ᠥᠬᠢᠨ ᠳ᠋ᠠᠭᠠᠨ
ᠥᠬᠢᠨ ᠳ᠋ᠠᠭᠠᠨ ᠪᠢᠴᠢᠭᠰᠡᠨ ᠮᠠᠲ᠋ᠧᠷᠢᠶᠠᠯ
9233
2018-10-11 10:16
发表于:内蒙古
ᠨ ∙ ᠴᠢᠩᠵᠣᠷᠢᠭ
《ᠥᠬᠢᠨ ᠳᠤ ᠪᠠᠨ ᠢᠯᠡᠭᠡᠬᠦ ᠮᠢᠨᠦ ᠵᠠᠬᠢᠳᠠᠯ》
ᠰᠠᠶᠢᠨ ᠪᠠᠶᠢᠨ᠎ᠠ ᠤᠤ︖ ᠵᠠᠯᠠᠭᠤ ᠨᠠᠰᠤᠨ ᠤ ᠮᠢᠨᠢ ᠳᠤᠷᠠᠰᠤᠮᠵᠢ ᠪᠦᠬᠦᠨ ᠢ ᠰᠠᠨᠠᠭᠠᠯᠵᠠᠭᠤᠯᠬᠤ ᠡᠩᠬᠦᠷᠡᠢ ᠵᠢᠭᠠᠬᠠᠨ ᠥᠬᠢᠨ ᠮᠢᠨᠢ ᠡ᠃ ᠴᠢᠮ᠎ᠠ ᠳᠤ ᠪᠠᠨ ᠡᠨᠡ ᠵᠠᠬᠢᠳᠠᠯ ᠬᠦᠷᠬᠦ ᠲᠡᠷᠡ ᠡᠳᠦᠷ ᠦᠨ ᠮᠡᠨᠳᠦ ᠶᠢ ᠬᠦᠷᠭᠡᠵᠦ᠂ ᠴᠢᠩᠭ᠎ᠠ ᠲᠡᠪᠡᠷᠢᠨ ᠦᠨᠦᠰᠦᠶ᠎ᠡ︕ ᠰᠤᠷᠭᠠᠭᠤᠯᠢ ᠰᠤᠶᠤᠯ ᠤᠨ ᠰᠣᠨᠢᠨ ᠬᠠᠴᠢᠨ᠂ ᠬᠢᠴᠢᠶᠡᠯ ᠨᠣᠮ ᠶᠡᠬᠡ ᠲᠡᠢ ᠪᠢᠵᠡ ᠳ᠋ᠡ᠃ ᠠᠪᠤ ᠨᠢ ᠬᠦᠮᠦᠨ ᠦ ᠨᠤᠲᠤᠭ ᠲᠤ ᠡᠷᠳᠡᠮ ᠡᠪᠦᠷᠯᠡᠵᠦ ᠶᠠᠪᠤᠭ᠎ᠠ ᠵᠢᠭᠠᠬᠠᠨ ᠥᠬᠢᠨ ᠳᠤ ᠪᠠᠨ᠂ ᠬᠠᠶᠠ ᠴᠤ ᠪᠣᠯᠪᠠ ᠬᠠᠨᠢ ᠪᠣᠯᠤᠭᠠᠰᠠᠢ ᠭᠡᠰᠡᠨ ᠳᠦ ᠪᠡᠨ ᠡᠨᠡ ᠵᠠᠬᠢᠳᠠᠯ ᠢ ᠪᠢᠴᠢᠵᠦ ᠪᠠᠶᠢᠨ᠎ᠠ᠃ ᠬᠠᠷᠢᠯᠴᠠᠭ᠎ᠠ ᠬᠣᠯᠪᠣᠭ᠎ᠠ ᠬᠥᠭᠵᠢᠭᠡᠳ ᠡᠳᠦᠷ ᠦᠨ ᠬᠡᠳᠦᠨ ᠤᠳᠠᠭ᠎ᠠ ᠶᠠᠷᠢᠬᠤ ᠪᠣᠯᠤᠮᠵᠢ ᠲᠠᠢ ᠴᠤ ᠭᠡᠯᠡ᠂ ᠲᠡᠭᠡᠵᠦ ᠪᠠᠰᠠ ᠠᠮᠵᠢᠬᠤ ᠦᠭᠡᠢ ᠯᠠ ᠶᠠᠪᠤᠨ᠎ᠠ᠃ ᠡᠪᠦᠯ ᠴᠠᠭ ᠢᠷᠡᠵᠦ᠂ ᠭᠠᠳᠠᠭ᠎ᠠ ᠬᠦᠢᠲᠡᠷᠡᠵᠥ ᠪᠠᠶᠢᠨ᠎ᠠ᠃ ᠬᠤᠪᠴᠠᠰᠤ ᠬᠤᠨᠠᠷ ᠢᠶᠠᠨ ᠲᠣᠬᠢᠷᠠᠭᠤᠯᠤᠭᠠᠷᠠᠢ᠃ ᠬᠠᠨᠢᠶᠠᠳᠤ ᠲᠣᠮᠣᠭᠣ ᠬᠦᠷᠴᠦ᠂ ᠳᠠᠭᠠᠷᠠᠵᠤ ᠬᠥᠷᠥᠬᠦ ᠪᠤᠢ ᠰᠡᠷᠭᠡᠶᠢᠯᠡᠭᠡᠷᠡᠢ᠃ ᠬᠥᠮᠦᠨ ᠳᠦ ᠬᠠᠮᠤᠭ ᠤᠨ ᠴᠢᠬᠤᠯᠠ ᠨᠢ ᠡᠷᠡᠭᠦᠯ ᠮᠡᠨᠳᠦ ᠰᠢᠦ᠃
ᠲᠡᠭᠡᠭᠡᠷ᠎ᠡ ᠵᠢᠯ ᠶᠠᠭ ᠯᠠ ᠴᠢᠮ᠎ᠠ ᠲᠠᠢ ᠠᠳᠠᠯᠢᠬᠠᠨ᠂ ᠠᠩᠬ᠎ᠠ ᠤᠳᠠᠭ᠎ᠠ ᠭᠠᠳᠠᠭᠠᠳᠤ ᠤᠯᠤᠰ ᠤᠷᠤᠭᠤ ᠶᠠᠪᠤᠵᠤ ᠪᠢᠯᠡ᠃ ᠭᠡᠬᠦ ᠳᠦ ᠪᠡᠨ ᠴᠢᠮ᠎ᠠ ᠶᠢ ᠪᠣᠳᠣᠪᠠᠯ ᠡᠬᠡ ᠣᠷᠣᠨ ᠳᠤ ᠪᠠᠨ ᠶᠡᠬᠡ ᠰᠤᠷᠭᠠᠭᠤᠯᠢ ᠪᠠᠨ ᠲᠡᠭᠦᠰᠴᠢᠬᠡᠭᠡᠳ ᠬᠣᠶᠠᠷ ᠳᠠᠬᠢ ᠤᠳᠠᠭ᠎ᠠ ᠪᠠᠨ ᠰᠤᠷᠤᠯᠴᠠᠬᠤ ᠪᠠᠷ ᠠᠷᠠᠯ ᠤᠨ ᠣᠷᠣᠨ ᠵᠣᠷᠢᠭᠰᠠᠨ ᠶᠤᠮ᠃ ᠲᠡᠭᠡᠬᠦ ᠳᠦ ᠴᠢ ᠡᠵᠢ ᠶᠢᠨ ᠢᠶᠡᠨ ᠬᠡᠪᠡᠯᠢ ᠳᠦ ᠵᠢᠷᠭᠤᠭᠠᠨ ᠰᠠᠷ᠎ᠠ ᠲᠠᠢ ᠬᠣᠴᠣᠷᠤᠭᠰᠠᠨ ᠰᠡᠨ᠃ ᠲᠡᠷᠡ ᠦᠶ᠎ᠡ ᠳᠦ ᠨᠠᠮ᠎ᠠ ᠶᠢ᠂ ᠲᠠ ᠬᠣᠶᠠᠷ ᠠᠴᠠ ᠪᠠᠨ ᠰᠠᠯᠵᠤ ᠴᠢᠳᠠᠬᠤ ᠦᠭᠡᠢ ᠬᠣᠷᠣᠭᠣᠳᠠᠨ ᠪᠠᠶᠢᠭᠰᠠᠨ ᠢ ᠡᠵᠢ ᠨᠢ ᠰᠠᠶᠢᠨ ᠮᠡᠳᠡᠵᠦ ᠪᠠᠶᠢᠭ᠎ᠠ᠃ ᠨᠠᠮ᠎ᠠ ᠶᠢ ᠰᠣᠨᠢᠷᠬᠠᠭᠴᠢᠳ ᠤᠨ ᠰᠦᠮᠣ᠋ ᠦᠵᠡᠳᠡᠭ ᠲᠡᠷᠡ ᠡᠳᠦᠷ᠂ ᠠᠷᠪᠠᠨ ᠬᠣᠶᠠᠳᠤᠭᠠᠷ ᠰᠠᠷ᠎ᠠ ᠶᠢᠨ ᠡᠬᠢᠨ ᠦ ᠳᠣᠯᠣᠭ᠎ᠠ ᠬᠣᠨᠣᠭ ᠲᠤ ᠥᠬᠢᠨ ᠮᠢᠨᠢ ᠴᠢ ᠲᠥᠷᠦᠵᠥ᠂ ᠠᠪᠤ ᠳᠤ ᠪᠠᠨ ᠠᠵᠠ ᠵᠢᠷᠭᠠᠯ ᠢ ᠠᠪᠴᠢᠷᠠᠵᠤ᠂ ᠠᠮᠢᠳᠤᠷᠠᠯ ᠤᠨ ᠦᠨ᠎ᠡ ᠴᠡᠨ᠎ᠡ ᠶᠢ ᠮᠡᠳᠡᠷᠡᠭᠦᠯᠦᠭᠰᠡᠨ᠃
ᠭᠤᠷᠪᠠ ᠬᠣᠨᠣᠭ ᠤᠨ ᠳᠠᠷᠠᠭ᠎ᠠ ᠡᠵᠢ ᠡᠴᠡ ᠨᠢ ᠢᠷᠡᠭᠰᠡᠨ ᠵᠠᠬᠢᠳᠠᠯ ᠳᠤ ᠬᠣᠶᠠᠷ ᠭᠤᠷᠪᠠᠨ ᠬᠠᠭᠤᠳᠠᠰᠤ ᠬᠦᠮᠦᠨ ᠦ ᠨᠡᠷ᠎ᠡ ᠪᠢᠴᠢᠭᠡᠳ᠂ ᠥᠬᠢᠨ ᠳᠤ ᠪᠠᠨ ᠶᠠᠮᠠᠷ ᠨᠡᠷ᠎ᠡ ᠥᠭᠬᠦ ᠪᠤᠢ ᠭᠡᠵᠦ ᠯᠠᠪᠯᠠᠭᠰᠠᠨ ᠪᠠᠶᠢᠵᠤ ᠪᠢᠯᠡ᠃ ᠠᠪᠤ ᠨᠢ ᠲᠡᠷᠡ ᠣᠯᠠᠨ ᠨᠡᠷᠡᠰ ᠢ ᠤᠩᠰᠢᠵᠤ ᠪᠠᠷᠠᠯ ᠦᠭᠡᠢ᠂ ᠬᠠᠷᠢᠭᠤ ᠵᠠᠬᠢᠳᠠᠯ ᠪᠢᠴᠢᠬᠦ ᠳᠦ ᠪᠡᠨ᠂ 《 ᠥᠬᠢᠨ ᠢᠶᠡᠨ ᠨᠢᠩᠵᠢᠨ ᠰᠠᠶᠢᠬᠠᠨ ᠰᠡᠳᠬᠢᠯ ᠲᠡᠢ᠂ ᠴᠡᠴᠡᠨ ᠴᠡᠯᠮᠡᠭ ᠤᠬᠠᠭᠠᠨ ᠲᠠᠢ᠂ ᠦᠵᠡᠰᠬᠦᠯᠡᠩ ᠭᠣᠸ᠎ᠠ ᠡᠷᠬᠢᠮᠰᠦᠭ ᠨᠢᠭᠡᠨ ᠪᠣᠯᠤᠭᠠᠰᠠᠢ》 ᠭᠡᠰᠡᠨ ᠳᠦ ᠪᠡᠨ 《ᠴᠡᠴᠡᠨᠽᠠᠶᠠ》 ᠭᠡᠵᠦ ᠨᠡᠷᠡᠯᠡᠭᠰᠡᠨ ᠶᠤᠮ᠃ ᠬᠡᠳᠦᠬᠡᠨ ᠰᠠᠷ᠎ᠠ ᠶᠢᠨ ᠳᠠᠷᠠᠭ᠎ᠠ ᠠᠴᠠ ᠭᠤᠷᠪᠠᠭᠤᠯᠠ ᠬᠠᠷᠢ ᠶᠢᠨ ᠲᠦᠮᠡᠨ ᠦ ᠳᠤᠮᠳᠠ ᠨᠢᠭᠡ ᠵᠢᠯ ᠢ ᠬᠠᠮᠲᠤ ᠳᠤ ᠪᠠᠨ ᠥᠩᠭᠡᠷᠡᠭᠡᠭᠰᠡᠨ᠃ ᠣᠢ ᠬᠦᠷᠦᠭᠡᠳ ᠬᠥᠯ ᠳᠦ ᠣᠷᠣᠵᠤ ᠪᠠᠶᠢᠬᠤ ᠳᠤ ᠪᠠᠨ᠂ ᠡᠳᠦᠷ ᠪᠦᠷᠢ ᠨᠣᠶᠢᠷᠮᠤᠭ ᠴᠢᠭ ᠢᠶᠡᠷ ᠢᠶᠡᠨ ᠢᠨᠢᠶᠡᠭᠰᠡᠭᠡᠷ ᠪᠣᠰᠴᠤ ᠢᠷᠡᠭᠡᠳ᠂ ᠠᠵᠢᠯ ᠳᠤ ᠪᠠᠨ ᠶᠠᠪᠤᠬᠤ ᠠᠪᠤ ᠳᠤ ᠪᠠᠨ ᠦᠨᠦᠰᠦᠭᠦᠯᠦᠭᠡᠳ ᠦᠯᠡᠳᠡᠳᠡᠭ ᠪᠠᠶᠢᠭᠰᠠᠨ ᠵᠢᠭᠠᠬᠠᠨ ᠥᠬᠢᠨ ᠢᠶᠡᠨ ᠠᠪᠤ ᠨᠢ ᠣᠳᠣ ᠴᠤ ᠭᠡᠰᠡᠨ ᠲᠣᠳᠣᠬᠠᠨ ᠰᠠᠨᠠᠵᠤ ᠪᠠᠶᠢᠨ᠎ᠠ᠃
ᠬᠡᠦᠬᠡᠳ ᠪᠠᠶᠢᠬᠤ ᠳᠤ ᠨᠢ ᠥᠨᠳᠥᠷ ᠲᠥᠯᠥᠪᠦᠷᠢ ᠲᠡᠢ ᠰᠤᠷᠭᠠᠭᠤᠯᠢ ᠰᠤᠶᠤᠯ ᠳᠤ ᠰᠤᠷᠤᠯᠴᠠᠭᠤᠯᠵᠤ ᠴᠢᠳᠠᠭ᠎ᠠ ᠦᠭᠡᠢ ᠴᠤ᠂ ᠴᠢᠨᠰᠠᠭ᠎ᠠ ᠥᠨᠳᠥᠷ ᠶᠡᠬᠡ ᠰᠤᠷᠭᠠᠭᠤᠯᠢ ᠳᠤ ᠡᠯᠰᠡᠨ ᠣᠷᠣᠬᠤ ᠳᠤ ᠴᠢᠨᠢ ᠪᠠᠬᠠᠷᠬᠠᠵᠤ ᠪᠠᠶᠢᠭᠰᠠᠨ ᠰᠢᠦ᠂ ᠥᠬᠢᠨ ᠮᠢᠨᠢ᠃ ᠪᠢ ᠴᠢᠮ᠎ᠠ ᠳᠤ ᠥᠪᠡᠷ ᠦᠨ ᠢᠶᠡᠨ ᠰᠠᠨᠠᠭᠰᠠᠨ ᠢᠶᠠᠷ ᠬᠡᠯᠡᠵᠦ ᠵᠥᠪᠯᠡᠵᠦ᠂ 《ᠭᠠᠳᠠᠭᠠᠳᠤ ᠬᠡᠯᠡ》 ᠵᠢᠭᠠᠳᠠᠭ ᠪᠠᠶᠢᠭᠰᠠᠨ ᠢ ᠰᠠᠨᠠᠵᠤ ᠪᠠᠶᠢᠨ᠎ᠠ ᠤᠤ᠃ ᠲᠠᠪᠤᠨ ᠵᠢᠯ ᠦᠨ ᠡᠮᠦᠨᠡᠬᠢ ᠵᠤᠰᠠᠯᠠᠩ ᠤᠨ ᠪᠠᠶᠢᠰᠢᠩ ᠤᠨ ᠬᠠᠨᠠᠨ ᠳᠡᠭᠡᠭᠦᠷ ᠥᠩᠭᠡ ᠶᠢᠨ ᠴᠠᠭᠠᠰᠤᠨ ᠳᠡᠭᠡᠷ᠎ᠡ ᠴᠡᠭᠡᠵᠢᠯᠡᠬᠦ ᠦᠭᠡ ᠨᠦᠭᠦᠳ ᠪᠢᠴᠢᠭᠡᠳ ᠨᠠᠭᠠᠵᠤ ᠪᠠᠶᠢᠭᠰᠠᠨ ᠨᠢ ᠣᠳᠣ ᠴᠤ ᠭᠡᠰᠡᠨ ᠬᠡᠪ ᠢᠶᠡᠷ ᠢᠶᠡᠨ ᠪᠠᠶᠢᠨ᠎ᠠ ᠯᠡ᠃ ᠴᠢᠨᠤ ᠶᠠᠪᠤᠭᠰᠠᠨ ᠭᠠᠵᠠᠷ ᠪᠦᠷᠢ ᠳᠦ ᠣᠷᠴᠢᠨ ᠪᠦᠷᠢᠳᠦᠭᠦᠯᠬᠦ ᠭᠡᠵᠦ ᠶᠠᠳᠠᠵᠤ ᠪᠠᠶᠢᠭᠰᠠᠨ ᠮᠢᠨᠢ ᠲᠡᠷᠡ ᠪᠠᠶᠢᠬᠤ᠃ ᠬᠡᠯᠡ ᠶᠢ ᠪᠣᠯᠪᠠᠰᠤᠷᠠᠯ ᠪᠣᠯᠭᠠᠨ ᠡᠵᠡᠮᠰᠢᠭᠡᠷᠡᠢ᠂ ᠮᠢᠨᠦ ᠥᠬᠢᠨ᠃ ᠬᠢᠵᠦ ᠪᠦᠲᠦᠭᠡᠨ᠎ᠡ ᠭᠡᠵᠦ ᠮᠥᠷᠥᠭᠡᠳᠴᠦ ᠶᠠᠪᠤᠲᠠᠯ᠎ᠠ᠂ ᠬᠣᠨᠣᠭ ᠬᠤᠭᠤᠴᠠᠭ᠎ᠠ ᠤᠷᠤᠰᠤᠨ ᠥᠩᠭᠡᠷᠡᠴᠢᠬᠡᠳᠡᠭ ᠲᠤᠯᠠ ᠠᠯᠢᠪᠠ ᠪᠦᠬᠦᠨ ᠢ ᠪᠤᠤ ᠬᠣᠶᠢᠰᠢᠯᠠᠭᠤᠯᠤᠭᠠᠷᠠᠢ᠃ ᠶᠠᠭᠤᠮ᠎ᠠ ᠶᠢ ᠰᠤᠷᠬᠤ ᠴᠠᠭ ᠲᠤ ᠪᠠᠨ ᠰᠠᠶᠢᠨ ᠰᠤᠷᠣᠭᠠᠷᠠᠢ᠃ ᠪᠣᠯᠤᠮᠵᠢ ᠪᠦᠬᠦᠨ ᠭᠠᠭᠴᠠᠬᠠᠨ ᠲᠤᠯᠠ ᠴᠠᠭ ᠤᠨ ᠶᠠᠭᠤᠮ᠎ᠠ᠂ ᠴᠠᠭ ᠲᠤ ᠪᠠᠨ ᠭᠡᠰᠡᠨ ᠰᠠᠶᠢᠬᠠᠨ ᠵᠠᠷᠴᠢᠮ ᠲᠠᠢ ᠬᠢᠴᠢᠶᠡᠵᠦ ᠠᠮᠢᠳᠤᠷᠠᠭᠠᠷᠠᠢ᠃ ᠪᠠᠰᠠ ᠰᠤᠷᠣᠭᠰᠠᠨ ᠮᠡᠳᠡᠭᠰᠡᠨ ᠢᠶᠡᠨ ᠨᠠᠶᠢᠵᠠ ᠨᠥᠬᠥᠳ ᠲᠦ ᠪᠡᠨ ᠬᠤᠪᠢᠶᠠᠯᠴᠠᠬᠤ ᠨᠢ ᠣᠯᠠᠨ ᠲᠠᠯ᠎ᠠ ᠶᠢᠨ ᠲᠤᠰᠠᠲᠠᠢ ᠲᠤᠯᠠ ᠪᠤᠶᠠᠨ ᠪᠣᠯᠭᠠᠵᠤ ᠴᠠᠭ ᠭᠠᠷᠭᠠᠭᠠᠷᠠᠢ᠃ ᠬᠥᠮᠦᠨ ᠳ᠋ᠤ ᠴᠢᠳᠠᠯ ᠤᠨ ᠢᠶᠠᠨ ᠬᠢᠷᠢ ᠪᠡᠷ ᠰᠡᠳᠬᠢᠯ ᠲᠡᠢ ᠶᠠᠪᠤᠬᠤ ᠳᠤ ᠰᠠᠶᠢᠬᠠᠨ ᠪᠠᠶᠢᠳᠠᠭ᠃ ᠮᠡᠳᠡᠭᠰᠡᠨ ᠵᠦᠢᠯ ᠢᠶᠡᠨ ᠪᠤᠰᠤᠳ ᠲᠤ ᠬᠡᠯᠡᠵᠦ ᠶᠠᠷᠢᠬᠤ ᠨᠢ ᠥᠪᠡᠷ ᠲᠦ ᠢᠯᠡᠭᠦᠦ ᠰᠠᠶᠢᠨ ᠳᠠᠪᠲᠠᠯᠭ᠎ᠠ ᠪᠣᠯᠳᠠᠭ᠃ ᠵᠠᠷᠢᠮ ᠳᠤ ᠪᠠᠨ ᠠᠪᠤ ᠨᠢ ᠥᠪᠡᠷ ᠢᠶᠡᠨ ᠮᠤᠨᠳᠠᠭ ᠠᠮᠢᠲᠠᠨ ᠰᠢᠭ ᠵᠦᠭᠡᠷ ᠰᠢᠬᠠᠭᠤ ᠪᠠᠶᠢᠬᠤ ᠳᠤ ᠨᠢ ᠵᠢᠮᠡᠯᠡᠳᠡᠭ ᠪᠠᠶᠢᠭᠰᠠᠨ ᠪᠣᠯ ᠠᠭᠤᠴᠢᠯᠠᠭᠠᠷᠠᠢ᠃ ᠬᠦᠮᠦᠨ ᠦ ᠠᠮᠢᠳᠤᠷᠠᠯ ᠳᠤ ᠳᠡᠮᠡᠢ ᠦᠭᠡᠰ ᠵᠢᠷᠦᠬᠡ ᠵᠦᠰᠦᠨ ᠰᠢᠷᠬᠠᠯᠠᠭᠤᠯᠬᠤ ᠲᠣᠬᠢᠶᠠᠯᠳᠤᠯ ᠵᠥᠩᠳᠡᠭᠡᠨ ᠭᠠᠷᠳᠠᠭ᠃ ᠤᠶᠢᠳᠬᠠᠷᠲᠤ ᠠᠪᠲᠠᠭᠤᠯᠵᠤ᠂ ᠰᠡᠳᠬᠢᠯ ᠡᠮᠵᠡᠭᠯᠡᠭᠦᠯᠬᠦ ᠲᠤᠯᠠ ᠲᠡᠷᠡ ᠪᠣᠯᠭᠠᠨ ᠢ ᠭᠦᠨᠵᠡᠭᠡᠢ ᠬᠦᠯᠢᠶᠡᠵᠦ ᠠᠪᠬᠤ ᠱᠠᠭᠠᠷᠳᠠᠯᠭ᠎ᠠ ᠦᠭᠡᠢ ᠰᠢᠦ᠂ ᠮᠢᠨᠦ ᠥᠬᠢᠨ᠃ ᠣᠯᠠᠨ ᠤ ᠲᠥᠯᠥᠭᠡ ᠰᠡᠳᠬᠢᠯ ᠲᠡᠢ ᠶᠠᠪᠤᠵᠤ᠂ ᠳᠣᠲᠣᠭᠠᠳᠤ ᠮᠥᠨ ᠴᠢᠨᠠᠷ ᠢᠶᠠᠷ ᠢᠶᠠᠨ ᠥᠪᠡᠷ ᠢ ᠪᠡᠨ ᠴᠢᠮᠡᠵᠥ ᠶᠠᠪᠤᠭᠠᠰᠠᠢ ᠭᠡᠰᠡᠨ ᠳᠦ ᠪᠡᠨ ᠨᠡᠯᠢᠶᠡᠳ ᠰᠤᠷᠭᠠᠯ ᠨᠡᠮᠡᠭᠡᠳ ᠪᠢᠴᠢᠴᠢᠬᠡᠯᠡ᠃
ᠣᠳᠣ ᠮᠢᠨᠦ ᠥᠬᠢᠨ ᠲᠣᠮᠣ ᠪᠣᠯᠵᠤ᠂ ᠠᠯᠢᠪᠠ ᠪᠦᠬᠦᠨ ᠢ ᠪᠡᠶ᠎ᠡ ᠳᠠᠭᠠᠭᠠᠨ ᠰᠢᠢᠳᠪᠦᠷᠢᠯᠡᠬᠦ ᠬᠠᠷᠢᠭᠤᠴᠠᠯᠭ᠎ᠠ ᠲᠠᠢ ᠨᠠᠰᠤᠨ ᠳᠤ ᠬᠡᠳᠦᠶᠢᠨ᠎ᠡ ᠬᠦᠷᠴᠡᠢ᠃ ᠭᠡᠪᠡᠴᠦ ᠠᠷᠪᠠᠨ ᠨᠠᠢᠮᠠᠨ ᠨᠠᠰᠤ ᠭᠡᠳᠡᠭ ᠬᠦᠮᠦᠨ ᠦ ᠣᠶᠤᠨ ᠤᠬᠠᠭᠠᠨ ᠥᠰᠴᠦ ᠥᠨᠳᠡᠶᠢᠬᠦ ᠲᠡᠢ ᠬᠠᠷᠢᠴᠠᠭᠤᠯᠪᠠᠯ ᠪᠠᠰᠠ ᠴᠤ ᠪᠣᠯᠤᠭ᠎ᠠ ᠦᠭᠡᠢ᠂ ᠳᠥᠩᠭᠡᠵᠢ ᠳᠡᠯᠪᠢ ᠪᠡᠨ ᠨᠡᠭᠡᠵᠦ ᠪᠠᠶᠢᠭ᠎ᠠ ᠬᠠᠮᠤᠭ ᠤᠨ ᠴᠡᠪᠡᠷ ᠠᠷᠢᠭᠤᠨ ᠨᠠᠰᠤ ᠭᠡᠳᠡᠭ ᠢ ᠰᠠᠨᠠᠵᠤ᠂ ᠪᠠᠷᠲᠠᠭ᠎ᠠ ᠪᠦᠬᠦᠨ ᠢ ᠳᠠᠪᠠᠨ ᠲᠤᠭᠤᠯᠬᠤ ᠰᠡᠳᠬᠢᠯ ᠦᠨ ᠲᠡᠩᠬᠡᠭᠡ ᠲᠡᠢ ᠬᠥᠳᠡᠯᠮᠦᠷᠢᠯᠡᠭᠡᠷᠡᠢ᠃ ᠡᠨᠡ ᠨᠠᠮᠤᠷ ᠠᠪᠤ᠂ ᠡᠵᠢ ᠬᠣᠶᠠᠷ ᠨᠢ ᠬᠠᠷᠢ ᠶᠢᠨ ᠨᠤᠲᠤᠭ ᠲᠤ ᠴᠢᠮ᠎ᠠ ᠶᠢ ᠬᠦᠷᠭᠡᠭᠡᠳ ᠪᠤᠴᠠᠬᠤ ᠳᠤ ᠪᠠᠨ ᠲᠡᠭᠡᠲᠡᠯ᠎ᠡ ᠪᠡᠨ ᠶᠡᠬᠡ ᠰᠠᠨᠠᠭ᠎ᠠ ᠵᠣᠪᠠᠭ᠎ᠠ ᠦᠭᠡᠢ᠃ ᠤᠴᠢᠷ ᠨᠢ ᠬᠠᠵᠠᠭᠤᠨ ᠠᠴᠠ ᠪᠠᠨ ᠬᠣᠯᠠᠳᠠᠭᠤᠯᠵᠤ ᠦᠵᠡᠭᠡ ᠦᠭᠡᠢ ᠵᠢᠭᠠᠬᠠᠨ ᠥᠬᠢᠨ ᠳᠤ ᠪᠠᠨ ᠳᠡᠩᠳᠡᠭᠦᠦ ᠶᠡᠬᠡ ᠢᠲᠡᠭᠡᠭᠰᠡᠨ ᠮᠢᠨᠢ ᠲᠡᠷᠡ ᠪᠠᠶᠢᠬᠤ᠃ ᠵᠠᠷᠢᠮ ᠦᠭᠡ ᠶᠢ ᠦᠭᠡᠯᠡᠭᠡᠳ ᠪᠠᠶᠢᠪᠠᠯ ᠦᠨ᠎ᠡ ᠦᠭᠡᠢ ᠪᠣᠯᠳᠠᠭ ᠰᠢᠭ᠂ ᠶᠠᠭᠤᠮ᠎ᠠ ᠴᠥᠭᠡᠬᠡᠨ ᠪᠠᠶᠢᠭᠰᠠᠨ ᠨᠢ ᠳᠡᠭᠡᠷ᠎ᠡ ᠲᠤᠯᠠ ᠡᠨᠡ ᠤᠳᠠᠭ᠎ᠠ ᠶᠢᠨ ᠵᠠᠬᠢᠳᠠᠯ ᠢᠶᠠᠨ ᠢᠩᠬᠢᠰᠬᠢᠭᠡᠳ ᠥᠨᠳᠥᠷᠯᠡᠶᠡ ᠳ᠋ᠡ᠃ ᠤᠩᠰᠢᠬᠤ ᠳᠤ ᠰᠡᠳᠬᠢᠯ ᠠᠭᠤᠵᠢᠷᠠᠵᠤ᠂ ᠤᠬᠠᠭᠠᠷᠠᠯ ᠬᠠᠶᠢᠷᠠᠯᠠᠬᠤ ᠰᠠᠶᠢᠬᠠᠨ ᠦᠭᠡ ᠲᠡᠢ ᠵᠠᠬᠢᠳᠠᠯ ᠪᠢᠴᠢᠨ᠎ᠡ ᠭᠡᠳ ᠲᠣᠭᠲᠠᠵᠤ ᠰᠠᠭᠤᠵᠤ ᠴᠢᠳᠠᠯ ᠦᠭᠡᠢ ᠵᠥᠩᠳᠡᠭᠡᠨ ᠤᠳᠠᠴᠢᠬᠠᠭᠰᠠᠨ ᠳᠤ ᠠᠭᠤᠴᠢᠯᠠᠭᠠᠷᠠᠢ᠃
ᠠᠯᠲᠠ ᠮᠥᠩᠭᠥ ᠪᠡᠷ ᠪᠢᠯᠬᠠᠭᠤᠯᠵᠤ᠂ ᠠᠮᠲᠠᠲᠠᠨ ᠢᠶᠠᠷ ᠴᠠᠳᠬᠠᠵᠤ ᠶᠠᠪᠤᠭ᠎ᠠ ᠦᠭᠡᠢ ᠴᠤ ᠭᠡᠯᠡ ᠮᠢᠨᠦ ᠥᠬᠢᠨ᠂ ᠮᠢᠨᠦ ᠬᠦᠰᠡᠨ ᠬᠦᠯᠢᠶᠡᠭᠰᠡᠨ᠂ ᠬᠦᠨᠳᠦᠳᠬᠡᠨ ᠦᠨᠡᠯᠡᠳᠡᠭ ᠡᠷᠬᠢᠮ ᠬᠦᠮᠦᠨ ᠪᠣᠯᠤᠭᠰᠠᠨ ᠲᠤᠯᠠ ᠬᠣᠵᠢᠮ ᠴᠤ ᠭᠡᠰᠡᠨ ᠵᠣᠷᠢᠭᠰᠠᠨ ᠳᠤ ᠪᠠᠨ ᠬᠦᠷᠳᠡᠭ ᠵᠢᠷᠦᠬᠡ ᠲᠡᠢ᠂ ᠣᠷᠴᠢᠨ ᠴᠠᠭ ᠤᠨ ᠰᠢᠨ᠎ᠡ ᠬᠠᠨᠳᠤᠯᠭ᠎ᠠ᠂ ᠡᠷᠴᠢ ᠬᠦᠴᠦ᠂ ᠤᠷᠮ᠎ᠠ ᠵᠣᠷᠢᠭ ᠢᠶᠠᠷ ᠳᠦᠭᠦᠷᠡᠩ ᠬᠦᠮᠦᠨ ᠪᠠᠶᠢᠬᠤ ᠶᠢ ᠬᠦᠰᠡᠨ ᠢᠷᠦᠭᠡᠭᠡᠳ ᠬᠠᠯᠠᠭᠤᠨ ᠰᠡᠳᠬᠢᠯ ᠢᠶᠡᠷ ᠢᠶᠡᠨ ᠴᠢᠮ᠎ᠠ ᠪᠠᠨ ᠦᠨᠦᠷᠯᠡᠶᠡ᠃
ᠡᠷᠡᠭᠦᠯ ᠡᠩᠬᠡ᠂ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃
ᠬᠦᠨᠳᠦᠳᠬᠡᠭᠰᠡᠨ ᠠᠪᠤ ᠨᠢ ᠁
14
0