ᠶᠡᠬᠡ ᠭᠦᠷᠦᠨ ᠨᠦᠭᠦᠳ ᠤᠨ ᠪᠢᠽᠨᠸᠰ ᠤᠨ ᠤᠯᠪᠠᠭ᠎ᠠ
ᠶᠡᠬᠡ ᠭᠦᠷᠦᠨ ᠨᠦᠭᠦᠳ ᠤᠨ ᠪᠢᠽᠨᠸᠰ ᠤᠨ ᠤᠯᠪᠠᠭ᠎ᠠ
9149
2018-10-19 16:13
发表于:内蒙古
ᠰᠲ᠋ᠠᠯᠢᠨ᠂ ᠴᠣᠶᠢᠪᠠᠯᠰᠠᠩ ᠬᠣᠶᠠᠷ ᠢ ᠠᠭᠤᠯᠵᠠᠬᠤ ᠦᠶ᠎ᠡ ᠳᠦ ᠪᠠᠶᠢᠯᠴᠠᠭᠰᠠᠨ ᠪ ∙ ᠰᠢᠷᠡᠩᠳᠡᠪ ᠦᠨ ᠭᠡᠷᠡᠴᠢᠯᠡᠨ ᠶᠠᠷᠢᠭᠰᠠᠨ ᠢᠶᠠᠷ ᠪᠣᠯ᠂ ᠭᠠᠷ ᠤᠨ ᠦᠰᠦᠭ ᠵᠢᠷᠤᠬᠤ ᠪᠠᠷ ᠪᠡᠯᠡᠳᠦᠭᠰᠡᠨ ᠪᠠᠷᠢᠮᠲᠠ ᠪᠢᠴᠢᠭ ᠲᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠢ ᠣᠳᠣ ᠶᠢᠨ ᠬᠢᠯᠢ ᠬᠢᠵᠠᠭᠠᠷ ᠤᠨ ᠬᠢ ᠨᠢ ᠬᠦᠷᠢᠶᠡᠨ ᠳᠦ ᠦᠯᠡᠳᠡᠭᠡᠨ᠎ᠡ ᠭᠡᠰᠡᠨ ᠢ ᠦᠵᠡᠭᠡᠳ ᠴᠣᠶᠢᠪᠠᠯᠰᠠᠩ ᠶᠡᠬᠡᠳᠡ ᠭᠤᠲᠤᠷᠠᠭᠰᠠᠨ ᠠᠵᠢ᠃《ᠣᠳᠣ ᠶᠢᠨ ᠪᠠᠶᠢᠭ᠎ᠠ ᠬᠢᠯᠢ ᠬᠢᠵᠠᠭᠠᠷ ᠤᠨ ᠬᠦᠷᠢᠶᠡᠨ ᠳᠦ … ᠲᠡᠭᠡᠪᠡᠯ᠂ ᠥᠪᠥᠷ ᠮᠣᠩᠭᠣᠯ ᠬᠠᠮᠢᠶᠠᠷᠬᠤ ᠦᠭᠡᠢ ᠪᠠᠶᠢᠬᠤ ᠨᠢ ᠡ︖》 ᠭᠡᠵᠦ ᠲᠡᠷᠡ ᠪᠡᠷ ᠰᠲ᠋ᠠᠯᠢᠨ ᠠᠴᠠ ᠤᠷᠮ᠎ᠠ ᠮᠠᠭᠤᠲᠠᠶᠢᠬᠠᠨ ᠠᠰᠠᠭᠤᠵᠠᠢ᠃
ᠰᠲ᠋ᠠᠯᠢᠨ 》ᠬᠢᠲᠠᠳ ᠤᠳ ᠬᠡᠵᠢᠶ᠎ᠡ ᠴᠤ ᠲᠡᠶᠢᠮᠦ ᠶᠠᠭᠤᠮ᠎ᠠ ᠬᠢᠬᠦ ᠦᠭᠡᠢ᠃ ᠲᠡᠭᠡᠭᠰᠡᠨ ᠡᠴᠡ ᠴᠢ ᠥᠪᠡᠷ ᠦᠨ ᠢᠶᠡᠨ ᠤᠯᠤᠰ ᠣᠷᠣᠨ ᠢ ᠶᠠᠭᠠᠬᠢᠵᠤ ᠬᠠᠳᠠᠭᠠᠯᠠᠵᠤ ᠦᠯᠡᠳᠡᠬᠦ ᠪᠡᠨ ᠪᠣᠳᠣ ᠭᠡᠵᠦ ᠬᠠᠷᠢᠭᠤᠯᠵᠠᠢ》 ᠮᠠᠷᠱᠠᠯ ᠲᠠᠶᠢᠪᠤᠰᠢᠷᠠᠵᠤ ᠴᠢᠳᠠᠬᠤ ᠦᠭᠡᠢ ᠪᠠᠶᠢᠪᠠ᠃ ᠲᠡᠷᠡ ᠪᠡᠷ ᠡᠨᠡ ᠲᠠᠯ᠎ᠠ ᠪᠠᠷ ᠡᠷᠭᠢᠵᠦ ᠶᠠᠷᠢᠬᠤ ᠰᠢᠯᠲᠠᠭ ᠬᠠᠶᠢᠵᠤ ᠪᠠᠶᠢᠯ᠎ᠠ᠃
1949 ᠣᠨ ᠤ ᠨᠠᠮᠤᠷ ᠰᠲ᠋ᠠᠯᠢᠨ ᠷᠢᠴᠠ ᠨᠠᠭᠤᠷ ᠤᠨ ᠡᠷᠭᠢ ᠳᠦ ᠠᠮᠠᠷᠠᠵᠤ᠂ ᠴᠣᠶᠢᠪᠠᠯᠰᠠᠩ ᠬᠠᠵᠠᠭᠤᠬᠠᠨ ᠳᠤ ᠨᠢ ᠨᠣᠸ ᠤᠢ ᠠᠹᠣᠨ ᠳᠠᠬᠢ ᠵᠤᠰᠠᠯᠠᠩ ᠳᠤ ᠪᠠᠶᠢᠵᠠᠢ᠃ ᠮᠠᠷᠱᠠᠯ ᠭᠡᠷᠭᠡᠢ᠂ ᠬᠦᠦ ᠶᠢᠨ ᠢᠶᠡᠨ ᠬᠠᠮᠲᠤ ᠨᠠᠭᠤᠷ ᠤᠨ ᠡᠷᠭᠢ ᠳᠦ ᠪᠠᠶᠢᠭᠰᠠᠨ ᠤᠳᠤᠷᠢᠳᠤᠭᠴᠢ ᠶᠢᠨ ᠳᠤ ᠬᠣᠶᠠᠷ ᠬᠣᠨᠣᠭ ᠵᠣᠴᠢᠯᠠᠵᠠᠢ᠃ ᠲᠡᠨᠳᠡ ᠨᠢ ᠮᠥᠨ ᠪᠧᠷᠢᠶ᠎ᠠ᠂ ᠮᠢᠺᠣᠢᠶᠠᠨ ᠬᠣᠶᠠᠷ ᠪᠠᠶᠢᠪᠠ᠃ ᠵᠣᠭᠣᠭ ᠤᠨ ᠰᠢᠷᠡᠭᠡᠨ ᠦ ᠠᠷᠤ ᠳᠤ ᠬᠢᠲᠠᠳ ᠤᠨ ᠲᠤᠬᠠᠢ ᠶᠠᠷᠢᠶ᠎ᠠ ᠥᠷᠨᠢᠵᠡᠢ᠃ ᠲᠡᠷᠡ ᠡᠳᠦᠷ ᠦᠳ ᠲᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤᠩᠬᠠᠭᠯᠠᠭᠠᠳ ᠪᠠᠶᠢᠪᠠ᠃ ᠰᠲ᠋ᠠᠯᠢᠨ᠄ 《ᠳᠠᠯᠪᠠᠭᠠᠨ ᠳᠡᠭᠡᠷ᠎ᠡ ᠨᠢ ᠲᠠᠪᠤᠨ ᠲᠠᠪᠤᠨ ᠬᠤᠰᠢᠭᠤ ᠪᠠᠶᠢᠬᠤ ᠶᠤᠮ᠃ ᠲᠡᠷᠡ ᠨᠢ ᠶᠠᠮᠠᠷ ᠤᠴᠢᠷ ᠲᠠᠢ ᠶᠤᠮ ᠪᠣᠯ︖》 ᠭᠡᠵᠦ ᠠᠰᠠᠭᠤᠭᠰᠠᠨ ᠳᠤ ᠴᠣᠶᠢᠪᠠᠯᠰᠠᠩ 《ᠪᠦᠭᠦᠳᠡ ᠨᠠᠶᠢᠷᠠᠮᠳᠠᠬᠤ ᠤᠯᠤᠰ ᠲᠤ ᠨᠢ ᠪᠠᠭᠲᠠᠭᠰᠠᠨ ᠲᠠᠪᠤᠨ ᠦᠨᠳᠦᠰᠦᠲᠡᠨ》 ᠭᠡᠰᠡᠨ ᠢᠶᠡᠨ ᠰᠢᠷᠡᠭᠡᠨ ᠦ ᠡᠵᠡᠨ ᠤᠷᠤᠭᠤ ᠰᠦᠷᠡᠬᠡᠢ ᠬᠠᠷᠠᠭᠰᠠᠨ ᠢᠶᠠᠨ᠄ 《ᠲᠡᠳᠡᠨ ᠦ ᠳᠣᠲᠣᠷ᠎ᠠ ᠪᠠᠰᠠ ᠮᠣᠩᠭᠣᠯᠴᠤᠳ ᠪᠠᠶᠢᠭ᠎ᠠ ᠰᠢᠦ》 ᠭᠡᠵᠡᠢ᠃ ᠮᠠᠷᠱᠠᠯ ᠢ ᠳᠠᠭᠠᠯᠳᠤᠵᠤ ᠶᠠᠪᠤᠭᠰᠠᠨ ᠰᠢᠷᠠᠪ ᠬᠣᠵᠢᠮ ᠨᠢ ᠪ ∙ ᠰᠢᠷᠡᠩᠳᠡᠪ ᠲᠦ ᠶᠠᠷᠢᠭᠰᠠᠨ ᠢᠶᠠᠷ ᠪᠣᠯ ᠴᠣᠶᠢᠪᠠᠯᠰᠠᠩ ᠲᠡᠷᠡ ᠡᠳᠦᠷ ᠬᠡᠳᠦ ᠬᠡᠳᠦᠨ ᠤᠳᠠᠭ᠎ᠠ ᠥᠪᠥᠷ ᠮᠣᠩᠭᠣᠯ ᠤᠨ ᠲᠠᠯ᠎ᠠ ᠪᠠᠷ ᠶᠠᠷᠢᠶ᠎ᠠ ᠡᠳᠥᠬᠦ ᠭᠡᠰᠡᠨ ᠪᠣᠯᠪᠠᠴᠤ ᠰᠲ᠋ᠠᠯᠢᠨ ᠶᠠᠷᠢᠶ᠎ᠠ ᠶᠢ ᠥᠭᠡᠷ᠎ᠡ ᠰᠡᠳᠦᠪ ᠤᠷᠤᠭᠣ ᠰᠢᠯᠵᠢᠭᠦᠯᠦᠭᠡᠳ ᠪᠠᠶᠢᠵᠠᠢ᠃
ᠮᠠᠷᠭᠠᠰᠢ ᠨᠢ ᠴᠣᠶᠢᠪᠠᠯᠰᠠᠩ ᠨᠥᠭᠥᠭᠡ ᠯᠠ ᠰᠡᠳᠬᠢᠯ ᠢ ᠨᠢ ᠵᠣᠪᠠᠭᠠᠭᠰᠠᠨ ᠵᠦᠢᠯ ᠦᠨ ᠢᠶᠡᠨ ᠲᠤᠬᠠᠢ ᠶᠠᠷᠢᠬᠤ ᠭᠡᠰᠡᠨ ᠳᠦ ᠰᠲ᠋ᠠᠯᠢᠨ᠄ 《ᠴᠢ ᠨᠠᠭᠠᠳᠤᠬᠢ ᠪᠠᠨ ᠨᠠᠳᠠ ᠲᠠᠢ ᠪᠢᠰᠢ ᠮᠠᠣ ᠽᠸ ᠳ᠋ᠦᠩ ᠲᠡᠢ ᠶᠠᠷᠢ》 ᠭᠡᠵᠦ ᠬᠡᠯᠡᠵᠡᠢ᠃
ᠲᠡᠷᠡ ᠪᠡᠷ ᠬᠦᠰᠡᠨ ᠮᠥᠷᠥᠭᠡᠳᠴᠦ ᠪᠠᠶᠢᠭᠰᠠᠨ ᠡᠯᠢᠭᠡ ᠪᠦᠲᠦᠨ ᠨᠢᠭᠡᠳᠦᠭᠰᠡᠨ ᠮᠣᠩᠭᠣᠯ ᠤᠯᠤᠰ ᠢᠶᠠᠨ ᠪᠠᠶᠢᠭᠤᠯᠵᠤ ᠴᠢᠳᠠᠭ᠎ᠠ ᠦᠭᠡᠢ ᠴᠤ ᠪᠦᠷᠢᠨ ᠡᠷᠬᠡᠲᠦ᠂ ᠲᠤᠰᠠᠭᠠᠷ ᠲᠣᠭᠲᠠᠨᠢᠭᠰᠠᠨ ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ ᠢ ᠪᠢᠳᠡᠨ ᠳᠦ ᠦᠯᠡᠳᠡᠭᠡᠭᠡᠳ ᠲᠩᠷᠢ ᠶᠢᠨ ᠣᠷᠣᠨ ᠳᠤ ᠪᠠᠨ ᠵᠠᠯᠠᠷᠠᠭᠰᠠᠨ ᠪᠢᠯᠡ᠃
ᠡᠬᠡ ᠰᠤᠷᠪᠤᠯᠵᠢ᠄
ᠯᠧᠣᠨᠢ ᠳᠤ ᠰᠢᠩᠬᠢᠷᠧᠸ 《ᠼᠡᠳᠡᠨᠪᠠᠯ᠂ ᠲᠡᠭᠦᠨ ᠦ ᠴᠠᠭ ᠦᠶ᠎ᠡ》 1 ᠳ᠋ᠤᠭᠡᠷ ᠳᠡᠪᠲᠡᠷ 76 ᠳᠠᠬᠢ ᠲᠠᠯ᠎ᠠ᠃
5
0