠠᠷ ᠂ ᠡᠳ᠋ ᠠᠰᠢᠭ ᠵᠡᠷᠭᠡ ᠶᠢ ᠯᠠ ᠬᠦᠭᠡᠭᠡᠴᠡᠯᠳᠤᠬᠦ ᠶᠢ ᠮᠡᠳᠡᠳᠡᠭ ᠬᠦᠮᠦᠰ ᠲᠡᠶ ᠵᠦᠢᠷᠯᠡᠪᠡᠯ ᠂ ᠲᠡᠭᠦᠨ ᠤ ᠬᠦᠰᠡᠯ ᠪᠤᠳᠤᠯ ᠂ ᠬᠦᠮᠦᠨ ᠴᠢᠨᠠᠷ ᠂ ᠠᠵᠢᠯ ᠦᠢᠯᠡᠰ ᠵᠡᠷᠭᠡ ᠠᠯᠢ ᠲᠠᠯ᠎ᠠ ᠠᠴᠠ ᠨᠢ ᠬᠠᠷᠠᠭᠰᠠᠨ ᠴᠤ ᠲᠡᠳᠡᠨ ᠡᠴᠡ ᠬᠡᠳᠦᠷᠡᠳᠡᠭ ᠪᠢᠰᠢᠦ ︕ ᠡᠨᠡ ᠪᠤᠯ ᠲᠠᠷᠤᠢ ᠡᠭᠡᠯ ᠵᠢᠷ ᠦᠨ ᠬᠦᠮᠦᠨ ᠦ ᠡᠷᠬᠢᠮ ᠲᠡᠭᠡᠳᠦ ᠲᠠᠯ᠎ᠠ ᠪᠤᠯᠬᠤ ᠪᠠᠢᠨᠠᠮ ︕
ᠵᠢᠷ ᠦᠨ ᠨᠢᠭᠡᠨ ᠮᠠᠯᠴᠢᠨ ᠲᠠᠷᠢᠶᠠᠴᠢᠨ ᠢᠶᠠᠷ ᠵᠢᠱᠢᠶᠡᠯᠡᠵᠦ ᠶᠠᠷᠢᠭᠰᠠᠨ ᠴᠤ ᠂ ᠲᠡᠳᠡ ᠦᠪᠡᠷ ᠦᠨ ᠵᠤᠷᠢᠭ ᠬᠦᠴᠦᠨ ᠪᠣᠯᠤᠨ ᠲᠡᠰᠪᠦᠷᠢ ᠬᠠᠳᠠᠭᠤᠵᠢᠯ ᠲᠠᠢ ᠬᠦᠳᠡᠯᠮᠦᠷᠢ ᠪᠡᠷ ᠢᠶᠡᠨ ᠠᠳᠠᠯ ᠠᠮᠢᠳᠤᠷᠠᠯ ᠢᠶᠠᠨ ᠲᠣᠯᠵᠤ ᠪᠣᠰᠬᠠᠵᠣ ᠶᠠᠪᠤᠳᠠᠭ ᠃ ᠪᠢᠳᠡ ᠲᠡᠳᠡᠨ ᠦ ᠠᠤᠭ᠎ᠠ ᠶᠡᠬᠡ ᠰᠦᠰᠦ ᠵᠤᠷᠢᠭ ᠪᠠ ᠠᠰᠪᠣᠷᠢ ᠴᠠᠭᠠᠪᠤᠷ ᠵᠠᠩ ᠴᠢᠨᠠᠷ ᠪᠣᠯᠤᠨ ᠠᠮᠵᠢᠯᠳᠠ ᠪᠦᠲᠦᠮᠵᠢ ᠶᠢ ᠨᠢ ᠬᠠᠷᠠᠭᠠᠳ ᠡᠷᠬᠢᠮ ᠲᠡᠭᠡᠳᠦ ᠪᠡᠷ ᠦᠨᠡᠯᠡᠵᠦ᠂ ᠪᠢᠰᠢᠷᠡᠵᠦ ᠪᠠᠬᠠᠷᠬᠠᠬᠣ ᠦᠭᠡᠢ ᠪᠠᠢᠢᠵᠤ ᠪᠣᠯᠤᠨᠠᠤ ⁈ ᠡᠢᠢᠨᠬᠦ ᠡᠭᠡᠯ ᠵᠢᠷ ᠦᠨ ᠬᠦᠮᠦᠨ ᠦ ᠪᠡᠶ᠎ᠡ ᠲᠡᠭᠡᠷ᠎ᠡ ᠡᠴᠡ ᠯᠠ ᠰᠠᠶ᠋ᠢ ᠬᠦᠮᠦᠨ ᠦ ᠠᠮᠢᠳᠤᠷᠠᠯ ᠤᠨ ᠡᠷᠬᠢᠮ ᠲᠡᠭᠡᠳᠦ ᠣᠳᠬ᠎ᠠ ᠠᠭᠤᠯᠭ᠎ᠠ ᠢᠯᠡ ᠲᠣᠲᠤ ᠣᠯᠵᠤ ᠬᠠᠷᠠᠳᠠᠭ ᠶᠤᠮ ᠃ ︽ ᠪᠢ ᠪᠠᠢᠬᠤ ᠦᠭᠡᠢ ᠪᠣᠯ ᠪᠦᠮᠪᠦᠷᠴᠡᠭ ᠲᠡᠯᠡᠬᠡᠢ ᠪᠦᠮᠪᠦᠷᠢᠬᠦ ᠪᠡᠨ ᠵᠣᠭᠰᠤᠨ᠎ᠠ ︾ ᠬᠡᠮᠡᠨ ᠦᠪᠡᠷ ᠦᠨ ᠪᠡᠶ᠎ᠡ ᠪᠡᠨ ᠡᠷᠬᠢᠮ ᠲᠡᠭᠡᠳᠦ ᠪᠡᠷ ᠦᠵᠡᠵᠦ ᠂ ᠦᠪᠡᠷ ᠪᠣᠰᠣᠳ ᠢ ᠡᠯᠡᠰᠤ ᠰᠢᠷᠤᠢ ᠪᠠᠷ ᠦᠵᠡᠳᠡᠭ ᠬᠦᠮᠦᠰ ᠦᠨ ᠪᠡᠶ᠎ᠡ ᠲᠡᠭᠡᠷ᠎ᠡ ᠡᠴᠡ ᠡᠷᠬᠢᠮ ᠲᠡᠭᠡᠳᠦ ᠲᠠᠯ᠎ᠠ ᠭᠡᠵᠦ ᠶᠠᠭ ᠬᠠᠷᠠᠭᠳᠠᠬᠤ ᠦᠭᠡᠢ ᠪᠠᠢᠳᠠᠭ ᠶᠤᠮ᠃ ᠡᠢᠢᠨᠬᠦ ᠦᠪᠡᠷ ᠦᠨ ᠪᠡᠶ᠎ᠡ ᠪᠡᠨ ᠡᠷᠬᠢᠮ ᠲᠡᠭᠡᠳᠦ ᠪᠡᠷ ᠦᠵᠡᠵᠦ ᠂ ᠦᠷᠦᠭᠡᠯ ᠪᠣᠰᠣᠳ ᠢ ᠡᠭᠡᠯ ᠲᠣᠤᠷᠠᠳᠣ ᠪᠠᠷ ᠦᠵᠡᠳᠡᠭ ᠨᠢ ᠵᠦᠪ ᠪᠣᠰᠤ ᠦᠵᠡᠯ ᠰᠣᠷᠳᠠᠯ ᠪᠣᠯᠬᠤ ᠨᠢ ᠲᠠᠮᠵᠢᠭ ᠦᠭᠡᠢ ᠶᠤᠮ ᠃
11
0