ᠳᠡᠯᠡᠬᠡᠢ ᠳᠦ ᠦᠨᠡᠯᠡᠭᠳᠡᠭᠰᠡᠨ ᠮᠣᠩᠭᠣᠯ ᠬᠥᠮᠥᠨ
ᠳᠡᠯᠡᠬᠡᠢ ᠳᠦ ᠦᠨᠡᠯᠡᠭᠳᠡᠭᠰᠡᠨ ᠮᠣᠩᠭᠣᠯ ᠬᠥᠮᠥᠨ
10396
2018-11-01 20:00
发表于:内蒙古
ᠳᠡᠯᠡᠬᠡᠢ ᠳᠦ ᠦᠨᠡᠯᠡᠭᠳᠡᠭᠰᠡᠨ ᠮᠣᠩᠭᠣᠯ ᠬᠥᠮᠥᠨ
ᠪᠢᠯᠢᠭᠦᠨ ᠨᠣᠮᠴᠢ ᠪ ∙ ᠷᠢᠨᠴᠢᠨ ᠭᠤᠸᠠᠢ ᠨᠢᠭᠡᠨ ᠤᠳᠠᠭ᠎ᠠ ᠡᠨᠡᠳᠬᠡᠭ ᠲᠦ ᠠᠶᠢᠯᠴᠢᠯᠠᠯ ᠢᠶᠠᠷ ᠣᠴᠢᠭᠠᠳ ᠪᠠᠶᠢᠬᠤ ᠳᠤ ᠪᠠᠨ ᠬᠦᠯᠢᠶᠡᠨ ᠠᠪᠤᠯᠲᠠ ᠳᠤ ᠮᠥᠩᠭᠥᠨ ᠲᠣᠪᠴᠢ ᠲᠠᠢ ᠮᠣᠩᠭᠣᠯ ᠳᠡᠪᠡᠯ᠂ ᠮᠥᠩᠭᠥᠨ ᠲᠣᠨᠣᠭ ᠲᠠᠢ ᠠᠭᠰᠠᠷᠠᠭ ᠪᠥᠰᠡᠯᠡᠨ ᠢᠷᠡᠭᠰᠡᠨ ᠳᠦ ᠰᠤᠷᠪᠤᠯᠵᠢᠯᠠᠭᠴᠢ ᠨᠠᠷ᠄
-ᠲᠠᠨ ᠤ ᠬᠤᠪᠴᠠᠰᠤ ᠬᠢᠷᠢ ᠵᠡᠷᠭᠡ ᠶᠡᠬᠡ ᠦᠨ᠎ᠡ ᠲᠡᠢ ᠪᠤᠢ︖ ᠭᠡᠵᠦ ᠠᠰᠠᠭᠤᠬᠤ ᠳᠤ ᠷᠢᠨᠴᠢᠨ ᠭᠤᠸᠠᠢ
-ᠶᠠᠳᠠᠭᠤ ᠪᠠᠶᠢᠵᠤ ᠦᠵᠡᠭᠡ ᠦᠭᠡᠢ ᠪᠣᠯᠬᠣᠷ ᠬᠤᠪᠴᠠᠰᠤ ᠪᠠᠨ ᠦᠨᠡᠯᠡᠵᠦ ᠦᠵᠡᠭᠰᠡᠨ ᠦᠭᠡᠢ ᠳ᠋ᠡ ᠬᠡᠮᠡᠨ ᠬᠠᠷᠢᠭᠤᠯᠤᠭᠰᠠᠨ ᠭᠡᠳᠡᠭ᠃
1946 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠳᠡᠳ᠋ ᠶᠡᠷᠦᠩᠬᠡᠶᠢᠯᠡᠭᠴᠢ ᠭᠡᠩᠷᠢ ᠸᠠᠶᠢ᠍ᠯᠰ ᠮᠣᠩᠭᠣᠯ ᠤᠯᠤᠰ ᠲᠤ ᠠᠶᠢᠯᠴᠢᠯᠠᠬᠤ ᠳᠤ ᠲᠡᠷᠡ ᠦᠶ᠎ᠡ ᠳᠦ ᠭᠠᠭᠴᠠ ᠠᠩᠭᠯᠢ ᠬᠡᠯᠡ ᠲᠡᠢ ᠬᠦᠮᠦᠨ ᠨᠢ ᠷᠢᠨᠴᠢᠨ ᠭᠤᠸᠠᠢ ᠪᠠᠶᠢᠵᠠᠢ᠃ ᠲᠡᠷᠡ ᠦᠶ᠎ᠡ ᠳᠦ ᠷᠢᠨᠴᠢᠨ ᠭᠤᠸᠠᠢ ᠬᠡᠯᠮᠡᠭᠳᠡᠴᠢᠬᠡᠭᠰᠡᠨ ᠤᠴᠢᠷ ᠪᠥᠭᠡᠳ ᠲᠠᠯᠠᠪᠠᠢ ᠶᠢᠨ ᠬᠣᠭ ᠢ ᠱᠦᠭᠦᠷᠳᠡᠭᠡᠳ ᠵᠣᠭᠰᠣᠵᠤ ᠪᠠᠶᠢᠭᠰᠠᠨ ᠭᠡᠳᠡᠭ᠃ ᠸᠠᠶᠢ᠍ᠯᠰ ᠶᠡᠬᠡᠳᠡ ᠭᠠᠶᠢᠬᠠᠨ ᠴᠡᠪᠡᠷᠯᠡᠭᠴᠢ ᠨᠢ ᠬᠦᠷᠲᠡᠯ᠎ᠡ ᠠᠩᠭᠯᠢ ᠬᠡᠯᠡ ᠲᠡᠢ ᠶᠤᠮ ᠪᠠᠶᠢᠨ᠎ᠠ ᠭᠡᠵᠦ ᠭᠠᠶᠢᠬᠠᠵᠤ ᠪᠠᠶᠢᠭᠰᠠᠨ ᠭᠡᠳᠡᠭ᠃ ᠠᠷᠠᠢ ᠬᠠᠷᠠᠬᠤ ᠦᠵᠡᠬᠦ ᠶᠠᠭᠤᠮᠠᠲᠠᠢ ᠪᠠᠷ ᠨᠢ ᠪᠣᠭᠳᠠ ᠶᠢᠨ ᠮᠦᠽᠧᠢ ᠦᠵᠡᠭᠦᠯᠵᠦ ᠶᠠᠪᠤᠲᠠᠯ᠎ᠠ ᠸᠠᠶᠢ᠍ᠯᠰ ᠲᠤᠰᠯᠠᠬᠤ ᠲᠠᠢ ᠪᠠᠨ ᠹᠷᠠᠨᠼᠢ ᠪᠠᠷ ᠡᠳᠡᠨ ᠦ ᠦᠵᠡᠮᠦᠷᠢ ᠨᠢᠭᠡ ᠶᠡᠬᠡ ᠣᠨᠴᠠ ᠪᠢᠰᠢ ᠶᠤᠮ ᠭᠡᠵᠡᠢ᠃ ᠲᠡᠭᠡᠲᠡᠯ᠎ᠡ ᠷᠢᠨᠴᠢᠨ ᠭᠤᠸᠠᠢ ᠬᠠᠵᠠᠭᠤᠨ ᠠᠴᠠ ᠨᠢ ᠹᠷᠠᠨᠼᠢ ᠪᠠᠷ
- ᠤᠭ ᠨᠢ ᠡᠨᠡᠨ ᠡᠴᠡ ᠴᠤ ᠢᠯᠡᠭᠦᠦ ᠦᠵᠡᠮᠦᠷᠢ ᠲᠡᠢ ᠪᠠᠶᠢᠭᠰᠠᠨ ᠶᠤᠮ ᠣᠷᠣᠰ ᠤᠳ ᠬᠠᠮᠤᠭ ᠶᠠᠭᠤᠮ᠎ᠠ ᠶᠢ ᠮᠠᠨᠢ ᠵᠥᠭᠡᠭᠡᠳ ᠳᠠᠭᠤᠰᠤᠭᠰᠠᠨ ᠭᠡᠪᠡ
- ᠲᠠ ᠴᠢᠨᠢ ᠬᠡᠳᠦᠨ ᠬᠡᠯᠡ ᠲᠡᠢ ᠶᠤᠮ ᠪᠤᠢ︖
- ᠥᠷᠥᠨ᠎ᠡ ᠶᠢᠨ 8᠂ ᠳᠣᠷᠣᠨ᠎ᠠ ᠶᠢᠨ 5 ᠭᠡᠪᠡ
- ᠤᠭ ᠨᠢ ᠲᠠᠨ ᠰᠢᠭ ᠮᠡᠳᠡᠯᠭᠡ ᠲᠡᠢ ᠬᠦᠮᠦᠨ ᠴᠡᠪᠡᠷᠯᠡᠭᠴᠢ ᠬᠢᠬᠦ ᠪᠤᠰᠤ ᠶᠡᠬᠡ ᠰᠤᠷᠭᠠᠭᠤᠯᠢ ᠳᠤ ᠪᠠᠭᠰᠢᠯᠠᠬᠤ ᠶᠣᠰᠣᠲᠠᠢ ᠶᠤᠮ ᠪᠢᠰᠢ ᠦᠦ ᠭᠡᠬᠦ ᠳᠦ
- ᠨᠠᠳᠠ ᠰᠢᠭ ᠮᠡᠳᠡᠯᠭᠡ ᠲᠡᠢ ᠬᠦᠮᠦᠨ ᠢ ᠶᠡᠬᠡ ᠰᠤᠷᠭᠠᠭᠤᠯᠢ ᠳᠤ ᠠᠪᠳᠠᠭ ᠦᠭᠡᠢ ᠶᠤᠮ ᠭᠡᠪᠡ᠃
ᠤᠯᠤᠰ ᠤᠨ ᠨᠡᠷ᠎ᠡ ᠲᠣᠮᠢᠶᠠᠨ ᠤ ᠺᠣᠮᠢᠰ ᠬᠤᠷᠠᠯᠳᠤᠭᠠᠳ ᠡᠨᠡ 《ᠳ᠋ᠧᠨᠯᠦ》 ᠭᠡᠳᠡᠭ ᠬᠢᠲᠠᠳ ᠦᠭᠡ ᠶᠢ ᠬᠡᠷᠡᠭᠯᠡᠬᠦ ᠪᠡᠨ ᠪᠣᠯᠢᠶ᠎ᠠ᠃ ᠳᠡᠯᠡᠬᠡᠢ ᠶᠢᠨ ᠨᠡᠶᠢᠲᠡ ᠶᠢᠨ ᠴᠢᠨᠠᠷ ᠲᠠᠢ ᠮᠠᠰᠢᠨ᠂ ᠺᠣᠮᠪᠢᠨᠠᠲ ᠭᠡᠰᠡᠨ ᠦᠭᠡ ᠶᠢ ᠬᠡᠷᠡᠭᠯᠡᠭᠡᠳ ᠪᠠᠶᠢᠭ᠎ᠠ ᠰᠢᠭ ᠢᠶᠡᠨ 《ᠯᠠᠮᠫᠠ》 ᠭᠡᠳᠡᠭ ᠦᠭᠡ ᠪᠡᠷ ᠰᠣᠯᠢᠶ᠎ᠠ ᠭᠡᠯᠴᠡᠭᠡᠳ ᠣᠯᠠᠩᠬᠢ ᠶᠢᠨ ᠬᠦᠴᠥ ᠪᠡᠷ ᠲᠦᠷᠡᠢ ᠪᠠᠷᠢᠭᠠᠳ ᠪᠠᠲᠤᠯᠠᠵᠤ ᠯᠠᠮᠫᠠ ᠭᠡᠵᠦ ᠪᠠᠶᠢᠬᠤ ᠪᠠᠷ ᠲᠣᠭᠲᠠᠵᠠᠢ᠃ ᠲᠡᠭᠡᠬᠦᠯᠡᠷ ᠨᠢ ᠷᠢᠨᠴᠢᠨ ᠭᠤᠸᠠᠢ
-ᠪᠢ ᠨᠢᠭᠡ ᠳᠠᠭᠤᠤ ᠳᠠᠭᠤᠯᠠᠪᠠᠯ ᠪᠣᠯᠬᠤ ᠤᠤ ᠭᠡᠵᠡᠢ᠃ ᠦᠭᠡ ᠬᠡᠯᠡᠵᠦ ᠮᠠᠷᠭᠤᠶᠠ ᠭᠡᠰᠡᠨ ᠦᠭᠡᠢ ᠳᠠᠭᠤᠯᠠᠶ᠎ᠠ ᠭᠡᠰᠡᠨ ᠪᠣᠯᠬᠣᠷ ᠨᠢ ᠵᠥᠪᠰᠢᠶᠡᠷᠡᠵᠥ ᠭᠡᠨ᠎ᠡ᠃ ᠲᠡᠭᠡᠭᠰᠡᠨ ᠴᠢᠨᠢ ᠪᠣᠰᠴᠣ ᠵᠣᠭᠰᠣᠭᠠᠳ
ᠠᠷᠪᠠᠨ ᠲᠠᠪᠤᠨ ᠤ ᠰᠠᠷ᠎ᠠ ᠨᠢ ᠠᠭᠠᠷ ᠲᠩᠷᠢ ᠳᠦ ᠪᠡᠨ ᠯᠠᠮᠫᠠ ᠳ᠋ᠠ
ᠠᠷᠪᠠᠨ ᠲᠠᠪᠤᠲᠠᠢ ᠰᠢᠶᠤᠤ ᠵᠢᠶᠸ ᠨᠢ ᠠᠪᠤ ᠡᠵᠢ ᠳᠦ ᠪᠡᠨ ᠯᠠᠮᠫᠠ ᠳ᠋ᠠ ᠭᠡᠵᠦ ᠳᠠᠭᠤᠯᠠᠭᠰᠠᠨ ᠳᠤ
-ᠡ ᠳᠡᠮᠡᠢ ᠶᠤᠮ ᠪᠠᠶᠢᠨ᠎ᠠ᠃ ᠳᠡᠮᠡᠢ ᠶᠤᠮ ᠪᠠᠶᠢᠨ᠎ᠠ᠃ ᠳ᠋ᠧᠨᠯᠦ ᠪᠡᠷ ᠢᠶᠡᠨ ᠦᠯᠡᠳᠡᠭ ᠭᠡᠰᠡᠨ ᠭᠡᠳᠡᠭ᠃
ᠨᠢᠭᠡ ᠬᠢᠲᠠᠳ ᠬᠦᠮᠦᠨ ᠷᠢᠨᠴᠢᠨ ᠠᠪᠤᠭᠠᠢ ᠠᠴᠠ᠂ ᠲᠠᠨ ᠤ ᠳᠤ ᠬᠠᠨ ᠭᠠᠷᠤᠳᠢ ᠭᠡᠵᠦ ᠬᠡᠳᠦᠢ ᠦᠶ᠎ᠡ ᠳᠦ ᠠᠮᠢᠳᠤᠷᠠᠵᠤ ᠪᠠᠶᠢᠭᠰᠠᠨ ᠶᠠᠮᠠᠷ ᠠᠮᠢᠲᠠᠨ ᠪᠠᠶᠢᠨ᠎ᠠ ᠭᠡᠬᠦ ᠳᠦ᠃ ᠲᠠᠨ ᠤ ᠳᠤ ᠯᠤᠤ ᠭᠡᠳᠡᠭ ᠠᠮᠢᠲᠠᠨ ᠠᠮᠢᠳᠤᠷᠠᠵᠤ ᠪᠠᠶᠢᠬᠤ ᠳᠤ ᠪᠠᠶᠢᠭᠰᠠᠨ ᠶᠤᠮ ᠭᠡᠨ᠎ᠡ ᠯᠡ ᠭᠡᠵᠦ ᠲᠣᠭᠣᠬᠤ ᠴᠤ ᠦᠭᠡᠢ ᠬᠠᠷᠢᠭᠤᠯᠵᠠᠢ᠃
ᠮᠣᠩᠭᠣᠯ ᠳᠤ ᠠᠩᠬ᠎ᠠ ᠬᠠᠨ ᠪᠣᠷᠭᠣᠴᠠᠢ ᠣᠷᠣᠵᠤ ᠢᠷᠡᠭᠡᠳ ᠲᠡᠭᠦᠨ ᠢ ᠶᠠᠭᠤ ᠭᠡᠵᠦ ᠨᠡᠷᠡᠯᠡᠬᠦ ᠲᠠᠯ᠎ᠠ ᠪᠠᠷ ᠬᠡᠯᠡᠯᠴᠡᠭᠡᠳ ᠨᠡᠮᠡᠷᠢ ᠪᠣᠯᠤᠭᠰᠠᠨ ᠦᠭᠡᠢ ᠪ ∙ ᠷᠢᠨᠴᠢᠨ ᠭᠤᠸᠠᠢ ᠳᠡᠭᠡᠷ᠎ᠡ ᠣᠴᠢᠲᠠᠯ᠎ᠠ ᠪ ∙ ᠷᠢᠨᠴᠢᠨ ᠭᠤᠸᠠᠢ ᠪᠠᠷᠢᠵᠤ ᠦᠵᠡᠵᠦ ᠪᠠᠶᠢᠭᠰᠠᠨ ᠢᠶᠠᠨ ᠪᠣᠷᠭᠣᠴᠠᠢ ᠶᠢᠨ ᠳᠤᠮᠳᠠ ᠪᠠᠨ ᠪᠣᠯ ᠬᠠᠨ ᠨᠢ ᠶᠤᠮ ᠪᠠᠶᠢᠨ᠎ᠠ ᠬᠠᠨ ᠪᠣᠷᠭᠣᠴᠠᠢ ᠭᠡᠵᠦ ᠨᠡᠷᠡᠯᠡᠶ᠎ᠡ ᠭᠡᠰᠡᠨ ᠣᠳᠣ ᠶᠢᠨ ᠬᠠᠨ ᠪᠣᠷᠭᠣᠴᠠᠢ ᠵᠢᠮᠢᠰ ᠶᠤᠮ᠃
ᠷᠢᠨᠴᠢᠨ ᠭᠤᠸᠠᠢ ᠶᠢᠨ ᠥᠬᠢᠨ ᠲᠤᠬᠠᠢ ᠶᠢᠨ ᠦᠶ᠎ᠡ ᠳ᠋ᠡᠭᠡᠨ ᠰᠠᠶᠢᠳ ᠤᠨ ᠥᠨᠳᠥᠷ ᠠᠯᠪᠠᠨ ᠲᠤᠰᠢᠶᠠᠯᠲᠠᠨ ᠲᠠᠢ ᠰᠠᠭᠤᠭᠰᠠᠨ ᠶᠤᠮ ᠭᠡᠰᠡᠨ ᠨᠥᠬᠥᠷ ᠦᠨ ᠨᠡᠷ᠎ᠡ ᠨᠢ ᠲᠤᠸᠠᠩ᠃ ᠲᠡᠭᠡᠭᠰᠡᠨ ᠨᠢᠭᠡ ᠡᠳᠦᠷ
ᠥᠬᠢᠨ᠄ ᠠᠪᠤ ᠡ᠂ ᠲᠤᠸᠠᠩ ᠲᠤᠰᠢᠶᠠᠯ ᠪᠠᠭᠤᠴᠢᠬᠠᠯ᠎ᠠ ᠪᠢ ᠣᠳᠣ ᠶᠠᠭᠠᠬᠢᠨ᠎ᠠ ᠡ ᠭᠡᠵᠡᠢ
ᠪ ∙ ᠷᠢᠨᠴᠢᠨ᠄ ᠲᠤᠸᠠᠩ ᠲᠠᠢ ᠰᠠᠭᠤᠭᠰᠠᠨ ᠪᠣᠯ ᠲᠦᠰᠢᠬᠦ ᠯᠠ ᠪᠣᠯᠵᠤ᠂
ᠲᠤᠰᠢᠶᠠᠯ ᠲᠠᠢ ᠨᠢ ᠰᠠᠭᠤᠭᠰᠠᠨ ᠪᠣᠯ ᠰᠠᠯᠬᠤ ᠯᠠ ᠪᠣᠯᠵᠤ ᠳ᠋ᠡ ᠭᠡᠵᠡᠢ᠃
ᠪ ᠊ ᠷᠢᠨᠴᠢᠨ ᠭᠤᠸᠠᠢ ᠬᠢᠲᠠᠳ ᠤᠨ ᠴᠠᠭᠠᠨ ᠬᠡᠷᠡᠮ ᠤᠨ ᠴᠠᠭᠠᠨ᠎ᠠ ᠭᠠᠷᠤᠭᠠᠳ ᠭᠠᠵᠠᠷ ᠬᠡᠪᠲᠡᠭᠡᠳ ᠥᠭᠴᠡᠢ᠃ ᠬᠦᠮᠦᠰ ᠲᠠ ᠴᠢᠨᠢ ᠶᠠᠭᠤ ᠪᠣᠯᠤᠭᠠᠳ ᠭᠠᠵᠠᠷ ᠬᠡᠪᠲᠡᠴᠢᠬᠡᠪᠡ ᠭᠡᠰᠡᠨ ᠳᠦ ᠡᠪᠦᠭᠡ ᠳᠡᠭᠡᠳᠦᠰ ᠦᠨ ᠢᠶᠡᠨ ᠨᠤᠲᠤᠭ ᠳᠡᠭᠡᠷ᠎ᠡ ᠬᠡᠪᠲᠡᠵᠦ ᠪᠠᠶᠢᠨ᠎ᠠ᠃ ᠦᠭᠡᠢ ᠡ᠂ ᠡᠨᠡ ᠭᠠᠵᠠᠷ ᠡᠷᠲᠡᠨ ᠡᠴᠡ ᠮᠠᠨ ᠤ ᠬᠢ ᠪᠠᠶᠢᠭᠰᠠᠨ᠃ ᠪᠢᠳᠡᠨ ᠦ ᠡᠪᠦᠭᠡ ᠳᠡᠭᠡᠳᠦᠰ ᠠᠮᠢᠳᠤᠷᠠᠵᠤ ᠪᠠᠶᠢᠭᠰᠠᠨ᠃
ᠪ ᠊ ᠷᠢᠨᠴᠢᠨ ᠭᠤᠸᠠᠢ᠄ ᠬᠢᠲᠠᠳ ᠤᠳ ᠭᠡᠷ ᠦᠨ ᠢᠶᠡᠨ ᠭᠣᠣᠯ ᠢᠶᠠᠷ ᠬᠠᠰᠢᠶ᠎ᠠ ᠪᠣᠰᠬᠠᠬᠤ ᠲᠡᠨᠡᠭ ᠬᠦᠮᠦᠰ ᠪᠢᠰᠢ ᠡ ᠭᠡᠵᠡᠢ᠃
35
1