ᠭᠠᠯ ᠲᠠᠬᠢᠬᠤ ᠲᠤᠬᠠᠢ
ᠠᠶᠢᠯ ᠭᠡᠷ ᠪᠦᠯᠢ ᠪᠦᠷᠢ ᠥᠪᠡᠷ ᠦᠨ ᠭᠣᠯᠣᠮᠲᠠ ᠶᠢᠨ ᠭᠠᠯ ᠢ ᠲᠠᠬᠢᠭᠠᠷᠠᠢ᠃ ᠲᠡᠭᠡᠪᠡᠯ ᠲᠡᠷᠡ ᠵᠢᠯ ᠳᠦ ᠪᠡᠨ ᠠᠵᠠ ᠬᠡᠶᠢᠮᠣᠷᠢ ᠲᠠᠢ ᠶᠠᠪᠤᠳᠠᠭ ᠶᠤᠮ ᠰᠢᠦ᠃ ᠵᠠᠪᠠᠯ ᠯᠠᠮᠠ ᠪᠥᠭᠡ ᠭᠡᠬᠦ ᠦᠭᠡᠢ ᠥᠪᠡᠷᠰᠡᠳ ᠢᠶᠡᠨ ᠲᠠᠬᠢᠵᠤ ᠪᠣᠯᠤᠨ᠎ᠠ᠃ ᠥᠪᠡᠷ ᠦᠨ ᠰᠡᠳᠬᠢᠯ ᠦᠨ ᠬᠦᠴᠥ ᠪᠡᠷ ᠥᠪᠡᠷᠰᠡᠳ ᠢᠶᠡᠨ ᠰᠠᠶᠢᠬᠠᠨ ᠠᠮᠢᠳᠤᠷᠠᠬᠤ ᠬᠡᠷᠡᠭᠲᠡᠢ ᠪᠢᠵᠡ ᠳ᠋ᠡ᠃ ᠶᠠᠭᠤ ᠶᠠᠭᠤ ᠤᠷᠤᠬᠤ ᠪᠤᠢ ᠭᠡᠪᠡᠯ ᠡᠪᠴᠢᠭᠦᠦ᠂ ᠭᠠᠩᠭ᠎ᠠ᠂ ᠰᠠᠷᠬᠤᠳ᠂ ᠴᠠᠢ᠂ ᠰᠥ᠋᠂ ᠰᠡᠭᠦᠯ 3 ᠬᠡᠷᠴᠢᠮ᠂ ᠢᠳᠡᠭᠡ᠂ ᠰᠢᠷ᠎ᠠ ᠲᠣᠰᠣ ᠵᠡᠷᠭᠡ ᠵᠦᠢᠯ ᠣᠷᠣᠨ᠎ᠠ᠃ ᠬᠦᠮᠦᠨ ᠥᠪᠡᠷ ᠢᠶᠡᠨ ᠰᠡᠳᠬᠢᠯ ᠡᠴᠡ ᠪᠡᠨ ᠬᠢᠪᠡᠯ ᠭᠠᠯ ᠢ ᠥᠪᠡᠷᠰᠡᠳ ᠢᠶᠡᠨ ᠲᠠᠬᠢᠵᠤ ᠪᠣᠯᠳᠠᠭ ᠶᠤᠮ ᠮᠣᠩᠭᠣᠯᠴᠤᠳ ᠡ᠃
9236
2018-09-30 15:57
发表于:内蒙古
ᠭᠠᠯ ᠲᠠᠬᠢᠬᠤ ᠲᠤᠬᠠᠢ
ᠠᠶᠢᠯ ᠭᠡᠷ ᠪᠦᠯᠢ ᠪᠦᠷᠢ ᠥᠪᠡᠷ ᠦᠨ ᠭᠣᠯᠣᠮᠲᠠ ᠶᠢᠨ ᠭᠠᠯ ᠢ ᠲᠠᠬᠢᠭᠠᠷᠠᠢ᠃ ᠲᠡᠭᠡᠪᠡᠯ ᠲᠡᠷᠡ ᠵᠢᠯ ᠳᠦ ᠪᠡᠨ ᠠᠵᠠ ᠬᠡᠶᠢᠮᠣᠷᠢ ᠲᠠᠢ ᠶᠠᠪᠤᠳᠠᠭ ᠶᠤᠮ ᠰᠢᠦ᠃ ᠵᠠᠪᠠᠯ ᠯᠠᠮᠠ ᠪᠥᠭᠡ ᠭᠡᠬᠦ ᠦᠭᠡᠢ ᠥᠪᠡᠷᠰᠡᠳ ᠢᠶᠡᠨ ᠲᠠᠬᠢᠵᠤ ᠪᠣᠯᠤᠨ᠎ᠠ᠃ ᠥᠪᠡᠷ ᠦᠨ ᠰᠡᠳᠬᠢᠯ ᠦᠨ ᠬᠦᠴᠥ ᠪᠡᠷ ᠥᠪᠡᠷᠰᠡᠳ ᠢᠶᠡᠨ ᠰᠠᠶᠢᠬᠠᠨ ᠠᠮᠢᠳᠤᠷᠠᠬᠤ ᠬᠡᠷᠡᠭᠲᠡᠢ ᠪᠢᠵᠡ ᠳ᠋ᠡ᠃ ᠶᠠᠭᠤ ᠶᠠᠭᠤ ᠤᠷᠤᠬᠤ ᠪᠤᠢ ᠭᠡᠪᠡᠯ ᠡᠪᠴᠢᠭᠦᠦ᠂ ᠭᠠᠩᠭ᠎ᠠ᠂ ᠰᠠᠷᠬᠤᠳ᠂ ᠴᠠᠢ᠂ ᠰᠥ᠋᠂ ᠰᠡᠭᠦᠯ 3 ᠬᠡᠷᠴᠢᠮ᠂ ᠢᠳᠡᠭᠡ᠂ ᠰᠢᠷ᠎ᠠ ᠲᠣᠰᠣ ᠵᠡᠷᠭᠡ ᠵᠦᠢᠯ ᠣᠷᠣᠨ᠎ᠠ᠃ ᠬᠦᠮᠦᠨ ᠥᠪᠡᠷ ᠢᠶᠡᠨ ᠰᠡᠳᠬᠢᠯ ᠡᠴᠡ ᠪᠡᠨ ᠬᠢᠪᠡᠯ ᠭᠠᠯ ᠢ ᠥᠪᠡᠷᠰᠡᠳ ᠢᠶᠡᠨ ᠲᠠᠬᠢᠵᠤ ᠪᠣᠯᠳᠠᠭ ᠶᠤᠮ ᠮᠣᠩᠭᠣᠯᠴᠤᠳ ᠡ᠃
ᠠᠶᠢᠯ ᠤᠨ ᠭᠡᠷ ᠦᠨ ᠭᠠᠯ ᠲᠠᠬᠢᠬᠤ ᠶᠣᠰᠣ ᠵᠠᠶ᠋ᠢᠭ ᠠᠴᠠ᠄ ᠭᠠᠯ ᠢ ᠭᠡᠷ ᠲᠦ ᠪᠡᠨ ᠶᠤᠮ ᠤᠤ ᠭᠠᠳᠠᠭ᠎ᠠ ᠲᠠᠬᠢᠵᠤ ᠪᠣᠯᠤᠨ᠎ᠠ᠃ ᠭᠠᠯ ᠢ ᠭᠡᠷ ᠦᠨ ᠡᠮᠡᠭᠲᠡᠢ ᠨᠢ ᠠᠰᠠᠭᠠᠨ᠎ᠠ᠃ ᠭᠠᠯ ᠢ ᠳᠦᠭᠦᠷᠡᠩ ᠰᠢᠨ᠎ᠡ ᠴᠦᠳᠡᠩᠵᠡ ᠪᠡᠷ ᠠᠰᠠᠭᠠᠳᠠᠭ᠃ ᠭᠠᠯ ᠪᠠᠳᠢᠷᠠᠵᠤ ᠳᠦᠷᠡᠯᠵᠡᠵᠦ ᠡᠬᠢᠯᠡᠬᠦ ᠦᠶ᠎ᠡ ᠳᠦ ᠡᠪᠴᠢᠭᠦᠦ ᠪᠡᠨ ᠲᠠᠯᠪᠢᠭᠠᠳ ᠰᠠᠷᠬᠤᠳ᠂ ᠭᠠᠩᠭ᠎ᠠ᠂ ᠰᠢᠷ᠎ᠠ ᠲᠣᠰᠣ᠂ ᠴᠠᠢ᠂ ᠢᠳᠡᠭᠡ᠂ ᠰᠥ᠋᠂ ᠰᠡᠭᠦᠯ ᠢᠶᠡᠨ ᠡᠷᠭᠦᠨ᠎ᠡ᠃ ᠲᠡᠭᠡᠭᠡᠳ ᠥᠪᠡᠷᠰᠡᠳ ᠦᠨ ᠢᠶᠡᠨ ᠣᠪᠤᠭ ᠨᠡᠷ᠎ᠡ ᠵᠢᠯ ᠢ ᠬᠡᠯᠡᠨ᠎ᠡ ᠨᠢᠭᠡ ᠶᠣᠰᠣᠨ ᠳᠤ ᠪᠠᠨ ᠡᠶᠢᠮᠦ ᠬᠦᠮᠦᠰ ᠭᠠᠯ ᠲᠠᠬᠢᠵᠤ ᠪᠠᠶᠢᠨ᠎ᠠ ᠭᠡᠳᠡᠭ ᠢᠶᠡᠨ ᠮᠡᠳᠡᠭᠦᠯᠦᠨ᠎ᠡ᠃ ᠭᠡᠷ ᠦᠨ ᠡᠵᠡᠨ ᠡᠬᠡᠨᠡᠷ ᠬᠡᠦᠬᠡᠳ ᠦᠳ ᠳᠠᠷᠠᠭᠠᠯᠠᠨᠠ᠃ ᠲᠡᠭᠦᠨ ᠦ ᠳᠠᠷᠠᠭ᠎ᠠ ᠭᠠᠯ ᠳᠤ ᠪᠠᠨ ᠭᠤᠷᠪᠠᠨᠲᠠ ᠮᠥᠷᠭᠥᠭᠡᠳ ᠤᠤᠬᠠᠢ ᠶᠢ 3 ᠤᠳᠠᠭ᠎ᠠ ᠬᠡᠯᠡᠨ᠎ᠡ᠃ ᠡᠨᠡ ᠦᠢᠯᠡ ᠶᠢ ᠬᠢᠵᠦ ᠪᠠᠶᠢᠬᠤ ᠳᠤ ᠪᠠᠨ ᠤᠷᠢᠳᠤ ᠨᠢ ᠭᠠᠷᠭᠠᠭᠰᠠᠨ ᠶᠠᠮᠠᠷ ᠨᠢᠭᠡᠨ ᠠᠯᠳᠠᠭ᠎ᠠ ᠬᠡᠨ ᠨᠢᠭᠡᠨ ᠳᠦ ᠨᠢ ᠪᠠᠶᠢᠭᠰᠠᠨ ᠪᠣᠯ ᠲᠡᠭᠦᠨ ᠢ ᠨᠢ ᠠᠭᠤᠴᠢᠯᠠᠵᠤ ᠲᠡᠷᠡ ᠬᠦᠮᠦᠨ ᠨᠢ ᠳᠠᠬᠢᠨ ᠠᠯᠳᠠᠭ᠎ᠠ ᠭᠠᠷᠭᠠᠬᠤ ᠦᠭᠡᠢ ᠭᠡᠵᠦ ᠰᠡᠳᠬᠢᠯ ᠳᠦ ᠪᠡᠨ ᠴᠢᠩ ᠰᠡᠳᠬᠢᠯ ᠡᠴᠡ ᠪᠡᠨ ᠬᠦᠰᠡᠨ᠎ᠡ᠃ ᠲᠡᠭᠦᠨ ᠦ ᠳᠠᠷᠠᠭ᠎ᠠ ᠪᠡᠶ᠎ᠡ ᠪᠡᠶ᠎ᠡ ᠪᠠᠨ ᠬᠦᠨᠳᠦᠳᠬᠡᠨ ᠡᠩᠬᠦᠷᠡᠶᠢᠯᠡᠵᠦ ᠴᠢᠩ ᠰᠡᠳᠬᠢᠯ ᠡᠴᠡ ᠪᠡᠨ ᠲᠠᠯᠠᠷᠬᠠᠯ ᠢᠯᠡᠷᠬᠡᠶᠢᠯᠡᠨ᠎ᠡ᠃
2 ᠳᠠᠬᠢ ᠡᠷᠭᠦᠯ ᠰᠠᠷᠬᠤᠳ᠂ ᠭᠠᠩᠭ᠎ᠠ᠂ ᠰᠢᠷ᠎ᠠ ᠲᠣᠰᠣ᠂ ᠴᠠᠢ᠂ ᠢᠳᠡᠭᠡ᠂ ᠰᠥ᠋᠂ ᠰᠡᠭᠦᠯ ᠢᠶᠡᠨ ᠳᠠᠬᠢᠨ ᠡᠷᠭᠦᠭᠡᠳ ᠰᠠᠶᠢᠬᠠᠨ ᠦᠭᠡ ᠲᠡᠢ ᠳᠠᠭᠤᠤ ᠶᠢ ᠴᠢᠩᠭ᠎ᠠ ᠪᠠᠷ ᠳᠠᠭᠤᠯᠠᠨ᠎ᠠ᠃ ᠪᠠᠶᠢᠩᠭᠤ ᠠᠶᠠᠯᠠᠵᠤ ᠶᠠᠪᠤᠳᠠᠭ ᠪᠣᠯᠵᠤ ᠥᠭᠪᠡᠯ ᠬᠦᠮᠦᠨ ᠪᠦᠷᠢ ᠥᠪᠡᠷ ᠥᠪᠡᠷ ᠦᠨ ᠳᠠᠭᠤᠤ ᠪᠠᠶᠢᠪᠠᠯ ᠰᠠᠶᠢᠨ᠃ ᠳᠠᠭᠤᠯᠠᠵᠤ ᠳᠠᠭᠤᠰᠤᠭᠠᠳ ᠳᠠᠬᠢᠨ ᠭᠤᠷᠪᠠᠨᠲᠠ ᠤᠤᠬᠠᠶᠢᠯᠠᠨᠠ᠃ ᠳᠠᠬᠢᠨ ᠭᠠᠯ ᠳᠡᠭᠡᠷ᠎ᠡ ᠪᠡᠨ ᠰᠠᠷᠬᠤᠳ ᠭᠠᠩᠭ᠎ᠠ ᠰᠢᠷ᠎ᠠ ᠲᠣᠰᠣ ᠢᠳᠡᠭᠡ ᠰᠥ᠋ ᠰᠡᠭᠦᠯ ᠢᠶᠡᠨ ᠡᠷᠭᠦᠭᠡᠳ ᠬᠡᠰᠢᠭ ᠪᠤᠶᠠᠨ ᠢᠶᠡᠨ ᠠᠷᠪᠢᠵᠢᠭᠤᠯᠬᠤ ᠦᠢᠯᠡ ᠪᠤᠶᠤ ᠲᠠᠪᠠᠭ ᠤᠨ ᠢᠳᠡᠭᠡ ᠮᠥᠩᠭᠥ ᠲᠥᠭᠥᠷᠢᠭ ᠲᠦᠷᠡᠶᠢᠪᠴᠢ ᠪᠡᠷ ᠢᠶᠡᠨ ᠳᠠᠯᠠᠯᠭ᠎ᠠ ᠠᠪᠴᠤ 3 ᠤᠳᠠᠭ᠎ᠠ ᠨᠠᠷᠠ ᠵᠥᠪ ᠡᠷᠭᠢᠭᠦᠯᠵᠦ 3 ᠤᠳᠠᠭ᠎ᠠ ᠤᠤᠬᠠᠶᠢᠯᠠᠨᠠ᠃ ᠳᠠᠷᠠᠭ᠎ᠠ ᠨᠢ ᠲᠡᠷᠡ ᠵᠢᠯ ᠳᠦ ᠪᠡᠨ ᠬᠦᠰᠡᠵᠦ ᠪᠠᠶᠢᠭ᠎ᠠ ᠭᠤᠷᠪᠠᠨ ᠬᠦᠰᠡᠯ ᠢᠶᠡᠨ ᠴᠡᠪᠡᠷ ᠴᠠᠭᠠᠨ ᠴᠠᠭᠠᠰᠤᠨ ᠳᠡᠭᠡᠷ᠎ᠡ ᠪᠢᠴᠢᠵᠦ ᠭᠠᠯ ᠳᠤ ᠪᠠᠨ ᠡᠷᠭᠦᠨ᠎ᠡ᠃ ᠲᠡᠭᠦᠨ ᠦ ᠳᠠᠷᠠᠭ᠎ᠠ ᠥᠪᠡᠷᠰᠡᠳ ᠢᠶᠡᠨ ᠳᠠᠬᠢᠨ ᠨᠢᠭᠡ ᠰᠠᠶᠢᠬᠠᠨ ᠠᠶᠠᠯᠭᠤ ᠪᠠᠷᠢᠵᠤ ᠳᠠᠭᠤᠰᠬᠠᠨ᠎ᠠ᠃
ᠰᠠᠷᠬᠤᠳ ᠢ ᠭᠡᠷ ᠦᠨ ᠡᠵᠡᠨ ᠵᠠᠪᠠᠯ ᠡᠷᠭᠦᠬᠦ ᠶᠣᠰᠣᠲᠠᠢ᠃
ᠡᠨᠡ ᠲᠠᠬᠢᠯᠭ᠎ᠠ ᠶᠢᠨ ᠡᠳᠦᠷ ᠨᠢ ᠮᠣᠷᠢ ᠶᠤᠮ ᠤᠤ ᠬᠣᠨᠢ ᠪᠠᠶᠢᠪᠠᠯ ᠰᠠᠶᠢᠨ ᠭᠡᠳᠡᠭ᠃ ᠡᠨᠡ ᠵᠢᠯ ᠦᠨ ᠬᠠᠮᠤᠭ ᠤᠨ ᠰᠠᠶᠢᠨ ᠡᠳᠦᠷ ᠨᠢ ᠴᠠᠭᠠᠨ ᠮᠣᠷᠢᠨ ᠡᠳᠦᠷ ᠪᠠᠶᠢᠭ᠎ᠠ ᠪᠣᠯᠤᠨ᠎ᠠ᠃
(《 ᠰᠥ᠋᠂ ᠠᠷᠢᠬᠢ ᠶᠢ ᠭᠠᠯ ᠳᠤ ᠪᠠᠨ ᠪᠤᠰᠤ ᠭᠠᠷᠤᠭᠠᠳ ᠲᠩᠷᠢ ᠬᠠᠶᠢᠷᠬᠠᠨ ᠳᠤ ᠪᠠᠨ ᠡᠷᠭᠦᠬᠦ ᠪᠤᠢ ᠶᠠ 》)
ᠭᠠᠯ ᠭᠣᠯᠤᠮᠲᠠ ᠪᠠᠨ ᠳᠡᠭᠡᠳᠦᠯᠡᠬᠦ ᠶᠣᠰᠤᠨ ᠡᠴᠡ
ᠨᠡᠶᠢᠭᠡᠮ ᠤᠨ ᠭᠣᠣᠯ ᠴᠥᠮ᠎ᠡ ᠪᠣᠯᠤᠭᠰᠠᠨ ᠭᠡᠷ ᠪᠦᠯᠢ ᠶᠢᠨ ᠬᠠᠷᠢᠯᠴᠠᠭᠠᠨ ᠳᠤ ᠭᠠᠯ ᠭᠣᠯᠣᠮᠲᠠ ᠪᠠᠨ ᠬᠦᠨᠳᠦᠳᠭᠡᠬᠦ᠂ ᠲᠡᠭᠦᠨ ᠢ ᠠᠷᠢᠭᠤᠨ ᠳᠠᠭᠰᠢᠨ ᠠᠪᠴᠤ ᠶᠠᠪᠤᠬᠤ ᠨᠢ ᠬᠦᠮᠦᠨ ᠪᠦᠷᠢ ᠶᠢᠨ ᠪᠠᠬᠠᠷᠬᠠᠯ ᠲᠡᠳᠦᠢ ᠦᠭᠡᠢ ᠭᠠᠯ ᠭᠣᠯᠣᠮᠲᠠ ᠪᠠᠨ ᠬᠦᠨᠳᠦᠯᠡᠨ ᠳᠡᠭᠡᠳᠦᠯᠡᠭᠰᠡᠨ ᠢᠶᠡᠷ ᠠᠵᠠ ᠵᠢᠷᠭᠠᠯ ᠲᠠᠢ᠂ ᠲᠡᠭᠰᠢ ᠵᠠᠶᠠᠭ᠎ᠠ ᠲᠠᠢ ᠠᠮᠢᠳᠤᠷᠠᠨ᠎ᠠ ᠭᠡᠵᠦ ᠡᠪᠦᠭᠡᠳ ᠬᠥᠭᠰᠢᠳ ᠮᠠᠨᠢ ᠦᠷ᠎ᠡ ᠠᠴᠢ ᠳᠤ ᠪᠠᠨ ᠰᠤᠷᠭᠠᠳᠠᠭ᠃
ᠡᠨᠡ ᠨᠢ ᠡᠷᠲᠡᠨ ᠦ ᠮᠣᠩᠭᠣᠯ ᠶᠣᠰᠣᠨ ᠳᠤ ᠭᠠᠯ ᠭᠣᠯᠣᠮᠲᠠ ᠪᠠᠨ ᠬᠦᠨᠳᠦᠯᠡᠨ ᠪᠢᠰᠢᠷᠡᠬᠦ᠂ ᠱᠠᠭᠠᠷᠳᠠᠯᠭ᠎ᠠ ᠲᠠᠢ ᠦᠶ᠎ᠡ ᠳᠦ ᠭᠠᠯ ᠢᠶᠠᠨ ᠲᠠᠬᠢᠬᠤ᠂ ᠢᠳᠡᠭᠡᠨ ᠦ ᠳᠡᠭᠡᠵᠢ ᠪᠡᠨ ᠡᠷᠭᠦᠬᠦ᠂ ᠭᠠᠯ ᠤᠷᠤᠭᠤ ᠪᠠᠨ ᠮᠠᠭᠤ᠂ ᠮᠠᠭᠤᠬᠠᠢ ᠶᠠᠭᠤᠮ᠎ᠠ ᠬᠢᠬᠦ ᠦᠭᠡᠢ ᠠᠷᠢᠭᠤᠨ ᠪᠠᠶᠢᠯᠭᠠᠬᠤ ᠶᠣᠰᠣ ᠶᠢ ᠡᠷᠬᠢᠮᠯᠡᠭᠰᠡᠨ ᠢᠶᠡᠷ ᠢᠯᠡᠷᠡᠳᠡᠭ ᠪᠠᠶᠢᠨ᠎ᠠ᠃
ᠮᠣᠩᠭᠣᠯ ᠲᠤᠭᠤᠷᠭᠠᠲᠠᠨ ᠪᠦᠷ ᠡᠷᠲᠡᠨ ᠡᠴᠡ ᠭᠠᠯ ᠢ ᠬᠠᠮᠤᠭ ᠠᠴᠠ ᠡᠷᠬᠢᠮᠯᠡᠨ ᠬᠦᠨᠳᠦᠳᠭᠡᠵᠦ᠂ ᠨᠠᠨᠳᠢᠩᠨᠠᠨ ᠬᠠᠮᠠᠭᠠᠯᠠᠵᠤ ᠢᠷᠡᠵᠡᠢ᠃
ᠭᠠᠯ ᠤᠨ ᠪᠤᠷᠬᠠᠨ ᠭᠡᠵᠦ ᠭᠤᠷᠪᠠᠨ ᠨᠠᠰᠤᠲᠠᠢ ᠪᠠᠯᠴᠢᠷ ᠬᠡᠦᠬᠡᠳ ᠪᠠᠶᠢᠳᠠᠭ ᠭᠡᠯᠴᠡᠳᠡᠭ᠃
ᠭᠠᠯ ᠤᠷᠤᠭᠤ ᠬᠣᠭ ᠨᠣᠪᠰᠢ᠂ ᠰᠣᠩᠭᠢᠨ᠎ᠠ ᠰᠠᠷᠮᠢᠰᠤᠨ ᠤ ᠬᠠᠯᠢᠰᠤ᠂ ᠮᠠᠭᠤ ᠶᠠᠭᠤᠮ᠎ᠠ ᠬᠢᠳᠡᠭ ᠦᠭᠡᠢ᠃ ᠭᠠᠯ ᠤᠨ ᠪᠤᠷᠬᠠᠨ ᠪᠤᠵᠠᠷᠲᠤᠨ᠎ᠠ ᠭᠡᠵᠦ ᠴᠡᠭᠡᠷᠯᠡᠳᠡᠭ᠃
- ᠬᠠᠷᠢᠨ ᠰᠢᠷ᠎ᠠ ᠲᠣᠰᠣ᠂ ᠠᠷᠢᠬᠢ᠂ ᠥᠭᠡᠬᠦ ᠮᠢᠬ᠎ᠠ᠂ ᠰᠢᠨ᠎ᠡ ᠲᠣᠷᠭ᠎ᠠ ᠳᠤᠷᠳᠤᠩ ᠤᠨ ᠥᠭᠡᠳᠡᠰᠦ ᠡᠷᠭᠦᠳᠡᠭ᠃
- ᠭᠠᠯ ᠤᠨ ᠪᠤᠷᠬᠠᠨ ᠢ ᠠᠷᠢᠭᠤᠰᠬᠠᠬᠤ ᠳᠤ ᠪᠠᠨ ᠪᠣᠷᠣ ᠳᠠᠪᠤᠰᠤ ᠰᠠᠴᠤᠳᠠᠭ᠃
- ᠪᠣᠯᠤᠭᠰᠠᠨ ᠢᠳᠡᠭᠡᠨ ᠦ ᠳᠡᠭᠡᠵᠢ ᠶᠢ ᠡᠷᠭᠦᠳᠡᠭ᠃
ᠭᠠᠯ ᠤᠨ ᠪᠤᠷᠬᠠᠨ ᠬᠣᠭᠣᠯᠠ ᠭᠤᠷᠪᠠ ᠬᠠᠯᠪᠠᠭᠠᠳᠠᠬᠤ᠂ ᠮᠢᠬ᠎ᠠ ᠭᠤᠷᠪᠠ ᠤᠭᠳᠤᠯᠬᠤ ᠬᠦᠷᠲᠡᠯ᠎ᠡ ᠭᠣᠷᠢᠳᠠᠳᠠᠭ ᠭᠡᠳᠡᠭ᠃
ᠭᠠᠯ ᠤᠷᠤᠭᠤ ᠨᠢᠯᠪᠤᠪᠠᠯ ᠪᠤᠶᠠᠨ ᠢᠶᠠᠨ ᠪᠠᠷᠠᠨ᠎ᠠ᠂ ᠰᠥ᠋ ᠬᠢᠪᠡᠯ ᠨᠢᠳᠦ ᠰᠣᠬᠣᠷᠠᠵᠤ᠂ ᠮᠠᠯ ᠤᠨ ᠰᠥ᠋ ᠲᠠᠲᠠᠷᠠᠨᠠ ᠭᠡᠳᠡᠭ᠃
ᠭᠠᠯ ᠤᠷᠤᠭᠤ ᠴᠢᠰᠤ ᠲᠠᠢ ᠪᠣᠬᠢᠷ ᠶᠠᠭᠤᠮ᠎ᠠ ᠬᠢᠬᠦ ᠦᠭᠡᠢ᠂ ᠬᠢᠲᠤᠭ᠎ᠠ ᠮᠡᠰᠡᠨ ᠦ ᠦᠵᠦᠭᠦᠷ ᠢᠶᠡᠷ ᠴᠢᠴᠢᠯᠡᠬᠦ ᠦᠭᠡᠢ ᠪᠠᠶᠢᠬᠤ᠂ ᠭᠠᠯ ᠳᠡᠭᠡᠭᠦᠷ ᠠᠯᠬᠤᠬᠤ ᠦᠭᠡᠢ ᠪᠠᠶᠢᠬᠤ᠂ ᠭᠤᠲᠤᠯ ᠣᠷᠢᠶᠠᠯᠲᠠ᠂ ᠣᠶᠢᠮᠣᠰᠤ᠂ ᠬᠥᠰᠡᠷ ᠤᠨ ᠶᠠᠭᠤᠮᠠᠰ ᠭᠠᠯ ᠳᠤ ᠪᠠᠨ ᠣᠶᠢᠷᠠᠲᠤᠭᠤᠯᠬᠤ ᠦᠭᠡᠢ ᠪᠠᠶᠢᠬᠤ ᠶᠢ ᠡᠷᠬᠢᠮᠯᠡᠳᠡᠭ᠃
ᠭᠠᠯ ᠳᠤ ᠪᠠᠨ ᠦᠰᠦᠨ ᠦ ᠰᠡᠪ ᠬᠢᠳᠡᠭ ᠦᠭᠡᠢ᠃ ᠴᠠᠭᠠᠰᠤᠨ ᠳᠤ ᠪᠣᠭᠣᠵᠤ ᠰᠢᠲᠠᠭᠠᠳᠠᠭ᠃ ᠭᠠᠯ ᠤᠨ ᠪᠤᠷᠬᠠᠨ ᠠᠶᠤᠳᠠᠭ ᠭᠡᠳᠡᠭ᠃
ᠭᠠᠯ ᠤᠨ ᠳᠡᠷᠭᠡᠳᠡ ᠰᠦᠬᠡ ᠪᠡᠷ ᠶᠠᠭᠤᠮ᠎ᠠ ᠴᠠᠪᠴᠢᠳᠠᠭ ᠦᠭᠡᠢ᠃ ᠭᠠᠯ ᠤᠨ ᠲᠣᠯᠣᠭᠠᠢ ᠶᠢ ᠠᠪᠴᠢᠬᠠᠵᠤ ᠮᠠᠭᠠᠳ ᠦᠭᠡᠢ ᠭᠡᠳᠡᠭ᠃
ᠰᠢᠭᠦᠰᠦ ᠬᠤᠪᠢᠶᠠᠬᠤ ᠠᠴᠠ ᠪᠠᠨ ᠡᠮᠦᠨ᠎ᠡ ᠭᠠᠯ ᠭᠣᠯᠣᠮᠲᠠ ᠪᠠᠨ ᠵᠠᠪᠠᠯ ᠮᠢᠯᠢᠶᠠᠳᠠᠭ᠃
ᠪᠣᠭᠣᠨᠢ ᠬᠠᠪᠢᠷᠭ᠎ᠠ ᠪᠠᠷ ᠦᠢᠯᠡᠰ ᠪᠦᠲᠦᠬᠦ᠂ ᠪᠦᠳᠦᠷᠬᠡᠢ ᠪᠡᠷ ᠪᠦᠬᠦ ᠶᠠᠭᠤᠮ᠎ᠠ ᠪᠦᠲᠦᠮᠵᠢᠲᠡᠢ ᠰᠠᠶᠢᠬᠠᠨ ᠪᠣᠯᠬᠤ᠂ ᠪᠤᠯᠤᠤ ᠴᠢᠮᠦᠭᠡ ᠪᠡᠷ ᠪᠠᠶᠠᠵᠢᠬᠤ ᠶᠢ ᠪᠡᠯᠭᠡᠳᠡᠳᠡᠭ᠃
ᠬᠥᠮᠦᠰ ᠭᠠᠯ ᠲᠠᠢ ᠪᠣᠯᠤᠭᠰᠠᠨ ᠳᠣᠮᠣᠭ
ᠤᠷᠢᠳᠤ ᠮᠠᠨ ᠤ ᠡᠨᠡ ᠲᠢᠪ ᠦᠨ ᠬᠦᠮᠦᠰ ᠭᠠᠯ ᠬᠥᠰ ᠦᠭᠡᠢ ᠪᠠᠶᠢᠵᠤ ᠭᠡᠨ᠎ᠡ᠃ ᠣᠷᠣᠢ ᠪᠦᠷᠢ ᠳᠡᠭᠡᠳᠦ ᠲᠢᠪ ᠦᠨ ᠬᠢᠨ ᠭᠠᠯ ᠲᠦᠯᠡᠵᠦ᠂ ᠦᠢ ᠲᠦᠮᠡᠨ ᠲᠦᠳᠡᠭ ᠦᠨ ᠣᠴᠢ ᠭᠢᠯᠠᠯᠵᠠᠭᠤᠯᠤᠨ ᠪᠠᠶᠢᠬᠤ ᠶᠢ ᠬᠠᠷᠠᠵᠤ ᠠᠲᠠᠭᠠᠷᠬᠠᠨ ᠭᠠᠯ ᠠᠴᠠ ᠨᠢ ᠣᠯᠵᠤ ᠠᠪᠬᠤ ᠪᠠᠷ ᠬᠡᠯᠡᠯᠴᠡᠵᠦ ᠲᠠᠰ ᠪᠦᠷᠭᠦᠳ ᠪᠡᠶ᠎ᠡ ᠲᠣᠮᠣ ᠪᠠᠷᠢᠭᠳᠠᠴᠢᠬᠠᠨᠠ ᠭᠡᠳ ᠬᠠᠷᠢᠶᠠᠴᠠᠢ ᠬᠤᠷᠳᠤᠨ ᠱᠠᠯᠠᠮᠠᠭᠠᠢ᠂ ᠪᠡᠶ᠎ᠡ ᠵᠢᠵᠢᠭ ᠲᠤᠯᠠ ᠶᠠᠭ ᠲᠠᠭᠠᠷᠠᠨ᠎ᠠ ᠬᠡᠮᠡᠨ ᠲᠡᠭᠦᠨ ᠢ ᠳᠡᠭᠡᠳᠦ ᠲᠢᠪ ᠡᠴᠡ ᠭᠠᠯ ᠣᠯᠵᠤ ᠢᠷᠡᠭᠡᠴᠢ ᠭᠡᠵᠦ ᠭᠤᠶᠤᠭᠰᠠᠨ ᠳᠤ ᠬᠠᠷᠢᠶᠠᠴᠠᠢ ᠳᠡᠭᠡᠳᠦ ᠲᠢᠪ ᠲᠦ ᠣᠴᠢᠬᠤ ᠳᠤ ᠠᠶᠢᠯ ᠠᠮᠢᠲᠠᠨ ᠣᠷᠣᠢ ᠶᠢᠨ ᠬᠣᠭᠣᠯᠠ ᠪᠠᠨ ᠬᠢᠵᠦ ᠪᠠᠶᠢᠬᠤ ᠳᠤ ᠨᠢ ᠲᠠᠭᠠᠷᠠᠵᠤ ᠨᠢᠭᠡ ᠠᠶᠢᠯ ᠤᠨ ᠲᠣᠭᠣᠨᠣ ᠪᠠᠷ ᠨᠢ ᠱᠤᠩᠪᠠᠨ ᠣᠷᠣᠵᠤ ᠴᠣᠭ ᠲᠠᠢ ᠭᠠᠯ ᠵᠠᠭᠤᠭᠠᠳ ᠳᠡᠭᠡᠭᠰᠢ ᠬᠥᠭᠡᠷᠲᠡᠯᠡ ᠭᠠᠯ ᠤᠨ ᠬᠠᠶᠢᠴᠢ ᠪᠠᠨ ᠪᠠᠷᠢᠵᠤ ᠪᠠᠶᠢᠭᠰᠠᠨ ᠭᠡᠷ ᠦᠨ ᠡᠵᠡᠭᠲᠡᠢ᠄ ᠭᠠᠯ ᠤᠨ ᠬᠤᠯᠠᠭᠠᠶᠢᠴᠢ ᠭᠡᠵᠦ ᠬᠠᠰᠬᠢᠷᠤᠨ ᠬᠠᠶᠢᠴᠢ ᠪᠠᠷ ᠢᠶᠠᠨ ᠬᠠᠷᠢᠶᠠᠴᠠᠢ ᠶᠢᠨ ᠰᠡᠭᠦᠯ ᠡᠴᠡ ᠬᠠᠪᠴᠢᠭᠠᠳ ᠠᠪᠤᠭᠰᠠᠨ ᠨᠢ ᠬᠠᠷᠢᠶᠠᠴᠠᠢ ᠶᠢᠨ ᠰᠡᠭᠦᠯ ᠠᠴᠠ ᠬᠡᠯᠪᠡᠷᠢ ᠲᠡᠢ ᠪᠣᠯᠵᠤ ᠮᠠᠨ ᠤ ᠲᠢᠪ ᠭᠠᠯ ᠲᠠᠢ ᠪᠣᠯᠤᠭᠰᠠᠨ ᠭᠡᠨ᠎ᠡ᠃
ᠭᠠᠯ ᠤᠨ ᠠᠴᠢ ᠪᠠᠷ ᠬᠥᠮᠥᠨ ᠦ ᠪᠡᠶ᠎ᠡ ᠪᠢᠯᠳᠠᠷ ᠤᠭᠤᠷᠠᠭ ᠲᠠᠷᠢᠬᠢᠨ ᠤ ᠬᠥᠭᠵᠢᠯ ᠳᠡᠭᠡᠭᠰᠢᠯᠡᠵᠦ᠂ ᠮᠣᠩᠭᠣᠯᠴᠤᠳ ᠭᠠᠯ ᠤᠨ ᡀᠠ ᠲᠩᠷᠢ ᠭᠡᠳᠡᠭ ᠤᠳᠬ᠎ᠠ ᠪᠠᠷ ᠪᠠᠰᠠ ᠠᠷᠢᠭᠤᠳᠬᠠᠨ ᠴᠡᠪᠡᠷᠯᠡᠭᠴᠢ ᠪᠠᠶᠢᠭᠠᠯᠢ ᠶᠢᠨ ᠠᠷᠢᠭᠤᠨ ᠬᠦᠴᠦ ᠭᠡᠳᠡᠭ ᠤᠳᠬ᠎ᠠ ᠪᠠᠷ ᠰᠢᠲᠦᠵᠦ ᠭᠠᠯ ᠪᠣᠯ ᠬᠠᠮᠤᠭ ᠤᠨ ᠠᠷᠢᠭᠤᠨ᠂ ᠶᠠᠭᠤᠮ᠎ᠠ ᠪᠦᠬᠦᠨ ᠲᠡᠭᠦᠨ ᠦ ᠳᠣᠲᠣᠷ᠎ᠠ ᠬᠦᠮᠦᠨ ᠬᠦᠷᠲᠡᠯ᠎ᠡ ᠠᠷᠢᠭᠤᠳᠬᠠᠭᠳᠠᠨᠠ᠂ ᠲᠣᠪᠴᠢ ᠪᠠᠷ ᠬᠡᠯᠡᠪᠡᠯ ᠭᠠᠯ ᠪᠦᠬᠦᠨ ᠢ ᠠᠷᠢᠭᠤᠳᠬᠠᠨ᠎ᠠ ᠭᠡᠳᠡᠭ ᠲᠦ ᠭᠦᠨᠵᠡᠭᠡᠢ ᠢᠲᠡᠭᠡᠨ᠎ᠡ᠃ ᠬᠣᠯᠠ ᠠᠴᠠ ᠶᠠᠪᠤᠭ᠎ᠠ ᠭᠡᠶᠢᠴᠢᠨ᠂ ᠣᠷᠣᠰᠢᠭᠤᠯᠭ᠎ᠠ ᠳᠤ ᠣᠷᠣᠯᠴᠠᠭᠠᠳ ᠢᠷᠡᠵᠦ ᠪᠠᠶᠢᠭ᠎ᠠ ᠬᠦᠮᠦᠰ ᠢ ᠭᠠᠯ ᠤᠨ ᠳᠤᠮᠳᠠᠭᠤᠷ ᠭᠠᠷᠭᠠᠵᠤ ᠳᠣᠲᠣᠭᠠᠳᠤ ᠰᠡᠳᠬᠢᠯ ᠰᠠᠨᠠᠭ᠎ᠠ᠂ ᠳᠠᠭᠠᠯᠳᠤᠵᠤ ᠶᠠᠪᠤᠭ᠎ᠠ ᠡᠯᠳᠡᠪ ᠡᠨᠧᠷᠭᠢ ᠶᠢ ᠠᠷᠢᠭᠤᠰᠬᠠᠬᠤ ᠮᠡᠳᠡᠯᠭᠡ ᠲᠡᠢ ᠬᠣᠯᠪᠣᠭ᠎ᠠ ᠲᠠᠢ᠃
18 0