
ᠪᠠᠭ᠎ᠠ ᠬᠦᠮᠦᠨ ᠦ ᠬᠡᠦᠬᠡᠨ ᠤᠤ ᠳ᠋ᠠ ᠬᠦᠢ᠂
ᠪᠠᠭᠠᠲᠤᠷ ᠬᠦᠮᠦᠨ ᠬᠡᠦᠬᠡᠨ ᠶᠤᠮ ᠡ ᠬᠦᠢ᠃
ᠪᠤᠰᠤ ᠬᠦᠮᠦᠨ ᠲᠠᠢ ᠤᠤ ᠳ᠋ᠠ ᠬᠦᠢ᠂
ᠪᠠᠭᠠᠷᠢᠨ ᠸᠠᠩ ᠲᠠᠢ ᠳ᠋ᠠ ᠬᠦᠢ᠃
ᠵᠢᠷ ᠦᠨ ᠬᠦᠮᠦᠨ ᠦ ᠬᠡᠦᠬᠡᠨ ᠤᠤ ᠳ᠋ᠠ ᠬᠦᠢ᠂
ᠵᠢᠩᠬᠢᠨᠢ ᠪᠠᠭᠠᠲᠤᠷ ᠤᠨ ᠬᠡᠦᠬᠡᠨ ᠶᠤᠮ ᠡ ᠬᠦᠢ᠂
ᠵᠦᠭᠡᠷ ᠬᠦᠮᠦᠨ ᠲᠠᠢ ᠤᠤ ᠳ᠋ᠠ ᠬᠦᠢ᠂
ᠵᠡᠷᠯᠢᠭ ᠸᠠᠩ ᠲᠠᠢ ᠳ᠋ᠠ ᠬᠦᠢ᠃
ᠠᠪᠤ ᠡᠵᠢ ᠨᠢ ᠡᠭᠦᠨ ᠢ ᠰᠤᠨᠤᠰᠤᠭᠠᠳ ᠶᠡᠬᠡ ᠯᠠ ᠰᠠᠨᠳᠤᠷᠴᠤ ᠬᠡᠦᠬᠡᠨ᠂ ᠴᠢ ᠰᠠᠭᠤᠴᠢᠬ᠎ᠠ ᠠᠮᠠᠨ ᠰᠦ ᠶᠢᠨ ᠴᠢᠨᠢ ᠦᠨᠦᠷ ᠨᠢ ᠠᠷᠢᠯᠤᠭᠠᠳᠦᠢ ᠬᠡᠦᠬᠡᠨ ᠬᠦᠮᠦᠨ ᠪᠠᠢᠢᠭᠠᠳ ᠪᠠᠭᠠᠷᠢᠨ ᠸᠠᠩ ᠲᠠᠢ ᠬᠠᠷᠭᠤᠨ᠎ᠠ ᠭᠡᠳᠡᠭ ᠴᠢᠨᠢ ᠪᠤᠯᠬᠤ ᠤᠴᠢᠷ ᠮᠦᠨ ᠤᠤ ᠪᠤᠯᠬᠤ ᠦᠭᠡᠢ᠂ ᠪᠤᠯᠬᠤ ᠦᠭᠡᠢ ᠭᠡᠰᠡᠨ ᠳᠦ ᠡᠷᠭᠦᠯᠳᠡᠢ ᠬᠡᠯᠡᠵᠤ ᠪᠠᠢᠢᠨ᠎ᠠ᠃
ᠠᠬᠳᠠ ᠮᠤᠷᠢ ᠢ ᠮᠢᠨᠢ ᠪᠤᠯᠢᠶᠠᠬᠤ ᠨᠢ ᠭᠠᠢᠢᠭᠤᠢ ᠬᠦᠢ᠂
ᠠᠪᠤ ᠶᠢ ᠶᠠᠭᠤ ᠭᠡᠵᠤ ᠬᠠᠷᠠᠳᠠᠬᠤ ᠶᠤᠮ ᠳ᠋ᠠ ᠬᠦᠢ᠃
ᠠᠷᠪᠠᠨ ᠲᠤᠯᠤᠭᠠᠲᠠᠢ ᠬᠡᠦᠬᠡᠨ ᠴᠢᠨᠢ ᠪᠢ ᠬᠦᠢ᠂
ᠠᠯᠤᠰ ᠤᠨ ᠪᠠᠭᠠᠷᠢᠨ ᠳᠤ ᠶᠤᠮ ᠡ ᠬᠦᠢ᠃
ᠦᠷᠢᠶ᠎ᠡ ᠮᠤᠷᠢ ᠶᠢ ᠮᠢᠨᠢ ᠪᠤᠯᠢᠶᠠᠬᠤ ᠨᠢ ᠭᠠᠢᠢᠭᠤᠢ ᠬᠦᠢ᠂
ᠡᠴᠢᠭᠡ ᠶᠢ ᠶᠠᠭᠤ ᠭᠡᠵᠤ ᠬᠠᠷᠠᠳᠠᠬᠤ ᠶᠤᠮ ᠳ᠋ᠠ ᠬᠦᠢ᠂
ᠦᠰᠪᠦᠷᠢ ᠪᠠᠭ᠎ᠠ ᠡᠷᠭᠦᠯᠳᠡᠢ ᠴᠢᠨᠢ ᠳ᠋ᠠ ᠬᠦᠢ᠂
ᠡᠲᠡᠭᠡᠳ ᠦᠨ ᠪᠠᠭᠠᠷᠢᠨ ᠳᠤ ᠮᠤᠷᠳᠠᠬᠤ ᠶᠤᠮ ᠡ ᠬᠦᠢ᠃
ᠠᠩᠭ᠎ᠠ ᠪᠠᠭ᠎ᠠ ᠡᠷᠭᠦᠯᠳᠡᠢ ᠠᠬᠳᠠ ᠶᠢᠨ ᠢᠶᠡᠨ ᠢ ᠨᠢ ᠰᠤᠩᠭᠤᠵᠤ᠂ ᠠᠮᠠᠭᠠᠢ ᠬᠠᠵᠠᠭᠠᠷ ᠲᠠᠭᠠᠷᠠᠭᠤᠯᠤᠭᠠᠳ ᠠᠯᠤᠰ ᠤᠨ ᠠᠶᠠᠨ ᠤ ᠠᠮᠤ ᠬᠦᠨᠡᠰᠤ ᠪᠠᠨ ᠠᠴᠢᠵᠤ ᠠᠬᠳᠠ ᠬᠦᠯᠦᠭ ᠲᠡᠬᠡᠨ ᠠᠯᠠᠪᠬᠢᠨ ᠭᠠᠷᠤᠯ᠎ᠠ᠃
ᠠᠬᠳᠠ ᠶᠢᠨ ᠢᠶᠠᠨ ᠰᠠᠢᠢᠨ ᠢᠶᠡᠨ ᠤᠨᠤᠬᠰᠡᠨ ᠶᠤᠮ ᠡ ᠬᠦᠢ᠂
ᠠᠮᠤ ᠪᠤᠯᠤᠨ ᠬᠦᠨᠡᠰᠤ ᠪᠠᠨ ᠠᠴᠢᠯᠠ ᠰᠢᠤ ᠳ᠋ᠠ ᠬᠦᠢ᠃
ᠠᠯᠤᠰ ᠤᠨ ᠪᠠᠭᠠᠷᠢᠨ ᠳᠦ ᠤᠴᠢᠨ᠎ᠠ ᠭᠡᠳ ᠯᠠ ᠬᠦᠢ᠂
ᠠᠬᠳᠠ ᠶᠢᠨ ᠲᠡᠩᠬᠡᠭᠡ ᠪᠡᠷ ᠲᠤᠪᠲᠤᠯᠠᠵᠤ ᠶᠠᠪᠤᠨ᠎ᠠ ᠬᠦᠢ᠂
ᠬᠦᠯᠦᠭ ᠦᠨ ᠢᠶᠡᠨ ᠤᠨᠤᠬᠰᠡᠨ ᠶᠤᠮ ᠡ ᠬᠦᠢ᠂
ᠬᠦᠨᠡᠰᠤ ᠪᠤᠯᠤᠨ ᠠᠮᠤ ᠪᠠᠨ ᠠᠴᠢᠯᠠ ᠰᠢᠤ ᠳ᠋ᠠ ᠬᠦᠢ᠃
ᠬᠤᠯᠠ ᠶᠢᠨ ᠪᠠᠭᠠᠷᠢᠨ ᠳᠤ ᠬᠦᠷᠦᠶ᠎ᠡ ᠭᠡᠳ ᠯᠠ ᠬᠦᠢ᠂
ᠬᠦᠯᠦᠭ ᠦᠨ ᠲᠡᠩᠬᠡᠭᠡ ᠪᠡᠷ ᠲᠤᠪᠲᠤᠯᠵᠤ ᠶᠠᠪᠤᠨ᠎ᠠ ᠬᠦᠢ᠃
ᠭᠡᠳ ᠯᠠ ᠠᠶᠤᠬᠰᠡᠨ ᠴᠤ ᠦᠭᠡᠢ ᠬᠦᠢ᠂
ᠬᠠᠢᠢᠷᠠᠬᠠᠨ ᠡᠷᠭᠦᠯᠳᠡᠢ ᠲᠤᠪᠲᠤᠯᠵᠤ ᠶᠠᠪᠤᠨ᠎ᠠ ᠬᠦᠢ
ᠶᠢᠨ ᠵᠠᠮ ᠢᠶᠡᠨ ᠬᠦᠷᠭᠡᠭᠰᠡᠭᠡᠷ ᠪᠠᠢᠢᠭᠠᠳ ᠬᠦᠢ᠂
ᠬᠤᠷᠢ ᠶᠢᠰᠦᠨ ᠡᠳᠦᠷ ᠦᠨ ᠵᠠᠮ ᠢᠶᠡᠨ ᠬᠦᠭᠡᠭᠡᠪᠡ ᠬᠦᠢ᠃
ᠠᠰᠳᠠᠭᠠᠨ ᠪᠤᠳᠤᠯᠭ᠎ᠠ ᠪᠤᠳᠤᠬᠤ ᠦᠭᠡᠢ ᠯᠠ ᠬᠦᠢ᠂
ᠠᠲᠠᠭᠠᠲᠠᠨ ᠸᠠᠩ ᠲᠠᠢ ᠬᠠᠷᠭᠤᠨ᠎ᠠ ᠳ᠋ᠠ ᠬᠦᠢ
ᠠᠪᠤ ᠶᠢᠨ ᠢᠶᠡᠨ ᠦᠰᠢᠶ᠎ᠡ ᠶᠢ ᠠᠪᠤᠨ᠎ᠠ ᠯᠠ ᠭᠡᠳ ᠬᠦᠢ᠂
ᠡᠪᠴᠢᠭᠦᠤ ᠴᠡᠭᠡᠵᠢᠨ ᠳᠡᠬᠡᠨ ᠬᠠᠲᠠᠭᠤᠴᠢᠯᠠᠵᠤ ᠶᠠᠪᠤᠨ᠎ᠠ ᠬᠦᠢ᠃
ᠡᠳᠦᠷ ᠰᠦᠨᠢ ᠦᠭᠡᠢ ᠶᠠᠪᠤᠬᠰᠠᠭᠠᠷ᠂ ᠬᠤᠷᠢ ᠶᠢᠰᠦᠨ ᠡᠳᠦᠷ ᠵᠠᠮᠨᠠᠭᠠᠳ ᠪᠠᠭᠠᠷᠢᠨ ᠬᠤᠰᠢᠭᠤᠨ ᠳᠤ ᠤᠷᠤᠵᠤ᠂ ᠸᠠᠩ ᠤᠨ ᠬᠤᠷᠢᠶᠠᠨ ᠡᠴᠡ ᠤᠢᠢᠷ᠎ᠠ ᠃ ᠯᠠᠪᠯᠠᠨ ᠦᠵᠠᠬᠦᠯᠡᠷ ᠨᠢᠭᠡᠨ ᠤᠨ ᠠᠷᠤ ᠶᠢᠨ ᠬᠤᠲᠤᠭᠤᠷ ᠲᠤ ᠠᠳᠤᠭᠤᠨ ᠰᠦᠷᠦᠭ ᠢᠷᠠᠢᠢᠯᠵᠢᠨ ᠬᠠᠷᠠᠬᠳᠠᠯ᠎ᠠ᠃ ᠶᠠᠭᠤ ᠴᠤ ᠪᠤᠯ ᠤᠷᠢᠳ ᠢᠶᠡᠷ ᠬᠡᠳᠦᠨ ᠰᠠᠢᠢᠨ ᠮᠤᠷᠢ ᠶᠢ ᠨᠢ ᠪᠠᠷᠢᠵᠤ ᠠᠪᠤᠭᠠᠳ ᠮᠡᠳᠡᠶ᠎ᠡ ᠬᠡᠮᠡᠨ ᠡᠷᠭᠦᠯᠳᠡᠢ ᠪᠡᠶ᠎ᠡ ᠪᠦᠬᠦᠢᠢᠨ ᠲᠤᠪᠲᠤᠯᠵᠤ
ᠬᠤᠷᠳᠤᠨ ᠮᠤᠷᠢᠨ ᠤ ᠲᠡᠩᠬᠡᠭᠡ ᠪᠡᠷ ᠲᠤᠪᠲᠤᠯᠤᠭᠠᠳ ᠭᠠᠷᠤᠯ᠎ᠠ ᠬᠦᠢ᠂
ᠬᠤᠯᠤᠰᠤᠨ ᠮᠤᠷᠢᠳ ᠢ ᠬᠦᠭᠡᠭᠡᠵᠤ ᠯᠠ ᠶᠠᠪᠤᠨ᠎ᠠ ᠬᠦᠢ᠃
ᠬᠤᠪᠢᠨ ᠤ ᠨᠤᠲᠤᠭ ᠲᠠᠭᠠᠨ ᠬᠠᠷᠢᠬᠰᠡᠨ ᠤ ᠰᠠᠭᠦᠯᠡᠷ ᠬᠦᠢ᠂
ᠬᠤᠷᠤᠰᠤᠯ ᠢᠶᠡᠨ ᠠᠪᠬᠤ ᠠᠷᠭ᠎ᠠ ᠪᠠᠨ ᠦᠵᠡᠶ᠎ᠡ ᠬᠦᠢ᠃
ᠡᠳᠡᠭᠡᠷ ᠮᠤᠷᠢᠳ ᠢ ᠦᠪᠡᠷ ᠦᠨ ᠨᠤᠳᠤᠭ ᠲᠠᠭᠠᠨ ᠠᠪᠴᠢᠷᠠᠬᠰᠡᠨ ᠤ ᠰᠡᠭᠦᠯᠡᠷ᠂ ᠡᠷᠭᠦᠯᠳᠡᠢ ᠴᠡᠷᠢᠭ ᠡᠯᠰᠡᠨ ᠪᠤᠯᠪᠠᠰᠤᠷᠠᠭᠤᠯᠵᠤ᠂ ᠪᠠᠭᠠᠷᠢᠨ ᠸᠠᠩ ᠤᠨ ᠬᠤᠷᠢᠶ᠎ᠠ ᠵᠦᠭ ᠲᠠᠬᠢᠨ ᠮᠤᠷᠳᠠᠵᠢ᠃ ᠴᠡᠷᠢᠭ ᠮᠤᠷᠳᠠᠬᠤ ᠦᠶ᠎ᠡ ᠡᠷᠭᠦᠯᠳᠡᠢ ᠤᠯᠠᠨ ᠠᠬ᠎ᠠ ᠲᠡᠭᠦᠤ ᠨᠠᠷ ᠲᠠᠭᠠᠨ ᠬᠡᠯᠡᠵᠤ ᠪᠠᠢᠨ᠎ᠠ᠃
ᠰᠠᠭᠠᠭ ᠤᠨ ᠲᠠᠷᠢᠶ᠎ᠠ ᠶᠢ ᠨᠢ ᠲᠠᠭᠠᠷᠢᠭᠤᠯᠵᠤ ᠪᠤᠯᠠᠬᠤ ᠦᠭᠡᠢ ᠬᠦᠢ᠂
ᠰᠠᠬᠤᠤᠯ ᠮᠠᠢᠢᠮᠠᠢ ᠶᠢ ᠲᠤᠨᠤᠵᠤ ᠪᠤᠯᠠᠬᠤ ᠦᠭᠡᠢ ᠬᠦᠢ᠃
ᠰᠠᠬᠤᠤᠯ ᠮᠠᠢᠢᠮᠠᠢ ᠶᠢ ᠲᠤᠨᠤᠳᠠᠭ ᠪᠤᠯᠪᠠᠯ ᠬᠦᠢ᠂
ᠴᠠᠭᠠᠵᠠᠨ ᠲᠤᠭ ᠤᠨ ᠲᠤᠤᠷ᠎ᠠ ᠲᠤᠯᠤᠭᠠᠢ ᠶᠢ ᠨᠢ ᠴᠠᠪᠴᠢᠨ᠎ᠠ ᠬᠦᠢ᠃
ᠪᠤᠷᠴᠠᠭ ᠤᠨ ᠲᠠᠷᠢᠶ᠎ᠠ ᠶᠢ ᠭᠢᠰᠬᠢᠯᠡᠵᠤ ᠪᠤᠯᠬᠤ ᠦᠭᠡᠢ ᠬᠦᠢ᠂
ᠪᠤᠭᠤᠯ ᠠᠷᠠᠳ ᠢ ᠲᠠᠷᠤᠯᠠᠵᠤ ᠪᠤᠯᠬᠤ ᠦᠭᠡᠢ ᠬᠦᠢ᠂
ᠪᠤᠭᠤᠯ ᠠᠷᠠᠳ ᠢ ᠲᠠᠷᠤᠯᠠᠳᠠᠭ ᠪᠤᠯᠪᠠᠯ ᠠ ᠬᠦᠢ᠂
ᠪᠤᠷᠤ ᠲᠤᠭ ᠤᠨ ᠲᠤᠤᠷ᠎ᠠ ᠲᠤᠯᠤᠭᠠᠢ ᠶᠢ ᠨᠢ ᠴᠠᠪᠴᠢᠨ᠎ᠠ ᠬᠦᠢ᠃
ᠪᠤᠰᠤ ᠤᠴᠢᠷ ᠲᠤ ᠮᠤᠷᠳᠠᠬᠤ ᠦᠭᠡᠢ ᠶᠤᠮ ᠡ ᠬᠦᠢ᠂
ᠪᠠᠭᠠᠷᠢᠨ ᠸᠠᠩ ᠲᠠᠢ ᠪᠠᠢᠢᠯᠳᠤᠬᠤ ᠶᠤᠮ ᠡ ᠬᠦᠢ᠂
ᠪᠠᠭᠠᠷᠢᠨ ᠸᠠᠩ ᠲᠠᠢ ᠪᠠᠢᠢᠯᠳᠤᠭᠠᠳ ᠢᠷᠡᠪᠡᠯ ᠡ ᠬᠦᠢ᠃
ᠪᠡᠶ᠎ᠡ ᠶᠢᠨ ᠠᠮᠢᠳᠤᠷᠠᠯ ᠢ ᠴᠢᠨᠢ ᠪᠤᠰᠬᠠᠵᠤ ᠦᠭᠭᠦᠶ᠎ᠡ ᠬᠦᠢ᠃
ᠠᠰᠳᠠᠭᠠᠨ ᠤᠴᠢᠷ ᠲᠤ ᠮᠤᠷᠳᠠᠬᠤ ᠦᠭᠡᠢ ᠶᠤᠮ ᠡ ᠬᠦᠢ᠂
ᠠᠪᠤ ᠶᠢᠨ ᠢᠶᠡᠨ ᠦᠰᠢᠶ᠎ᠡ ᠶᠢ ᠨᠢ ᠠᠪᠴᠤ ᠦᠭᠭᠦᠨ᠎ᠡ ᠬᠦᠢ᠃
ᠠᠪᠤ ᠶᠢᠨ ᠦᠰᠢᠶ᠎ᠡ ᠶᠢ ᠠᠪᠤᠬᠰᠡᠨ ᠤ ᠰᠡᠭᠦᠯᠡᠷ ᠬᠦᠢ᠂
ᠠᠳᠠᠯ ᠠᠮᠢᠳᠤᠷᠠᠯ ᠢ ᠴᠢᠨᠢ ᠪᠤᠰᠬᠠᠵᠤ ᠦᠭᠭᠦᠶ᠎ᠡ ᠬᠦᠢ᠃
ᠤᠯᠠᠨ ᠳᠤ ᠴᠠᠭᠠᠵᠠ ᠵᠠᠷᠯᠠᠵᠤ ᠪᠠᠷᠠᠬᠰᠡᠨ ᠤ ᠰᠡᠭᠦᠯᠡᠷ᠂ ᠡᠳᠦᠷ ᠰᠦᠨᠢ ᠦᠭᠡᠢ ᠵᠠᠮᠨᠠᠵᠤ ᠶᠠᠪᠤᠬᠰᠠᠭᠠᠷ᠂ ᠪᠠᠭᠠᠷᠢᠨ ᠸᠠᠩ ᠤᠨ ᠬᠤᠷᠢᠶᠠᠨ ᠡᠴᠡ ᠬᠤᠷᠢᠨ ᠭᠠᠵᠠᠷ ᠤᠨ ᠠᠯᠤᠰ ᠨᠢᠭᠡᠨ ᠦᠨᠳᠦᠷ ᠰᠢᠭ ᠮᠠᠩᠬᠠᠨ ᠤᠷᠤᠢ ᠲᠡᠭᠡᠷ᠎ᠡ ᠲᠤᠭ ᠲᠠᠯᠪᠠᠭ᠎ᠠ ᠪᠠᠨ ᠮᠢᠷᠠᠯᠵᠠᠭᠤᠯᠤᠭᠠᠳ ᠴᠡᠷᠢᠭ ᠪᠠᠭᠤᠵᠠᠢ᠃ ᠴᠡᠷᠢᠭ ᠪᠠᠭᠤᠬᠰᠡᠨ ᠤ ᠲᠠᠷᠠᠭ᠎ᠠ ᠡᠷᠭᠦᠯᠳᠡᠢ ᠦᠪᠡᠷ ᠦᠨ ᠭᠠᠷ ᠢᠶᠠᠷ ᠢᠶᠠᠨ ᠪᠢᠴᠢᠭ ᠪᠢᠴᠢᠵᠤ᠂ ᠬᠤᠶᠠᠷ ᠴᠡᠷᠢᠭ ᠵᠠᠷᠤᠵᠤ ᠪᠠᠭᠠᠷᠢᠨ ᠸᠠᠩ ᠳᠤ ᠬᠦᠷᠭᠡᠯᠭᠡᠪᠡ᠂᠂
ᠦᠪᠡᠷ ᠦᠨ ᠤᠴᠢᠷ ᠢᠶᠠᠨ ᠮᠡᠳᠡᠳᠡᠭ ᠪᠤᠯ ᠠ ᠬᠦᠢ᠂
ᠦᠨᠡᠨ ᠤᠴᠢᠷ ᠢᠶᠠᠨ ᠲᠤᠰᠢᠶᠠᠬᠤ ᠪᠡᠷ ᠢᠷ᠎ᠡ ᠬᠦᠢ᠃
ᠦᠴᠦᠬᠡᠨ ᠴᠤ ᠲᠤᠰᠢᠶᠠᠬᠤ ᠦᠭᠡᠢ ᠦᠰᠢᠯᠳᠦᠳᠡᠭ ᠪᠤᠯᠪᠠᠯ ᠡ ᠬᠦᠢ
ᠦᠪᠡᠷ ᠦᠨ ᠪᠡᠶ᠎ᠡ ᠶᠢ ᠴᠢᠨᠢ ᠦᠬᠦᠭᠦᠯᠵᠤ ᠲᠠᠯᠪᠢᠨ᠎ᠠ ᠬᠦᠢ᠃
ᠶᠠᠪᠤᠬᠰᠡᠨ ᠢᠶᠠᠨ ᠮᠡᠳᠡᠳᠡᠭ ᠪᠤᠯ ᠳ᠋ᠠ ᠬᠦᠢ᠂
ᠬᠤᠪᠢᠨ ᠤ ᠬᠡᠷᠡᠭ ᠢᠶᠡᠨ ᠲᠤᠰᠢᠶᠠᠬᠤ ᠪᠡᠷ ᠢᠷ᠎ᠡ ᠬᠦᠢ᠃
ᠬᠠᠷᠢᠭᠤᠴᠠᠵᠤ ᠪᠠᠢᠭᠠᠳ ᠠᠭᠠᠰᠢᠯᠠᠳᠠᠭ ᠪᠤᠯᠪᠠᠯ ᠠ ᠬᠦᠢ
ᠬᠤᠪᠢᠨ ᠤ ᠪᠡᠶ᠎ᠡ ᠶᠢ ᠴᠢᠨᠢ ᠦᠬᠦᠭᠦᠯᠵᠤ ᠲᠠᠯᠪᠢᠨ᠎ᠠ ᠬᠦᠢ᠃
ᠪᠠᠭᠠᠷᠢᠨ ᠸᠠᠩ ᠪᠢᠴᠢᠭ ᠢ ᠦᠵᠡᠭᠡᠳ ᠶᠡᠬᠡᠯ᠎ᠡ ᠰᠠᠨᠳᠤᠷᠴᠤ᠂ ᠦᠪᠠᠷ ᠤᠨ ᠪᠡᠶ᠎ᠡ ᠪᠡᠷ ᠢᠶᠡᠨ ᠤᠬᠳᠣᠵᠣ ᠭᠠᠷᠴᠤ ᠢᠷᠡᠪᠡ᠃ ᠡᠷᠭᠦᠯᠳᠡᠢ ᠴᠢᠷᠠᠢ ᠬᠤᠪᠢᠯᠵᠤ ᠬᠡᠯᠡᠵᠤ ᠃
ᠠᠯᠠᠭ ᠵᠢᠷᠤᠭ᠎ᠠ ᠮᠤᠷᠢ ᠶᠢ ᠠᠪᠴᠢᠷᠠᠬᠤ ᠨᠢ ᠭᠠᠢᠢᠭᠤᠢ ᠬᠦᠢ᠂
ᠠᠬᠰᠢᠷᠠᠭ᠎ᠠ ᠠᠪᠤ ᠶᠢ ᠬᠠᠷᠠᠳᠠᠬᠤ ᠨᠢ ᠶᠠᠭᠤ ᠶᠤᠮ ᠬᠦᠢ᠃
ᠠᠪᠤ ᠶᠢᠨ ᠢᠶᠡᠨ ᠦᠰᠢᠶ᠎ᠡ ᠶᠢ ᠠᠪᠬᠤ ᠪᠡᠷ ᠢᠷᠡᠵᠢ ᠬᠦᠢ
ᠠᠮᠠᠨ ᠬᠦᠵᠦᠭᠦᠤ ᠶᠢ ᠴᠢᠨᠢ ᠤᠬᠳᠤᠯᠤᠭᠠᠳ ᠬᠠᠶᠠᠶ᠎ᠠ ᠬᠦᠢ᠃
ᠦᠷᠢᠶ᠎ᠡ ᠮᠤᠷᠢ ᠶᠢ ᠨᠢ ᠠᠪᠴᠢᠷᠠᠬᠤ ᠨᠢ ᠭᠠᠢᠢᠭᠤᠢ ᠬᠦᠢ᠂
ᠦᠲᠡᠯᠦᠭᠰᠡᠨ ᠠᠪᠤ ᠶᠢ ᠬᠠᠷᠠᠳᠠᠬᠤ ᠴᠢᠨᠢ ᠶᠠᠭᠤ ᠶᠤᠮ ᠳ᠋ᠠ ᠬᠦᠢ᠂
ᠡᠴᠢᠭᠡ ᠶᠢᠨ ᠢᠶᠡᠨ ᠦᠰᠢᠶ᠎ᠡ ᠶᠢ ᠨᠢ ᠠᠪᠬᠤ ᠪᠡᠷ ᠢᠷᠡᠵᠢ ᠬᠦᠢ
ᠡᠷᠡᠤ ᠲᠦᠭᠦᠰᠢ ᠶᠢ ᠴᠢᠨᠢ ᠰᠠᠯᠭᠠᠭᠠᠳ ᠲᠠᠯᠪᠢᠶ᠎ᠠ ᠬᠦᠢ᠃
ᠢᠩᠬᠢᠵᠤ ᠬᠡᠯᠡᠬᠦ ᠲᠠᠢ ᠵᠡᠷᠭᠡ ᠪᠡᠷ ᠵᠡᠭᠦᠵᠤ ᠪᠠᠢᠬᠰᠠᠨ ᠠᠬᠠᠷ ᠫᠤᠤ ᠪᠠᠨ ᠰᠤᠭᠤ ᠲᠠᠲᠠᠨ ᠠᠪᠴᠤ ᠡᠰᠡᠷᠭᠦᠤ ᠨᠢ ᠬᠠᠨᠲᠤᠭᠤᠯᠤᠬᠰᠡᠨ ᠳᠤ ᠪᠠᠭᠠᠷᠢᠨ ᠸᠠᠩ ᠤᠨ ᠬᠠᠮᠤᠭ ᠪᠡᠶ᠎ᠡ ᠨᠢ ᠴᠡᠴᠡᠷᠡᠵᠤ᠂ ᠴᠢᠷᠠᠢ ᠨᠢ ᠴᠠᠭᠠᠰᠤ ᠮᠡᠲᠤ ᠪᠤᠯᠤᠭᠠᠳ ᠬᠡᠯᠡᠵᠤ ᠪᠠᠢᠢᠨ᠎ᠠ᠃
ᠠᠯᠠᠭ ᠵᠢᠷᠤᠭ᠎ᠠ ᠮᠤᠷᠢ ᠶᠢ ᠴᠢᠨᠢ ᠪᠤᠯᠢᠶᠠᠭᠠᠳ ᠲᠡᠭᠡᠭᠰᠡᠨ ᠬᠦᠢ᠂
ᠠᠰ ᠤᠨ ᠪᠡᠶ᠎ᠡ ᠶᠢᠨ ᠮᠢᠨᠢ ᠠᠯᠳᠠᠯ ᠶᠤᠮ ᠡ ᠬᠦᠢ᠃
ᠠᠨᠳᠠᠭᠤ ᠪᠤᠳᠤᠯ ᠢᠶᠠᠨ ᠬᠠᠯᠠᠬᠤ ᠦᠭᠡᠢ ᠪᠤᠯᠪᠠᠯ ᠪᠢ ᠡ ᠬᠦᠢ
ᠫᠤᠤ ᠳᠤ ᠴᠢᠨᠢ ᠲᠠᠬᠠᠯᠠᠭᠠ ᠪᠤᠯᠤᠭ ᠡ ᠬᠦᠢ᠃
ᠦᠲᠡᠯᠦᠭᠰᠡᠨ ᠠᠪᠤ ᠶᠢ ᠴᠢᠨᠢ ᠦᠨᠡᠷᠡᠨ ᠴᠤ ᠴᠤᠬᠢᠬᠰᠡᠨ ᠨᠢ ᠬᠦᠢ᠂
ᠦᠪᠡᠷ ᠦᠨ ᠪᠡᠶ᠎ᠡ ᠶᠢᠨ ᠮᠢᠨᠢ ᠠᠯᠳᠠᠭ᠎ᠠ ᠶᠤᠮ ᠡ ᠬᠦᠢ᠃
ᠡᠨᠳᠡᠭᠦᠤ ᠰᠠᠨᠠᠭ᠎ᠠ ᠪᠠᠨ ᠪᠢ ᠬᠠᠯᠠᠬᠤ ᠦᠭᠡᠢ ᠪᠤᠯ ᠳ᠋ᠠ ᠬᠦᠢ᠂
ᠶᠢᠰᠤ ᠲᠤᠤᠭᠠᠷᠬᠤ ᠫᠤᠤ ᠳᠤ ᠴᠢᠨᠢ ᠦᠬᠦᠭᠡᠳ ᠡ ᠬᠦᠢ᠃
ᠪᠠᠭᠠᠷᠢᠨ ᠸᠠᠩ ᠠᠮᠠᠯᠳᠤᠵᠤ ᠪᠠᠷᠠᠬᠰᠡᠨ ᠬᠤᠢᠢᠨ᠎ᠠ᠂ ᠡᠷᠭᠦᠯᠳᠡᠢ ᠲᠡᠭᠡᠪᠡᠯ ᠪᠤᠯᠵᠢ᠂᠂ ᠴᠢ ᠤᠷᠢᠳᠠᠪᠡᠷ ᠦᠪᠡᠷ ᠦᠨ ᠴᠡᠷᠢᠭ ᠢᠶᠡᠨ ᠬᠤᠷᠢᠶᠠᠨ ᠡᠴᠡ ᠪᠠᠨ ᠭᠠᠷᠭᠠᠵᠤ᠂ ᠮᠢᠨᠤ ᠴᠡᠷᠢᠭ ᠢ ᠬᠦᠷᠢᠶᠡᠨ ᠳᠡᠬᠡᠨ ᠪᠠᠭᠤᠯᠭ᠎ᠠ ᠭᠡᠪᠡ᠃ ᠪᠠᠭᠠᠷᠢᠨ ᠸᠠᠩ ᠵᠠ᠂ ᠵᠠ ᠭᠡᠵᠤ ᠬᠦᠯᠢᠶᠡᠨ ᠠᠪᠴᠤ ᠦᠪᠡᠷ ᠦᠨ ᠴᠡᠷᠢᠭ ᠢᠶᠡᠨ ᠸᠠᠩ ᠤᠨ ᠬᠤᠷᠢᠶᠠᠨ ᠡᠴᠡ ᠪᠠᠨ ᠭᠠᠷᠭᠠᠬᠰᠡᠨ ᠤ ᠬᠤᠢᠨ᠎ᠠ ᠡᠷᠭᠦᠯᠳᠡᠢ ᠴᠡᠷᠢᠭ ᠢᠶᠡᠨ ᠲᠠᠭᠠᠭᠤᠯᠵᠤ ᠸᠠᠩ ᠤᠨ ᠬᠤᠷᠢᠶᠠᠨ ᠳᠦ ᠨᠢ ᠰᠠᠭᠤᠭᠠᠳ ᠪᠠᠭᠠᠷᠢᠨ ᠸᠠᠩ ᠳᠦ ᠪᠢ ᠴᠤᠬᠤᠮ ᠳᠠᠭᠠᠨ ᠠᠮᠢ ᠶᠢ ᠴᠢᠨᠢ ᠠᠪᠤᠶ᠎ᠠ ᠭᠡᠵᠤ ᠪᠤᠳᠤᠵᠤ ᠪᠠᠢᠢᠬᠰᠡᠨ ᠶᠤᠮ᠃ ᠭᠡᠪᠡᠴᠤ ᠴᠢ ᠡᠨᠡ ᠮᠡᠲᠤ ᠠᠮᠠᠯᠳᠤᠵᠤ ᠪᠠᠢᠬᠤ ᠲᠤᠯᠠ ᠠᠮᠢ ᠶᠢ ᠴᠢᠨᠢ ᠦᠯᠡᠳᠡᠭᠡᠶ᠎ᠡ᠂ ᠭᠡᠪᠡᠴᠤ ᠪᠢ ᠡᠳᠦᠢ ᠠᠷᠪᠢᠨ ᠴᠡᠷᠢᠭ ᠲᠠᠭᠠᠭᠤᠯᠵᠤ ᠢᠷᠡᠭᠰᠡᠨ᠂ ᠡᠳᠡ ᠨᠠᠷ ᠪᠦᠷ ᠠᠳᠠᠯ ᠠᠮᠢᠳᠤᠷᠠᠯ ᠲᠠᠢ᠂ ᠴᠢᠨᠤ ᠤᠴᠢᠷ ᠢᠶᠠᠨ ᠶᠠᠭᠠᠬᠢᠨ᠎ᠠ ᠭᠡᠵᠤ ᠪᠤᠳᠤᠵᠤ ᠪᠤᠢ︖ ᠭᠡᠰᠡᠨ ᠳᠦ᠂ ᠪᠠᠭᠠᠷᠢᠨ ᠸᠠᠩ ᠡᠨᠡ ᠤᠴᠢᠷ ᠲᠤ ᠪᠤᠤ ᠰᠡᠳᠬᠢᠯ ᠵᠤᠪᠠ᠃ ᠲᠡᠳᠡᠨᠦᠰ ᠦᠨ ᠠᠳᠠᠯ ᠠᠮᠢᠳᠤᠷᠠᠯ ᠤᠨ ᠶᠠᠭᠤᠮ᠎ᠠ ᠶᠢ ᠪᠢ ᠮᠡᠳᠡᠶ᠎ᠡ ᠭᠡᠪᠡ᠃ ᠡᠷᠭᠦᠯᠳᠡᠢ ᠫᠦᠰᠬᠢᠲᠡᠯᠡ ᠢᠨᠢᠶᠡᠭᠡᠳ ᠬᠡᠯᠡᠵᠤ ᠃
ᠠᠷᠪᠠᠨ ᠬᠤᠰᠢᠭᠤᠨ ᠳᠠᠭᠠᠨ ᠠᠯᠳᠠᠷᠲᠠᠢ ᠪᠠᠢᠢᠵᠠᠢ ᠬᠦᠢ᠂
ᠠᠬᠤ ᠴᠤ ᠸᠠᠩ ᠭᠡᠰᠡᠨ ᠨᠡᠷ᠎ᠡ ᠲᠠᠢ ᠪᠢᠰᠢᠤ ᠬᠦᠢ᠂
ᠠᠯᠠᠭ ᠵᠢᠷᠤᠭ᠎ᠠ ᠮᠤᠷᠢᠨ ᠳᠤ ᠨᠢ ᠭᠤᠷᠢᠯᠴᠢᠬᠠᠭᠠᠳ ᠡ ᠬᠦᠢ᠂
ᠠᠯᠳᠠᠭ᠎ᠠ ᠪᠤᠯᠤᠬᠰᠡᠨ ᠢᠶᠠᠨ ᠤᠳᠤ ᠮᠡᠳᠡᠪᠡ ᠥ ᠬᠦᠢᠢ᠃
ᠶᠢᠰᠦᠨ ᠨᠤ᠋ ᠬᠤᠰᠢᠭᠤᠨ ᠳᠠᠭᠠᠨ ᠠᠯᠳᠠᠷᠲᠠᠢ ᠪᠠᠢᠢᠵᠠᠢ ᠬᠦᠢ᠂
ᠡᠯᠪᠡᠷᠢᠯᠲᠡᠢ ᠸᠠᠩ ᠭᠡᠵᠤ ᠪᠠᠢᠢᠵᠠᠢ ᠬᠦᠢ᠂
ᠦᠷᠢᠶ᠎ᠡ ᠬᠦᠯᠦᠭ ᠮᠤᠷᠢᠨ ᠳᠤ ᠨᠢ ᠭᠤᠷᠤᠢᠢᠯᠠᠴᠢᠬᠠᠭᠠᠳ ᠠ ᠬᠦᠢ
ᠡᠷᠬᠢᠭᠦᠤ ᠶᠠᠪᠤᠬᠰᠡᠨ ᠢᠶᠠᠨ ᠤᠳᠤ ᠮᠡᠳᠡᠪᠡ ᠤᠤ ᠳ᠋ᠠ ᠬᠦᠢ᠃
ᠪᠠᠭᠠᠷᠢᠨ ᠸᠠᠩ ᠠᠯᠠᠭ ᠵᠢᠷᠤᠭ᠎ᠠ ᠮᠤᠷᠢ ᠶᠢ ᠨᠢ ᠪᠤᠴᠠᠭᠠᠵᠤ ᠦᠭᠭᠦᠭᠡᠳ᠂ ᠲᠠᠭᠠᠵᠤ ᠢᠷᠡᠭᠰᠡᠨ ᠴᠡᠷᠢᠭ ᠦᠨ ᠬᠦᠮᠦᠨ ᠪᠦᠷᠢ ᠳᠦ ᠲᠠᠪᠤᠨ ᠵᠠᠭᠤᠨ ᠯᠠᠩ ᠮᠦᠩᠭᠦ ᠦᠪᠡᠷ ᠦᠨ ᠶᠠᠯ᠎ᠠ ᠪᠠᠨ ᠲᠠᠢᠢᠯᠪᠠ ᠭᠡᠨ᠎ᠡ᠃
ᠲᠠᠷᠬᠠᠨ ᠲᠠᠭᠤᠴᠢᠨ ᠴᠠᠭᠠᠨᠪᠠᠷᠠᠰ ᠤᠨ ᠲᠠᠭᠤᠯᠠᠬᠰᠡᠨ ᠢ ᠦᠯᠵᠢᠢᠰᠠᠩ ᠪᠠᠬᠰᠢ ᠡᠮᠬᠢᠳᠭᠡᠭᠰᠡᠨ ᠬᠤᠷᠴᠢᠨ ᠠᠷᠠᠳ ᠤᠨ ᠲᠠᠭᠤᠤ ᠶᠢᠨ ᠲᠡᠪᠲᠡᠷ ᠡᠴᠡ ᠪᠠᠭᠤᠯᠭᠠᠵᠤ ᠰᠡᠢᠷᠡᠭᠦᠯᠪᠡ᠃
2025.9.18 ᠡᠳᠦᠷ᠃
7
0



























































